ᠶᠢᠰᠦᠨ ᠴᠠᠶᠢᠵᠠ ᠬᠠᠯᠬᠠᠪᠴᠢ ᠤᠣᠬᠠᠨ ᠬ᠊
ᠨᠡᠶᠢᠲᠡᠯᠡᠭᠰᠡᠨ ᠴᠠᠭ᠄
2020/10/19
ᠶᠠᠨ ᠮᠧᠨ ᠪᠣᠯ ᠣᠳᠣᠬᠢ ᠱᠠᠨ ᠰᠢ ᠮᠣᠵᠢ ᠶᠢᠨ ᠳ᠋ᠠᠢ ᠰᠢᠶᠠᠨ ᠳᠤ ᠪᠠᠶᠢᠨ᠎ᠠ᠃ ᠪᠠᠰᠠ ᠶᠠᠨ ᠮᠧᠨ ᠭᠤᠸᠠᠨ ᠭᠡᠳᠡᠭ᠂ ᠲᠡᠭᠷᠢ ᠶᠢᠨ ᠲᠣᠣᠷᠠᠬᠢ ᠶᠢᠰᠦᠨ ᠴᠠᠶᠢᠵᠠ ᠬᠠᠯᠬᠠᠪᠴᠢ ᠳᠤ ᠶᠠᠨ ᠮᠧᠨ ᠲᠡᠷᠢᠬᠦᠨ ᠳᠤ ᠣᠷᠣᠮᠣᠢ ᠭᠡᠵᠦ ᠬᠡᠯᠡᠳᠡᠭ᠃ ᠲᠣᠬᠠᠢ ᠶᠢᠨ ᠦᠶ᠎ᠡ ᠶᠢᠨ ᠶᠢᠰᠦᠨ ᠴᠠᠶᠢᠵᠠ ᠬᠠᠯᠬᠠᠪᠴᠢ ᠭᠡᠳᠡᠭ ᠨᠢ ᠬᠢᠳᠠᠳ ᠢᠶᠠᠷ ᠲᠠᠢ ᠹᠧᠨ ︵太汾︶᠂  ᠮᠢᠩ ᠡᠸ᠋ ︵冥厄︶᠂  ᠵᠢᠩ ᠿᠤᠷᠸᠠᠨ ︵荆阮︶᠂  ᠹᠠᠩ ᠴᠧᠩ ︵方诚︶᠂  ᠰᠢ ︵肴︶᠂  ᠵᠢᠩ ᠰᠢᠩ ︵井陉︶᠂  ᠯᠢᠩ ᠼᠢ ︵令疵︶᠂  ᠵᠢᠦᠢ ᠵᠤ᠋ ︵句注︶᠂  ᠵᠢᠦᠢ ᠶᠦᠩ  ︵居庸︶ ᠵᠡᠷᠭᠡ ᠪᠣᠯ ᠲᠠᠷᠣᠢ ᠣᠳᠣᠬᠢ ᠶᠠᠨ ᠮᠧᠨ ᠭᠤᠸᠠᠨ ᠪᠣᠭᠤᠮᠳᠠ᠂ ᠪᠠ ᠳ᠋ᠠ ᠯᠢᠩ ᠤᠨ ᠴᠠᠭᠠᠨ ᠬᠡᠷᠡᠮ᠂ ᠵᠢᠩ ᠵᠢᠩ ᠭᠤᠸᠠᠨ ᠪᠣᠭᠤᠮᠳᠠ᠂ ᠽᠢ ᠵᠢᠩ ᠭᠤᠸᠠᠨ ᠪᠣᠭᠤᠮᠳᠠ᠂ ᠴᠦ᠋ ᠶᠢᠨ ᠴᠠᠭᠠᠨ ᠬᠡᠷᠡᠮ᠂ ᠵᠢᠥᠢ ᠵᠦ᠋ ᠰᠠᠢ᠂ ᠬᠤᠸᠠᠩ ᠼᠣᠤ ᠯᠢᠶᠠᠩ᠂ ᠫᠢᠩ ᠵᠢᠩ ᠭᠤᠸᠠᠨ ᠪᠣᠭᠤᠮᠳᠠ᠂ ᠵᠢᠥᠢ ᠶᠦᠩ ᠭᠤᠸᠠᠨ ᠪᠣᠭᠤᠮᠳᠠ ᠵᠡᠷᠭᠡ ᠶᠢ ᠵᠢᠭᠠᠵᠣ ᠪᠣᠢ᠃ ᠡᠳᠡᠭᠡᠷ  ᠤᠨ ᠣᠯᠠᠩᠬᠢ ᠨᠢ ᠪᠦᠷ ᠾᠦᠩᠨᠦ ᠤᠮᠠᠷᠠᠰᠢ ᠶᠠᠪᠤᠭᠰᠠᠨ ᠤ ᠲᠡᠷᠠᠭ᠎ᠠ ᠴᠠᠭᠠᠨ ᠬᠡᠷᠡᠮ ᠪᠠᠷᠢᠵᠣ᠂ ᠲᠡᠭᠦᠨ ᠢᠶᠠᠨ ᠬᠠᠮᠠᠭᠠᠯᠠᠬᠤ ᠶᠢᠨ ᠲᠦᠯᠦᠭᠡ ᠪᠠᠬᠢᠯᠡᠯᠳᠡ ᠬᠠᠯᠬᠠᠪᠴᠢ ᠴᠣᠭᠴᠠᠯᠠᠨ ᠪᠠᠶᠢᠭᠤᠯᠣᠭᠰᠠᠨ ᠪᠣᠭᠤᠮᠳᠠ ᠴᠠᠶᠢᠵᠠ ᠨᠤᠭᠤᠳ ᠪᠣᠯᠣᠨ᠎ᠠ᠃ ᠴᠦᠬᠡᠨ ᠨᠢ ᠾᠦᠩᠨᠦ ᠶᠢᠨ ᠬᠢᠯᠢ ᠠᠴᠠ ᠵᠢᠭᠠᠬᠠᠨ ᠬᠤᠯᠠ ᠰᠢᠭ᠋ ᠭᠠᠵᠠᠷ ᠲᠤ ᠪᠠᠶᠢᠭ᠎ᠠ ᠶᠣᠮ᠃ ᠪᠡᠯᠡᠳᠬᠡᠭᠰᠡᠨ ᠨᠢ᠄ ᠡᠷᠳᠡᠨᠢᠬᠦᠦᠨᠠᠶᠢᠷᠠᠭᠤᠯᠤᠭᠰᠠᠨ ᠨᠢ᠄ ᠨᠠᠮᠤᠷᠬᠢᠨᠠᠭᠰᠠᠨ ᠨᠢ᠄ ᠤᠷᠢᠬᠠᠨ
 
ᠢᠷᠡᠯᠲᠡ᠄ ᠲᠣᠰ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号