ᠴᠠᠷᠯᠢᠰ · ᠷᠦᠪᠧᠷᠲ · ᠳ᠋ᠠᠷᠸᠢᠨ
ᠨᠡᠶᠢᠲᠡᠯᠡᠭᠰᠡᠨ ᠴᠠᠭ᠄
2020/10/19
 ᠴᠠᠷᠯᠢᠰ · ᠷᠦᠪᠧᠷᠲ · ᠳ᠋ᠠᠷᠸᠢᠨ ︵查尔斯·罗伯特·达尔文᠂Charles Robert Darwin︶ 1809 ᠣᠨ ᠤ 2 ᠰᠠᠷ᠎ᠠ ᠶᠢᠨ 12-1882 ᠣᠨ ᠤ 4 ᠰᠠᠷ᠎ᠠ ᠶᠢᠨ 19 ᠪᠣᠯᠳᠠᠯ᠎ᠠ ᠠᠮᠢᠳᠣᠷᠠᠵᠣ ᠪᠠᠶᠢᠵᠠᠢ᠃ ᠲᠡᠷᠡ ᠪᠣᠯ ᠠᠩᠭ᠍ᠯᠢ ᠶᠢᠨ ᠠᠮᠢᠳᠣ ᠪᠣᠳᠠᠰ ᠤᠨ ᠣᠬᠠᠭᠠᠨᠳᠠᠨ᠂ ᠲᠦᠮᠡᠨ ᠪᠣᠳᠠᠰ  ᠤᠨ ᠡᠷᠳᠡᠮᠳᠡᠨ ᠶᠣᠮ᠃ ᠳ᠋ᠠᠷᠸᠢᠨ ᠡᠷᠳᠡ ᠦᠶ᠎ᠡ ᠳᠡᠭᠡᠨ ᠭᠠᠵᠠᠷ ᠰᠢᠨᠵᠢᠯᠡᠭᠡ ᠰᠣᠳᠣᠯᠣᠭᠠᠳ ᠠᠯᠳᠠᠷ ᠮᠠᠨᠳᠣᠵᠣ ᠪᠠᠶᠢᠵᠠᠢ᠃ ᠬᠤᠵᠢᠮ ᠨᠢ ᠠᠮᠢᠳᠣ ᠪᠣᠳᠠᠰ ᠰᠣᠳᠣᠯᠣᠨ᠂ ᠰᠢᠨᠵᠢᠯᠡᠬᠦ ᠣᠬᠠᠭᠠᠨ ᠤ ᠦᠨᠳᠦᠰᠦᠯᠡᠯ ᠪᠦᠬᠦᠢ ᠨᠣᠳᠠᠯᠠᠯ ᠲᠣᠷᠠᠳᠣᠨ᠂ ᠪᠣᠢ ᠪᠦᠬᠦᠢ ᠠᠮᠢᠳᠣ ᠪᠣᠳᠠᠰ ᠤᠨ ᠡᠯ᠎ᠡ ᠲᠦᠷᠦᠯ ᠵᠦᠢᠯ ᠪᠦᠷ ᠴᠦᠬᠡᠨ ᠲᠣᠭᠠᠨ ᠤ ᠲᠡᠭᠡᠳᠦᠰ ᠠᠴᠠ ᠬᠤᠪᠢᠰᠴᠣ ᠢᠷᠡᠵᠡᠢ ᠭᠡᠳᠡᠭ ᠦᠵᠡᠯᠳᠡ ᠶᠢ ᠲᠣᠷᠠᠳᠴᠠᠦ᠃ 1930 ‍ᠭᠠᠳ ᠣᠨ ᠪᠣᠯᠣᠭᠠᠳ ᠳ᠋ᠠᠷᠸᠢᠨ ᠤ ᠦᠵᠡᠯᠳᠡ  ᠨᠢ ᠬᠤᠪᠢᠰᠣᠯ ᠤᠨ ᠵᠢᠮ᠎ᠡ ᠬᠠᠣᠯᠢ ᠶᠢ ᠲᠠᠶᠢᠯᠪᠣᠷᠢᠯᠠᠬᠤ ᠴᠢᠬᠤᠯᠠ ᠰᠠᠭᠤᠷᠢ ᠪᠣᠯᠣᠭᠰᠠᠨ ᠪᠠᠶᠢᠨ᠎ᠠ᠃ ᠮᠦᠨ ᠣᠳᠣ ᠦᠶ᠎ᠡ ᠶᠢᠨ ᠬᠤᠪᠢᠰᠣᠯ ᠤᠨ ᠣᠨᠣᠯ ᠤᠨ ᠦᠵᠡᠯ ᠰᠠᠨᠠᠭᠠᠨ ᠤ ᠰᠠᠭᠤᠷᠢ ᠪᠣᠯᠵᠠᠢ᠃ ᠢᠩᠬᠢᠭᠡᠳ ᠰᠢᠨᠵᠢᠯᠡᠬᠦ ᠣᠬᠠᠭᠠᠨ  ᠢᠶᠠᠷ ᠠᠮᠢᠳᠣ ᠪᠣᠳᠠᠰ ᠤᠨ ᠣᠯᠠᠨ ᠵᠦᠢᠯᠳᠣ ᠴᠢᠨᠠᠷ ᠲᠤ ᠨᠢᠭᠡᠳᠦᠯ ᠲᠠᠢ ᠶᠣᠰᠣ ᠲᠠᠢ ᠲᠠᠶᠢᠯᠪᠣᠷᠢ ᠬᠢᠵᠦ ᠴᠢᠳᠠᠬᠤ ᠪᠣᠯᠣᠭᠰᠠᠨ ᠪᠠᠶᠢᠨ᠎ᠠ᠃ ᠡᠶᠢᠮᠦ ᠠᠴᠠ ᠳ᠋ᠠᠷᠸᠢᠨ ᠤ ᠦᠵᠡᠯᠳᠡ ᠪᠣᠯ ᠣᠳᠣ ᠦᠶ᠎ᠡ ᠶᠢᠨ ᠠᠮᠢᠳᠣ ᠪᠣᠳᠠᠰ ᠤᠨ ᠣᠬᠠᠭᠠᠨ  ᠤ ᠰᠠᠭᠤᠷᠢ ᠪᠣᠯᠣᠨ᠎ᠠ᠃    ᠲᠡᠷᠡ ᠡᠬᠢᠯᠡᠩᠬᠦᠳᠡ ᠪᠠᠨ ᠠᠶᠢᠳᠢᠨᠪᠦᠷᠡᠭ ᠶᠡᠭᠡ ᠰᠣᠷᠭᠠᠭᠤᠯᠢ ︵Edinburgh︶ ᠳᠤ ᠠᠨᠠᠭᠠᠬᠤ ᠣᠬᠠᠭᠠᠨ ᠰᠣᠷᠣᠯᠴᠠᠵᠣ ᠪᠠᠶᠢᠵᠠᠢ᠃ ᠲᠠᠷᠠᠭ᠎ᠠ ᠨᠢ ᠺᠠᠮᠪᠧᠷᠵ ᠶᠡᠭᠡ ᠰᠣᠷᠭᠠᠭᠤᠯᠢ ᠳᠤ ᠱᠠᠰᠢᠨ ᠤ ᠣᠬᠠᠭᠠᠨ ᠰᠣᠷᠣᠯᠴᠠᠪᠠ᠃ ᠲᠡᠷᠡ ᠪᠸᠢᠭᠧᠯ ︵Beagle︶ ᠨᠡᠷᠡᠮᠵᠢᠳᠦ ᠬᠦᠯᠭᠡ ᠣᠩᠭᠤᠴᠨ ᠶᠢ ᠲᠠᠭᠠᠯᠳᠣᠬᠤ ᠲᠦᠮᠡᠨ ᠪᠣᠳᠠᠰ ᠤᠨ ᠣᠬᠠᠭᠠᠨᠳᠠᠨ ᠤ ᠬᠤᠪᠢ ᠪᠠᠷ ᠲᠣᠰ ᠣᠩᠭᠤᠴᠠ ᠶᠢ ᠲᠠᠭᠠᠯᠳᠣᠨ ᠲᠠᠪᠣᠨ ᠵᠢᠯ ᠠᠶᠠᠯᠠᠭᠠᠳ᠂ ᠬᠠᠷᠢᠨ ᠠᠯᠳᠠᠷᠳᠣ ᠭᠠᠵᠠᠷ ᠵᠦᠢᠴᠢᠨ ᠪᠠ ᠵᠣᠬᠢᠶᠠᠯᠴᠢ ᠪᠣᠯᠵᠠᠢ᠃ ᠠᠩᠭᠯᠢ ᠳᠠᠭᠠᠨ ᠪᠣᠴᠠᠭᠰᠠᠨ ᠤ ᠲᠠᠷᠠᠭ᠎ᠠ ᠲᠡᠷᠡ ︽ᠪᠸᠢᠭᠧᠯ ᠨᠡᠷᠡᠮᠵᠢᠳᠦ ᠶᠢᠨ ᠲᠠᠯᠠᠢ ᠪᠠᠷ ᠠᠶᠠᠯᠠᠭᠰᠠᠨ ᠠᠶᠠᠯᠠᠯ︾ ᠭᠡᠬᠦ ᠨᠣᠮ ᠢᠶᠠᠨ ᠪᠢᠴᠢᠭᠡᠳ ᠠᠯᠳᠠᠷᠳᠣ ᠵᠣᠬᠢᠶᠠᠯᠴᠢ ᠪᠣᠯᠪᠠ᠃     ᠡᠨᠡᠬᠦ ᠣᠳᠠᠭᠠᠨ ᠤ ᠠᠶᠠᠯᠠᠯ ᠳᠣᠮᠳᠠ ᠬᠤᠷᠠᠮᠳᠣᠭᠤᠯᠣᠭᠰᠠᠨ ᠠᠮᠢᠳᠣ ᠪᠣᠳᠠᠰ ᠪᠠ ᠲᠡᠭᠦᠨ ᠤ ᠴᠢᠯᠠᠭᠤᠵᠢᠮᠠᠯ ᠤᠨ ᠮᠠᠲ᠋ᠧᠷᠢᠶᠠᠯ ᠤᠨ ᠭᠠᠵᠠᠷ ᠵᠦᠢ ᠶᠢᠨ ᠲᠠᠯ᠎ᠠ ᠪᠠᠷ ᠬᠢ ᠲᠠᠷᠬᠠᠯᠳᠠ ᠶᠢᠨ ᠲᠣᠬᠠᠢ ᠲᠦᠪᠡᠭᠳᠡᠭᠰᠡᠨ ᠳ᠋ᠠᠷᠸᠢᠨ ᠠᠮᠢᠳᠣ ᠪᠣᠳᠠᠰ ᠤᠨ ᠬᠤᠪᠢᠰᠣᠯ ᠤᠨ ᠲᠣᠬᠠᠢ ᠰᠣᠳᠣᠯᠵᠣ ᠡᠬᠢᠯᠡᠵᠡᠢ᠃ ᠲᠡᠭᠡᠭᠡᠳ 1838 ᠣᠨ ᠳᠤ ᠲᠡᠭᠦᠨ ᠤ ᠪᠠᠶᠢᠭᠠᠯᠢ  ᠶᠢᠨ ᠰᠢᠯᠢᠯᠳᠡ ︵ᠰᠢᠯᠭᠠᠷᠠᠯ︶ ᠶᠢᠨ ᠣᠨᠣᠯ ᠢᠶᠠᠨ ᠲᠣᠷᠠᠳᠣᠨ ᠭᠠᠷᠭᠠᠪᠠ᠃ ᠡᠨᠡᠬᠦ ᠣᠨᠣᠯ ᠨᠢ ᠲᠣᠬᠠᠢ ᠶᠢᠨ ᠦᠶ᠎ᠡ  ᠳᠤ ᠬᠤᠷᠢᠭ᠎ᠠ ᠲᠠᠢ ᠪᠠᠶᠢᠭᠰᠠᠨ ᠪᠣᠯᠬᠤᠷ ᠲᠡᠷᠡ ᠦᠪᠡᠷ ᠤᠨ ᠣᠨᠣᠯ ᠢᠶᠠᠨ ᠵᠦᠪᠬᠡᠨ ᠦᠪᠡᠷ ᠤᠨ ᠳᠣᠳᠣᠨᠣ ᠨᠠᠶᠢᠵᠠ ᠨᠡᠷ ᠲᠠᠭᠠᠨ ᠯᠠ ᠮᠡᠳᠡᠬᠦᠯᠳᠡᠭ ᠪᠠᠶᠢᠵᠠᠢ᠃ 1858 ᠣᠨ ᠪᠣᠯᠣᠭᠠᠳ ᠸᠠᠯᠯᠠᠽᠧ ︵Wallace华莱士︶ ᠲᠡᠭᠦᠨ ᠳᠤ ᠨᠢᠭᠡᠨ ᠠᠳᠠᠯᠢᠪᠳᠣᠷ ᠣᠨᠣᠯ ᠲᠣᠷᠠᠳᠣᠭᠰᠠᠨ ᠦᠬᠦᠯᠡᠯ ᠢᠯᠡᠭᠡᠵᠦ ᠦᠭᠴᠡᠢ᠃ ᠡᠨᠡ ᠨᠢ ᠳ᠋ᠠᠷᠸᠢᠨ ᠤ ᠦᠪᠡᠷ ᠤᠨ ᠣᠨᠣᠯ ᠢᠶᠠᠨ ᠢᠯᠡ ᠪᠠᠷ ᠨᠡᠶᠢᠳᠡᠯᠡᠬᠦ ᠳᠤ ᠰᠢᠢᠳᠪᠦᠷᠢᠯᠡᠬᠦ ᠵᠣᠷᠢᠭᠵᠢᠭᠤᠯᠣᠯ ᠪᠣᠯᠣᠭᠰᠠᠨ ᠪᠠᠶᠢᠨ᠎ᠠ᠃     1859 ᠣᠨ ᠳᠤ ᠳ᠋ᠠᠷᠸᠢᠨ ︽ᠠᠮᠢᠳᠣ ᠪᠣᠳᠠᠰ ᠤᠨ ᠡᠭᠦᠰᠦᠯ︾ ︵物种起源︶ ᠨᠣᠮ ᠢᠶᠠᠨ ᠨᠡᠶᠢᠳᠡᠯᠡᠵᠦ᠂ ᠠᠮᠢᠳᠣ ᠪᠣᠳᠠᠰ ᠪᠦᠬᠦᠨ ᠪᠦᠷ ᠴᠦᠬᠡᠨ ᠬᠡᠳᠦᠨ ᠲᠡᠭᠡᠳᠦᠰ ᠠᠴᠠ ᠣᠯᠠᠷᠢᠨ ᠬᠤᠪᠢᠰᠴᠣ᠂ ᠡᠶᠢᠮᠦᠷᠬᠦ ᠣᠯᠠᠨ ᠲᠦᠷᠦᠯ ᠵᠦᠢᠯ ᠪᠣᠯᠣᠨ ᠬᠦᠭᠵᠢᠵᠦ ᠢᠷᠡᠵᠡᠢ ᠭᠡᠳᠡᠭ ᠣᠨᠣᠯ ᠢᠶᠠᠨ ᠲᠣᠷᠠᠳᠣᠨ ᠭᠠᠷᠭᠠᠪᠠ᠃ ᠡᠬᠦᠨ ᠠᠴᠠ ᠰᠡᠬᠦᠯᠡᠷ ᠳ᠋ᠠᠷᠸᠢᠨ ᠪᠠᠰᠠ ︽ᠬᠦᠮᠦᠨ ᠲᠦᠷᠦᠯᠬᠢᠳᠡᠨ ᠪᠠ ᠠᠮᠢᠳᠠᠨ ᠤ ᠰᠡᠳᠬᠢᠯᠭᠡ ᠪᠠᠨ ᠢᠯᠡᠳᠭᠡᠬᠦ ᠨᠢ︾ ᠵᠢᠴᠢ ︽ᠬᠦᠮᠦᠨ ᠲᠦᠷᠦᠯᠬᠢᠳᠡᠨ ᠤ ᠢᠷᠡᠯᠳᠡ ᠪᠠ ᠪᠡᠯᠭᠡ ᠶᠢᠨ ᠰᠣᠩᠭᠤᠯᠳᠠ︾ ᠭᠡᠳᠡᠭ ᠨᠣᠮ ᠳᠣᠳᠣᠷ᠎ᠠ ᠪᠠᠨ ᠬᠦᠮᠦᠨ ᠲᠦᠷᠦᠯᠬᠢᠳᠡᠨ ᠤ ᠣᠯᠠᠷᠢᠨ ᠬᠤᠪᠢᠰᠣᠭᠰᠠᠨ ᠪᠠ ᠪᠡᠯᠭᠡ ᠶᠢᠨ ᠰᠣᠩᠭᠤᠯᠳᠠ ᠶᠢᠨ ᠦᠢᠯᠡᠳᠦᠯ ᠤᠨ ᠲᠣᠬᠠᠢ ᠲᠠᠶᠢᠯᠪᠣᠷᠢᠯᠠᠵᠠᠢ᠃ ᠪᠠᠰᠠ ᠣᠷᠭᠤᠮᠠᠯ ᠤᠨ ᠬᠤᠪᠢᠰᠣᠯᠳᠠ ᠶᠢᠨ ᠲᠣᠬᠠᠢ ᠠᠯᠢ ᠣᠯᠠᠨ ᠨᠣᠮ ᠲᠡᠪᠳᠡᠷ ᠪᠢᠴᠢᠨ ᠨᠡᠶᠢᠳᠡᠯᠡᠪᠡ᠃ ᠲᠡᠭᠡᠭᠡᠳ ᠬᠠᠮᠤᠭ ᠰᠡᠬᠦᠯ ᠤᠨ ᠨᠢᠭᠡᠨ ᠨᠣᠮ ᠳᠣᠳᠣᠷ᠎ᠠ ᠪᠠᠨ ᠴᠢᠬᠢᠭ ᠤᠨ ᠣᠯᠠᠭᠠᠨ ᠬᠤᠷᠣᠬᠠᠢ ᠶᠢᠨ ᠬᠦᠷᠦᠰᠦ ᠰᠢᠷᠣᠢ ᠳᠤ ᠦᠵᠡᠬᠦᠯᠬᠦ ᠦᠢᠯᠡᠳᠦᠯ ᠤᠨ ᠲᠣᠬᠠᠢ ᠶᠠᠷᠢᠭᠰᠠᠨ ᠪᠢᠯᠡ᠃     ᠳ᠋ᠠᠷᠸᠢᠨ ᠤ ᠰᠢᠨᠵᠢᠯᠡᠬᠦ ᠣᠬᠠᠭᠠᠨ ᠤ ᠬᠦᠭᠵᠢᠯᠳᠡ ᠳᠤ ᠦᠵᠡᠬᠦᠯᠦᠭᠰᠡᠨ ᠬᠢᠵᠠᠭᠠᠯᠠᠰᠢ ᠦᠭᠡᠢ ᠭᠠᠪᠢᠶ᠎ᠠ ᠵᠢᠳᠬᠦᠯ ᠢ ᠲᠣᠷᠠᠰᠬᠠᠬᠤ ᠶᠢᠨ ᠲᠦᠯᠦᠭᠡ ᠲᠡᠭᠦᠨ ᠢ ᠨᠠᠰᠣ ᠪᠠᠷᠠᠭᠰᠠᠨ ᠤ ᠲᠠᠷᠠᠭ᠎ᠠ᠂ ᠲᠡᠬᠦᠨ ᠤ ᠴᠢᠨᠳᠠᠷ ᠢ ᠨᠢᠦ᠋ᠲ᠋ᠣᠨ ᠪᠣᠯᠣᠨ ᠶᠣᠬᠠᠨ · ᠾᠧᠷᠱᠢᠶᠡᠯ ︵John · Herschel︶ ᠤᠨ ᠣᠩᠭᠤᠨ ᠤ ᠬᠠᠵᠠᠭᠤ ᠳᠤ ᠣᠷᠣᠰᠢᠭᠤᠯᠬᠤ ᠣᠯᠭᠤᠮᠵᠢ ᠬᠦᠷᠳᠡᠭᠡᠪᠡ᠃     ᠳ᠋ᠠᠷᠸᠢᠨ ᠤ ᠭᠤᠣᠯ ᠪᠣᠯᠬᠤ ᠨᠣᠮ ᠵᠣᠬᠢᠶᠠᠯ     1835 ᠣᠨ ᠳᠤ᠄ ︽ᠾᠧᠩᠰᠯᠦᠸᠧ ︵Henslow︶ ᠫᠷᠣᠹᠧᠰᠰᠣᠷ ᠲᠤ ᠦᠭᠭᠦᠭᠰᠡᠨ ᠵᠠᠬᠢᠳᠠᠯ ᠤᠨ ᠲᠣᠪᠴᠢᠯᠠᠯ︾《给亨斯洛教授的信件之摘要》(Extracts from letters to Professor Henslow)᠃  1836 ︽ᠲᠠᠬᠢᠲ᠋ᠢ ︵Tahiti︶ ᠪᠣᠯᠣᠨ ᠰᠢᠨ᠎ᠡ ᠽᠢᠯᠠᠬᠳ᠋ ᠵᠡᠷᠭᠡ ᠣᠷᠣᠨ ᠤ ᠮᠣᠷᠠᠯ ᠤᠨ ᠪᠠᠶᠢᠳᠠᠯ ᠤᠨ ᠲᠣᠬᠠᠢ ᠮᠡᠳᠡᠭᠦᠯᠦᠯᠳᠡ︾ ︵大溪地与新西兰等地区的道德状况报告᠂A LETTER, Containing Remarks on the Moral State of TAHITI, NEW ZEALAND, &c. – BY CAPT. R. FITZROY AND C. DARWIN, ESQ. OF H.M.S. 'Beagle.'︶ 1839 ᠣᠨ ᠳᠤ ︽ᠲᠡᠮᠳᠡᠭᠯᠡᠯ ᠪᠠ ᠰᠢᠬᠦᠮᠵᠢ︾ ︵纪录与评论᠂ Journal and Remarks︶ ᠲᠣᠰ ᠨᠣᠮ ᠢ ᠶᠡᠷᠦᠳᠡᠭᠡᠨ ᠪᠠᠰᠠ ︽ᠪᠧᠭᠯᠧ ᠨᠡᠷᠡᠮᠵᠢᠳᠦ ᠶᠢᠨ ᠠᠶᠠᠯᠠᠯ︾ ᠭᠡᠳᠡᠭ ᠶᠣᠮ᠃  ︽ᠪᠧᠭᠯᠧ ᠨᠡᠷᠡᠮᠵᠢᠳᠦ ᠶᠢᠨ ᠠᠶᠠᠯᠠᠯ ᠤᠨ ᠠᠮᠢᠳᠠᠨ ᠤ ᠰᠣᠳᠣᠯᠣᠯ︾᠂ ︵贝格尔号之旅的动物学᠂ Zoology of the Voyage of H.M.S. Beagle︶ ᠨᠡᠶᠢᠳᠡ ᠲᠠᠪᠣᠨ ᠪᠣᠳᠢ ᠪᠠᠷ ᠪᠦᠷᠢᠯᠳᠣᠵᠠᠢ᠃ ᠡᠳᠡᠭᠡᠷ ᠨᠣᠮ ᠢ ᠨᠢ ᠠᠳᠠᠯᠢ ᠪᠣᠰᠣ ᠶᠢᠨ ᠵᠣᠬᠢᠶᠠᠯᠴᠢᠳ 1839 ᠠᠴᠠ1843 ᠣᠨ ᠤ ᠬᠤᠭᠤᠷᠣᠨᠳᠣ ᠨᠡᠶᠢᠳᠡᠯᠡᠭᠰᠡᠨ ᠶᠣᠮ᠃ ᠲᠡᠭᠦᠨ ᠤ ᠳᠣᠳᠣᠷᠠᠬᠢ ᠬᠤᠶᠠᠷᠬᠠᠨ ᠪᠣᠳᠢ ᠶᠢ ᠨᠢ ᠴᠠᠷᠯᠢ · ᠳ᠋ᠠᠷᠸᠢᠨ ᠦᠪᠡᠷ  ᠢᠶᠠᠨ ᠬᠢᠨᠠᠨ ᠨᠠᠶᠢᠷᠠᠭᠤᠯᠵᠠᠢ᠃ ᠲᠠᠷᠣᠢ 1840 ᠣᠨ ᠳᠤ ᠬᠡᠪᠯᠡᠭᠰᠡᠨ ︽ᠨᠢᠭᠡᠳᠦᠭᠡᠷ ᠬᠡᠰᠡᠭ᠄ ᠬᠦᠬᠦᠳᠡᠨ ᠠᠮᠢᠳᠠᠨ  ᠤ ᠴᠢᠯᠠᠭᠤᠵᠢᠮᠠᠯ︾ ᠪᠠ 1839 ᠣᠨ ᠳᠤ ᠬᠡᠪᠯᠡᠭᠳᠡᠭᠰᠡᠨ ︽ᠬᠤᠶᠠᠳᠣᠭᠠᠷ ᠬᠡᠰᠡᠭ᠄ ᠬᠦᠬᠦᠳᠡᠨ  ᠠᠮᠢᠳᠠᠨ︾ ᠪᠣᠯᠣᠨ᠎ᠠ᠃  1842 ᠣᠨ ᠳᠤ ︽ᠱᠢᠷᠣᠨ ᠪᠣᠱᠤᠭ ᠤᠨ ᠪᠦᠳᠦᠴᠡ ᠪᠠ ᠲᠠᠷᠬᠠᠯᠳᠠ︾ ︵珊瑚礁的结构与分布᠂ The Structure and Distribution of Coral Reefs︶ 1844 ᠣᠨ ᠳᠤ ︽ᠭᠠᠯᠳᠣ ᠠᠭᠤᠯᠠᠨ ᠣᠯᠳᠣᠷᠢᠭ ᠤᠨ ᠭᠠᠵᠠᠷ ᠵᠦᠢ ᠶᠢᠨ ᠠᠵᠢᠭᠯᠠᠯᠳᠠ︾ ︵火山群岛的地质观察᠂ Geological Observations of Volcanic Islands︶  1846 ᠣᠨ ᠳᠤ ︽ᠡᠮᠦᠨᠡᠳᠦ ᠠᠮᠧᠷᠢᠺᠠ ᠶᠢᠨ ᠭᠠᠵᠠᠷ ᠵᠦᠢ ᠶᠢᠨ ᠠᠵᠢᠭᠯᠠᠯᠳᠠ︾ ︵南美地质观察᠂ Geological Observations on South America︶  1849 ᠣᠨ ᠳᠤ ︽ᠭᠠᠵᠠᠷ ᠵᠦᠢ ᠶᠢᠨ ᠰᠣᠳᠣᠯᠣᠯ︾ ︵地质学᠂ Geology︶ ᠵᠡᠷᠭᠡ ᠵᠡᠷᠭᠡ ᠮᠠᠰᠢ ᠣᠯᠠᠨ ᠨᠣᠮ ᠪᠣᠢ᠃ᠪᠡᠯᠡᠳᠬᠡᠭᠰᠡᠨ ᠨᠢ᠄ ᠡᠷᠳᠡᠨᠢᠬᠦᠦᠨᠠᠶᠢᠷᠠᠭᠤᠯᠤᠭᠰᠠᠨ ᠨᠢ᠄ ᠨᠠᠮᠤᠷᠬᠢᠨᠠᠭᠰᠠᠨ ᠨᠢ᠄ ᠤᠷᠢᠬᠠᠨ
 
ᠢᠷᠡᠯᠲᠡ᠄ ᠲᠣᠰ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号