ᠴᠠᠨ ᠢᠦᠢ᠂ ᠮᠣᠳᠣᠨ ᠭᠡᠳᠡᠭ ᠦᠭᠡ ᠶᠢᠨ ᠤᠳᠬ᠎ᠠᠤᠣᠬᠠᠨ ᠬ᠊
ᠨᠡᠶᠢᠲᠡᠯᠡᠭᠰᠡᠨ ᠴᠠᠭ᠄
2020/10/19
ᠴᠠᠨ ᠢᠥᠢ ᠭᠡᠳᠡᠭ ᠪᠣᠯ ᠠᠤᠭ᠎ᠠ ᠶᠡᠭᠡ ᠬᠡᠮᠡᠭᠴᠢ ᠣᠳᠬ᠎ᠠ ᠲᠠᠢ ᠦᠭᠡ ᠪᠣᠯᠣᠮᠣᠢ᠂ ᠦᠭᠡᠷ᠎ᠡ ᠪᠠᠷ ᠬᠡᠯᠡᠪᠡᠯ ᠲᠡᠭᠷᠢ ᠮᠡᠳᠦ ᠠᠭᠤᠤ ᠶᠡᠭᠡ ᠭᠡᠳᠡᠭ ᠣᠳᠬ᠎ᠠ ᠲᠠᠢ ᠭᠡᠵᠡᠢ᠃ ᠬᠡᠯᠬᠢᠶᠡᠰᠦ ᠳᠤ ᠬᠡᠯᠡᠭᠰᠡᠨ ᠨᠢ᠄ ᠬᠠᠨ ᠣᠯᠣᠰ ᠤᠨ ᠪᠢᠴᠢᠭ  ᠲᠤ ᠦᠬᠦᠯᠡᠭᠰᠡᠨ ᠨᠢ᠂ ᠴᠠᠨ ᠢᠥᠢ ᠪᠣᠯ ᠯᠣᠸᠠᠨ ᠳ᠋ᠢ ᠣᠪᠣᠭ ᠲᠠᠢ᠃ ᠲᠡᠭᠦᠨ ᠤ ᠣᠯᠣᠰ ᠤᠨ ᠬᠦᠮᠦᠰ ᠴᠠᠨ ᠢᠥᠢ  ᠪᠠᠨ ᠲᠧᠩ ᠯᠢ ᠭᠦ᠋ ᠲᠤ ᠴᠠᠨ ᠢᠥᠢ ︵撑犁孤涂单于︶ ᠬᠡᠮᠡᠮᠣᠢ ᠭᠡᠵᠡᠢ᠃ ᠰᠢᠥᠸᠠᠨ ᠶᠠᠨ ᠤ ᠵᠣᠬᠢᠶᠠᠭᠰᠠᠨ ᠴᠦᠨ ᠴᠢᠦ ᠭᠡᠳᠡᠭ ᠨᠣᠮ ᠳᠤ ᠦᠬᠦᠯᠡᠭᠰᠡᠨ ᠨᠢ᠄ ᠡᠷᠳᠡ ᠪᠢ ᠬᠠᠨ ᠣᠯᠣᠰ ᠤᠨ ᠪᠢᠴᠢᠭ ᠢ ᠣᠩᠰᠢᠬᠤᠶ᠎ᠠ᠂ ᠡᠨᠡᠬᠦ ᠦᠭᠡ ᠶᠠᠮᠠᠷ ᠣᠳᠬ᠎ᠠ ᠲᠠᠢ ᠶᠢ ᠦᠯᠦ ᠮᠡᠳᠡᠬᠦ ᠪᠠᠶᠢᠯᠤᠭ᠎ᠠ᠂ ᠬᠠᠵᠠᠭᠤ ᠳᠤ ᠨᠢᠭᠡᠨ ᠬᠣ᠋ ᠪᠣᠭᠤᠯ ᠪᠠᠶᠢᠵᠣ ᠦᠬᠦᠯᠡᠷᠦᠨ᠄ ︽ᠬᠣ᠋ ᠨᠡᠷ ᠤᠨ ᠲᠡᠭᠷᠢ ᠶᠢᠨ ᠬᠦᠪᠡᠭᠦᠨ ᠭᠡᠳᠡᠭ ᠦᠭᠡ ᠪᠣᠯᠠᠢ︾ ᠬᠡᠮᠡᠵᠣᠬᠦᠢ᠂ ᠡᠨᠡ ᠨᠢ ᠡᠷᠳᠡᠨ ᠤ ᠨᠣᠮ ᠪᠢᠴᠢᠭ ᠲᠤ ᠦᠬᠦᠯᠡᠭᠰᠡᠨ ᠯᠦᠭᠡ ᠨᠡᠶᠢᠴᠡᠵᠦ ᠠᠮᠣᠢ ᠬᠡᠮᠡᠪᠡᠢ ᠭᠡᠵᠡᠢ᠃ ︽ᠴᠣᠬᠤᠯᠠᠪᠣᠷᠢ︾᠄ ᠯᠢᠶᠠᠩ᠂ ᠭᠠᠨ᠂ ᠰᠣ᠋᠂ ᠶᠠᠨ᠂ ᠱᠠ ᠵᠡᠷᠭᠡ ᠶᠢᠨ ᠵᠸᠥ ᠶᠢᠨ ᠯᠢᠶᠠᠩ ᠵᠸᠥ ᠪᠣᠯ ᠣᠳᠣᠬᠢ ᠭᠠᠨᠰᠣ ᠮᠣᠵᠢ ᠶᠢᠨ ᠡᠣ ᠸᠧᠢ ᠬᠤᠳᠠ ᠪᠣᠯᠣᠨ᠎ᠠ᠂ ᠭᠠᠨ ᠵᠸᠥ ᠨᠢ ᠣᠳᠣᠬᠢ ᠭᠠᠨ ᠰᠣ᠋ ᠮᠣᠵᠢ ᠶᠢᠨ ᠵᠠᠩ ᠶᠧ ᠬᠤᠳᠠ ᠶᠢᠨ ᠨᠢᠭᠡᠨ ᠲᠣᠭᠤᠷᠢᠭ ᠪᠣᠯᠬᠤ ᠭᠠᠨ ᠵᠸᠥ ᠲᠣᠭᠤᠷᠢᠭ ᠬᠡᠮᠡᠨ ᠨᠡᠷᠡᠯᠡᠵᠦ ᠪᠣᠢ᠂ ᠰᠣ᠋ ᠵᠸᠥ ᠨᠢ ᠣᠳᠣᠬᠢ ᠭᠠᠨ ᠰᠣ᠋ ᠮᠣᠵᠢ ᠶᠢᠨ ᠵᠢᠦ ᠴᠢᠥᠸᠠᠨ ᠬᠤᠳᠠ ᠶᠢᠨ ᠨᠢᠭᠡᠨ ᠲᠣᠭᠤᠷᠢᠭ ᠪᠣᠯᠵᠠᠢ᠂ ᠶᠠᠨ ᠵᠸᠥ ᠨᠢ ᠣᠳᠣᠬᠢ ᠱᠠᠨᠰᠢ ᠮᠣᠵᠢ ᠶᠢᠨ ᠶᠠᠨ ᠠᠨ ᠬᠤᠳᠠ ᠣᠷᠴᠢᠮ ᠪᠠᠶᠢᠵᠠᠢ᠂ ᠱᠠ ᠵᠸᠥ ᠨᠢ ᠣᠳᠣ ᠱᠠᠨᠰᠢ ᠮᠣᠵᠢ ᠶᠢᠨ ᠳ᠋ᠦᠨᠬᠤᠸᠠᠩ ᠬᠤᠳᠠ ᠪᠣᠯᠣᠨ᠎ᠠ᠃ ᠡᠳᠡᠭᠡᠷ ᠭᠠᠵᠠᠷ ᠣᠣᠯ ᠨᠢ ᠪᠦᠷ ᠷᠸᠥ ᡁᠢ ᠶᠢᠨ ᠨᠣᠳᠤᠭ ᠪᠠᠶᠢᠵᠠᠢ ᠭᠡᠳᠡᠭ ᠦᠭᠡ ᠪᠣᠯᠣᠨ᠎ᠠ᠃ ᠴᠠᠨ ᠢᠥᠢ (单于) ᠪᠣᠯᠣᠨ ᠮᠣᠳᠣᠨ ︵冒顿︶ ᠭᠡᠳᠡᠭ ᠬᠤᠶᠠᠷ ᠦᠭᠡ ᠶᠢᠨ ᠣᠳᠬ᠎ᠠ ᠶᠢ ᠶᠠᠫᠣᠨ ᠤ ᠡᠷᠳᠡᠮᠳᠡᠨ ᠰᠢᠷᠠᠲ᠋ᠣᠷᠢ ᠺᠢᠷᠠᠺᠦᠴᠢ ︵白鸟库吉︶ ᠠᠪᠣᠭᠠᠢ ᠠᠯᠳᠠᠢ ᠰᠯᠪᠣᠷᠢ ᠶᠢᠨ ᠣᠯᠠᠨ ᠬᠡᠯᠡ ᠶᠢ ᠬᠠᠷᠢᠴᠠᠭᠤᠯᠣᠨ ᠰᠣᠳᠣᠯᠵᠣ ᠪᠠᠶᠢᠭᠠᠳ ᠭᠠᠷᠭᠠᠭᠰᠠᠨ ᠳ᠋ᠦᠩᠨᠡᠯᠳᠡ ᠪᠠᠷ ᠪᠣᠯ ᠮᠣᠩᠭᠤᠯ ᠬᠡᠯᠡᠨ ᠤ ᠴᠢᠩᠬᠢᠰ ᠪᠣᠯᠣᠨ ᠪᠣᠭᠳᠠ ᠭᠡᠳᠡᠭ ᠦᠭᠡ ᠭᠡᠵᠦ ᠲᠠᠶᠢᠯᠪᠣᠷᠢᠯᠠᠵᠠᠢ᠃ ᠡᠭᠦᠨ ᠢ ᠪᠢ ᠵᠦᠪ ᠬᠡᠮᠡᠨ ᠦᠵᠡᠨ᠎ᠡ᠃ 撑犁 ᠭᠡᠳᠡᠭ ᠨᠢ ᠬᠡᠯᠡᠯᠭᠡᠨ ᠦᠭᠡᠢ ᠲᠡᠭᠷᠢ ᠪᠣᠯᠣᠨ᠎ᠠ᠃ ᠡᠷᠳᠡᠨ ᠦᠶ᠎ᠡ ᠶᠢᠨ ᠬᠢᠳᠠᠳ ᠬᠡᠯᠡᠨ ᠳᠤ 撑 ᠪᠠ 腾 ᠪᠦᠷ ᠠᠳᠠᠯᠢᠬᠠᠨ ᠲᠧᠩ ᠭᠡᠳᠡᠭ ᠠᠪᠢᠶ᠎ᠠ ᠲᠠᠢ ᠪᠠᠶᠢᠵᠠᠢ᠃ ᠪᠢᠳᠡ ᠣᠳᠣ ᠪᠣᠯ ᠲᠡᠭᠷᠢ ᠭᠡᠵᠦ ᠪᠢᠴᠢᠭᠡᠳ ᠲᠧᠩ ᠭᠧ ᠷᠢ ᠭᠡᠵᠦ ᠣᠩᠰᠢᠨ᠎ᠠ ᠭᠡᠵᠦ ᠲᠠᠶᠢᠯᠪᠣᠷᠢᠯᠠᠵᠣ ᠪᠣᠢ᠂ ᠦᠨᠡᠨᠳᠡᠭᠡᠨ ᠲᠡᠭᠷᠢ ᠭᠡᠳᠡᠭ ᠦᠰᠦᠭ ᠪᠣᠯ ᠡᠷᠳᠡᠨ ᠤ ᠰᠣᠭᠳᠠ ᠦᠰᠦᠭ ᠤᠨ ᠪᠢᠴᠢᠭᠯᠡᠬᠦ ᠲᠦᠷᠢᠮ ᠤᠨ ᠣᠨᠴᠠᠯᠢᠭ ᠢ ᠬᠠᠳᠠᠭᠠᠯᠠᠵᠣ ᠪᠠᠶᠢᠭ᠎ᠠ ᠦᠰᠦᠭ ᠪᠣᠯᠣᠨ᠎ᠠ ᠭᠡᠵᠦ ᠮᠣᠩᠭᠤᠯ ᠬᠡᠯᠡᠨ ᠤ ᠡᠷᠳᠡᠮᠳᠡᠳ ᠬᠡᠯᠡᠵᠦ ᠦᠩᠭᠡᠷᠡᠵᠡᠢ ᠃ ᠲᠠᠷᠣᠢ ᠲ᠊ ᠩ᠊ ᠷᠢ ︵t ng ri︶ ᠪᠠᠷ ᠪᠦᠳᠦᠵᠦ᠂ ᠡᠨᠡ ᠨᠢ ᠰᠣᠭᠳᠠ ᠬᠡᠯᠡᠨ ᠤ ᠡᠭᠡᠰᠢᠭ ᠪᠢᠴᠢᠬᠦ ᠦᠭᠡᠢ ᠲᠦᠷᠢᠮ ᠠᠴᠠ ᠪᠣᠯᠣᠭᠰᠠᠨ ᠭᠡᠵᠡᠢ᠃ ᠲᠡᠭᠡᠭᠡᠳ ᠡᠳᠦᠬᠡ ᠪᠢᠳᠡ te g ri ᠭᠡᠵᠦ ᠪᠢᠴᠢᠭᠡᠳ ᠲᠡᠩᠭᠡᠷᠢ ᠭᠡᠵᠦ ᠣᠩᠰᠢᠨ᠎ᠠ ᠭᠡᠳ ᠯᠡ ᠪᠣᠯᠭᠠᠵᠣ ᠪᠠᠶᠢᠭ᠎ᠠ ᠪᠢᠯᠡ᠃ ᠡᠶᠢᠮᠦᠷᠬᠦ ᠪᠠᠶᠢᠳᠠᠯ ᠰᠣᠭᠳᠠ ᠦᠰᠦᠭ ᠠᠴᠠ ᠢᠷᠡᠭᠰᠡᠨ ᠳᠡᠳᠦᠢ ᠣᠴᠢᠷ ᠪᠢᠰᠢ ᠮᠠᠭᠠᠳ᠂ ᠬᠡᠯᠳᠦᠰᠬᠢᠪᠡᠯ ᠡᠷᠳᠡᠨ ᠤ ᠾᠦᠩᠨᠦ ᠨᠡᠷ ᠤᠨ ᠦᠰᠦᠭ ᠪᠢᠴᠢᠭ ᠴᠦ ᠲᠣᠪᠴᠢᠯᠠᠨ ᠪᠢᠴᠢᠬᠦ ᠪᠣᠶᠣ ᠡᠰᠡᠭᠦᠯ᠎ᠡ ᠡᠭᠡᠰᠢᠭ ᠪᠢᠴᠢᠬᠦ ᠦᠭᠡᠢ ᠪᠢᠴᠢᠭᠯᠡᠬᠦ ᠲᠦᠷᠢᠮ ᠲᠠᠢ ᠪᠠᠶᠢᠭᠰᠠᠨ ᠪᠣᠯᠣᠯᠳᠠᠢ᠃ ᠡᠭᠦᠨ ᠢ ᠣᠷᠴᠢᠮ ᠤᠨ ᠰᠣᠯᠣᠩᠭᠤᠳ ᠯ᠊ · ᠬᠤᠷᠴᠠᠪᠠᠭᠠᠳᠣᠷ ᠳ᠋ᠣᠺᠲ᠋ᠣᠷ ᠤᠨ ᠨᠡᠶᠢᠳᠡᠯᠡᠭᠰᠡᠨ ᠾᠦᠩᠨᠦ ᠶᠢᠨ ᠱᠠᠭ᠎ᠠ ᠪᠢᠴᠢᠭ ᠠᠴᠠ ᠦᠵᠡᠪᠡᠯ ᠪᠠᠷᠤᠭ ᠡᠶᠢᠮᠦ ᠪᠠᠶᠢᠭᠰᠠᠨ ᠮᠠᠭᠠᠳᠯᠠᠯ ᠲᠠᠢ ᠪᠠᠶᠢᠨ᠎ᠠ᠃ 孤涂 ᠨᠢ ᠬᠤᠳᠤᠭ ᠭᠡᠳᠡᠭ ᠦᠭᠡ ᠪᠣᠯᠣᠨ᠎ᠠ᠂ ᠪᠦᠬᠦᠯᠢ  ᠳᠤᠨᠢ ᠦᠵᠡᠪᠡᠯ ︽ᠲᠡᠭᠷᠢ ᠶᠢᠨ ᠬᠤᠳᠣᠭᠳᠣ ᠴᠠᠨ ᠢᠥᠢ︾ ᠭᠡᠰᠡᠨ ᠦᠭᠡ ᠪᠣᠯᠬᠤ ᠠᠵᠠᠢ᠃ ᠲᠡᠭᠷᠢ ᠶᠢᠨ ᠬᠤᠳᠣᠭᠳᠣ ᠭᠡᠪᠡᠯ ᠲᠡᠭᠷᠢ ᠠᠴᠠ ᠡᠰᠢ ᠲᠠᠢ ᠭᠡᠬᠦ ᠪᠣᠶᠣ ᠲᠡᠭᠷᠢ ᠳ᠋ᠡᠴᠡ ᠲᠦᠷᠦᠭᠦᠯᠦᠭᠰᠡᠨ ᠡᠰᠡ ᠪᠦᠭᠡᠰᠦ ᠲᠡᠭᠷᠢ  ᠠᠴᠠ ᠵᠠᠶᠠᠭᠠᠳᠣ ᠭᠡᠳᠡᠭ ᠣᠳᠬ᠎ᠠ ᠪᠦᠬᠦᠢ ᠦᠭᠡ ᠪᠣᠯᠣᠨ᠎ᠠ᠃ ᠰᠢᠭᠤᠳ ᠶᠠᠷᠢᠪᠠᠯ ᠲᠡᠭᠷᠢ ᠶᠢᠨ ᠬᠦᠪᠡᠭᠦᠨ ᠭᠡᠳᠡᠭ ᠦᠭᠡ ᠪᠢᠵᠡ᠃ ᠡᠶᠢᠮᠦ ᠠᠴᠠ ᠬᠤᠸᠠᠩ ᠹᠦ᠋ ᠮᠢ ︵ᠰᠢᠥᠸᠠᠨ ᠶᠠᠨ︶ ᠶᠢᠨ ᠬᠣ᠋ ᠪᠣᠭᠤᠯ ᠠᠴᠠ ᠲᠡᠬᠦᠨ ᠳᠤ᠂ 撑犁孤涂 ᠭᠡᠳᠡᠭ ᠦᠭᠡ ᠶᠢ᠄ ︽ᠬᠣ᠋ ᠨᠡᠷ ᠤᠨ ᠲᠡᠭᠷᠢ ᠶᠢᠨ ᠬᠦᠪᠡᠭᠦᠨ ᠭᠡᠳᠡᠭ ᠦᠭᠡ ᠮᠦᠨ︾ ᠭᠡᠵᠦ ᠬᠡᠯᠡᠵᠦ ᠦᠭᠭᠦᠭᠰᠡᠨ ᠨᠢ ᠭᠤᠣᠯᠳᠠᠭᠤ ᠬᠢᠳᠠᠳ ᠬᠦᠮᠦᠨ ᠪᠣᠯ ᠰᠢᠭᠤᠳ ᠲᠡᠭᠷᠢ ᠶᠢᠨ ᠬᠦᠪᠡᠭᠦᠨ ᠭᠡᠵᠦ ᠬᠡᠯᠡᠳᠡᠭ ᠵᠣᠷᠰᠢᠯ ᠢ ᠦᠨᠳᠦᠰᠦᠯᠡᠵᠦ ᠣᠷᠴᠢᠭᠤᠯᠣᠭᠰᠠᠨ ᠦᠭᠡ ᠪᠣᠯᠬᠤ ᠠᠵᠠᠢ᠃ ᠮᠣᠩᠭᠤᠯ ᠾᠦᠩᠨᠦ ᠬᠡᠯᠡᠨ ᠳᠤ ᠪᠣᠯ ᠲᠡᠭᠷᠢ ᠠᠴᠠ ᠡᠰᠢᠲᠦ᠂ ᠲᠡᠭᠷᠢ ᠠᠴᠠ ᠵᠠᠶᠠᠭᠠᠳᠣ᠂ ᠲᠡᠭᠷᠢ ᠶᠢᠨ ᠬᠤᠳᠣᠭᠳᠣ ᠭᠡᠵᠦ ᠬᠡᠯᠡᠬᠦ ᠠᠴᠠ ᠪᠢᠰᠢ ᠰᠢᠭᠤᠳ ᠲᠡᠭᠷᠢ ᠶᠢᠨ ᠬᠦᠪᠡᠭᠦᠨ ᠭᠡᠵᠦ ᠬᠡᠯᠡᠬᠦ ᠦᠭᠡᠢ ᠪᠠᠶᠢᠭᠰᠠᠨ ᠪᠣᠯᠣᠯᠳᠠᠢ᠃ ᠣᠯᠠᠨ ᠡᠷᠳᠡᠮᠳᠡᠨ 孤涂 ᠶᠢᠨ 孤 ︵ᠭᠦ᠋︶ ᠶᠢ ᠨᠢ ᠬᠦᠥ ᠭᠡᠵᠦ ᠲᠠᠶᠢᠯᠪᠣᠷᠢᠯᠠᠭᠠᠳ 涂 ︵ ᠲᠤ︶ ᠶᠢ ᠨᠢ ᠬᠦᠥ ᠲᠠᠢ ᠪᠠᠨ ᠬᠤᠯᠪᠣᠵᠣ ᠲᠡᠶᠢᠯᠬᠦ ᠦᠭᠡᠢ ᠠᠷᠭ᠎ᠠ ᠪᠠᠷᠠᠳᠠᠭ ᠪᠠᠶᠢᠨ᠎ᠠ᠃ ᠦᠨᠡᠨ ᠲᠡᠭᠡᠨ ᠬᠤᠳᠣᠭᠳᠣ ᠭᠡᠳᠡᠭ ᠦᠭᠡ ᠶᠢᠨ ᠬᠢᠳᠠᠳ ᠠᠪᠢᠶᠠᠯᠠᠯᠭ᠎ᠠ ᠪᠣᠯᠬᠤ ᠯᠠ ᠲᠡᠳᠦᠢ ᠪᠢᠵᠡ᠃ ᠲᠠᠬᠢᠨ ᠬᠡᠯᠡᠪᠡᠯ ᠡᠷᠳᠡᠨ ᠤ ᠮᠣᠩᠭᠤᠯ ᠬᠡᠯᠡᠨ ᠳᠤ ᠠ ᠬᠠ ᠭᠠ ᠺᠠ ᠶᠢ ᠢᠯᠭᠠᠬᠤ ᠦᠭᠡᠢ ᠦᠵᠡᠭᠳᠡᠯ ᠶᠡᠬᠡᠯ᠎ᠡ ᠲᠦᠭᠡᠮᠡᠯ ᠣᠷᠣᠰᠢᠵᠣ ᠪᠠᠶᠢᠵᠠᠢ ᠭᠡᠳᠡᠭ ᠢ ᠣᠶᠢᠯᠭᠠᠬᠤ ᠴᠢᠬᠤᠯᠠ ᠲᠠᠢ ᠪᠠᠶᠢᠨ᠎ᠠ᠃ ᠨᠦᠬᠦᠭᠡ ᠲᠠᠯ᠎ᠠ ᠪᠠᠷ ᠪᠠᠰᠠ ᠠᠩᠬᠠᠷᠬᠤ ᠴᠢᠬᠤᠯᠠ ᠲᠠᠢ ᠨᠢ ᠪᠢᠳᠡ ᠡᠷᠳᠡᠨ ᠤ ᠮᠣᠩᠭᠤᠯ ᠦᠭᠡ ᠶᠢ ᠲᠠᠶᠢᠯᠪᠣᠷᠢᠯᠠᠶ᠎ᠠ ᠭᠡᠪᠡᠯ ᠠᠷᠪᠠᠨ ᠭᠤᠷᠪᠠᠳᠣᠭᠠᠷ ᠵᠠᠭᠤᠨ ᠤ ᠨᠢᠭᠤᠴᠠ ᠲᠣᠪᠴᠢᠶᠠᠨ ᠠᠴᠠ ᠡᠷᠢᠬᠦ ᠨᠢ ᠣᠯᠠᠨ ᠪᠠᠶᠢᠳᠠᠭ᠂ ᠭᠡᠪᠡᠴᠦ ᠨᠢᠭᠤᠴᠠ ᠲᠣᠪᠴᠢᠶᠠᠨ ᠪᠣᠯ ᠴᠢᠩᠬᠢᠰ ᠬᠠᠭᠠᠨ ᠤ ᠭᠡᠷ ᠪᠦᠯᠢ ᠪᠠᠷ ᠭᠤᠣᠯ ᠪᠣᠯᠭᠠᠭᠰᠠᠨ ᠵᠦᠪᠬᠡᠨ ᠲᠣᠬᠠᠢ ᠶᠢᠨ ᠦᠶ᠎ᠡ ᠶᠢᠨ ︽ᠮᠣᠩᠭᠤᠯ︾ ᠠᠶᠢᠮᠠᠭ ᠤᠨ ᠨᠣᠳᠤᠭ ᠤᠨ ᠬᠡᠯᠡ ᠪᠣᠯᠣᠨ᠎ᠠ᠃ ᠦᠭᠡᠷ᠎ᠡ ᠪᠠᠷ ᠬᠡᠯᠡᠪᠡᠯ ᠡᠭᠦᠨ ᠠᠴᠠ ᠣᠨᠳᠣᠥ ᠪᠠᠰᠠ ᠦᠢ ᠣᠯᠠᠨ ᠪᠣᠰᠣᠳ ᠮᠣᠩᠭᠤᠯ ᠬᠡᠯᠡᠳᠡᠨ ᠠᠶᠢᠮᠠᠭ ᠨᠤᠭᠤᠳ ᠪᠦᠷ ᠦᠪᠡᠷ ᠦᠪᠡᠷ ᠤᠨ ᠨᠣᠳᠤᠭ ᠤᠨ ᠠᠪᠢᠶ᠎ᠠ ᠪᠠᠷ  ᠢᠶᠠᠨ ᠶᠠᠷᠢᠯᠴᠠᠵᠣ ᠪᠠᠶᠢᠭᠰᠠᠨ ᠨᠢ ᠯᠠᠪᠳᠠᠢ ᠶᠣᠮ᠃ ᠡᠶᠢᠮᠦ ᠠᠴᠠ ᠵᠠᠪᠠᠯ ᠨᠢᠭᠤᠴᠠ ᠲᠣᠪᠴᠢᠶᠠᠨ ᠲᠠᠬᠢ ᠦᠭᠡ ᠠᠶᠠᠯᠭᠤ ᠪᠠᠷ ᠪᠠᠷᠢᠮᠵᠢᠶᠠᠯᠠᠬᠤ ᠶᠣᠮ ᠪᠣᠯ ᠭᠦᠢᠴᠡᠳ ᠪᠣᠯᠵᠣ ᠴᠢᠳᠠᠬᠤ ᠦᠭᠡᠢ ᠨᠢ ᠮᠡᠳᠡᠭᠡᠵᠢ ᠪᠣᠯᠬᠤᠷ ᠪᠣᠰᠣᠳ ᠮᠣᠩᠭᠤᠯ ᠠᠶᠢᠮᠠᠭ ᠤᠨ ᠨᠣᠳᠤᠭ ᠤᠨ ᠠᠪᠢᠶ᠎ᠠ ᠶᠢ ᠵᠦᠢᠴᠢᠯᠡᠨ ᠯᠠᠪᠯᠠᠬᠤ ᠨᠢ ᠵᠦᠢᠳᠡᠢ ᠪᠢᠵᠡ᠃ ᠮᠣᠳᠣᠨ ︵冒顿︶ ᠪᠠ ᠴᠠᠨ ᠢᠥᠢ ᠭᠡᠳᠡᠭ ᠦᠭᠡ ᠶᠢᠨ ᠲᠣᠬᠠᠢ᠂ ᠶᠠᠫᠣᠨ ᠤ ᠡᠷᠳᠡᠮᠳᠡᠨ ᠰᠢᠷᠠᠲ᠋ᠣᠷᠢ ᠺᠢᠷᠠᠺᠦᠴᠢ ᠠᠪᠣᠭᠠᠢ ᠠᠯᠳᠠᠢ ᠶᠢᠨ ᠣᠯᠠᠨ ᠬᠡᠯᠡᠨ ᠶᠢ ᠬᠠᠷᠢᠴᠠᠭᠤᠯᠣᠭᠰᠠᠨ ᠰᠣᠳᠣᠯᠣᠯᠭ᠎ᠠ ᠬᠢᠭᠰᠡᠨ ᠰᠠᠭᠤᠷᠢᠨ ᠲᠡᠭᠡᠷ᠎ᠡ ᠾᠦᠩᠨᠦ ᠦᠭᠡ ᠶᠢ ᠲᠠᠶᠢᠯᠪᠣᠷᠢᠯᠠᠬᠤ ᠲᠠᠭᠠᠨ ᠪᠣᠭᠳᠠ ᠪᠠ ᠴᠢᠩᠬᠢᠰ ᠭᠡᠵᠦ ᠰᠡᠷᠭᠦᠭᠡᠭᠰᠡᠨ ᠶᠣᠮ᠃ ᠪᠢ ᠴᠣ᠋ ᠡᠨᠡᠬᠦ ᠬᠡᠯᠡᠯᠭᠡ ᠶᠢ ᠵᠦᠪᠰᠢᠶᠡᠷᠡᠨ᠎ᠡ᠃ ᠣᠳᠣ ᠪᠣᠯ 冒 ᠨᠢ ᠮᠣᠤ ᠪᠠ ᠮᠦᠸᠧ ᠬᠤᠶᠠᠷ ᠣᠩᠰᠢᠯᠭ᠎ᠠ ᠲᠠᠢ᠂ ᠭᠡᠪᠡᠴᠦ ᠠᠳᠡ ᠮᠢᠨᠦ ᠬᠡᠯᠡᠬᠦ ᠵᠦᠢᠯ ᠪᠣᠯ ᠡᠷᠳᠡᠨ ᠤ ᠬᠢᠳᠠᠳ ᠦᠰᠦᠭ ᠪᠣᠯ ᠣᠩᠰᠢᠯᠭ᠎ᠠ ᠨᠢ ᠮᠠᠰᠢ ᠪᠣᠳᠣᠯᠢᠶᠠᠨ ᠲᠠᠢ ᠪᠠᠶᠢᠵᠠᠢ᠃ ᠣᠯᠠᠩᠬᠢ ᠦᠰᠦᠭ ᠲᠤᠨᠢ ᠠᠪᠢᠶᠠᠨ ᠤ ᠡᠬᠢᠯᠡᠪᠣᠷᠢ ︵韵头︶ ᠪᠠ ᠠᠪᠢᠶᠠᠨ ᠤ ᠰᠡᠬᠦᠯ ︵韵尾︶ ᠭᠡᠳᠡᠭ ᠶᠠᠭᠤᠮ᠎ᠠ ᠲᠠᠢ ᠪᠠᠶᠢᠵᠠᠢ᠃ ᠡᠳᠡᠭᠡᠷ ᠨᠢ ᠡᠷᠳᠡᠨ ᠦᠶ᠎ᠡ ᠳᠤ ᠬᠢᠳᠠᠳ ᠦᠰᠦᠭ ᠴᠦᠬᠡᠨ ᠪᠦᠭᠡᠳ ᠠᠪᠢᠶ᠎ᠠ ᠨᠢ ᠴᠣ᠋ ᠴᠦᠬᠡᠨ ᠪᠣᠯᠬᠤᠷ ᠬᠠᠷᠢᠯᠴᠠᠨ ᠢᠯᠭᠠᠬᠤ ᠡᠬᠦᠳᠡᠨ ᠠᠴᠠ ᠡᠶᠢᠮᠦ ᠶᠠᠭᠤᠮ᠎ᠠ ᠪᠠᠶᠢᠭᠰᠠᠨ ᠴᠣ᠋ ᠪᠣᠯᠪᠠᠥ︖ ᠡᠰᠡᠬᠦᠯ᠎ᠡ ᠮᠦᠨ ᠵᠠᠯᠭᠠᠮᠠᠯ ᠬᠡᠯᠡ ᠠᠴᠠ ᠣᠯᠠᠷᠢᠵᠣ ᠢᠷᠡᠭᠰᠡᠨ ᠦᠰᠦᠭ ᠴᠦ ᠶᠣᠮ ᠤᠤ ᠭᠡᠵᠦ ᠪᠣᠳᠣᠳᠠᠭ᠃ ᠲᠣᠣᠷ᠎ᠠ ᠴᠦᠬᠡᠨ ᠬᠡᠳᠦᠨ ᠠᠮᠠᠷᠬᠠᠨ ᠣᠶᠢᠯᠭᠠᠬᠤ ᠵᠢᠱᠢᠶ᠎ᠡ ᠪᠠᠷ ᠦᠵᠡᠬᠦᠯᠦᠶ᠎ᠡ᠄ 越南 ᠭᠡᠳᠡᠭ ᠣᠯᠣᠰ ᠤᠨ ᠨᠡᠷ᠎ᠡ ᠶᠢ ᠸᠢᠶᠧᠲᠨᠠᠮ ᠭᠡᠵᠦ ᠪᠢᠴᠢᠳᠡᠭ ᠢ ᠬᠦᠮᠦᠨ ᠪᠦᠬᠦᠨ ᠮᠡᠳᠡᠨ᠎ᠡ᠃ ᠲᠡᠭᠦᠨ ᠤ ᠠᠩᠭ᠍ᠯᠢ ᠭᠠᠯᠢᠭ ᠨᠢ Viet Nam ᠭᠡᠵᠦ᠂ ᠣᠩᠰᠢᠯᠭ᠎ᠠ ᠨᠢ ᠮᠦᠨ ᠸᠢᠶᠧᠲᠨᠠᠮ ᠭᠡᠵᠦ ᠣᠩᠰᠢᠨ᠎ᠠ᠃ ᠡᠨᠡ ᠪᠣᠯ ᠦᠨᠡᠨᠳᠡᠭᠡᠨ ᠸᠢᠶᠧᠲ ︵越Viet︶ ᠪᠣᠯᠣᠨ ᠨᠠᠮ ︵南 Nam︶ ᠪᠣᠯ ᠡᠷᠳᠡᠨ ᠤ ᠣᠩᠰᠢᠯᠭ᠎ᠠ ᠪᠠᠨ ᠬᠠᠳᠠᠭᠠᠯᠠᠵᠣ ᠪᠠᠶᠢᠭ᠎ᠠ ᠬᠤᠶᠠᠷ ᠬᠢᠳᠠᠳ ᠦᠰᠦᠭ ᠢᠶᠠᠷ ᠪᠦᠷᠢᠯᠳᠦᠭᠰᠡᠨ ᠢ ᠬᠠᠷᠠᠭᠤᠯᠵᠣ ᠪᠠᠶᠢᠭ᠎ᠠ ᠶᠣᠮ᠃ ᠡᠷᠳᠡᠨ ᠦᠶ᠎ᠡ ᠳᠤ 越 ᠦᠰᠦᠭ ᠲᠤ ᠨᠢᠭᠡᠨ ‍ᠲ ᠠᠪᠢᠶᠠᠨᠨ ᠤ ᠰᠡᠬᠦᠯ ᠲᠠᠢ ᠪᠠᠶᠢᠵᠣ᠂ 南 ᠦᠰᠦᠭ ᠲᠤ ᠪᠣᠯ ᠨᠢᠭᠡ ‍ᠮ ᠠᠪᠢᠶᠠᠨ ᠤ ᠰᠡᠬᠦᠯ ᠲᠠᠢ ᠪᠠᠶᠢᠵᠠᠢ ᠭᠡᠰᠡᠨ ᠦᠭᠡ ᠮᠦᠨ᠃ ᠲᠠᠷᠠᠭ᠎ᠠ ᠨᠢ ᠪᠣᠮᠪᠠᠢ ︵Bombay︶ ᠭᠡᠳᠡᠭ ᠦᠭᠡ ᠶᠢ ᠦᠵᠡᠶ᠎ᠡ᠄ ᠪᠣᠮᠪᠠᠢ ᠪᠣᠯ ᠡᠨᠡᠳᠬᠡᠭ ᠤᠨ ᠨᠢᠭᠡᠨ ᠶᠡᠭᠡ ᠬᠤᠳᠠ ᠪᠣᠯᠣᠨ᠎ᠠ᠃ ᠬᠦᠭᠵᠢᠯ ᠰᠠᠶᠢᠳᠠᠢ ᠬᠤᠳᠠ ᠪᠠᠶᠢᠭᠰᠠᠨ ᠪᠣᠯᠬᠤᠷ ᠬᠦᠮᠦᠨ ᠤ ᠶᠢᠷᠲᠢᠨᠴᠦ ᠶᠢᠨ ᠳ᠋ᠧᠪᠠᠵᠠᠨ ᠭᠡᠵᠦ ᠠᠯᠳᠠᠷᠰᠢᠵᠠᠢ᠃ ᠡᠨᠡᠬᠦ ᠬᠤᠳᠠᠨ ᠤ ᠡᠷᠳᠡᠨ ᠤ ᠨᠡᠷ᠎ᠡ ᠨᠢ ᠲᠠᠷᠣᠢ ᠪᠣᠮᠪᠠᠢ᠂ ᠮᠣᠩᠭᠤᠯ ᠬᠡᠯᠡᠨ ᠳᠤ ᠣᠷᠣᠬᠤ ᠲᠠᠭᠠᠨ ᠪᠣᠮᠪᠠ ᠪᠣᠯᠵᠣ᠂ ᠪᠣᠷᠬᠠᠨ ᠪᠣᠮᠪᠠ ᠶᠢᠨ ᠣᠷᠣᠨ ᠭᠡᠵᠦ ᠬᠤᠯᠪᠣᠨ ᠬᠡᠯᠡᠳᠡᠭ ᠪᠣᠯᠵᠠᠢ᠃ ᠲᠣᠰ ᠨᠡᠷ᠎ᠡ ᠬᠢᠳᠠᠳ ᠬᠡᠯᠡᠨ  ᠳᠤ ᠣᠷᠣᠬᠤ ᠲᠠᠭᠠᠨ ᠮᠧᠩ ᠮᠠᠢ ᠪᠣᠯᠵᠠᠢ᠃ ᠲᠠᠷᠣᠢ ᠪᠣᠮ ᠦᠰᠦᠭ ᠤᠨ ᠲᠡᠭᠡᠷ᠎ᠡ ᠨᠢᠭᠡ ᠮ᠊ ᠠᠪᠢᠶᠠᠨ ᠤ ᠡᠬᠢᠯᠡᠪᠣᠷᠢ  ᠲᠠᠢ ᠣᠩᠰᠢᠭᠳᠠᠵᠣ᠂ ᠪᠠᠢ ᠦᠰᠦᠭ ᠲᠤ ᠨᠢ ᠪᠣᠮ ᠤᠨ ‍ᠮ ᠨᠢ ᠠᠪᠢᠶᠠᠨ ᠤ ᠡᠬᠢᠯᠡᠪᠣᠷᠢ ᠪᠣᠯᠣᠨ ᠣᠩᠰᠢᠭᠰᠠᠨ ᠠᠴᠠ ᠪᠣᠯᠣᠭᠰᠠᠨ ᠮᠧᠩ ᠮᠠᠢ ᠠᠵᠠᠢ᠃ ᠦᠭᠡᠷ᠎ᠡ ᠪᠠᠷ ᠬᠡᠯᠡᠪᠡᠯ ᠪᠦᠷ ᠠᠪᠢᠶᠠᠨ ᠤ ᠡᠬᠢᠯᠡᠪᠣᠷᠢ ᠪᠠᠷ ᠨᠢ ᠠᠪᠢᠶᠠᠯᠠᠭᠰᠠᠨ ᠪᠠᠶᠢᠭ᠎ᠠ ᠠᠵᠠᠢ᠃ ᠡᠳᠡᠭᠡᠷ ᠠᠴᠠ ᠦᠵᠡᠪᠡᠯ ᠶᠠᠫᠣᠨ ᠡᠷᠳᠡᠮᠳᠡᠨ ᠰᠢᠷᠠᠲ᠋ᠣᠷᠢ ᠠᠪᠣᠭᠠᠢ ᠶᠢᠨ 冒顿 ᠭᠡᠳᠡᠭ ᠦᠭᠡ  ᠶᠢ ᠪᠣᠭᠳᠠ ᠭᠡᠵᠦ ᠰᠡᠷᠭᠦᠭᠡᠭᠰᠡᠨ ᠢ ᠵᠦᠪ ᠪᠣᠯᠬᠤ ᠪᠣᠯᠣᠯᠴᠠᠭ᠎ᠠ ᠶᠡᠭᠡ ᠪᠠᠶᠢᠨ᠎ᠠ ᠭᠡᠵᠦ ᠦᠵᠡᠵᠦ ᠪᠠᠶᠢᠨ᠎ᠠ᠃ ᠣᠴᠢᠷ  ᠨᠢ 冒 ᠪᠣᠯ ᠪᠣᠭᠳᠠ ᠶᠢᠨ ᠪᠤ ᠶᠢ ᠠᠪᠢᠶᠠᠯᠬᠤ ᠳᠠᠭᠠᠨ ᠲᠡᠭᠦᠨ ᠤ ᠠᠪᠢᠶᠠᠨ ᠤ ᠡᠬᠢᠯᠡᠪᠣᠷᠢ ᠪᠣᠯᠬᠤ ᠮ᠊ ᠪᠠᠷ ᠠᠪᠢᠶᠠᠯᠠᠭᠰᠠᠨ ᠬᠡᠷᠡᠭ ᠪᠣᠯᠬᠤ ᠶᠣᠮ᠃ ᠲᠠᠬᠢᠨ ᠬᠡᠯᠡᠪᠡᠯ Bogdo ︵冒毒᠂ ᠪᠣᠭᠳᠣ︶ ᠭᠡᠬᠦ ᠪᠣᠶᠣ Bogdon ︵冒顿᠂ ᠪᠣᠭᠳᠣᠨ︶ ᠭᠡᠬᠦ ᠬᠤᠶᠠᠷ ᠦᠭᠡ ᠶᠠᠭ ᠰᠠᠶᠢᠬᠠᠨ ᠮᠣᠩᠭᠤᠯ ᠦᠭᠡ ᠶᠢᠨ ᠪᠣᠭᠳᠠ ᠭᠡᠬᠦ ᠪᠣᠶᠣ ᠪᠣᠭᠳᠠᠨ ᠭᠡᠳᠡᠭ ᠦᠭᠡ ᠶᠢᠨ ᠬᠠᠷ᠎ᠠ ᠶᠠᠷᠢᠶᠠᠨ ᠤ ᠠᠪᠢᠶᠠᠯᠠᠯᠭ᠎ᠠ ᠲᠠᠢ ᠶᠠᠪ ᠴᠠᠪ ᠵᠣᠬᠢᠴᠠᠵᠣ ᠪᠠᠶᠢᠨ᠎ᠠ᠃ ᠪᠡᠯᠡᠳᠬᠡᠭᠰᠡᠨ ᠨᠢ᠄ ᠡᠷᠳᠡᠨᠢᠬᠦᠦᠨᠠᠶᠢᠷᠠᠭᠤᠯᠤᠭᠰᠠᠨ ᠨᠢ᠄ ᠨᠠᠮᠤᠷᠬᠢᠨᠠᠭᠰᠠᠨ ᠨᠢ᠄ ᠤᠷᠢᠬᠠᠨ
 
ᠢᠷᠡᠯᠲᠡ᠄ ᠲᠣᠰ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号