| | ᠠᠯᠳᠠᠷᠳᠣ ᠣᠳᠣᠨ ᠣᠷᠣᠨ ᠤ ᠣᠬᠠᠭᠠᠨᠳᠠᠨ ᠲᠢᠺᠤ · ᠪᠷᠠᠾᠧ ︵第谷·布拉赫Tycho | Brahe︶᠂ 1546 ᠣᠨ ᠤ 12 ᠰᠠᠷ᠎ᠠ ᠶᠢᠨ 14-1601 ᠣᠨ ᠤ 10 ᠰᠠᠷ᠎ᠠ ᠶᠢᠨ 24 ᠪᠣᠯᠳᠠᠯ᠎ᠠ | ᠠᠮᠢᠳᠣᠷᠠᠵᠣ ᠪᠠᠶᠢᠵᠠᠢ᠃ ᠳ᠋ᠠᠨᠮᠠᠷᠺ ᠶᠢᠨ ᠢᠵᠠᠭᠤᠷᠳᠠᠨ ᠪᠦᠭᠡᠳ ᠣᠳᠣᠨ ᠣᠷᠣᠨ ᠤ ᠣᠬᠠᠭᠠᠨᠳᠠᠨ᠂ ᠪᠠᠰᠠ ᠣᠳᠣᠨ | ᠵᠢᠷᠣᠬᠠᠶᠢᠴᠢᠨ ᠪᠠᠶᠢᠪᠠ᠃ ᠲᠡᠷᠡ ᠵᠠᠯᠠᠭᠤ ᠳᠠᠭᠠᠨ ᠬᠠᠣᠯᠢ ᠶᠢᠨ ᠣᠬᠠᠭᠠᠨ ᠢᠶᠠᠷ ᠡᠷᠳᠡᠮ ᠤᠨ ᠵᠡᠷᠭᠡ ᠬᠠᠮᠠᠭᠠᠯᠠᠵᠣ | ᠪᠠᠶᠢᠭᠰᠠᠨ ᠪᠣᠯᠪᠠᠴᠣ᠂ ᠦᠪᠡᠷ ᠤᠨ ᠨᠢᠭᠡ ᠨᠠᠰᠣ ᠪᠠᠨ ᠣᠳᠣᠨ ᠣᠷᠣᠨ ᠢ ᠰᠣᠳᠣᠯᠬᠤ ᠳᠤ ᠵᠣᠷᠢᠭᠤᠯᠪᠠ᠃ ᠲᠡᠷᠡ | ᠠᠷᠪᠠᠨ ᠵᠢᠷᠭᠤᠳᠣᠭᠠᠷ ᠵᠠᠭᠤᠨ ᠤ ᠰᠡᠬᠦᠯᠴᠢ ᠪᠠᠷ ᠢᠯᠡᠷᠡᠬᠦᠯᠦᠭᠰᠡᠨ ᠪᠣᠢ ᠪᠦᠬᠦᠢ ᠣᠳᠣᠨ ᠣᠷᠣᠨ ᠳᠤ ᠨᠠᠷᠢᠯᠢᠭ | ᠮᠦᠷᠳᠡᠭᠡᠨ ᠣᠨᠣᠪᠴᠢᠳᠠᠢ ᠠᠵᠢᠭᠯᠠᠯᠳᠠ ᠬᠢᠵᠠᠢ᠃ ᠡᠶᠢᠮᠦ ᠠᠴᠠ ᠬᠤᠵᠢᠮ ᠲᠡᠭᠦᠨ ᠤ ᠬᠠᠪᠰᠣᠷᠣᠭᠴᠢ ᠪᠣᠯᠬᠤ | ᠶᠣᠬᠠᠨᠢᠰ · ᠺᠧᠫᠯᠧᠷ ︵Johanns Ke-pler᠂ 约翰尼斯·开普勒︶ ᠤᠨ ᠬᠤᠵᠢᠮ | ᠤᠨ ᠰᠣᠳᠣᠯᠣᠯᠭᠠᠨ ᠳᠤ ᠦᠨᠳᠦᠰᠦᠨ ᠳᠤᠭ᠎ᠠ ᠪᠠᠷᠢᠮᠳᠠ ᠶᠢ ᠬᠠᠩᠭᠠᠵᠣ ᠦᠭᠭᠦᠭᠰᠡᠨ ᠢᠶᠠᠷ ᠪᠠᠷᠠᠬᠤ ᠦᠭᠡᠢ᠂ ᠲᠡᠭᠦᠨ | ᠳᠤ ᠪᠠᠰᠠ ᠮᠠᠰᠢ ᠰᠠᠶᠢᠨ ᠰᠣᠳᠣᠯᠬᠤ ᠨᠦᠬᠦᠴᠡᠯ ᠪᠣᠯᠣᠮᠵᠢ ᠶᠢ ᠪᠦᠷᠢᠯᠳᠦᠬᠦᠯᠵᠦ ᠦᠭᠭᠦᠭᠰᠡᠨ ᠪᠠᠶᠢᠨ᠎ᠠ᠃ | 1577 ᠣᠨ ᠳᠤ ᠨᠢᠭᠡᠨ ᠮᠠᠰᠢ ᠲᠣᠮᠣ ᠱᠦᠬᠦᠷ ᠣᠳᠣᠨ ᠭᠠᠷᠴᠠᠢ᠃ ᠲᠢᠺᠤ ᠬᠠᠮᠤᠭ ᠲᠦᠷᠦᠭᠦᠨ ᠳᠤ ᠡᠨᠡᠬᠦ | ᠱᠦᠬᠦᠷ ᠣᠳᠣ ᠶᠢ ᠰᠣᠳᠣᠯᠣᠭᠰᠠᠨ ᠬᠦᠮᠦᠨ ᠪᠢᠯᠡ᠃ ᠲᠢᠺᠤ ᠰᠣᠳᠣᠯᠣᠯᠭ᠎ᠠ ᠪᠠᠨ ᠦᠨᠳᠦᠰᠦᠯᠡᠨ᠂ ᠡᠨᠡᠬᠦ ᠱᠦᠬᠦᠷ | ᠣᠳᠣᠨ ᠤ ᠡᠷᠬᠢᠯᠳᠡ ᠶᠢᠨ ᠵᠠᠮ ᠠᠴᠠ ᠦᠵᠡᠪᠡᠯ ᠯᠠᠪ ᠨᠢᠭᠡᠨ ᠪᠡᠶ᠎ᠡ ᠪᠠᠨ ᠲᠠᠭᠠᠭᠠᠭᠰᠠᠨ ᠣᠳᠣᠨ ᠪᠦᠮᠪᠦᠷᠴᠡᠭ | ᠪᠣᠯᠣᠨ᠎ᠠ ᠭᠡᠵᠦ ᠦᠵᠡᠭᠰᠡᠨ ᠪᠦᠭᠡᠳ ᠢᠩᠬᠢᠵᠦ ᠨᠡᠶᠢᠳᠡᠯᠡᠵᠡᠢ᠃ ᠲᠡᠷᠡ ᠦᠪᠡᠷ ᠤᠨ ᠣᠯᠵᠣ ᠬᠡᠮᠵᠢᠭᠰᠡᠨ ᠲᠤᠭ᠎ᠠ | ᠪᠠᠷᠢᠮᠳᠠ ᠪᠠᠷ ᠢᠶᠠᠨ ᠱᠦᠬᠦᠷ ᠣᠳᠣᠨ ᠤ ᠣᠷᠴᠢᠯ ᠤᠨ ᠵᠠᠮ ᠨᠢ ᠯᠠᠪ ᠪᠦᠷᠢᠮᠦᠰᠦᠨ ᠲᠣᠭᠤᠷᠢᠭ ᠵᠠᠮ ᠪᠢᠰᠢ ᠬᠠᠷᠢᠨ | ᠣᠷᠳᠣᠯᠵᠢᠯᠠᠨ ᠴᠢᠩᠭᠠᠭᠠᠭᠳᠠᠭᠰᠠᠨ ᠵᠣᠣᠪᠠᠩ ᠵᠠᠮ ᠪᠣᠯᠬᠤ ᠨᠢ ᠯᠠᠪᠳᠠᠢ ᠭᠡᠵᠦ ᠨᠣᠳᠠᠯᠠᠵᠠᠢ᠃ ᠲᠡᠭᠡᠭᠡᠳ ᠡᠨᠡᠬᠦ | ᠱᠦᠬᠦᠷ ᠣᠳᠣ ᠪᠣᠯᠣᠨ ᠲᠡᠯᠡᠬᠡᠢ ᠶᠢᠨ ᠪᠦᠮᠪᠦᠷᠴᠡᠭ ᠤᠨ ᠵᠠᠢ ᠨᠢ ᠲᠡᠯᠡᠬᠡᠢ ᠶᠢᠨ ᠪᠦᠮᠪᠦᠷᠴᠡᠭ ᠪᠣᠯᠣᠨ ᠰᠠᠷᠠᠨ | ᠪᠦᠮᠪᠦᠷᠴᠡᠭ ᠤᠨ ᠵᠠᠢ ᠠᠴᠠ ᠨᠡᠩ ᠬᠤᠯᠠ ᠪᠠᠶᠢᠪᠠᠯ ᠲᠠᠭᠠᠷᠠᠨ᠎ᠠ ᠭᠡᠵᠦ ᠮᠠᠭᠠᠳᠯᠠᠯ ᠬᠢᠵᠡᠢ᠃ ᠡᠨᠡ ᠨᠢ ᠠᠷᠢᠰᠲ᠋ᠣᠲ᠋ᠧᠯ | ᠤᠨ ᠣᠷᠴᠢᠯᠠᠩ ᠪᠣᠯ ᠰᠡᠪ ᠦᠭᠡᠢ ᠰᠠᠶᠢᠬᠠᠨ ᠪᠦᠮᠪᠦᠭᠡᠷᠬᠡᠨ ᠭᠡᠳᠡᠭ ᠣᠨᠣᠯ ᠳᠤ ᠲᠣᠩ ᠬᠦᠨᠳᠦ ᠨᠣᠴᠢᠳᠠᠢ ᠴᠣᠬᠢᠯᠳᠠ | ᠪᠣᠯᠪᠠ᠃ ᠠᠷᠢᠰᠲ᠋ᠣᠲᠧᠯ ᠤᠨ ᠦᠵᠡᠬᠦ ᠪᠠᠷ ᠱᠦᠬᠦᠷ ᠣᠳᠣᠨ ᠪᠣᠯ ᠪᠣᠰᠣᠳ ᠣᠳᠣᠨ ᠪᠦᠮᠪᠦᠷᠴᠡᠭ ᠤᠨ ᠦᠨᠢᠳᠡ | ᠶᠢᠨ ᠴᠢᠨᠡᠷ᠂ ᠵᠢᠮ᠎ᠡ ᠬᠠᠣᠯᠢᠲᠣ ᠴᠢᠨᠠᠷ ᠲᠠᠢ ᠠᠳᠠᠯᠢ ᠦᠭᠡᠢ ᠠᠴᠠ ᠦᠵᠡᠪᠡᠯ᠂ ᠱᠦᠬᠦᠷ ᠣᠳᠣ ᠨᠢ ᠵᠦᠪᠬᠡᠨ ᠨᠢᠭᠡᠨ | ᠠᠭᠠᠷ ᠮᠠᠨᠳᠠᠯ ᠳᠣᠳᠣᠷᠠᠬᠢ ᠦᠵᠡᠭᠳᠡᠯ ᠪᠣᠯᠬᠤ ᠠᠴᠠ ᠪᠢᠰᠢ ᠣᠳᠣᠨ ᠪᠦᠮᠪᠦᠷᠴᠡᠭ ᠲᠤ ᠬᠠᠷᠢᠶᠠᠯᠠᠭᠳᠠᠬᠤ ᠦᠭᠡᠢ | ᠬᠡᠵᠡᠢ᠃ ᠭᠡᠶ᠎ᠡ ᠲᠢᠺᠤ 1583 ᠣᠨ ᠳᠤ ︽ᠱᠦᠬᠦᠷ ᠣᠳᠣᠨ ᠢ ᠦᠬᠦᠯᠡᠬᠦᠢ ᠨᠢ︾ ᠭᠡᠳᠡᠭ ᠨᠣᠮ ᠢᠶᠠᠨ ᠬᠡᠪᠯᠡᠨ | ᠲᠠᠷᠬᠠᠭᠠᠵᠣ᠂ ᠦᠪᠡᠷ ᠤᠨ ᠲᠡᠯᠡᠬᠡᠢ ᠶᠢᠨ ᠪᠦᠮᠪᠦᠷᠴᠡᠭ ᠢᠶᠠᠷ ᠲᠦᠪᠯᠡᠬᠦ ᠦᠵᠡᠯ ᠪᠠ ᠨᠠᠷᠠ ᠪᠠᠷ ᠲᠦᠪᠯᠡᠬᠦ ᠦᠵᠡᠯ ᠤᠨ | ᠲᠣᠮᠳᠠᠬᠢ ᠦᠵᠡᠯ ᠢ ᠪᠠᠷᠢᠮᠳᠠᠯᠠᠵᠢ᠃ ᠲᠡᠭᠦᠨ ᠤ ᠦᠵᠡᠬᠦ ᠪᠠᠷ ᠲᠡᠯᠡᠬᠡᠢ ᠶᠢᠨ ᠪᠦᠮᠪᠦᠷᠴᠡᠭ ᠬᠠᠰᠢᠯᠠ ᠬᠦᠳᠡᠯᠵᠦ | ᠦᠭᠡᠢ ᠶᠣᠮ ᠭᠡᠨ᠎ᠡ᠃ ᠨᠠᠷᠠ ᠪᠣᠯ ᠲᠡᠯᠡᠬᠡᠢ ᠶᠢᠨ ᠪᠦᠮᠪᠦᠷᠴᠡᠭ ᠢ ᠲᠣᠭᠤᠷᠢᠨ ᠡᠷᠬᠢᠵᠦ᠂ ᠪᠣᠰᠣᠳ ᠣᠳᠣᠨ | ᠪᠦᠮᠪᠦᠷᠴᠡᠭ ᠨᠢ ᠨᠠᠷᠠ ᠶᠢ ᠲᠠᠭᠠᠨ ᠡᠷᠬᠢᠵᠦ ᠪᠠᠶᠢᠨ᠎ᠠ ᠭᠡᠳᠡᠭ ᠲᠤ ᠢᠳᠡᠭᠡᠵᠡᠢ᠃ ᠡᠭᠦᠨ ᠳᠤ ᠲᠡᠭᠦᠨ ᠤ | ᠬᠠᠪᠰᠣᠷᠣᠭᠴᠢ ᠪᠣᠯᠬᠤ ᠺᠧᠫᠯᠧᠷ᠂ ᠲᠡᠭᠦᠨ ᠢ ᠣᠯᠠᠨᠳᠠ ᠢᠳᠬᠠᠵᠣ᠂ ᠨᠠᠷᠠ ᠪᠠᠷ ᠲᠦᠪᠯᠡᠬᠦ ᠦᠵᠡᠯ ᠢ | ᠪᠠᠷᠢᠮᠳᠠᠯᠠᠭᠤᠯᠬᠤ ᠭᠡᠳ ᠴᠢᠳᠠᠭᠰᠠᠨ ᠦᠭᠡᠢ ᠪᠢᠯᠡ᠃ | 1572 ᠣᠨ ᠤ 11 ᠰᠠᠷ᠎ᠠ ᠶᠢᠨ 11 ᠡᠳᠦᠷ᠂ ᠲᠢᠺᠤ ᠨᠢᠭᠡᠨ ᠭᠡᠨᠡᠳᠳᠡ ᠢᠯᠡᠷᠡᠭᠰᠡᠨ ᠮᠠᠰᠢ ᠭᠡᠷᠡᠯ ᠲᠠᠢ ᠲᠠᠢ | ᠰᠢᠨ᠎ᠡ ᠣᠳᠣᠨ ᠢ ᠣᠯᠵᠣ ᠢᠯᠡᠷᠡᠬᠦᠯᠵᠡᠢ᠃ ᠠᠯᠢ ᠡᠷᠳᠡᠨ ᠠᠴᠠ ᠠᠪᠣᠭᠠᠳ ᠬᠦᠮᠦᠰ ᠤᠨ ᠦᠵᠡᠬᠦ ᠪᠠᠷ ᠰᠠᠷᠠᠨ | ᠪᠦᠮᠪᠦᠷᠴᠡᠭ ᠤᠨ ᠡᠷᠬᠢᠯᠳᠡ ᠶᠢᠨ ᠵᠠᠮ ᠠᠴᠠ ᠭᠠᠳᠠᠨ᠎ᠠ ᠪᠠᠶᠢᠭ᠎ᠠ ᠪᠣᠢ ᠪᠦᠬᠦᠢ ᠣᠳᠣᠨ ᠪᠦᠮᠪᠦᠷᠴᠡᠭ ᠪᠣᠯ ᠦᠨᠢᠳᠡ | ᠬᠤᠪᠢᠷᠠᠰᠢ ᠦᠭᠡᠢ᠂ ᠡᠨᠡ ᠨᠢ ᠮᠦᠨᠴᠣ ᠠᠷᠢᠰᠲ᠋ᠣᠲᠧᠯ ᠤᠨ ᠪᠦᠯᠦᠭᠳᠡᠨ ᠤ ᠶᠢᠷᠲᠢᠨᠴᠦ ᠶᠢᠨ ᠦᠵᠡᠯ ᠤᠨ | ᠦᠨᠳᠦᠰᠦᠨ ᠶᠣᠰᠣ ᠶᠢᠨ ᠨᠢᠭᠡ ᠨᠢ ᠪᠠᠶᠢᠪᠠ᠃ ᠡᠶᠢᠮᠦ ᠠᠴᠠ ᠡᠨᠡᠬᠦ ᠰᠢᠨ᠎ᠡ ᠣᠳᠣᠨ ᠤ ᠲᠣᠬᠠᠢ ᠪᠣᠰᠣᠳ | ᠠᠵᠢᠭᠯᠠᠭᠴᠢᠳ ᠪᠦᠷ ᠠᠭᠠᠷ ᠮᠠᠨᠳᠠᠯ ᠲᠣᠲᠣᠷᠠᠬᠢ ᠶᠠᠮᠠᠷ ᠨᠢᠭᠡᠨ ᠦᠵᠡᠭᠳᠡᠯ ᠭᠡᠵᠦ ᠲᠠᠶᠢᠯᠪᠣᠷᠢᠯᠠᠵᠣ ᠪᠠᠶᠢᠪᠠ᠃ | ᠭᠡᠳᠡᠯ᠎ᠡ ᠲᠢᠺᠤ ᠲᠡᠭᠦᠨ ᠤ ᠠᠵᠢᠭᠯᠠᠯᠳᠠ ᠠᠴᠠ ᠮᠡᠳᠡᠭᠰᠡᠨ ᠨᠢ ᠡᠨᠡ ᠰᠢᠨ᠎ᠡ ᠣᠳᠣᠨ ᠤ ᠪᠠᠶᠢᠷᠢ᠂ ᠶᠡᠭᠡ ᠪᠠᠭ᠎ᠠ ᠵᠡᠷᠭᠡ | ᠰᠦᠨᠢ ᠰᠦᠨᠢ ᠠᠵᠢᠭᠯᠠᠬᠤ ᠳᠤ ᠦᠴᠦᠬᠡᠨ ᠴᠣ᠋ ᠬᠤᠪᠢᠷᠠᠯᠳᠠ ᠦᠭᠡᠢ ᠪᠠᠶᠢᠳᠠᠯ ᠳᠤ ᠰᠠᠭᠤᠷᠢᠯᠠᠵᠣ᠂ ᠡᠨᠡᠬᠦ ᠰᠢᠨ᠎ᠡ | ᠣᠳᠣᠨ ᠤ ᠪᠠᠶᠢᠷᠢ ᠲᠡᠯᠡᠬᠡᠢ ᠪᠦᠮᠪᠦᠷᠴᠡᠭ ᠠᠴᠠ ᠮᠠᠰᠢ ᠬᠤᠯᠠ ᠪᠠᠶᠢᠷᠢᠯᠠᠵᠣ ᠪᠠᠶᠢᠨ᠎ᠠ ᠭᠡᠵᠦ ᠵᠢᠭᠠᠵᠣ ᠭᠠᠷᠭᠠᠵᠠᠢ᠃ | ᠣᠴᠢᠷ ᠨᠢ ᠰᠠᠷᠠᠨ ᠪᠦᠮᠪᠦᠷᠴᠡᠭ ᠤᠨ ᠲᠣᠭᠤᠷᠢᠯᠳᠠ ᠶᠢᠨ ᠵᠠᠮᠳᠣᠳᠣᠷᠠ ᠪᠠᠶᠢᠭ᠎ᠠ ᠣᠶᠢᠷ᠎ᠠ ᠵᠠᠢ ᠶᠢᠨ ᠪᠣᠳᠠᠰ ᠪᠣᠯ ᠵᠠᠪᠠᠯ | ᠪᠠᠶᠢᠷᠢ ᠶᠢᠨ ᠬᠤᠪᠢᠷᠠᠯᠳᠠ ᠡᠬᠦᠰᠬᠦ ᠶᠣᠰᠣᠳᠠᠢ ᠭᠡᠵᠦ ᠲᠠᠶᠢᠯᠪᠣᠷᠢᠯᠠᠵᠠᠢ᠃ ᠲᠡᠭᠡᠭᠡᠳ ᠲᠡᠷᠡ ︽ᠰᠢᠨ᠎ᠡ ᠣᠳᠣᠨ | ᠪᠦᠮᠪᠦᠷᠴᠡᠭ︾ ᠬᠡᠬᠦ ᠨᠣᠮ ᠢᠶᠠᠨ 1573 ᠣᠨ ᠳᠤ ᠬᠡᠪᠯᠡᠨ ᠨᠡᠶᠢᠳᠡᠯᠡᠵᠡᠢ᠃ ᠲᠡᠭᠡᠭᠡᠳ ︽nova︾ ᠭᠡᠳᠡᠭ | ᠦᠭᠡ ᠪᠠᠷ ᠰᠢᠨ᠎ᠡ ᠣᠳᠣᠨ ᠤ ᠨᠡᠷ᠎ᠡ ᠪᠣᠯᠭᠠᠬᠤ ᠪᠠᠷ ᠰᠢᠢᠳᠴᠡᠢ᠃ ᠬᠤᠵᠢᠮ ᠤᠨ ᠠᠵᠢᠭᠯᠠᠯᠳᠠ ᠲᠡᠭᠦᠨ ᠤ ᠵᠦᠪ | ᠪᠣᠯᠬᠤ ᠶᠢ ᠬᠡᠷᠡᠴᠢᠯᠡᠭᠰᠡᠨ ᠠᠵᠠᠢ᠃ ᠣᠳᠣ ᠴᠣ᠋ ᠭᠡᠳ ᠵᠠᠷᠢᠮ ᠬᠦᠮᠦᠨ ᠭᠡᠳᠦ ᠰᠢᠨ᠎ᠡ ᠣᠳᠣᠨ ᠢ ᠲᠢᠺᠤ ᠣᠳᠣᠨ | ᠭᠡᠵᠦ ᠨᠡᠷᠡᠯᠡᠳᠡᠭ ᠶᠣᠮ᠃ | | | ᠪᠡᠯᠡᠳᠬᠡᠭᠰᠡᠨ ᠨᠢ᠄ ᠡᠷᠳᠡᠨᠢᠬᠦᠦ | ᠨᠠᠶᠢᠷᠠᠭᠤᠯᠤᠭᠰᠠᠨ ᠨᠢ᠄ ᠨᠠᠮᠤᠷ | ᠬᠢᠨᠠᠭᠰᠠᠨ ᠨᠢ᠄ ᠤᠷᠢᠬᠠᠨ |