ᠮᠣᠩᠭᠤᠯᠴᠣᠳ ᠤᠨ ᠳᠠᠶᠢᠰᠣᠨ ᠢᠶᠠᠨ ᠠᠯᠮᠠᠶᠢᠷᠠᠭᠤᠯᠣᠭᠰᠠᠨ ᠵᠡᠪᠰᠡᠭ - ᠪᠣᠭᠤᠶᠢᠯᠢ
ᠨᠡᠶᠢᠲᠡᠯᠡᠭᠰᠡᠨ ᠴᠠᠭ᠄
2020/10/19
           ᠮᠣᠩᠭᠤᠯ ᠤᠨ ᠮᠣᠷᠢᠳᠤ ᠴᠡᠷᠢᠭ ᠪᠦᠬᠦᠨ ᠪᠣᠭᠤᠶᠢᠯᠢ ᠠᠪᠴᠣ ᠶᠠᠪᠣᠳᠠᠭ᠃ ᠲᠡᠭᠦᠨ ᠢ ᠪᠠᠨ ᠴᠢᠳᠠᠪᠣᠷᠢᠯᠢᠭ ᠬᠡᠷᠡᠭᠯᠡᠵᠦ ᠪᠠᠶᠢᠭᠰᠠᠨ ᠢ ᠡᠸᠦᠷᠦ᠋ᠫᠡ ᠶᠢᠨ ᠴᠦᠬᠡᠨ ᠪᠣᠰᠣ ᠵᠢᠭᠤᠯᠴᠢᠨ ᠦᠵᠠᠵᠦ᠂ ᠦᠵᠡᠭᠰᠡᠨ ᠢᠶᠠᠨ ᠲᠡᠮᠳᠡᠭᠯᠡᠨ ᠦᠯᠡᠳᠡᠭᠡᠭᠰᠡᠨ ᠪᠣᠢ᠃ ᠲᠡᠭᠡᠪᠡᠯ ᠡᠨᠡ ᠵᠡᠪᠰᠡᠭ ᠢ ᠬᠠᠭᠤᠴᠢᠨ ᠮᠣᠩᠭᠤᠯ ᠪᠢᠴᠢᠭ ᠢᠶᠠᠷ ︽ᠣᠷᠠᠬ᠎ᠠ︾ ᠭᠡᠵᠦ ᠪᠢᠴᠢᠳᠡᠭ᠂ ᠪᠠᠷᠠᠭᠤᠨ ᠮᠣᠩᠭᠤᠯ ᠳᠤ ᠪᠣᠭᠤᠶᠢᠯᠢ᠂ ᠣᠶᠢᠷᠠᠳ ᠮᠣᠩᠭᠤᠯ ᠳᠤ ᠴᠡᠯᠮ᠎ᠡ ᠭᠡᠵᠦ ᠬᠡᠯᠡᠯᠴᠡᠳᠡᠭ ᠠᠴᠠ ᠣᠷᠣᠰ ᠬᠡᠯᠡᠡ ᠳᠤ ᠡᠷᠲᠡᠨ ᠤ ᠬᠡᠯᠪᠡᠷᠢ ᠪᠠᠷ ︽ᠠᠷᠠᠺᠠᠨ︾ ᠭᠡᠵᠦ ᠬᠡᠪᠰᠢᠵᠠᠢ᠃      ᠪᠣᠭᠤᠶᠢᠯᠢ ᠪᠣᠯ ᠮᠠᠯᠴᠢᠳ ᠤᠨ ᠠᠬᠤᠢ ᠶᠢᠨ ᠶᠡᠷᠦᠳᠡ ᠶᠢᠨ ᠬᠡᠷᠡᠭᠰᠡᠯ ᠤᠨ ᠬᠤᠪᠢ ᠳᠤ ᠨᠡᠩ ᠡᠷᠳᠡᠨ ᠤ ᠭᠠᠷᠣᠯ ᠲᠠᠢ᠃ ᠢᠨᠳᠢᠶᠠᠨᠴᠣᠳ ᠪᠧᠷᠢᠩ ᠤᠨ ᠬᠤᠭᠤᠯᠠᠢ ᠪᠠᠷ ᠳᠠᠮᠵᠢᠨ ᠠᠮᠧᠷᠢᠺᠠ ᠲᠢᠪ ᠲᠤ ᠰᠠᠭᠤᠷᠢᠰᠢᠬᠤ ᠳᠠᠭᠠᠨ ᠪᠣᠭᠤᠶᠢᠯᠢ ᠠᠪᠴᠣ ᠶᠠᠪᠣᠭᠰᠠᠨ ᠢ ᠦᠵᠡᠬᠦ ᠳᠤ ᠯᠠᠪ ᠤᠳᠠᠭᠠᠨ ᠵᠢᠯ ᠤᠨ ᠳᠡᠦᠬᠡ ᠲᠠᠢ ᠭᠡᠵᠦ ᠦᠵᠡᠵᠤ ᠪᠣᠯᠣᠨ᠎ᠠ᠃ ᠮᠣᠷᠢ ᠮᠠᠯ ᠢᠶᠠᠨ ᠪᠠᠷᠢᠬᠤ ᠳᠤ ᠬᠡᠷᠡᠭᠯᠡᠳᠡᠭ ᠢᠶᠠᠷ ᠪᠣᠳᠣᠬᠤ ᠳᠤ ᠡᠷᠲᠡᠨ ᠤ ᠮᠣᠩᠭᠤᠯ ᠤᠨ ᠪᠣᠭᠤᠶᠢᠯᠢ ᠲᠠᠢ ᠪᠠᠶᠢᠵᠠᠢ᠃      ᠪᠠᠲᠦ ᠬᠠᠭᠠᠨ ᠤ ᠮᠣᠷᠢᠨ ᠴᠡᠷᠢᠭ ᠤᠨ ᠪᠣᠭᠤᠶᠢᠯᠢ ᠶᠢᠨ ᠲᠣᠬᠠᠢ ᠦᠷᠦᠨᠡᠳᠠᠬᠢᠨ ᠤ ᠰᠣᠳᠣᠷ ᠪᠢᠴᠢᠭ ᠲᠤ ᠴᠦᠬᠡᠨ ᠦᠭᠡᠢ ᠮᠡᠳᠡᠭᠡ ᠪᠠᠶᠢᠳᠠᠭ᠃ ᠮᠣᠩᠭᠤᠯ ᠴᠡᠷᠢᠭ ᠤᠨ ᠠᠳᠣᠭᠤᠨ ᠤ ᠰᠡᠭᠦᠯ ᠢᠶᠠᠷ ᠲᠣᠮᠣᠭᠰᠠᠨ ᠬᠢᠯᠭᠠᠰᠣᠨ ᠪᠣᠭᠤᠶᠢᠯᠢ ᠪᠣᠶᠣ ︽ᠠᠷᠠᠺᠠᠠ ᠳᠦᠷᠢᠮᠡᠬᠡᠢ ᠭᠤᠭᠴᠤᠭ᠎ᠠ︾ ᠦᠷᠢᠰᠦᠯᠳᠦᠭᠴᠢ ᠶᠢᠨ ᠬᠢᠨᠢ ᠬᠤᠪᠢ ᠳᠤ ᠬᠠᠮᠤᠭ ᠤᠨ ᠰᠠᠨᠠᠮᠰᠡᠷ ᠦᠭᠡᠢ ᠳᠠᠭᠠᠷᠢᠯᠲᠠ ᠪᠣᠯᠳᠠᠭ ᠪᠦᠭᠡᠳ ᠶᠠᠪᠠᠭᠠᠨ ᠴᠡᠷᠢᠭ ᠪᠣᠯ ᠴᠢᠷᠦᠭᠳᠡᠵᠦ᠂ ᠮᠣᠷᠢᠲᠣ ᠴᠡᠷᠢᠭ ᠪᠣᠯ ᠣᠨᠤᠭ᠎ᠠ ᠵᠡᠪᠰᠡᠭ ᠠᠴᠠ ᠪᠠᠨ ᠰᠠᠯᠵᠦ ᠣᠯᠵᠠᠯᠠᠭᠳᠠᠭᠰᠠᠨ ᠢᠶᠠᠷ ᠲᠡᠭᠦᠰᠭᠡᠯ ᠪᠣᠯᠳᠠᠭ ᠠᠵᠢ᠃ ᠨᠠᠫᠣᠯᠢᠶᠣᠨ ᠤ ᠡᠰᠡᠷᠭᠦ ᠲᠡᠮᠡᠴᠡᠭᠰᠡᠨ ᠣᠷᠣᠰ ᠤᠨ ᠠᠷᠮᠢ ᠳᠤ ᠬᠠᠯᠢᠮᠠᠭ ᠤᠨ ᠴᠡᠷᠢᠭ ᠤᠨ ᠬᠤᠷᠢᠶ᠎ᠠ ᠳᠤ ᠣᠷᠣᠯᠴᠠᠵᠦ ᠪᠠᠶᠢᠵᠠᠢ᠃      1814 ᠣᠨ ᠳᠤ ᠬᠠᠯᠢᠮᠠᠭ ᠤᠨ 2 ᠳ᠋ᠣᠭᠠᠷ ᠬᠤᠷᠢᠶ᠎ᠠ ᠫᠠᠷᠢᠰ ᠤᠨ ᠣᠶᠢᠷᠠᠯᠴᠠᠭᠠᠬᠢ ᠨᠢᠭᠡᠨ ᠪᠠᠬᠢᠯᠡᠯᠲᠡ ᠶᠢ ᠮᠣᠷᠢᠨ ᠵᠢᠭᠰᠠᠭᠠᠯ ᠢᠶᠠᠷ ᠳᠣᠪᠲᠣᠯᠬᠤ ᠳᠠᠭᠠᠨ ᠪᠣᠭᠤᠶᠢᠯᠢ ᠬᠡᠷᠡᠭᠯᠡᠭᠰᠡᠨ ᠨᠢ ᠪᠠᠬᠢᠯᠡᠯᠲᠡ ᠬᠠᠮᠠᠭᠠᠯᠠᠭᠴᠢᠳ ᠢ ᠶᠡᠬᠡᠬᠡᠨ ᠰᠠᠨᠳᠤᠷᠭᠠᠵᠦ᠂ ᠲᠣᠩ ᠬᠦᠨᠳᠦ ᠠᠷᠠᠴᠠᠭ᠎ᠠ ᠦᠭᠡᠢ ᠪᠠᠶᠢᠳᠠᠯ ᠳᠤ ᠣᠷᠣᠭᠤᠯᠵᠠᠢ᠃ ᠭᠠᠯᠲᠣ ᠵᠡᠪᠰᠡᠭ ᠤᠨ ᠡᠷᠢᠨ ᠦᠶ᠎ᠡ ᠳᠤ ᠳᠡᠩᠳᠡᠭᠦᠦ ᠡᠭᠡᠯ ᠬᠡᠮᠡᠷ ᠰᠣᠷ ᠪᠣᠭᠤᠶᠢᠯᠢ ᠶᠢᠨ ᠢᠰᠭᠡᠷᠣᠭᠡ ᠹᠷᠠᠠᠼᠢ ᠶᠢᠨ ᠫᠣᠤᠴᠢᠳ ᠢ ᠭᠠᠶᠢᠬᠠᠰᠢᠷᠠᠭᠤᠯᠵᠦ ᠂ ᠬᠦᠯ ᠳᠡᠭᠡᠷ᠎ᠡ ᠪᠠᠨ ᠬᠡᠳᠦ᠋ᠢᠨ ᠲᠣᠭᠲᠠᠬᠤ ᠪᠠᠨ ᠪᠠᠶᠢᠵᠦ ᠴᠢᠷᠦᠭᠳᠡᠬᠦ ᠣᠳᠴᠣ ᠪᠣᠢ ᠨᠦᠬᠦᠳ ᠢᠶᠠᠨ᠂ ᠳᠠᠶᠢᠴᠢᠳ ᠢᠶᠠᠨ ᠬᠠᠷᠠᠨ᠂ ᠲᠡᠳᠡᠨ ᠢ ᠬᠠᠷᠠᠭᠠᠯᠠᠨ ᠫᠣᠣᠳᠠᠬᠤ ᠠᠴᠠ ᠨᠢ ᠦᠷᠢᠰᠦᠭᠰᠡᠨ ᠱᠠᠯᠠᠮᠠᠭᠠᠢ ᠮᠣᠷᠢᠲᠠᠨ ᠨᠤᠭᠤᠳ ᠠᠮᠵᠢᠨ ᠰᠣᠮᠣ ᠶᠢᠨ ᠳᠣᠰᠬᠤ ᠬᠦᠷᠢᠶᠡᠨ ᠠᠴᠠ ᠵᠠᠶᠢᠯᠠᠵᠦ ᠣᠳᠳᠠᠭ ᠠᠵᠢ᠃ ᠲᠦᠷᠦᠯ ᠪᠦᠷᠢ ᠶᠢᠨ ᠶᠡᠭᠡ ᠫᠣᠣ᠂ ᠣᠷᠲᠣ ᠫᠣᠣ᠂ ᠭᠠᠷ ᠫᠤᠤ ᠶᠢᠨ ᠣᠳᠣᠭᠠᠨ ᠳᠣᠮᠳᠠᠭᠤᠷ ᠪᠣᠭᠤᠶᠢᠯᠢᠳᠠᠭᠤᠯᠣᠭᠰᠠᠨ ᠹᠷᠠᠨᠼᠢᠴᠣᠳ ᠤᠨ ᠠᠷᠭ᠎ᠠ ᠲᠠᠰᠣᠷᠠᠨ ᠴᠢᠷᠠᠯᠠᠭᠰᠠᠭᠠᠷ ᠠᠯᠠᠭ᠎ᠠ ᠪᠣᠰᠣ ᠪᠠᠶᠢᠭ᠎ᠠ ᠨᠢ ᠶᠡᠷᠦ ᠪᠣᠰᠣ ᠶᠢᠨ ᠰᠡᠳᠭᠢᠭᠳᠡᠯ ᠲᠦᠷᠦᠭᠦᠯᠵᠦ᠂ ᠴᠣᠬᠤᠮ ᠲᠡᠷᠡ ᠦᠶᠡᠰ ᠠᠤᠭ᠎ᠠ ᠶᠡᠭᠡ ᠨᠠᠫᠣᠯᠢᠶᠤᠨ ᠤ ᠬᠠᠯᠠ ᠦᠵᠡᠭᠰᠡᠨ ᠳᠠᠶᠢᠴᠢᠳ ᠤᠨ ᠳᠣᠮᠳᠠ ᠣᠷᠣᠰ ᠤᠨ ᠠᠷᠮᠠᠢ ᠳᠣᠲᠣᠷ᠎ᠠ ᠪᠠᠨ ︽ᠮᠢᠬᠠᠨ ᠴᠢᠨ᠋ᠸ᠎ᠠ ᠤᠳ ᠤᠨ ᠬᠤᠷᠢᠶ᠎ᠠ︾ ᠪᠠᠶᠢᠳᠠᠭ ᠲᠣᠬᠠᠢ ᠵᠢᠷᠣᠬᠡ ᠦᠬᠦᠮᠡᠷ ᠴᠣᠣ ᠶᠡᠷᠢᠶ᠎ᠠ ᠲᠠᠷᠬᠠᠭᠰᠠᠨ ᠭᠡᠳᠡᠭ ᠪᠢᠯᠡ᠃      ᠡᠶᠢᠨ ᠭᠦ ᠮᠣᠩᠭᠤᠯ ᠤᠨ ᠨᠢᠭᠡᠨ ᠳᠠᠶᠢᠴᠢᠨ ᠣᠮᠤᠭ ᠬᠠᠯᠢᠮᠠᠭ ᠲᠦᠮᠡᠨ ᠮᠠᠨᠢ 19 ᠳ᠋ᠣᠭᠡᠷ ᠵᠠᠭᠤᠨ ᠳᠤ ᠪᠣᠭᠤᠶᠢᠯᠢ ᠬᠡᠮᠡᠬᠦ ᠡᠭᠡᠯ ᠪᠠᠭᠠᠵᠢ ᠶᠢ ᠴᠡᠷᠢᠭ ᠳᠠᠶᠢᠨ ᠤ ᠲᠡᠣᠬᠡᠨ ᠳᠤ ᠳᠠᠬᠢᠨ ᠲᠡᠮᠳᠡᠭᠯᠡᠭᠦᠯᠵᠠᠢ᠃ᠪᠡᠯᠡᠳᠬᠡᠭᠰᠡᠨ ᠨᠢ᠄ ᠡᠷᠳᠡᠨᠢᠬᠦᠦᠨᠠᠶᠢᠷᠠᠭᠤᠯᠤᠭᠰᠠᠨ ᠨᠢ᠄ ᠨᠠᠮᠤᠷᠬᠢᠨᠠᠭᠰᠠᠨ ᠨᠢ᠄ ᠤᠷᠢᠬᠠᠨ      
 
ᠢᠷᠡᠯᠲᠡ᠄ ᠲᠣᠰ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号