ᠬᠤᠶᠠᠳᠣᠭᠠᠷ ᠵᠠᠭᠤᠨ ᠤ ᠰᠢᠶᠠᠨᠪᠸᠢ ᠪᠣᠯᠣᠨ ᠡᠮᠦᠨᠡᠳᠦ ᠾᠦᠩᠨᠦ ᠤᠣᠬᠠᠨ ᠬ᠊
ᠨᠡᠶᠢᠲᠡᠯᠡᠭᠰᠡᠨ ᠴᠠᠭ᠄
2020/10/19
ᠲᠡᠭᠦᠨ ᠤ ᠰᠡᠬᠦᠯᠡᠷ ᠣᠮᠠᠷᠠᠳᠣ ᠾᠦᠩᠨᠦ ᠶᠢ ᠡᠮᠦᠨᠡᠳᠦ ᠾᠦᠩᠨᠦ ᠨᠡᠷ ᠲᠠᠬᠢᠨ ᠲᠠᠪᠳᠠᠨ ᠲᠣᠪᠳᠣᠯᠣᠨ ᠬᠤᠷᠣᠭᠠᠬᠤ  ᠠᠴᠠ ᠪᠣᠯᠵᠣ᠂ ᠶᠠᠪᠣᠬᠤ ᠲᠣᠲᠣᠮ ᠲᠣᠷᠣᠶᠢᠳᠠᠨ ᠪᠠᠭᠤᠷᠠᠵᠣ ᠪᠠᠶᠢᠳᠠᠯ᠎ᠠ᠂ ᠵᠠᠩ ᠾᠧ ᠶᠢᠨ ᠠᠩᠬ᠎ᠠ ᠣᠨ ︵87 ᠣᠨ︶ ᠵᠡᠬᠦᠨ ᠬᠣ᠋ ᠶᠢᠨ ᠦᠯᠡᠳᠡᠭᠳᠡᠯ ᠪᠦᠯᠦᠭ ᠪᠣᠯᠬᠤ ᠰᠢᠶᠠᠨᠪᠸᠢ ᠨᠡᠷ ᠣᠮᠠᠷᠠᠳᠣ ᠾᠦᠩᠨᠦ ᠶᠢᠨ ᠵᠡᠬᠦᠨ ᠠᠴᠠ ᠲᠣᠪᠳᠣᠯᠣᠨ ᠣᠷᠣᠵᠣ᠂ ᠶᠢᠥ ᠯᠢᠥ ︵優留︶ ᠴᠠᠨ ᠢᠥᠢ ᠶᠢ ᠠᠯᠠᠪᠠ᠃ ᠶᠠᠭ ᠡᠨᠡ ᠦᠶ᠎ᠡ ᠪᠠᠷ ᠲᠠᠬᠢᠨ ᠭᠠᠩ ᠭᠠᠴᠢᠭ ᠪᠠ ᠴᠠᠷᠴᠠᠬᠠᠢ ᠶᠢᠨ ᠭᠠᠮᠰᠢᠭ ᠡᠭᠦᠰᠴᠦ ᠨᠡᠩ ᠣᠯᠠᠨ ᠲᠣᠭᠠᠨ ᠤ ᠠᠷᠠᠳ ᠢᠷᠭᠡᠳ ᠨᠢ ᠠᠷᠭ᠎ᠠ ᠪᠣᠰᠣ ᠡᠮᠦᠨᠡᠳᠦ ᠾᠦᠩᠨᠦ ᠳᠤ ᠪᠠᠭᠤᠵᠣ ᠦᠭᠴᠡᠢ᠃ ᠶᠦᠩ ᠶᠣᠸᠠᠨ ᠤ ᠠᠩᠬ᠎ᠠ ᠣᠨ ︵ᠨᠡᠶᠢᠳᠡ ᠶᠢᠨ ᠣᠨ ᠲᠣᠭᠠᠯᠠᠯ ᠤᠨ 89 ᠣᠨ︶ ᠳᠤ ᠡᠮᠦᠨᠡᠳᠦ ᠾᠦᠩᠨᠦ ᠶᠢᠨ ᠰᠢᠥ ᠯᠠᠨ ᠱᠢ ᠵᠦ᠋ ᠾᠸᠥ ᠲᠢ ︵休蘭尸逐侯鞮᠂ ᠰᠠᠭᠤᠷᠢᠨ ᠳᠤ ᠪᠠᠶᠢᠭᠰᠠᠨ ᠴᠠᠭ ᠦᠶ᠎ᠡ ᠨᠢ᠄ 88 ᠣᠨ — 93 ᠣᠨ︶ ᠴᠠᠨ ᠢᠥᠢ ᠣᠮᠠᠷᠠᠳᠣ ᠾᠦᠩᠨᠦ ᠶᠢ ᠲᠠᠶᠢᠯᠠᠰᠣᠭᠠᠢ ᠬᠡᠮᠡᠨ ᠬᠤᠶᠢᠳᠣ ᠬᠠᠨ ᠣᠯᠣᠰ ᠤᠨ ᠪᠠᠷᠠᠭᠤᠨ ᠢ ᠲᠦᠪᠰᠢᠳᠭᠡᠬᠦ ᠶᠡᠭᠡ ᠵᠠᠩᠵᠣᠨ ᠭᠧᠩ ᠪᠢᠩ ᠪᠣᠯᠣᠨ ᠴᠧ ᠴᠢ ᠵᠠᠩᠵᠣᠨ ᠳ᠋ᠸᠥ ᠰᠢᠶᠠᠨ ᠲᠠᠢ ᠬᠠᠮᠳᠣ ᠪᠠᠷ ᠶᠡᠭᠡ ᠴᠡᠷᠢᠭ ᠲᠠᠶᠢᠴᠢᠯᠠᠨ᠂ ᠣᠮᠠᠷᠠᠳᠣ ᠾᠦᠩᠨᠦ ᠶᠢ ᠲᠠᠶᠢᠯᠠᠵᠠᠢ ᠃ ᠲᠡᠳᠡ ᠵᠢᠢ ᠯᠦᠸᠧ ᠱᠠᠨ ᠠᠭᠤᠯᠠᠨ᠎ᠠ ᠪᠠᠶᠢᠯᠳᠣᠵᠣ᠂ ᠣᠮᠠᠷᠠᠳᠣ ᠾᠦᠩᠨᠦ ᠶᠡᠬᠡᠪᠡᠷ ᠴᠡᠷᠢᠭ ᠲᠠᠷᠣᠭᠳᠠᠨ ᠪᠣᠷᠣᠭᠤᠯᠠᠪᠠ᠃ ᠲᠠᠷᠠᠭ᠎ᠠ ᠵᠢᠯ ᠨᠢ ᠲᠠᠷᠣᠢ 90 ᠣᠨ ᠳᠤ ᠰᠢᠥ ᠯᠠᠨ ᠱᠢ ᠵᠦ᠋ ᠾᠸᠥ ᠲᠢ ᠴᠠᠨ ᠢᠥᠢ ᠲᠠᠬᠢᠨ ᠬᠠᠨ ᠣᠯᠣᠰ ᠤᠨ ᠾᠦᠩᠨᠦ ᠳᠤ ᠳᠣᠮᠢᠯᠠᠭᠰᠠᠨ ᠵᠦᠩ ᠯᠠᠩ ᠵᠢᠶᠠᠩ ᠲᠦᠰᠢᠮᠡᠯ ᠭᠧᠩ ᠲᠠᠨ ᠲᠠᠢ ᠬᠠᠮᠳᠣ ᠪᠠᠷ ᠣᠮᠠᠷᠠᠳᠣ ᠾᠦᠩᠨᠦ ᠶᠢ ᠬᠡᠨᠡᠳᠳᠡᠭᠦᠯᠦᠨ ᠲᠣᠪᠳᠣᠯᠵᠠᠢ᠃ ᠲᠡᠭᠦᠨ ᠤ ᠲᠠᠷᠠᠭ᠎ᠠ ᠵᠢᠯ ᠨᠢ ᠪᠣᠯᠬᠤ 91 ᠣᠨ ᠳᠤ ᠬᠠᠨ ᠣᠯᠣᠰ  ᠤᠨ ᠪᠠᠷᠠᠭᠤᠨ ᠰᠢᠶᠣᠤ ᠸᠧᠢ ᠳᠦᠰᠢᠮᠡᠯ ᠪᠣᠯᠬᠤ ᠭᠧᠩ ᠺᠦᠢ ᠠᠯᠣᠰ ᠠᠶᠠᠨ ᠲᠠᠶᠢᠨ ᠢ ᠵᠢᠯᠣᠭᠤᠳᠣᠨ ᠣᠮᠠᠷᠠᠳᠣ ᠾᠦᠩᠨᠦ ᠶᠢ ᠲᠣᠪᠳᠣᠯᠵᠣ ᠲᠡᠶᠢᠯᠦᠭᠡᠳ᠂ ᠣᠮᠠᠷᠠᠳᠣ ᠾᠦᠩᠨᠦ ᠲᠠᠬᠢᠨ ᠬᠠᠨ ᠣᠯᠣᠰ ᠤᠨ ᠲᠡᠣᠬᠡᠨ ᠲᠠᠪᠴᠠᠩ ᠳᠤ ᠢᠯᠡᠷᠡᠭᠰᠡᠨ ᠦᠭᠡᠢ ᠪᠢᠯᠡ᠃ ᠵᠠᠷᠢᠮᠠᠳ ᠤᠨ ᠬᠡᠯᠡᠬᠦ ᠪᠠᠷ ᠲᠡᠭᠦᠨ ᠠᠴᠠ ᠰᠡᠭᠦᠯᠡᠷ ᠣᠮᠠᠷᠠᠳᠣ ᠾᠦᠩᠨᠦ ᠨᠡᠷ ᠺᠠᠩ ᠵᠢᠥᠢ ᠳᠤ ᠬᠦᠷᠴᠦ ᠶᠣᠸᠠᠢ ᠪᠠᠨ ᠬᠡᠮᠡᠬᠦ ᠪᠣᠯᠵᠠᠢ ᠭᠡᠳᠡᠭ᠂ ᠪᠠᠰᠠ ᠵᠠᠷᠢᠮ ᠨᠢ ᠲᠡᠳᠡᠨᠡᠷ ᠲᠣᠮᠳᠠᠳᠣ ᠠᠽᠢ ᠳᠤ ᠶᠠᠪᠣᠭᠰᠠᠨ ᡁᠢ ᡁᠢ ᠴᠠᠨ ᠢᠥᠢ ᠶᠢᠨ ᠬᠤᠶᠢᠴᠢᠰ ᠲᠠᠢ ᠨᠡᠶᠢᠯᠡᠵᠦ᠂ ᠲᠦᠷᠪᠡᠳᠦᠭᠡᠷ ᠵᠠᠭᠤᠨ ᠢᠶᠠᠷ ᠧᠦᠷᠣᠫᠠ ᠶᠢᠨ ᠲᠡᠣᠬᠡᠨ᠎ᠡ ᠢᠯᠡᠷᠡᠭᠰᠡᠨ ᠾᠦᠨ ᠬᠦᠷᠦᠨ ᠪᠣᠯᠵᠠᠢ ᠭᠡᠳᠡᠭ ᠴᠣ᠋ ᠪᠣᠢ᠃ ᠪᠡᠯᠡᠳᠬᠡᠭᠰᠡᠨ ᠨᠢ᠄ ᠡᠷᠳᠡᠨᠢᠬᠦᠦᠨᠠᠶᠢᠷᠠᠭᠤᠯᠤᠭᠰᠠᠨ ᠨᠢ᠄ ᠨᠠᠮᠤᠷᠬᠢᠨᠠᠭᠰᠠᠨ ᠨᠢ᠄ ᠤᠷᠢᠬᠠᠨ
 
ᠢᠷᠡᠯᠲᠡ᠄ ᠲᠣᠰ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号