ᠭᠤᠤ ᠴᠢᠥᠸᠠᠢ ᠭᠡᠳᠡᠭ ᠨᠡᠷ᠎ᠡ ᠶᠢᠨ ᠲᠤᠬᠠᠢ ᠤᠣᠬᠠᠨ ᠬ᠊
ᠨᠡᠶᠢᠲᠡᠯᠡᠭᠰᠡᠨ ᠴᠠᠭ᠄
2020/10/19
ᠭᠤᠤ ︵高︶ ᠨᠢ ᠦᠨᠳᠦᠷ ᠭᠡᠳᠡᠭ ᠦᠭᠡ᠂ ᠴᠢᠥᠸᠠᠢ ︵阙︶ ᠨᠢ ᠬᠢᠳᠠᠳ ᠬᠡᠯᠡᠨ ᠳᠤ ᠣᠷᠳᠣᠨ ᠬᠠᠷᠰᠢ  ᠶᠢᠨ ᠲᠣᠮᠣ ᠡᠭᠦᠳᠡᠨ ᠤ ᠬᠠᠵᠠᠭᠤᠪᠴᠢ ᠪᠣᠯᠬᠤ ᠦᠨᠳᠦᠷ ᠬᠡᠷᠡᠮ ᠲᠠᠭᠳᠣ ᠠᠰᠠᠷ ᠪᠠᠷᠢᠯᠭ᠎ᠠ ᠪᠣᠯᠣᠨ᠎ᠠ᠃ ᠣᠣᠯ ᠦᠭᠡ  ᠨᠢ ︽ᠯᠢᠶᠠᠨ ᠱᠠᠨ ︵ᠣᠳᠣᠬᠢ ᠲᠠᠯᠠᠨ ᠬᠠᠷ᠎ᠠ ᠠᠭᠤᠯᠠ︶ ᠠᠭᠤᠯᠠᠨ ᠤ ᠠᠰᠬ᠎ᠠ ᠪᠠᠷᠳᠠᠭ᠎ᠠ ᠠᠨᠣ ᠴᠠᠭᠠᠨ ᠬᠡᠷᠡᠮ ᠮᠡᠳᠦ᠂ ᠲᠡᠭᠦᠨ ᠤ ᠲᠣᠮᠳᠠ ᠪᠠᠨ ᠲᠠᠰᠣᠷᠬᠠᠢ ᠭᠠᠷᠴᠣ᠂ ᠬᠤᠶᠠᠷ ᠲᠠᠯ᠎ᠠ ᠶᠢᠨ ᠬᠠᠳᠠ ᠬᠠᠯᠢᠯ ᠰᠦᠨᠳᠡᠷᠯᠡᠨ ᠶᠠᠭ ᠲᠣᠮᠣ ᠡᠬᠦᠳᠡᠨ ᠤ ᠬᠠᠵᠠᠭᠤᠪᠴᠢ ᠪᠠᠷᠢᠯᠭ᠎ᠠ ᠮᠡᠳᠦ᠂ ᠨᠣᠳᠤᠭ ᠤᠨ ᠨᠡᠷ᠎ᠡ ᠨᠢ ᠭᠤᠣ ᠴᠢᠥᠸᠠᠢ ᠬᠡᠮᠡᠮᠣᠢ︾ ᠭᠡᠵᠡᠢ᠃ ᠡᠶᠢᠮᠦ ᠠᠴᠠ ᠭᠤᠣ ᠴᠢᠥᠸᠠᠢ ᠭᠡᠳᠡᠭ ᠦᠭᠡ ᠪᠣᠯ ᠠᠭᠤᠯᠠ ᠬᠠᠳᠠᠨ ᠤ ᠲᠠᠰᠣᠷᠬᠠᠢ ᠶᠢ ᠨᠣᠳᠤᠭ ᠤᠨ ᠢᠷᠭᠡᠳ ᠤᠨ ᠨᠡᠷᠡᠯᠡᠳᠡᠭ ᠦᠭᠡ ᠠᠵᠠᠢ᠃ ᠦᠭᠡᠷ᠎ᠡ ᠪᠠᠷ ᠬᠡᠯᠡᠪᠡᠯ ᠭᠤᠤ ᠴᠢᠥᠸᠠᠢ ᠪᠣᠯ ᠨᠣᠳᠤᠭ ᠤᠨ ᠦᠭᠡ ᠶᠢᠨ ᠬᠢᠳᠠᠳ ᠠᠪᠢᠶᠠᠯᠠᠯᠭ᠎ᠠ ᠪᠣᠯᠣᠨ᠎ᠠ ᠭᠡᠳᠡᠭ ᠢ ᠮᠡᠳᠡᠵᠦ ᠪᠣᠯᠣᠨ᠎ᠠ᠃ ᠲᠡᠭᠡᠪᠡᠯ ᠨᠣᠳᠤᠭ ᠤᠨ ᠢᠷᠭᠡᠳ ᠨᠢ ᠬᠡᠯᠡᠯᠭᠡᠨ ᠦᠭᠡᠢ ᠬᠢᠳᠠᠳ ᠢᠷᠭᠡᠳ ᠪᠢᠰᠢ᠂ ᠬᠠᠷᠢᠨ ᠷᠦᠩ ᠳ᠋ᠢ ᠨᠡᠷ ᠪᠣᠯᠣᠨ᠎ᠠ᠃ ᠭᠤᠣ ᠴᠢᠥᠸᠠᠢ ᠭᠡᠳᠡᠭ ᠶᠠᠮᠠᠷ ᠦᠭᠡ ᠪᠣᠢ ᠭᠡᠪᠡᠯ ᠮᠢᠨᠦ ᠰᠡᠷᠭᠦᠭᠡᠯᠳᠡ ᠪᠠᠷ ᠪᠣᠯ ᠬᠠᠪᠴᠢᠯ ︵ᠬᠠᠪᠴᠢᠯ ᠪᠣᠶᠣ ᠭᠠᠪᠴᠢᠯ ᠡᠰᠡᠬᠦᠯ᠎ᠡ ᠺᠠᠪᠴᠢᠯ︶ ᠭᠡᠳᠡᠭ ᠾᠦᠩᠨᠦ ︵ᠮᠣᠩᠭᠤᠯ︶ ᠦᠭᠡ ᠪᠣᠯᠬᠤ ᠨᠢ ᠭᠠᠷᠴᠠᠭ᠎ᠠ ᠦᠭᠡᠢ᠃ ᠲᠣᠰ ᠭᠠᠵᠠᠷ ᠣᠳᠣ ᠦᠪᠦᠷ ᠮᠣᠩᠭᠤᠯ ᠤᠨ ᠪᠠᠶᠠᠨᠨᠠᠭᠤᠷ ᠠᠶᠢᠮᠠᠭ ᠤᠨ ᠬᠠᠩᠬᠢᠨ ᠬᠤᠶᠢᠳᠣ ᠬᠤᠰᠢᠭᠤᠨ ᠤ ᠪᠠᠷᠠᠭᠤᠨ ᠬᠤᠶᠢᠨ᠎ᠠ ᠪᠠᠶᠢᠬᠤ ᠠᠭᠤᠯᠠᠨ ᠳᠠᠰᠣᠷᠬᠠᠢ ᠪᠣᠯᠣᠨ᠎ᠠ ᠭᠡᠵᠦ ᠬᠡᠯᠡᠬᠦ ᠬᠦᠮᠦᠨ ᠪᠣᠢ᠂ ᠡᠬᠦᠨ ᠢ ᠣᠳᠣ ᠴᠣ᠋ ᠨᠣᠳᠤᠭ ᠤᠨ ᠬᠦᠮᠦᠰ ᠬᠠᠪᠴᠢᠯ ᠭᠡᠵᠦ ᠨᠡᠷᠡᠯᠡᠭᠰᠡᠭᠡᠷ ᠪᠠᠶᠢᠨ᠎ᠠ ᠭᠡᠳᠡᠭ᠃ ᠪᠠᠰᠠ ᠣᠷᠠᠳ ᠤᠨ ᠬᠤᠶᠢᠳᠣ ᠬᠤᠰᠢᠭᠤᠨ ᠤ ᠬᠦᠬᠡ ᠦᠨᠳᠦᠷ ᠪᠠᠯᠭᠠᠰᠣ ᠶᠢᠨ ᠨᠠᠷᠠᠨ ᠦᠪᠦᠷ ᠭᠠᠴᠠᠭ᠎ᠠ ᠶᠢᠨ ᠠᠷᠣ  ᠳᠤ ᠪᠠᠶᠢᠭ᠎ᠠ ᠠᠭᠤᠯᠠᠨ ᠲᠠᠰᠣᠷᠬᠠᠢ ᠶᠢ ᠭᠤᠣ ᠴᠢᠥᠸᠠᠢ ᠭᠡᠵᠦ ᠪᠠᠶᠢᠭ᠎ᠠ ᠭᠡᠨ᠎ᠡ᠃ ᠴᠣᠬᠤᠮ ᠠᠯᠢᠨ ᠦᠨᠡᠨ ᠡᠷᠳᠡᠨ ᠤ ᠬᠠᠪᠴᠢᠯ ᠴᠠᠶᠢᠵᠠ ︵ᠭᠤᠤ ᠴᠢᠥᠸᠠᠢ ᠰᠠᠢ︶ ᠪᠣᠯᠬᠤ ᠶᠢ ᠮᠡᠳᠡᠬᠦ ᠦᠭᠡᠢ᠃ ᠭᠤᠣ ᠴᠢᠥᠸᠠᠢ ᠪᠣᠯ ᠵᠣᠤ ᠣᠯᠣᠰ ᠤᠨ ᠴᠠᠭᠠᠨ ᠬᠡᠷᠡᠮ ᠤᠨ ᠲᠡᠭᠦᠰᠭᠡᠯ ᠪᠣᠯᠣᠨ᠎ᠠ᠃ ᠲᠣᠰ ᠭᠠᠵᠠᠷ ᠪᠣᠭᠤᠮᠳᠠ ᠪᠠᠶᠢᠭᠤᠯᠣᠨ ᠭᠤᠣ ᠴᠢᠥᠸᠠᠢ ᠰᠠᠢ ᠭᠡᠵᠦ ᠨᠡᠷᠡᠯᠡᠭᠰᠡᠨ ᠠᠵᠠᠢ᠃ ᠴᠢᠨ ᠱᠢ ᠬᠤᠸᠠᠩ ᠤᠨ ᠴᠠᠳᠢᠭ ᠲᠤ ᠬᠡᠯᠡᠭᠰᠡᠨ ᠨᠢ᠄ ︽ᠮᠧᠩ ᠲᠢᠶᠠᠨ ᠢ ᠢᠯᠡᠭᠡᠨ ᠭᠤᠣᠯ ᠭᠠᠳᠣᠯᠵᠣ᠂ ᠭᠤᠤ ᠴᠢᠥᠸᠠᠢ ᠶᠢ ᠡᠵᠡᠯᠡᠨ ᠪᠣᠭᠤᠮᠳᠠ ᠪᠠᠶᠢᠭᠤᠯᠣᠨ᠂ ᠷᠦᠩ ᠬᠦᠮᠦᠰ ᠢ ᠦᠯᠳᠡᠨ ᠬᠦᠭᠡᠭᠡᠪᠡ︾ ᠭᠡᠵᠦ ᠪᠠᠶᠢᠭ᠎ᠠ ᠶᠣᠮ᠃ ᠡᠭᠦᠨ ᠠᠴᠠ ᠦᠵᠡᠪᠡᠯ ᠡᠨᠡᠬᠦ ᠭᠤᠣ ᠴᠢᠥᠸᠠᠢ ᠳᠤ ᠵᠠᠪᠠᠯ ᠡᠷᠳᠡᠨ ᠤ ᠪᠠᠷᠢᠯᠭ᠎ᠠ ᠪᠣᠭᠤᠮᠳᠠ ᠪᠠ ᠴᠡᠷᠢᠭ ᠤᠨ ᠰᠠᠭᠤᠷᠢᠨ ᠪᠣᠶᠣ ᠬᠠᠷᠠᠭᠤᠯ ᠤᠨ ᠭᠠᠵᠠᠷ ᠤᠨ ᠪᠠᠷᠢᠯᠭ᠎ᠠ ᠶᠢᠨ ᠪᠠᠭᠤᠷᠢ ᠪᠠᠶᠢᠬᠤ ᠬᠡᠷᠡᠭᠳᠡᠢ᠃ ᠡᠨᠡᠬᠦ ᠮᠠᠭᠠᠳᠯᠠᠯ ᠢᠶᠠᠷ ᠪᠢ Google ᠶᠢᠨ ᠭᠠᠵᠠᠷ ᠤᠨ ᠵᠢᠷᠤᠭ ᠠᠴᠠ ᠯᠠᠪᠯᠠᠭᠰᠠᠨ ᠳᠤ ᠬᠦᠬᠡ ᠦᠨᠳᠦᠷ ᠭᠡᠳᠡᠭ ᠭᠠᠵᠠᠷ  ᠠᠴᠠ ᠵᠢᠭᠠᠬᠠᠨ ᠵᠡᠬᠦᠨ ᠬᠤᠶᠢᠰᠢ ᠪᠠᠷᠤᠭ ᠭᠤᠴᠢᠨ ᠲᠠᠪᠣᠨ ᠭᠠᠵᠠᠷ ᠤᠨ ᠵᠠᠢ ᠲᠤ ᠨᠢᠭᠡᠨ ᠬᠠᠪᠴᠢᠯ ᠬᠡᠳᠡᠭ ᠭᠠᠵᠠᠷ  ᠤᠨ ᠨᠡᠷ᠎ᠡ ᠶᠢ ᠬᠠᠶᠢᠵᠣ ᠣᠯᠵᠠᠢ᠃ ᠬᠡᠷᠪᠡ ᠣᠷᠠᠳ ᠤᠨ ᠬᠤᠶᠢᠳᠣ ᠬᠤᠰᠢᠭᠤ ᠶᠢᠨ ᠬᠤᠰᠢᠭᠤᠨ ᠲᠦᠪ ᠠᠴᠠ ᠪᠣᠯ ᠵᠢᠭᠠᠬᠠᠨ ᠪᠠᠷᠠᠭᠤᠨ ᠬᠤᠶᠢᠰᠢ ᠴᠢᠭᠯᠡᠯ ᠢᠶᠠᠷ ᠲᠦᠴᠢᠨ ᠭᠠᠵᠠᠷ ᠤᠨ ᠪᠠᠷᠤᠭ ᠲᠤ ᠡᠨᠡᠬᠦ ᠬᠠᠪᠴᠢᠯ ᠭᠡᠳᠡᠭ ᠮᠣᠩᠭᠤᠯ ᠨᠡᠷ᠎ᠡ ᠲᠠᠢ ᠭᠠᠵᠠᠷ ᠪᠣᠢ᠃ ᠲᠡᠭᠡᠭᠡᠳ ᠲᠡᠨᠳᠡ ᠨᠢᠭᠡ ᠲᠦᠭᠦᠷᠢᠭ ᠬᠡᠯᠪᠡᠷᠢ ᠲᠠᠢ ᠪᠠ ᠪᠠᠰᠠ ᠨᠢᠭᠡ ᠣᠷᠳᠣᠯᠵᠢᠨ ᠲᠦᠷᠪᠡᠯᠵᠢᠨ ᠬᠡᠯᠪᠡᠷᠢ ᠲᠠᠢ ᠬᠡᠳᠦᠨ ᠪᠠᠷᠢᠯᠭ᠎ᠠ ᠶᠢᠨ ᠪᠠᠭᠤᠷᠢ ᠵᠡᠷᠭᠡ ᠬᠠᠷᠠᠭᠳᠠᠵᠣ ᠪᠣᠢ᠃ ᠠᠳᠡ ᠠᠴᠠ ᠣᠶᠢᠷᠬᠠᠨ ᠭᠠᠵᠠᠷ ᠬᠢᠷᠢᠳᠡᠢ ᠯᠡ ᠵᠠᠢ ᠳᠤ ᠪᠠᠰᠠ ᠨᠢᠭᠡ ᠬᠠᠭᠠᠨ ᠤ ᠪᠣᠯᠣᠩ ᠭᠡᠳᠡᠭ ᠮᠣᠩᠭᠤᠯ ᠨᠡᠷ᠎ᠡ ᠲᠠᠢ ᠭᠠᠵᠠᠷ ᠤᠨ ᠨᠡᠷ᠎ᠡ ᠪᠠᠶᠢᠭ᠎ᠠ ᠶᠣᠮ ᠪᠠᠶᠢᠨ᠎ᠠ᠃ ᠡᠬᠦᠨ ᠢ ᠡᠷᠳᠡᠨ ᠤ ᠭᠤᠣ ᠴᠢᠥᠸᠠᠢ ᠰᠠᠢ ᠶᠢᠨ ᠪᠠᠭᠤᠷᠢ ᠪᠣᠯᠪᠠᠥ ᠭᠡᠵᠦ ᠰᠡᠵᠢᠭᠯᠡᠵᠦ ᠪᠣᠢ᠃ ᠣᠴᠢᠷ ᠨᠢ ᠡᠳᠡᠭᠡᠷ ᠪᠠᠭᠤᠷᠢ ᠶᠢᠨ ᠪᠠᠶᠢᠭ᠎ᠠ ᠭᠠᠵᠠᠷ ᠨᠢ ᠶᠠᠭ ᠰᠠᠶᠢᠬᠠᠨ ᠦᠨᠳᠦᠷ ᠠᠭᠤᠯᠠ ᠶᠢᠨ ᠣᠷᠬᠢᠯ ᠢᠶᠠᠷ ᠬᠠᠷᠠᠭᠳᠠᠵᠣ ᠪᠠᠶᠢᠨ᠎ᠠ᠃ ᠡᠭᠦᠨ ᠤ ᠲᠣᠬᠠᠢ ᠬᠠᠮᠤᠭ ᠰᠠᠶᠢᠨ ᠨᠢ ᠲᠣᠬᠠᠢ ᠶᠢᠨ ᠭᠠᠵᠠᠷ ᠤᠨ ᠬᠦᠮᠦᠰ ᠬᠡᠬᠡᠷ᠎ᠡ ᠶᠢᠨ ᠰᠢᠨᠵᠢᠯᠡᠭᠡ ᠬᠢᠵᠦ᠂ ᠵᠢᠷᠤᠭ ᠰᠢᠩᠭᠡᠭᠡᠯᠳᠡ ᠲᠠᠢ ᠮᠠᠭᠠᠳᠯᠠᠯᠳᠠ ᠬᠢᠪᠡᠯ ᠮᠠᠰᠢ ᠣᠳᠬ᠎ᠠ ᠠᠭᠤᠯᠭ᠎ᠠ ᠲᠠᠢ ᠭᠡᠷᠡᠭ ᠪᠣᠯᠣᠨ᠎ᠠ᠃ ᠪᠡᠯᠡᠳᠬᠡᠭᠰᠡᠨ ᠨᠢ᠄ ᠡᠷᠳᠡᠨᠢᠬᠦᠦᠨᠠᠶᠢᠷᠠᠭᠤᠯᠤᠭᠰᠠᠨ ᠨᠢ᠄ ᠨᠠᠮᠤᠷᠬᠢᠨᠠᠭᠰᠠᠨ ᠨᠢ᠄ ᠤᠷᠢᠬᠠᠨ
 
ᠢᠷᠡᠯᠲᠡ᠄ ᠲᠣᠰ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号