| | ᠪᠠᠷᠠᠭᠤᠨ ᠶᠢᠨ ᠣᠯᠣᠰ ᠤᠨ ᠦᠶ᠎ᠡ ᠶᠢᠨ ᠣᠮᠠᠷᠠᠳᠣ ᠶᠢᠨ ᠨᠡᠭᠦᠳᠡᠯᠴᠢᠨ ᠦᠨᠳᠦᠰᠦᠳᠡᠨ ᠤ ᠨᠣᠳᠤᠭ᠄ ᠬᠠᠨ ᠣᠯᠣᠰ ᠢ | ᠪᠠᠶᠢᠭᠤᠯᠣᠭᠰᠠᠨ ᠯᠢᠥ ᠶᠣᠸᠠᠨ ︵ᠰᠠᠭᠤᠷᠢᠨ ᠳᠤ ᠪᠠᠶᠢᠭᠰᠠᠨ ᠴᠠᠭ ᠦᠶ᠎ᠡ ᠨᠢ᠄ 304 ᠣᠨ — 310 ᠣᠨ︶ | ᠦᠪᠡᠷ ᠢ ᠪᠠᠨ ᠲᠣᠮᠳᠠᠳᠣ ᠮᠠᠶ᠋ᠢᠭ ᠤᠨ ᠬᠠᠭᠠᠨ ᠴᠣᠯᠠ ᠶᠢ ᠬᠡᠷᠡᠭᠯᠡᠨ᠂ ᠴᠠᠨ ᠢᠥᠢ ᠬᠡᠳᠡᠭ ᠴᠣᠯᠠ ᠨᠢ ᠬᠠᠷᠢᠨ ᠬᠠᠷᠢ | ᠦᠨᠳᠦᠰᠦᠳᠡᠨ ᠳᠤ ᠴᠢᠭᠯᠡᠭᠳᠡᠭᠰᠡᠨ ᠲᠠᠭᠤᠳᠠᠯᠭ᠎ᠠ ᠪᠣᠯᠵᠠᠢ᠃ ᠯᠢᠥ ᠶᠣᠸᠠᠨ ᠤ ᠲᠠᠷᠠᠭ᠎ᠠ ᠪᠠᠷ ᠯᠢᠥ ᠽᠥᠩ ︵ | ᠰᠠᠭᠤᠷᠢᠨ ᠳᠤ ᠪᠠᠶᠢᠭᠰᠠᠨ ᠴᠠᠭ ᠦᠶ᠎ᠡ ᠨᠢ᠄ 310 ᠣᠨ ᠠᠴᠠ 318 ᠣᠨ︶ ᠤᠨ ᠦᠶ᠎ᠡ ᠳᠤ ᠬᠦᠷᠦᠭᠡᠳ | ᠪᠠᠷᠠᠭᠤᠨ ᠶᠢᠨ ᠣᠯᠣᠰ ᠢ ᠲᠣᠣᠱᠳᠠᠢ ᠮᠦᠬᠦᠭᠡᠨ ᠴᠢᠳᠠᠪᠠ᠃ ᠯᠢᠥ ᠶᠣᠤ ︵ᠰᠠᠭᠤᠷᠢᠨ ᠳᠤ ᠪᠠᠶᠢᠭᠰᠠᠨ ᠴᠠᠭ ᠦᠶ᠎ᠡ | ᠨᠢ᠄ 318 ᠣᠨ — 329 ᠣᠨ︶ ᠶᠢᠨ ᠦᠶ᠎ᠡ ᠬᠦᠷᠦᠭᠡᠳ ᠣᠯᠣᠰ ᠤᠨ ᠴᠣᠯᠠ ᠪᠠᠨ ᠵᠣᠤ ︵ᠡᠮᠦᠨᠡᠳᠦ ᠵᠣᠤ | ᠭᠡᠮᠡᠮᠣᠢ︶ ᠬᠡᠮᠡᠨ ᠬᠠᠯᠠᠵᠠᠢ᠃ ᠡᠳᠦᠭᠡ ᠬᠦᠷᠳᠡᠯ᠎ᠡ ᠳᠣᠮᠳᠠᠳᠣ ᠣᠷᠣᠨ ᠢ ᠨᠣᠶᠠᠷᠬᠠᠵᠣ ᠪᠠᠶᠢᠭᠰᠠᠨ ᠡᠮᠦᠨᠡᠳᠦ ᠵᠣᠣ | ᠣᠯᠣᠰ ᠤᠨ ᠲᠦᠷᠦ ᠴᠣ᠋ ᠲᠣᠭᠳᠠᠪᠣᠷᠢᠳᠡᠢ ᠪᠢᠰᠢ ᠪᠠᠶᠢᠯ᠎ᠠ᠃ ᠣᠯᠠᠨ ᠲᠠᠬᠢᠨ ᠡᠵᠡᠨ ᠬᠠᠭᠠᠨ ᠢᠶᠠᠨ ᠰᠣᠯᠢᠵᠣ ᠯᠠ | ᠪᠠᠶᠢᠵᠠᠢ᠃ ᠢᠩᠬᠢᠵᠦ ᠪᠠᠶᠢᠬᠤ ᠬᠤᠭᠤᠷᠣᠨᠳᠣ ᠲᠡᠭᠦᠨ ᠤ ᠲᠣᠣᠷᠠᠬᠢ ᠲᠦᠰᠢᠮᠡᠯ ᠱᠢ ᠯᠧ ᠬᠡᠮᠡᠭᠴᠢ ᠬᠦᠮᠦᠨ ᠰᠢᠶᠠᠩ | ᠭᠦᠸᠧ ᠭᠠᠵᠠᠷ ᠲᠤ ᠣᠮᠠᠷᠠᠳᠣ ᠵᠣᠤ ᠣᠯᠣᠰ ᠢ ᠪᠠᠶᠢᠭᠤᠯᠣᠨ᠂ 329 ᠣᠨ ᠳᠤ ᠡᠮᠦᠨᠡᠳᠦ ᠵᠣᠤ ᠣᠯᠣᠰ ᠢ | ᠮᠦᠬᠦᠭᠡᠪᠡ᠃ ᠲᠡᠭᠡᠭᠡᠳ ᠣᠳᠠᠯ ᠦᠭᠡᠢ ᠦᠨᠦᠬᠢ ᠣᠮᠠᠷᠠᠳᠣ ᠵᠣᠤ ᠣᠯᠣᠰ ᠴᠣ᠋ ᠳᠣᠳᠣᠭᠠᠳᠣ ᠭᠠᠳᠠᠭᠠᠳᠣ ᠶᠢᠨ | ᠰᠠᠮᠠᠭᠤᠷᠠᠯ ᠲᠣᠮᠳᠠ ᠣᠳᠠᠯ ᠦᠭᠡᠢ ᠬᠢᠳᠠᠳ ᠬᠦᠮᠦᠨ ᠷᠠᠨ ᠮᠢᠨ ᠤ ᠪᠠᠶᠢᠭᠤᠯᠣᠭᠰᠠᠨ ᠸᠧᠢ ᠣᠯᠣᠰ ᠢᠶᠠᠷ | ᠣᠷᠣᠯᠠᠭᠳᠠᠨ ᠲᠠᠭᠤᠰᠴᠠᠢ᠃ ᠨᠦᠬᠦᠭᠡ ᠲᠠᠯ᠎ᠠ ᠪᠠᠷ ᠳ᠋ᠦ᠋ ᠭᠦ᠋ ︵独孤︶ ᠠᠶᠢᠮᠠᠭ ᠪᠠ ᠲᠢᠶᠧ ᠹᠦ᠋ ︵鉄弗 | ︶ ᠠᠶᠢᠮᠠᠭ ᠬᠡᠮᠡᠬᠦ ᠾᠦᠩᠨᠦ ᠶᠢᠨ ᠰᠢᠰᠲ᠋ᠧᠮ ᠲᠠᠬᠢ ᠠᠶᠢᠮᠠᠭ ᠪᠦᠯᠦᠭ ᠨᠢ ᠰᠢᠶᠠᠨᠪᠸᠢ ᠶᠢᠨ ᠲᠤ ᠪᠠ ᠠᠶᠢᠮᠠᠭ ᠤᠨ | ᠪᠠᠶᠢᠭᠤᠯᠣᠭᠰᠠᠨ ᠳ᠋ᠠᠢ ᠣᠯᠣᠰ ᠤᠨ ᠨᠣᠶᠠᠷᠬᠠᠯ ᠳᠤ ᠪᠠᠶᠢᠵᠣ᠂ ᠳ᠋ᠦ᠋ ᠭᠦ᠋ ᠠᠶᠢᠮᠠᠭ ᠨᠢ ᠳ᠋ᠠᠢ ᠣᠯᠣᠰ ᠤᠨ ᠲᠦᠰᠢᠮᠡᠯ | ᠪᠣᠯᠵᠣ ᠪᠠᠶᠢᠬᠤ ᠳᠤ ᠲᠢᠶᠧ ᠹᠦ᠋ ᠠᠶᠢᠮᠠᠭ ᠨᠢ ᠬᠠᠷᠢᠨ ᠲᠠᠬᠢᠨ ᠲᠠᠪᠳᠠᠨ ᠣᠷᠪᠠᠵᠣ ᠪᠠᠶᠢᠪᠠ᠃ ᠡᠨᠡ ᠬᠤᠶᠠᠷ ᠠᠶᠢᠮᠠᠭ | 376 ᠣᠨ ᠢᠶᠠᠷ ᠹᠦ᠋ ᠵᠢᠶᠠᠨ ︵苻堅︶ ᠤ ᠪᠠᠶᠢᠭᠤᠯᠣᠭᠰᠠᠨ ᠡᠮᠦᠨᠡᠳᠦ ᠴᠢᠨ ᠣᠯᠣᠰ ᠢ ᠮᠦᠬᠦᠭᠡᠨ᠂ ᠣᠯᠣᠰ | ᠢ ᠨᠢ ᠬᠤᠶᠠᠷ ᠬᠤᠪᠢᠶᠠᠨ ᠵᠡᠭᠦᠨ ᠬᠠᠭᠠᠰ ᠬᠡᠰᠡᠭ ᠢ ᠨᠢ ᠳ᠋ᠦ᠋ ᠭᠦ᠋ ᠠᠶᠢᠮᠠᠭ ᠤᠨ ᠯᠢᠥ ᠺᠦ᠋ ᠷᠧᠨ ᠡᠵᠡᠯᠡᠵᠦ᠂ ᠪᠠᠷᠠᠭᠤᠨ | ᠬᠠᠭᠠᠰ ᠬᠡᠰᠡᠭ ᠢ ᠨᠢ ᠲᠢᠶᠧ ᠹᠦ᠋ ᠠᠶᠢᠮᠠᠭ ᠤᠨ ᠯᠢᠥ ᠸᠧᠢ ᠴᠧᠨ ᠡᠵᠡᠯᠡᠪᠡ᠃ ᠣᠳᠠᠯ ᠦᠭᠡᠢ ᠲᠤ ᠪᠠ ᠭᠦᠢ | ᠣᠮᠠᠷᠠᠳᠣ ᠸᠧᠢ ᠣᠯᠣᠰ ᠢ ᠪᠠᠶᠢᠭᠤᠯᠣᠨ᠂ ᠳ᠋ᠦ᠋ ᠭᠦ᠋ ᠠᠶᠢᠮᠠᠭ ᠣᠮᠠᠷᠠᠳᠣ ᠸᠧᠢ ᠣᠯᠣᠰ ᠲᠤ ᠲᠠᠭᠠᠪᠠ᠂ ᠲᠢᠶᠧ ᠹᠦ᠋ | ᠠᠶᠢᠮᠠᠭ ᠣᠮᠠᠷᠠᠳᠣ ᠸᠧᠢ ᠣᠯᠣᠰ ᠲᠠᠢ ᠡᠰᠡᠷᠭᠦᠴᠡᠯᠳᠦᠭᠰᠡᠭᠡᠷ ᠪᠠᠶᠢᠵᠣ᠂ ᠾᠧ ᠯᠢᠶᠠᠨ ᠪᠦᠸᠧ ᠪᠦᠸᠧ ᠶᠢᠨ ᠦᠶ᠎ᠡ | ᠳᠤ ᠬᠦᠷᠦᠭᠡᠳ ᠰᠢᠶᠠ ᠣᠯᠣᠰ ᠢ ᠪᠠᠶᠢᠭᠤᠯᠣᠨ᠂ ᠣᠮᠠᠷᠠᠳᠣ ᠸᠧᠢ ᠣᠯᠣᠰ ᠲᠠᠢ ᠦᠷᠬᠦᠯᠵᠢᠯᠡᠨ ᠡᠰᠡᠷᠭᠦᠴᠡᠯᠳᠦᠵᠦ | ᠪᠠᠶᠢᠭᠰᠠᠨ ᠪᠣᠯᠪᠠᠴᠣ᠂ ᠲᠣᠶᠣᠬᠤᠨ ᠠᠶᠢᠮᠠᠭ ᠤᠨ ᠲᠠᠬᠢᠨ ᠲᠠᠪᠳᠠᠨ ᠲᠦᠷᠢᠮᠡᠬᠡᠶᠢᠯᠡᠯ ᠲᠣᠣᠷ᠎ᠠ 431 ᠣᠨ ᠳᠤ | ᠮᠦᠬᠦᠵᠡᠢ᠃ | | ᠪᠡᠯᠡᠳᠬᠡᠭᠰᠡᠨ ᠨᠢ᠄ ᠡᠷᠳᠡᠨᠢᠬᠦᠦ | ᠨᠠᠶᠢᠷᠠᠭᠤᠯᠤᠭᠰᠠᠨ ᠨᠢ᠄ ᠨᠠᠮᠤᠷ | ᠬᠢᠨᠠᠭᠰᠠᠨ ᠨᠢ᠄ ᠤᠷᠢᠬᠠᠨ |