ᠭᠠᠯᠢᠯᠶᠣ᠋ · ᠭᠠᠯᠢᠯᠸᠢ ᠤᠣᠬᠠᠨ ᠬ᠊
ᠨᠡᠶᠢᠲᠡᠯᠡᠭᠰᠡᠨ ᠴᠠᠭ᠄
2020/10/19
ᠭᠠᠯᠢᠯᠶᠣ᠋ · ᠭᠠᠯᠢᠯᠸᠢ ︵伽利略·伽利莱᠂ Galileo Galilei︶ ᠪᠣᠯ 1564 ᠣᠨ ᠤ 2 ᠰᠠᠷ᠎ᠠ ᠶᠢᠨ 15-1642 ᠣᠨ ᠤ 1 ᠰᠠᠷ᠎ᠠ ᠶᠢᠨ 8 ᠪᠣᠯᠳᠠᠯ᠎ᠠ ᠠᠮᠢᠳᠣᠷᠠᠵᠣ ᠪᠠᠶᠢᠵᠠᠢ᠃ ᠲᠡᠷᠡ ᠪᠣᠯ ᠢᠲ᠋ᠠᠯᠢ  ᠶᠢᠨ ᠹᠢᠽᠢᠺ ᠤᠨ ᠡᠷᠳᠡᠮᠳᠡᠨ᠂ ᠲᠣᠭᠠᠨ ᠤ ᠣᠬᠠᠭᠠᠨᠳᠠᠨ᠂ ᠣᠳᠣᠨ ᠣᠷᠣᠨ ᠤ ᠣᠬᠠᠭᠠᠨᠳᠠᠨ ᠪᠦᠭᠡᠳ ᠬᠦᠨ ᠣᠬᠭᠠᠨᠳᠠᠨ ᠮᠦᠨ᠃ ᠮᠦᠨᠴᠣ ᠰᠢᠨᠵᠢᠯᠡᠬᠦ ᠣᠬᠠᠭᠠᠨ ᠤ ᠬᠤᠪᠢᠰᠬᠠᠯ ᠤᠨ ᠭᠤᠣᠯᠯᠠᠭᠴᠢ ᠬᠦᠮᠦᠨ ᠤ ᠨᠢᠭᠡ ᠨᠢ ᠪᠣᠯᠣᠨ᠎ᠠ᠃ ᠲᠡᠭᠦᠨ ᠤ ᠠᠮᠵᠢᠯᠳᠠ ᠪᠦᠳᠦᠭᠡᠯ ᠭᠡᠪᠡᠯ ᠣᠯᠠᠨ ᠪᠣᠢ᠂ ᠵᠢᠱᠢᠶᠡᠯᠡᠪᠡᠯ ᠲᠣᠷᠠᠨ ᠢ ᠰᠠᠶᠢᠵᠢᠷᠠᠭᠤᠯᠣᠭᠰᠠᠨ  ᠠᠴᠠ ᠪᠣᠯᠵᠣ ᠣᠳᠣᠨ ᠣᠷᠣᠨ ᠠᠵᠢᠭᠯᠠᠯᠳᠠ ᠳᠤ ᠠᠪᠴᠢᠷᠠᠭᠰᠠᠨ ᠨᠦᠯᠦᠭᠡ ᠦᠢᠯᠡᠳᠦᠯ᠂ ᠪᠠᠰᠠ ᠺᠣᠪᠧᠷᠨᠢᠺ ᠤᠨ ᠨᠠᠷᠠ ᠪᠠᠷ ᠲᠦᠪᠯᠡᠬᠦ ᠦᠵᠡᠯ ᠢ ᠲᠡᠮᠵᠢᠭᠰᠡᠨ᠂ ᠲᠣᠷᠰᠢᠯᠳᠠ ᠪᠠᠷ ᠲᠠᠮᠵᠢᠨ ᠲᠠᠳᠠᠯᠴᠠᠬᠤ ᠬᠦᠴᠦᠨ ᠤ ᠪᠣᠳᠠᠰ ᠤᠨ ᠬᠦᠳᠡᠯᠭᠡᠭᠡᠨ ᠳᠤ ᠦᠵᠡᠬᠦᠯᠬᠦ ᠬᠤᠷᠳᠣᠴᠠ ᠨᠢ ᠵᠢᠭᠳᠡ ᠪᠢᠰᠢ᠂ ᠬᠠᠷᠢᠨ ᠶᠠᠪᠣᠬᠤ ᠲᠣᠲᠣᠮ ᠲᠦᠷᠭᠡᠰᠴᠦ ᠪᠠᠶᠢᠭ᠎ᠠ ᠵᠡᠷᠭᠡ ᠶᠢ ᠲᠣᠲᠣᠷᠬᠠᠶᠢᠯᠠᠭᠰᠠᠨ᠂ ᠢᠨᠡᠷᠽᠢ ᠶᠢᠨ ᠶᠣᠰᠣ ᠶᠢ ᠢᠯᠡᠷᠡᠭᠦᠯᠦᠭᠰᠡᠨ ᠵᠡᠷᠭᠡ ᠮᠠᠰᠢ ᠣᠯᠠᠨ ᠢᠯᠡᠷᠡᠬᠦᠯᠦᠯᠳᠡ  ᠨᠢ ᠲᠡᠭᠦᠨ ᠢ ᠬᠤᠵᠢᠮ ᠤᠨ ᠬᠦᠮᠦᠰ ᠲᠡᠭᠦᠨ ᠳᠤ ︽ᠣᠳᠣ ᠦᠶ᠎ᠡ ᠶᠢᠨ ᠣᠳᠣᠨ ᠣᠷᠣᠨ ᠤ ᠣᠬᠠᠭᠠᠨ ᠤ ᠡᠪᠦᠭᠡ︾ ᠂ ︽ᠣᠳᠣ ᠦᠶ᠎ᠡ ᠶᠢᠨ ᠹᠢᠽᠢᠺ ᠤᠨ ᠣᠬᠠᠭᠠᠨ ᠤ ᠡᠪᠦᠭᠡ︾᠂ ︽ᠰᠢᠨᠵᠢᠯᠡᠬᠦ ᠣᠬᠠᠭᠠᠨ ᠤ ᠡᠪᠦᠭᠡ︾᠂ ︽ᠣᠳᠣ ᠦᠶ᠎ᠡ ᠶᠢᠨ ᠰᠢᠨᠵᠢᠯᠡᠬᠦ ᠣᠬᠠᠭᠠᠨ ᠤ ᠡᠪᠦᠭᠡ︾ ᠵᠡᠷᠭᠡ ᠶᠢᠨ ᠠᠯᠢ ᠣᠯᠠᠨ ᠴᠣᠯᠠ ᠮᠢᠨᠳᠠᠭ ᠡᠷᠭᠦᠵᠡᠢ᠃ ᠰᠲ᠋ᠢᠹᠧᠨ · ᠸᠢᠯᠢᠶᠠᠮ · ᠬᠠᠣᠺᠢᠩ ︵Stephen William Hawking᠂ 史蒂芬·霍金︶ ᠬᠡᠯᠡᠭᠰᠡᠨ  ᠨᠢ᠄ ︽ᠣᠳᠣ ᠦᠶ᠎ᠡ ᠶᠢᠨ ᠪᠠᠶᠢᠭᠠᠯᠢ ᠶᠢᠨ ᠰᠢᠨᠵᠢᠯᠡᠬᠦ ᠣᠬᠠᠭᠠᠨ ᠤ ᠪᠣᠢ ᠪᠣᠯᠣᠭᠰᠠᠨ ᠨᠢ ᠭᠠᠯᠢᠯᠶᠣ᠋ · ᠭᠠᠯᠢᠯᠸᠢ ᠶᠢᠨ ᠠᠴᠢ ᠭᠠᠪᠢᠶ᠎ᠠ ᠮᠦᠨ︾ ᠭᠡᠵᠡᠢ᠃ ᠠᠯᠪᠧᠷᠲ · ᠠᠢᠨᠰᠲ᠋ᠠᠨ ︵Albert Einstein阿尔伯特·爱因斯坦︶ ᠬᠡᠯᠡᠭᠰᠡᠨ ᠨᠢ᠄ ︽ᠭᠠᠯᠢᠯᠶᠣ᠋ · ᠭᠠᠯᠢᠯᠸᠢ ᠪᠣᠯ ᠣᠳᠣ ᠦᠶ᠎ᠡ ᠶᠢᠨ ᠰᠢᠨᠵᠢᠯᠡᠬᠦ ᠣᠬᠠᠭᠠᠨ ᠤ ᠡᠪᠦᠭᠡ ᠮᠦᠨ︾ ᠭᠡᠵᠡᠢ᠃ ᠭᠠᠯᠢᠯᠶᠣ᠋ · ᠭᠠᠯᠢᠯᠸᠢ ᠦᠷᠦᠳᠡᠬᠢᠨ ᠤ ᠬᠠᠭᠤᠴᠢᠨ ᠴᠠᠭ ᠣᠯᠠᠷᠢᠯ ᠢᠶᠠᠷ 1641 ᠣᠨ ᠤ 12 ᠰᠠᠷ᠎ᠠ ᠶᠢᠨ 29 ᠤ ᠡᠳᠦᠷ᠂ ᠲᠠᠷᠣᠢ ᠨᠡᠶᠢᠳᠡ ᠶᠢᠨ ᠣᠨ ᠲᠣᠭᠠᠯᠠᠯ ᠤᠨ 1642年1 ᠰᠠᠷ᠎ᠠ ᠶᠢᠨ 8 ᠤ ᠡᠳᠦᠷ ᠲᠠᠯᠠᠨ ᠨᠠᠢᠮᠠᠳᠠᠢ ᠨᠠᠰᠣ ᠪᠠᠷᠠᠵᠠᠢ᠃ ᠬᠠᠴᠢᠷᠬᠠᠯᠳᠠᠢ ᠨᠢ ᠲᠡᠭᠦᠨ ᠤ ᠨᠠᠰᠣ ᠪᠠᠷᠠᠭᠰᠠᠨ ᠤ ᠨᠢᠭᠡ ᠵᠢᠯ ᠤᠨ ᠣᠢ  ᠳᠤ᠂ ᠲᠠᠷᠣᠢ ᠬᠠᠭᠤᠴᠢᠨ ᠴᠠᠭ ᠣᠯᠠᠷᠢᠯ ᠤᠨ 1642 ᠣᠨ ᠤ 12 ᠰᠠᠷ᠎ᠠ ᠶᠢᠨ 25 ᠡᠳᠦᠷ᠂ ᠨᠡᠶᠢᠳᠡ ᠶᠢᠨ ᠣᠨ ᠲᠣᠭᠠᠯᠠᠯ 1643 ᠣᠨ ᠤ 1 ᠰᠠᠷ᠎ᠠ ᠶᠢᠨ 4 ᠤ ᠡᠳᠦᠷ ᠲᠤ ᠰᠢᠨᠵᠢᠯᠡᠬᠦ ᠣᠬᠠᠭᠠᠨ ᠤ ᠨᠦᠬᠦᠭᠡ ᠨᠢᠭᠡᠨ ᠠᠪᠣᠷᠭᠤ ᠣᠳᠣᠨ ᠠᠶᠢᠰᠠᠺ · ᠨᠢᠦ᠋ᠲ᠋ᠣᠨ ︵Isaac · Newton᠂ 艾萨克·牛顿︶ ᠠᠩᠭ᠍ᠯᠢ ᠳᠤ ᠮᠡᠨᠳᠦᠯᠡᠭᠰᠡᠨ ᠪᠢᠯᠡ᠃ ᠭᠠᠯᠢᠯᠶᠣ᠋ · ᠭᠠᠯᠢᠯᠸᠢ ᠭᠠᠪᠢᠶ᠎ᠠ ᠵᠢᠳᠭᠦᠯ ᠲᠣᠩ ᠣᠯᠠᠨ ᠪᠣᠯᠬᠤᠷ ᠲᠦᠬᠦᠮ ᠬᠡᠳᠦ ᠶᠢ ᠯᠡ ᠲᠠᠨᠢᠯᠴᠠᠭᠤᠯᠣᠶ᠎ᠠ᠃ ᠰᠢᠨᠵᠢᠯᠡᠬᠦ ᠣᠬᠠᠭᠠᠨ ᠤ ᠰᠣᠳᠣᠯᠣᠯᠳᠠ ᠶᠢᠨ ᠲᠠᠯ᠎ᠠ ᠪᠠᠷ ᠭᠠᠯᠢᠯᠶᠣ᠋ · ᠭᠠᠯᠢᠯᠸᠢ ᠪᠣᠯ ᠳᠣᠷᠰᠢᠯᠳᠠ ᠪᠠ ᠲᠣᠭᠠᠨ ᠤ ᠣᠬᠠᠭᠠᠨ ᠤ ᠰᠣᠳᠣᠯᠬᠤ ᠬᠡᠯᠪᠡᠷᠢ ᠪᠠᠷ ᠬᠦᠳᠡᠯᠭᠡᠭᠡᠨ ᠤ ᠰᠣᠳᠣᠯᠣᠯᠭ᠎ᠠ ᠳᠤ ᠬᠠᠮᠤᠭ ᠠᠩᠬᠠᠨ ᠤ ᠰᠢᠨ᠎ᠡ ᠢᠯᠡᠷᠡᠬᠦᠯᠦᠯᠳᠡ ᠬᠢᠭᠰᠡᠨ ᠬᠦᠮᠦᠨ ᠪᠣᠯᠣᠨ᠎ᠠ᠃ ᠮᠦᠨ ᠲᠣᠬᠠᠢ ᠶᠢᠨ ᠦᠶ᠎ᠡ ᠶᠢᠨ ᠪᠣᠳᠣᠯᠭᠠᠳᠠᠳ ᠳᠣᠳᠣᠷ᠎ᠠ ᠲᠡᠷᠡ ᠪᠣᠯ ᠪᠠᠶᠢᠭᠠᠯᠢ ᠶᠢᠨ ᠵᠢᠮ᠎ᠡ ᠶᠣᠰᠣ ᠪᠣᠯ ᠲᠣᠭᠠᠨ ᠤ ᠣᠬᠠᠭᠠᠨ ᠤ ᠴᠢᠨᠠᠷᠳᠠᠢ ᠭᠡᠵ᠊ ᠤ ᠢᠯᠡ ᠲᠣᠲᠣᠷᠠᠬᠠᠢ ᠲᠣᠷᠠᠳᠣᠨ ᠭᠠᠷᠭᠠᠭᠰᠠᠨ ᠬᠦᠮᠦᠨ ᠮᠦᠨ᠃ ᠮᠦᠨᠴᠣ ᠲᠣᠭᠠᠨ ᠤ ᠣᠬᠠᠭᠠᠨ᠂ ᠣᠨᠣᠯ ᠤᠨ ᠹᠢᠽᠢᠺ ᠤᠨ ᠣᠬᠠᠭᠠᠨ᠂ ᠲᠣᠷᠰᠢᠯᠳᠠ ᠶᠢᠨ ᠹᠢᠽᠢᠺ ᠶᠢᠨ ᠣᠬᠠᠭᠠᠨ ᠤ ᠬᠤᠭᠤᠷᠣᠨᠳᠣᠬᠢ ᠭᠠᠶᠢᠬᠠᠮᠰᠢᠭᠳᠣ ᠬᠠᠷᠢᠴᠠᠭ᠎ᠠ ᠶᠢ ᠲᠡᠯᠭᠡᠵᠦ ᠴᠢᠳᠠᠭᠰᠠᠨ ᠬᠦᠮᠦᠨ ᠪᠣᠯ ᠭᠠᠯᠢᠯᠶᠣ᠋ · ᠭᠠᠯᠢᠯᠸᠢ ᠮᠦᠨ᠃ ᠭᠠᠯᠢᠯᠶᠣ᠋ · ᠭᠠᠯᠢᠯᠸᠢ ᠶᠢᠨ ᠰᠣᠳᠣᠯᠣᠯᠭ᠎ᠠ ᠨᠢ ᠰᠢᠨᠵᠢᠯᠡᠬᠦ ᠣᠬᠠᠭᠠᠨ ᠢ ᠬᠦᠨ ᠣᠬᠠᠭᠠᠨ ᠪᠠ ᠱᠠᠰᠢᠨ ᠰᠣᠷᠳᠠᠬᠤᠨ ᠠᠴᠠ ᠢᠯᠭᠠᠷᠠᠭᠤᠯᠵᠣ ᠭᠠᠷᠭᠠᠭᠰᠠᠨ ᠬᠦᠮᠦᠨ ᠪᠣᠯᠬᠤᠷ᠂ ᠬᠦᠮᠦᠨ ᠲᠦᠷᠦᠯᠬᠢᠳᠡᠨ ᠤ ᠦᠵᠡᠯ ᠰᠠᠨᠠᠭᠠᠨ ᠳᠤ ᠮᠠᠰᠢ ᠶᠡᠭᠡ ᠦᠰᠦᠷᠦᠯᠳᠡ ᠶᠢᠨ ᠴᠢᠨᠠᠷᠳᠠᠢ ᠠᠯᠬᠤᠮ ᠳᠠᠪᠰᠢᠯᠳᠠ ᠶᠢ ᠠᠪᠴᠢᠷᠠᠴᠣ ᠦᠭᠴᠡᠢ᠃ ᠭᠡᠶ᠎ᠡ ᠪᠠᠰᠠ ᠬᠦᠢᠴᠡᠳ ᠲᠠᠯ᠎ᠠ ᠴᠣ᠋ ᠪᠣᠢ ᠵᠢᠱᠢᠶᠡᠯᠡᠪᠡᠯ ᠲᠡᠭᠦᠨ ᠤ ᠲᠦᠯᠬᠢᠯᠳᠡ ᠲᠠᠲᠠᠷᠠᠯᠳᠠ ᠶᠢᠨ ᠣᠨᠣᠯ ᠨᠢ ᠶᠠᠭᠠᠬᠢᠭᠠᠳ ᠡᠳᠦᠷ ᠲᠤ ᠬᠤᠶᠠᠷ ᠣᠳᠠᠭ᠎ᠠ ᠢᠯᠡᠷᠡᠨ᠂ ᠠᠷᠪᠠᠨ ᠬᠤᠶᠠᠷ ᠴᠠᠭ ᠤᠨ ᠠᠯᠣᠰᠯᠠᠬᠤ ᠵᠠᠢ ᠲᠠᠢ ᠪᠣᠢ ᠭᠡᠳᠡᠭ ᠢ ᠵᠦᠪ ᠣᠨᠣᠪᠴᠢᠳᠠᠢ ᠬᠠᠷᠢᠭᠤᠯᠵᠣ ᠴᠢᠳᠠᠬᠤ ᠦᠭᠡᠢ ᠪᠠᠶᠢᠵᠠᠢ᠃ ᠣᠳᠣᠨ ᠣᠷᠣᠨ ᠤ ᠲᠠᠯ᠎ᠠ ᠶᠢᠨ ᠰᠣᠳᠣᠯᠣᠯᠭ᠎ᠠ ᠨᠢ ᠦᠩᠭᠡᠷᠡᠭᠰᠡᠨ ᠤ ᠠᠯᠢᠪᠠ ᠨᠢᠭᠡᠨ ᠡᠷᠳᠡᠮᠳᠡᠨ ᠠᠴᠠ ᠴᠣ᠋ ᠲᠠᠪᠠᠭᠰᠠᠨ ᠪᠠᠶᠢᠭ᠎ᠠ ᠶᠣᠮ᠃ ᠰᠣᠨᠢᠷᠬᠠᠯᠳᠠᠢ ᠨᠦᠬᠦᠳ ᠰᠦᠯᠵᠢᠶᠡᠨ ᠳᠤ ᠬᠤᠯᠪᠣᠭᠳᠠᠨ ᠦᠵᠡᠭᠡᠷᠡᠢ᠃ ᠹᠢᠽᠢᠺ ᠤᠨ ᠲᠠᠯ᠎ᠠ ᠶᠢᠨ ᠠᠮᠵᠢᠯᠳᠠ ᠪᠦᠳᠦᠭᠡᠯ ᠠᠴᠠ ᠭᠠᠭᠴᠠᠬᠠᠨ ᠵᠢᠱᠢᠶ᠎ᠡ ᠲᠣᠷᠠᠳᠣᠶ᠎ᠠ᠄ ᠲᠡᠭᠦᠨ ᠤ ᠰᠣᠳᠣᠯᠣᠯᠭᠠᠨ ᠤ ᠦᠷ᠎ᠡ ᠳ᠋ᠦᠩ ᠨᠢ ᠨᠢᠦ᠋ᠲ᠋ᠣᠨ ᠤ ᠬᠦᠳᠡᠯᠭᠡᠭᠡᠨ ᠤ ᠵᠢᠮ᠎ᠡ ᠬᠠᠣᠯᠢ ᠶᠢᠨ ᠨᠢᠭᠡᠳᠦᠭᠡᠷ ᠬᠤᠶᠠᠳᠣᠭᠠᠷ ᠵᠢᠮ᠎ᠡ ᠬᠠᠣᠯᠢ ᠳᠤ ᠪᠦᠷ ᠰᠡᠩᠭᠡᠷᠡᠬᠦᠯᠬᠦ ᠦᠢᠯᠡᠳᠦᠯ ᠦᠵᠡᠬᠦᠯᠵᠦ ᠪᠠᠶᠢᠵᠠᠢ᠃ ᠰᠢᠨᠵᠢᠯᠡᠬᠦ ᠣᠬᠠᠭᠠᠨ ᠪᠠ ᠦᠷᠦᠨᠡᠳᠡᠬᠢᠨ ᠤ ᠱᠠᠰᠢᠨ ᠤ ᠵᠦᠷᠢᠴᠡᠯ ᠢ ᠬᠦᠮᠦᠰ ᠪᠦᠷ ᠮᠡᠳᠡᠵᠦ ᠪᠠᠶᠢᠭ᠎ᠠ᠂ ᠱᠠᠰᠢᠨ ᠤ ᠲᠠᠯ᠎ᠠ ᠶᠢᠨ ᠬᠢᠨᠢ ᠵᠦᠪᠬᠡᠨ ᠭᠠᠯᠢᠯᠶᠣ᠋ · ᠭᠠᠯᠢᠯᠸᠢ ᠳᠤ ᠲᠠᠬᠢᠨ ᠲᠠᠪᠳᠠᠨ ᠨᠣᠳᠠᠯᠠᠯᠳᠠ ᠬᠢᠵᠦ ᠦᠭᠴᠦ ᠪᠠᠶᠢᠵᠠᠢ᠃ 1718 ᠣᠨ ᠳᠤ ᠱᠠᠰᠢᠨ ᠤ ᠬᠢᠨᠢ ᠭᠠᠯᠢᠯᠶᠣ᠋ · ᠭᠠᠯᠢᠯᠸᠢ ᠶᠢᠨ ᠵᠠᠷᠢᠮ ᠨᠣᠮ᠂ ︽ᠺᠯᠠᠣᠳᠢᠦ᠋ᠰ · ᠫᠲ᠋ᠣᠯᠧᠮᠢᠦ᠋ᠰ ︵Claudius Ptolemaeus︶ ᠪᠣᠯᠣᠨ ᠺᠣᠫᠧᠷᠨᠢᠺ ᠤᠨ ᠶᠠᠷᠢᠯᠴᠠᠭᠠᠨ︾ ᠢ ᠭᠠᠷᠭᠠᠪᠠᠯ ᠪᠣᠰᠣᠳ ᠨᠣᠮ ᠤᠨ ᠬᠡᠪᠯᠡᠭᠳᠡᠬᠦ ᠶᠢ ᠴᠠᠭᠠᠵᠢᠯᠠᠬᠤ ᠪᠠᠨ ᠪᠣᠯᠢᠨ᠎ᠠ ᠭᠡᠵᠦ ᠨᠡᠶᠢᠳᠡᠯᠡᠵᠡᠢ᠃ 1741 ᠣᠨ ᠳᠤ ᠱᠠᠰᠢᠨ ᠤ ᠬᠠᠭᠠᠨ ᠪᠧᠨ᠋ᠧᠳᠢᠺᠲ ᠠᠷᠪᠠᠨ ᠲᠦᠷᠪᠡᠳᠦᠭᠡᠷ ︵Benedict XIV᠂ 教宗本笃十四世︶ ᠵᠦᠪᠰᠢᠶᠡᠷᠡᠯ ᠣᠯᠭᠤᠨ ᠲᠡᠭᠦᠨ ᠤ ᠪᠣᠢ ᠪᠦᠬᠦᠢ ᠰᠢᠨᠵᠢᠯᠡᠬᠦ ᠣᠬᠠᠭᠠᠨ ᠤ ᠨᠣᠮ ᠲᠡᠪᠳᠡᠷ ᠢ ᠪᠦᠷ ᠬᠡᠪᠯᠡᠵᠦ ᠪᠣᠯᠣᠨ᠎ᠠ ᠭᠡᠵᠦ ᠵᠠᠷᠯᠠᠵᠠᠢ᠃ ᠭᠠᠯᠢᠯᠶᠣ᠋ · ᠭᠠᠯᠢᠯᠸᠢ ᠶᠢᠨ ᠭᠤᠣᠯ ᠪᠣᠯᠬᠤ ᠨᠣᠮ ᠵᠣᠬᠢᠶᠠᠯ ᠵᠢᠵᠢᠭ ᠲᠡᠩᠨᠡᠭᠦᠷ 《小天平》 (1586) ᠬᠦᠳᠡᠯᠭᠡᠭᠡᠨ ᠢ ᠦᠬᠦᠯᠡᠬᠦᠢ 《运动论》 (1590) ᠬᠦᠴᠦᠨ ᠤ ᠣᠬᠠᠭᠠᠨ 《力学》 (ca. 1600) ᠭᠠᠵᠠᠷ ᠵᠦᠢ ᠴᠡᠷᠢᠭ ᠤᠨ ᠶᠠᠪᠣᠳᠠᠯ ᠳᠤ ᠬᠡᠷᠡᠭᠯᠡᠬᠦ ᠭᠤᠷᠲᠢᠭ ᠢ ᠵᠠᠷᠣᠬᠤ ᠵᠦᠪᠯᠡᠮᠵᠢ 《地理军事两用圆规使用指南》(1606) ᠣᠳᠣᠨ ᠬᠤᠭᠤᠷᠣᠨᠳᠣᠬᠢ ᠡᠯᠴᠢ 《星际信使》 ︵1610︶ ᠰᠢᠩᠭᠡᠨ ᠪᠡᠶᠡᠲᠦ ᠶᠢᠨ ᠬᠦᠴᠦᠨ ᠤ ᠣᠬᠠᠭᠠᠨ 《流体力学》 (1612) ᠨᠠᠷᠠᠨ ᠤ ᠬᠠᠷ᠎ᠠ ᠲᠣᠯᠪᠤ ᠶᠢ ᠦᠬᠦᠯᠡᠬᠦ ᠨᠢ 《论太阳黑子》 (1613) ᠾᠸᠥ ᠬᠡᠷᠬᠢᠮᠳᠡᠨ ᠤ ᠬᠠᠳᠣᠨ ᠺᠷᠢᠰᠳᠢᠨᠠ ᠳᠤ ᠦᠭᠭᠦᠭᠰᠡᠨ ᠵᠠᠬᠢᠳᠠᠯ 《致大侯爵夫人克里斯蒂娜》(1615 — 1636) ᠲᠦᠯᠬᠢᠯᠳᠡ ᠲᠠᠳᠠᠷᠠᠯᠳᠠ ᠶᠢᠨ ᠲᠣᠬᠠᠢ 《论潮汐》 (1616 ) ᠱᠦᠬᠦᠷ ᠣᠳᠣᠨ ᠤ ᠲᠣᠬᠠᠢ 《论彗星》 (1619) ᠠᠯᠳᠠ ᠰᠢᠷᠭᠠᠭᠴᠢᠳ 《试金者》 (1623) ᠺᠯᠠᠣᠳᠢᠦ᠋ᠰ · ᠫᠲ᠋ᠣᠯᠧᠮᠢᠦ᠋ᠰ ᠪᠣᠯᠣᠨ ᠺᠣᠫᠧᠷᠨᠢᠺ ᠤᠨ ᠶᠠᠷᠢᠯᠴᠠᠭᠠᠨ ᠤ ᠲᠣᠬᠠᠢ 《关于托勒密和哥白尼两大世界体系的对话》(1632) ᠬᠤᠶᠠᠷ ᠵᠦᠢᠯ ᠤᠨ ᠰᠢᠨ᠎ᠡ ᠰᠢᠨᠵᠢᠯᠡᠬᠦ ᠣᠬᠠᠭᠠᠨ ᠤ ᠲᠣᠬᠠᠢ ᠵᠢᠴᠢ ᠲᠣᠭᠠᠨ ᠤ ᠣᠬᠠᠭᠠᠨ ᠤ ᠬᠤᠪᠢᠷᠠᠯ 《论两种新科学及其数学演化》(1638) ᠵᠡᠷᠭᠡ ᠣᠯᠠᠨ ᠨᠣᠮ ᠪᠣᠢ᠃ ᠪᠡᠯᠡᠳᠬᠡᠭᠰᠡᠨ ᠨᠢ᠄ ᠡᠷᠳᠡᠨᠢᠬᠦᠦᠨᠠᠶᠢᠷᠠᠭᠤᠯᠤᠭᠰᠠᠨ ᠨᠢ᠄ ᠨᠠᠮᠤᠷᠬᠢᠨᠠᠭᠰᠠᠨ ᠨᠢ᠄ ᠤᠷᠢᠬᠠᠨ
 
ᠢᠷᠡᠯᠲᠡ᠄ ᠲᠣᠰ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号