| | ᠢᠷᠬᠡᠨ ᠤᠯᠤᠰ ᠤᠨ ᠦᠶ᠎ᠠ ᠳᠤ ᠬᠢᠭᠰᠡᠨ ︽ᠵᠢᠤᠢ ᠶᠠᠨ ᠬᠠᠢ ︵ᠡᠵᠡᠨ᠎ᠠ ᠬᠤᠰᠢᠭᠤ︶︾ ᠶᠢᠨ ᠳᠡᠮᠳᠡᠭᠯᠡᠯ ᠢ | ᠦᠨᠳᠦᠰᠦᠯᠡᠪᠡᠯ᠂ 1944 ᠤᠨ ᠤ ᠵᠤᠨ᠂ ᠬᠤᠰᠢᠭᠤᠨ ᠤ ᠵᠠᠰᠠᠭ ᠤᠨ ᠤᠷᠳᠤᠨ ᠠᠴᠠ ᠪᠦᠬᠦ ᠬᠤᠰᠢᠭᠤᠨ ᠤ | ᠠᠶᠢᠯ ᠡᠷᠦᠬᠡ ᠬᠦᠮᠦᠨ ᠠᠮᠠ ᠶᠢ ᠪᠠᠶᠢᠴᠠᠭᠠᠵᠤ᠂ ᠨᠡᠶᠢᠳᠡ 197 ᠮᠤᠩᠭᠤᠯ ᠠᠶᠢᠯ ︵ᠡᠷᠦᠬᠡ︶ 943 ᠮᠤᠩᠭᠤᠯ | ᠬᠦᠮᠦᠨ ᠠᠵᠤ ᠳᠦᠷᠦᠵᠦ᠂ ᠡᠷᠡᠭᠳᠡᠢ 455 ᠬᠦᠮᠦᠨ᠂ ᠡᠮᠡᠭᠳᠡᠢ 488 ᠬᠦᠮᠦᠨ ᠪᠠᠶᠢᠪᠠ᠃ ᠪᠠᠷᠤᠭ ᠶᠡᠷᠦᠩᠬᠡᠢ | ᠡᠷᠦᠬᠡ ᠶᠢᠨ ᠵᠠᠭᠤᠨ ᠤ ᠳᠠᠯ᠎ᠠ ᠶᠢᠨ ᠮᠤᠩᠭᠤᠯ ᠠᠶᠢᠯ ᠨᠢ ᠬᠢᠳᠠᠳ ᠬᠦᠮᠦᠨ ᠢ ᠬᠦᠯᠦᠰᠦᠯᠡᠨ ᠮᠠᠯ ᠬᠠᠷᠢᠭᠤᠯᠵᠤ᠂ | ᠪᠦᠬᠦ ᠬᠤᠰᠢᠭᠤᠨ ᠤ ᠮᠠᠯ ᠬᠠᠷᠢᠭᠤᠯᠤᠭᠴᠢ ᠪᠠᠷᠤᠭ 140 ᠬᠦᠮᠦᠨ ᠪᠠᠶᠢᠪᠠ ᠬᠡᠮᠡᠵᠦ ᠳᠡᠮᠳᠡᠭᠯᠡᠵᠦ ᠪᠠᠶᠢᠪᠠ᠃ | 1944 ᠤᠨ ᠤ ᠬᠠᠪᠤᠷ᠂ ᠡᠵᠡᠨ᠎ᠠ ᠬᠤᠰᠢᠭᠤᠨ ᠤ ᠬᠤᠳᠠᠯᠳᠤᠭᠠᠨ ᠤ ᠬᠤᠷᠠᠯ ᠤᠨ ᠬᠢᠨ ᠤ ᠪᠠᠶᠢᠴᠠᠭᠠᠯᠳᠠ ᠶᠢ | ᠦᠨᠳᠦᠰᠦᠯᠡᠪᠡᠯ᠂ ᠬᠤᠳᠠᠯᠳᠤᠭᠠᠴᠢᠨ ᠠᠩᠬᠠᠨ ᠳᠠᠭᠠᠨ ᠨᠡᠯᠢᠶᠡᠳ ᠤᠯᠠᠨ ᠪᠠᠶᠢᠭᠰᠠᠨ ᠪᠤᠯᠪᠠᠴᠤ᠂ ᠳᠤᠬᠠᠢ ᠶᠢᠨ ᠵᠢᠯ | ᠤᠳ ᠲᠤ ᠬᠤᠳᠠᠯᠳᠤᠭ᠎ᠠ ᠮᠠᠶᠢᠮᠠᠢ ᠦᠬᠡᠳᠡ ᠦᠬᠡᠢ ᠪᠤᠯᠵᠤ ᠠᠷᠠᠯᠵᠢᠶᠠᠴᠢᠨ ᠤᠯᠠᠮ ᠢᠶᠠᠷ ᠴᠦᠬᠡᠷᠡᠵᠦ᠂ ᠵᠦᠪᠬᠡᠨ | 45 ᠡᠷᠦᠬᠡ ᠶᠢᠨ 71 ᠬᠦᠮᠦᠨ ᠦᠯᠡᠳᠡᠵᠦ᠂ ᠠᠶᠢᠯ ᠡᠷᠦᠬᠡ ᠪᠤᠯᠤᠭᠠᠳᠤᠢ᠂ ᠠᠯᠪᠠᠨ ᠤ ᠠᠵᠢᠯ ᠬᠢᠵᠦ ᠪᠠᠶᠢᠭ᠎ᠠ | ᠬᠦᠮᠦᠨ ︵ᠴᠡᠷᠢᠭ ᠠᠩᠬᠢ ᠪᠠᠭᠳᠠᠬᠤ ᠦᠬᠡᠢ︶ ᠪᠠᠷᠤᠭ 50 ᠤᠷᠴᠢᠮ ᠬᠦᠮᠦᠨ ᠪᠠᠶᠢᠵᠦ᠂ ᠳᠡᠭᠡᠷᠡᠬᠢ ᠲᠠᠢ | ᠨᠡᠶᠢᠯᠡᠬᠦᠯᠪᠠᠯ ᠪᠠᠷᠤᠭ 261 ᠬᠦᠮᠦᠨ ᠳᠤ ᠬᠦᠷᠴᠦ᠂ ᠪᠦᠷ ᠡᠷᠡᠭᠳᠡᠢ ᠬᠦᠮᠦᠨ ᠪᠤᠯᠤᠨ᠎ᠠ ᠬᠡᠵᠦ ᠳᠡᠮᠳᠡᠭᠯᠡᠵᠦ ᠪᠠᠶᠢᠪᠠ᠃ | ᠳᠡᠭᠡᠷᠡᠬᠢ ᠪᠠᠶᠢᠴᠠᠭᠠᠯᠳᠠ ᠠᠴᠠ ᠦᠵᠡᠪᠡᠯ᠂ ᠡᠵᠡᠨ᠎ᠠ ᠬᠤᠰᠢᠭᠤᠨ ᠳᠤ ᠡᠷᠦᠬᠡ ᠠᠮᠠ ᠲᠠᠢ ᠬᠡᠷ ᠪᠦᠯᠢ ᠪᠠᠷᠤᠭ | 252 ᠡᠷᠦᠬᠡ᠂ 1204 ᠬᠦᠮᠦᠨ ᠲᠠᠢ ᠪᠠᠶᠢᠵᠦ᠂ ᠡᠷᠡᠭᠳᠡᠢ 716᠂ ᠡᠮᠡᠭᠳᠡᠢ 488 ᠬᠦᠮᠦᠨ ᠪᠠᠶᠢᠵᠡᠢ ᠬᠡᠰᠡᠨ ᠢ | ᠮᠡᠳᠡᠵᠦ ᠪᠤᠯᠤᠨ᠎ᠠ᠃ | ︽ᠠᠯᠠᠱᠠ ᠶᠢᠨ ᠪᠠᠶᠢᠳᠠᠯ ᠤᠨ ᠳᠤᠬᠠᠢ ᠮᠠᠲ᠋ᠧᠷᠢᠶᠠᠯ︾ ᠤᠨ ᠳᠡᠮᠳᠡᠭᠯᠡᠯ ᠢ ᠦᠨᠳᠦᠰᠦᠯᠡᠪᠡᠯ᠂ 1947 ᠤᠨ | ᠳᠤ ᠬᠢᠭᠰᠡᠨ ᠬᠦᠮᠦᠨ ᠠᠮᠠ ᠶᠢᠨ ᠪᠠᠶᠢᠴᠠᠭᠠᠯᠳᠠ ᠳᠤ ᠪᠦᠬᠦ ᠬᠤᠰᠢᠭᠤᠨ ᠳᠤ ᠨᠡᠶᠢᠳᠡ 32000 ᠭᠠᠷᠤᠢ ᠬᠦᠮᠦᠨ | ᠠᠮᠠ ᠲᠠᠢ ᠪᠤᠯᠵᠤ᠂ ᠮᠤᠩᠭᠤᠯ ᠦᠨᠳᠦᠰᠦᠳᠡᠨ 65.7% ᠶᠢ ᠡᠵᠡᠯᠡᠵᠦ᠂ ᠪᠠᠷᠤᠭᠴᠠᠭᠠᠯᠠᠪᠠᠯ 21000 ᠬᠦᠮᠦᠨ | ᠪᠠᠶᠢᠵᠦ᠂ ᠬᠢᠳᠠᠳ ᠬᠦᠮᠦᠨ ᠪᠠ ᠪᠤᠰᠤᠳ ᠦᠨᠳᠦᠰᠦᠳᠡᠨ 34.3% ᠶᠢ ᠡᠵᠡᠯᠡᠵᠦ᠂ ᠪᠠᠷᠤᠭᠯᠠᠪᠠᠯ 11000 | ᠬᠦᠮᠦᠨ ᠪᠠᠶᠢᠵᠡᠢ᠃ ᠬᠢᠳᠠᠳ ᠦᠨᠳᠦᠰᠦᠳᠡᠨ ᠤ ᠤᠯᠠᠩᠬᠢ ᠨᠢ ᠭᠠᠳᠠᠷ ᠮᠤᠵᠢ ᠤᠷᠤᠨ ᠠᠴᠠ ᠠᠯᠠᠱᠠ ᠳᠤ ᠢᠷᠡᠵᠦ | ᠠᠷᠠᠯᠵᠢᠶ᠎ᠠ ᠮᠠᠶᠢᠮᠠᠢ ᠪᠤᠶᠤ ᠬᠠᠷ᠎ᠠ ᠠᠵᠢᠯ ᠬᠢᠵᠦ ᠪᠠᠶᠢᠭ᠎ᠠ ᠬᠦᠮᠦᠰ ᠪᠤᠶᠤ ᠨᠢᠩᠰᠢᠶᠠ ᠶᠢᠨ ᠴᠡᠷᠢᠭ ᠲᠤ ᠪᠠᠷᠢᠭᠳᠠᠬᠤ | ᠠᠴᠠ ᠳᠤᠳᠠᠭᠠᠵᠤ ᠢᠷᠡᠭᠡᠳ ᠳᠦᠷ ᠰᠠᠭᠤᠵᠤ ᠠᠵᠤ ᠳᠦᠷᠦᠵᠦ ᠪᠠᠶᠢᠭ᠎ᠠ ᠬᠦᠮᠦᠰ ᠪᠠᠶᠢᠵᠦ ᠤᠯᠠᠩᠬᠢ ᠨᠢ ᠳ᠋ᠢᠩ | ᠶᠤᠸᠠᠨ ᠶᠢᠩ᠂ ᠳ᠋ᠧᠩᠺᠸᠦ ᠵᠡᠷᠭᠡ ᠭᠠᠵᠠᠷ ᠢᠶᠠᠷ ᠰᠠᠭᠤᠵᠤ. ᠪᠠᠶᠢᠪᠠ᠃ 1949 ᠤᠨ ᠳᠤ ᠪᠦᠬᠦ ᠠᠶᠢᠮᠠᠭ ᠤᠨ | ᠬᠦᠮᠦᠨ ᠠᠮᠠ 34110 ᠳᠤ ᠬᠦᠷᠴᠦ ᠪᠠᠶᠢᠪᠠ ᠬᠡᠵᠦ ᠳᠡᠮᠳᠡᠭᠯᠡᠵᠦ ᠪᠤᠢ᠃ | | ᠪᠡᠯᠡᠳᠬᠡᠭᠰᠡᠨ ᠨᠢ᠄ ᠡᠷᠳᠡᠨᠢᠬᠦᠦ | ᠨᠠᠶᠢᠷᠠᠭᠤᠯᠤᠭᠰᠠᠨ ᠨᠢ᠄ ᠨᠠᠮᠤᠷ | ᠬᠢᠨᠠᠭᠰᠠᠨ ᠨᠢ᠄ ᠤᠷᠢᠬᠠᠨ |