ᠾᠦᠩᠨᠦ ᠶᠢᠨ ᠣᠯᠣᠰ ᠲᠦᠷᠦ ᠶᠢᠨ ᠲᠣᠭᠳᠠᠯᠴᠠᠭ᠎ᠠ ᠤᠣᠬᠠᠨ ᠬ᠊
ᠨᠡᠶᠢᠲᠡᠯᠡᠭᠰᠡᠨ ᠴᠠᠭ᠄
2020/10/19
ᠾᠦᠩᠨᠦ ᠶᠢᠨ ᠬᠠᠮᠤᠭ ᠶᠡᠭᠡ ᠨᠣᠶᠠᠨ ᠨᠢ ᠴᠠᠨ ᠢᠥᠢ ᠪᠣᠯᠣᠨ᠎ᠠ᠃ ᠴᠠᠨ ᠢᠥᠢ ᠶᠢᠨ ᠰᠢᠭᠤᠳ ᠡᠵᠡᠮᠰᠢᠯ ᠨᠣᠳᠤᠭ  ᠨᠢ ᠶᠠᠭ ᠰᠠᠶᠢᠬᠠᠨ ᠳᠣᠮᠳᠠᠳᠣ ᠣᠯᠣᠰ ᠤᠨ ᠳ᠋ᠠᠢ ᠵᠢᠶᠦ᠋ᠨ ᠪᠠ ᠶᠦᠨ ᠵᠦᠩ ᠤᠨ ᠠᠰ ᠠᠷᠣ ᠳᠤ ᠪᠠᠶᠢᠷᠢᠯᠠᠵᠣ ᠪᠠᠶᠢᠭ᠎ᠠ ᠮᠣᠩᠭᠤᠯ ᠤᠨ ᠦᠨᠳᠦᠷᠯᠢᠭ ᠲᠤ ᠪᠠᠶᠢᠨ᠎ᠠ᠃ ᠴᠠᠨ ᠢᠥᠢ ᠶᠢᠨ ᠲᠣᠣᠷ᠎ᠠ ᠪᠠᠰᠠ ᠲᠤ ᠴᠢ ᠸᠠᠩ ᠭᠡᠵᠦ ᠪᠣᠢ᠃ ᠬᠢᠳᠠᠳ ᠢᠶᠠᠷ ᠮᠡᠷᠭᠡᠨ ᠸᠠᠩ ᠭᠡᠳᠡᠭ ᠣᠳᠬ᠎ᠠ ᠲᠠᠢ ᠠᠵᠠᠢ᠃ ︵屠 耆王᠂ ᠣᠳᠣ ᠪᠣᠯ ᠡᠨᠡ ᠬᠤᠶᠠᠷ ᠦᠰᠦᠭ ᠢ ᠲᠤ ᠴᠢ ᠭᠡᠵᠦ ᠣᠩᠰᠢᠨ᠎ᠠ᠂ ᠲᠡᠭᠦᠨ ᠤ ᠲᠦᠷᠦᠭᠦᠥ ᠦᠰᠦᠭ ᠢ ᠨᠢ ᠪᠠᠰᠠ 广韵 ᠭᠡᠳᠡᠭ ᠬᠢᠳᠠᠳ ᠲᠣᠯᠢ ᠪᠢᠴᠢᠭ ᠲᠤ 直渔切 ᠭᠡᠵᠦ ᠲᠠᠶᠢᠯᠪᠣᠷᠢᠯᠠᠵᠣ ᠪᠣᠢ᠂ ᠲᠠᠷᠣᠢ 直 ᠶᠢᠨ ᠲᠡᠷᠢᠭᠦᠨ ᠤ ᠭᠡᠶᠢᠭᠦᠯᠦᠭᠴᠢ ᠪᠠ 渔 ᠶᠢᠨ ᠬᠤᠶᠢᠨᠠᠬᠢ ᠡᠭᠡᠰᠢᠭ ᠢᠶᠠᠷ ᠣᠩᠰᠢᠨ᠎ᠠ ᠭᠡᠵᠦ ᠪᠣᠢ᠃ ᠲᠡᠭᠡᠪᠡᠯ ᠡᠨᠡᠬᠦ ᠦᠰᠦᠭ ᠢ ᠲᠤ ᠭᠡᠵᠦ ᠣᠩᠰᠢᠬᠤ ᠪᠠᠷ ᠪᠠᠷᠠᠬᠤ ᠦᠭᠡᠢ ᠪᠠᠰᠠ ᠵᠦ᠋ ᠪᠣᠶᠣ ᠵᠢᠥᠢ ᠲᠠᠢ ᠣᠶᠢᠷᠠᠯᠴᠠᠭ᠎ᠠ ᠠᠪᠢᠶ᠎ᠠ ᠪᠠᠷ ᠣᠩᠰᠢᠵᠣ ᠪᠣᠯᠣᠨ᠎ᠠ ᠭᠡᠰᠡᠨ ᠦᠭᠡ ᠮᠦᠨ᠃ ᠲᠡᠭᠡᠪᠡᠯ ᠡᠨᠡᠬᠦ ᠬᠤᠶᠠᠷ ᠦᠰᠦᠭ ᠢ ᠪᠠᠰᠠ ᠵᠦᠴᠢ ᠭᠡᠵᠦ ᠣᠩᠰᠢᠵᠣ ᠪᠣᠯᠣᠨ᠎ᠠ ᠭᠡᠰᠡᠨ ᠦᠭᠡ ᠪᠣᠯᠵᠠᠢ᠃ ᠬᠠᠷᠢᠨ ᠢᠩᠬᠢᠵᠦ ᠣᠩᠰᠢᠬᠤ ᠨᠢ ᠲᠡᠭᠦᠨ ᠤ ᠵᠦᠪ ᠠᠪᠢᠶᠠᠯᠠᠯᠭ᠎ᠠ ᠪᠣᠯᠣᠯᠳᠠᠢ ᠭᠡᠵᠦ ᠪᠢ ᠪᠣᠳᠣᠵᠣ ᠪᠠᠶᠢᠨ᠎ᠠ᠃ ᠵᠦᠴᠢ ᠭᠡᠰᠡᠨ ᠦᠭᠡ ᠨᠢ ᠬᠤᠵᠢᠮ ᠤᠨ ᠰᠡᠴᠢᠨ ᠭᠡᠳᠡᠭ ᠣᠳᠬ᠎ᠠ ᠲᠠᠢ ᠦᠭᠡ ᠪᠣᠯᠬᠤ ᠶᠣᠮ᠂ ᠦᠭᠡᠷ᠎ᠡ ᠪᠡᠷ᠎ᠡ ᠪᠠᠰᠠ ᠮᠡᠷᠭᠡᠨ ᠬᠡᠳᠡᠭ ᠣᠳᠬ᠎ᠠ ᠲᠠᠢ ᠦᠭᠡ ᠪᠣᠯᠣᠨ᠎ᠠ᠂ ᠮᠡᠷᠭᠡᠨ ᠭᠡᠳᠡᠭ ᠦᠭᠡ ᠪᠣᠯ ᠡᠷᠳᠡᠨ ᠦᠶ᠎ᠡ ᠳᠡᠭᠡᠨ ᠣᠨᠣᠪᠴᠢᠳᠠᠢ ᠭᠡᠳᠡᠭ ᠣᠳᠬ᠎ᠠ ᠲᠠᠢ᠂ ᠲᠠᠷᠣᠢ ᠨᠣᠮᠣ ᠬᠠᠷᠪᠣᠬᠤ ᠳᠠᠭᠠᠨ ᠮᠡᠷᠭᠡᠨ ᠭᠡᠳᠡᠭ ᠠᠴᠠ ᠢᠷᠡᠯᠳᠡ ᠲᠠᠢ ᠦᠭᠡ ᠪᠣᠯᠣᠨ᠎ᠠ᠃ ᠴᠢᠩᠬᠢᠰ ᠬᠠᠭᠠᠨ ᠤ ᠠᠬᠠᠮᠠᠳ ᠬᠦᠪᠡᠭᠦᠨ ᠵᠦᠴᠢ ᠪᠣᠯ ᠲᠠᠷᠣᠢ ᠡᠶᠢᠮᠦ ᠨᠡᠷ᠎ᠡ ᠲᠠᠢ ᠪᠢᠯᠡ᠃ ᠨᠢᠭᠤᠴᠠ ᠲᠣᠪᠴᠢᠶᠠᠨ ᠳᠤ ᠵᠦᠴᠢ ᠭᠡᠳᠡᠭ ᠨᠡᠷ᠎ᠡ ᠦᠭᠡ ᠶᠡᠬᠡᠯ᠎ᠡ ᠢᠳᠡᠪᠬᠢᠳᠡᠢ ᠬᠡᠷᠡᠭᠯᠡᠭᠳᠡᠵᠦ ᠪᠠᠶᠢᠵᠠᠢ᠃ ᠵᠢᠱᠢᠶᠠᠯᠠᠪᠠᠯ ᠵᠦᠴᠢ ᠬᠠᠰᠠᠷ᠂ ᠵᠦᠴᠢ ᠲᠠᠷᠮᠠᠯᠠ ᠵᠡᠷᠭᠡ ᠮᠡᠳᠦ᠃ ᠠᠳᠡ ᠲᠠᠬᠢᠨ ᠲᠠᠪᠳᠠᠬᠤ ᠨᠢ ᠲᠤ ᠴᠢ ᠶᠢ ᠵᠦᠴᠢ ᠭᠡᠵᠦ ᠣᠩᠰᠢᠨ᠂ ᠵᠦᠴᠢ ᠪᠣᠯ ᠮᠡᠷᠭᠡᠨ ᠭᠡᠰᠡᠨ ᠣᠳᠬ᠎ᠠ ᠲᠠᠢ ᠦᠭᠡ ᠭᠡᠵᠦ ᠲᠠᠪᠳᠠᠨ ᠦᠬᠦᠯᠡᠶ᠎ᠡ᠃ ᠶᠠᠭ ᠡᠶᠢᠮᠦ ᠠᠴᠠ ᠬᠢᠳᠠᠳ ᠲᠡᠣᠬᠡᠨ ᠨᠣᠮ ᠴᠣ᠋ ᠲᠡᠬᠦᠨ ᠤ ᠮᠡᠷᠭᠡᠨ ᠭᠡᠳᠡᠭ ᠣᠳᠬ᠎ᠠ ᠶᠢ ᠲᠠᠪᠬᠤᠷ ᠭᠡᠷᠡᠴᠢᠯᠡᠵᠦ ᠪᠠᠶᠢᠭ᠎ᠠ ᠶᠣᠮ᠃ ᠲᠠᠷᠣᠢ ᠲᠤ ᠴᠢ ᠸᠠᠩ ᠢᠶᠠᠨ ᠮᠡᠷᠭᠡᠨ ᠸᠠᠩ ᠭᠡᠳᠡᠭ ᠭᠡᠵᠦ ᠲᠡᠣᠬᠡᠨ ᠨᠣᠮ ᠳᠤ ᠲᠡᠮᠳᠡᠭᠯᠡᠯᠳᠡᠢ ᠪᠠᠶᠢᠭ᠎ᠠ᠃ ᠲᠠᠬᠢᠨ ᠦᠬᠦᠯᠡᠪᠡᠯ ᠪᠢᠳᠡ ᠾᠦᠩᠨᠦ ᠶᠢᠨ ᠦᠭᠡ ᠬᠡᠯᠡ ᠶᠢ ᠮᠡᠳᠡᠬᠦ ᠦᠭᠡᠢ ᠪᠣᠯᠵᠠᠢ᠃ ᠠᠷᠪᠠᠨ ᠭᠤᠷᠪᠠᠳᠣᠭᠠᠷ ᠵᠠᠭᠤᠨ ᠤ ᠦᠶ᠎ᠡ ᠶᠢᠨ ᠮᠣᠩᠭᠤᠯᠴᠣᠳ ᠲᠤ ᠠᠪᠴᠣ ᠬᠡᠯᠡᠪᠡᠯ ᠾᠦᠩᠨᠦ ᠶᠢᠨ ᠦᠭᠡ ᠬᠡᠯᠡ ᠦᠩᠭᠡᠷᠡᠥ ᠬᠤᠯᠠ ᠶᠢᠨ ᠬᠡᠷᠡᠭ ᠪᠢᠰᠢ ᠪᠣᠯᠬᠤᠷ ᠮᠣᠩᠭᠤᠯᠴᠣᠳ ᠪᠦᠷ ᠲᠡᠭᠦᠨ ᠢ ᠣᠶᠢᠯᠭᠠᠳᠠᠭ ᠪᠠᠶᠢᠭᠰᠠᠨ ᠪᠣᠯᠣᠯᠳᠠᠢ᠂ ᠶᠠᠭ ᠡᠶᠢᠮᠦ ᠠᠴᠠ ᠲᠡᠷᠡ ᠦᠶ᠎ᠡ ᠶᠢᠨ ᠮᠣᠩᠭᠤᠯ ᠬᠦᠮᠦᠰ ᠤᠨ ᠲᠣᠮᠳᠠ ᠾᠦᠩᠨᠦ ᠶᠢᠨ ᠦᠶ᠎ᠡ ᠬᠦᠮᠦᠨ ᠤ ᠨᠡᠷ᠎ᠡ ᠪᠠᠷ ᠦᠪᠡᠷ ᠢ ᠪᠠᠨ ᠨᠡᠷᠡᠯᠡᠬᠦ ᠦᠵᠡᠭᠳᠡᠯ ᠴᠦᠬᠡᠨ ᠦᠭᠡᠢ ᠪᠠᠶᠢᠵᠠᠢ᠃ ᠵᠢᠱᠢᠶᠡᠯᠡᠪᠡᠯ ᠵᠦᠴᠢ᠂ ᠬᠦᠶᠦᠭ᠂ ᠵᠢᠴᠢ ᠴᠠᠨ ᠢᠥᠢ ᠭᠡᠳᠡᠭ ᠨᠢ ᠴᠢᠩᠬᠢᠰ ᠭᠡᠰᠡᠨ ᠦᠭᠡ᠂ ᠮᠣᠳᠣᠨ ᠭᠡᠰᠡᠨ ᠦᠭᠡ ᠨᠢ ᠪᠣᠭᠳᠠ ᠭᠡᠰᠡᠨ ᠦᠭᠡ ᠭᠡᠵᠦ ᠶᠠᠫᠣᠨ ᠤ ᠡᠷᠳᠡᠮᠳᠡᠨ ᠰᠢᠷᠠᠲ᠋ᠣᠷᠢ ᠺᠢᠷᠠᠺᠦᠴᠢ ᠵᠦᠪ ᠨᠣᠳᠠᠯᠠᠵᠣ ᠦᠩᠭᠡᠷᠡᠭᠰᠡᠨ ᠪᠢᠯᠡ᠃ ᠡᠬᠦᠨ ᠠᠴᠠ ᠣᠨᠳᠣᠥ ᠪᠠᠰᠠ ᠣᠯᠠᠨ ᠵᠦᠢᠯ ᠠᠮᠣᠢ᠃ ᠨᠦᠬᠦᠴᠡᠯ ᠪᠦᠷᠢᠳᠴᠦ ᠵᠠᠪ ᠲᠠᠢ ᠪᠣᠯᠣᠭᠰᠠᠭᠠᠷ ᠡᠨᠡ ᠲᠠᠯ᠎ᠠ ᠪᠠᠷ ᠾᠦᠩᠨᠦ ᠶᠢᠨ ᠦᠭᠡ ᠶᠢ ᠲᠣᠷᠰᠢᠨ ᠲᠠᠶᠢᠯᠪᠣᠷᠢᠯᠠᠬᠤ ᠰᠠᠨᠠᠭ᠎ᠠ  ᠲᠠᠢ ᠪᠠᠨ ᠬᠡᠯᠡᠶ᠎ᠡ᠃︶ ᠯᠥ᠋ ᠯᠢ ᠸᠠᠩ ︵谷蠡王᠂ ᠦᠷᠯᠢᠭ = ᠦᠷᠯᠦᠭ︶᠂ ᠶᠡᠭᠡ ᠵᠠᠩᠵᠣᠨ᠂ ᠶᠡᠭᠡ ᠳ᠋ᠦ᠋ ᠸᠧᠢ᠂ ᠶᠡᠭᠡ ᠳ᠋ᠠᠩ ᠬᠣ᠋᠂ ᠬᠤᠳᠣᠬᠤ ᠵᠡᠷᠭᠡ ᠪᠠᠷ ᠨᠡᠷᠡᠯᠡᠳᠡᠭ ᠨᠣᠶᠠᠨ ᠵᠡᠷᠭᠡ ᠪᠠᠶᠢᠮᠣᠢ᠂ ᠡᠳᠡᠭᠡᠷ ᠨᠣᠶᠠᠳ ᠨᠢ ᠪᠦᠷ ᠵᠡᠬᠦᠨ ᠪᠠᠷᠠᠭᠤᠨ ᠬᠤᠪᠢᠶᠠᠨ ᠳᠣᠰ ᠪᠦᠷᠢ ᠶᠢᠨ ᠡᠵᠡᠮᠰᠢᠯ ᠨᠣᠳᠤᠭ ᠪᠠ ᠴᠡᠷᠢᠭ ᠠᠷᠠᠳ ᠲᠠᠢ᠃ ᠶᠡᠭᠡ ᠨᠣᠶᠠᠳ  ᠨᠢ ᠪᠦᠷ ᠦᠶ᠎ᠡ ᠣᠯᠠᠷᠢᠨ ᠵᠠᠯᠭᠠᠮᠵᠢᠯᠠᠵᠣ᠂ ᠬᠣ᠋ ᠶᠠᠨ ᠣᠪᠣᠭ ᠯᠠᠨ ᠣᠪᠣᠭ᠂ ᠲᠡᠭᠦᠨ ᠤ ᠬᠤᠵᠢᠮ ᠤᠨ ᠰᠢᠥᠢ ᠪᠦ᠋ ᠣᠪᠣᠭᠳᠠᠨ ᠵᠡᠷᠭᠡ ᠭᠤᠷᠪᠠᠨ ᠣᠪᠣᠭᠳᠠᠨ ᠪᠣᠯ ᠾᠦᠩᠨᠦ ᠶᠢᠨ ᠢᠵᠠᠭᠤᠷᠳᠠᠨ ᠣᠪᠣᠭᠳᠠᠨ ᠪᠣᠯᠬᠤ ᠶᠣᠮ ᠭᠡᠵᠡᠢ᠃ ᠵᠡᠬᠦᠨ ᠡᠳᠡᠭᠡᠳ ᠤᠨ ᠸᠠᠩ ᠵᠠᠩᠵᠣᠨ ᠨᠡᠷ ᠨᠢ ᠵᠡᠬᠦᠨ ᠵᠦᠭ ᠲᠤ ᠢ ᠰᠠᠭᠤᠨ᠂ ᠱᠠᠩᠭᠦ᠋ ᠵᠢᠶᠦ᠋ᠨ ᠠᠴᠠ ᠵᠡᠬᠦᠨᠰᠢ ᠨᠣᠳᠤᠭ ᠢ ᠡᠵᠡᠯᠡᠨ᠂ ᠾᠦᠢ ᠾᠧ ᠪᠠ ᠰᠣᠯᠣᠩᠭᠤᠰ ᠲᠠᠢ ᠬᠢᠯᠢ ᠵᠠᠯᠭᠠᠵᠣ ᠪᠣᠢ᠃ ᠪᠠᠷᠠᠭᠤᠨ ᠡᠳᠡᠭᠡᠳ ᠤᠨ ᠸᠠᠩ ᠵᠠᠩᠵᠣᠨ ᠨᠡᠷ ᠨᠢ ᠪᠠᠷᠠᠭᠤᠨ ᠵᠦᠭ ᠲᠤ ᠰᠠᠭᠤᠨ᠂ ᠱᠠᠩᠭᠦ᠋ ᠵᠢᠶᠦ᠋ᠨ ᠠᠴᠠ ᠪᠠᠷᠠᠭᠤᠨᠰᠢ ᠨᠣᠳᠤᠭ ᠢ ᠡᠵᠡᠯᠡᠨ᠂ ᠷᠸᠥᠽᠢ᠂ ᠳ᠋ᠢ᠂ ᠴᠢᠶᠠᠩ ᠵᠡᠷᠭᠡ ᠶᠢᠨ ᠣᠯᠠᠭᠤᠯᠠ ᠲᠠᠢ ᠬᠢᠯᠢ ᠵᠠᠯᠭᠠᠯᠳᠣᠵᠣ ᠠᠮᠣᠢ᠃ ᠵᠡᠬᠦᠨ ᠪᠠᠷᠠᠭᠤᠨ ᠮᠡᠷᠭᠡᠨ ᠸᠠᠩ ᠪᠠ ᠵᠡᠬᠦᠨ ᠪᠠᠷᠠᠭᠤᠨ ᠯᠦ᠋ ᠯᠢ ᠸᠠᠩ ᠤᠨ ᠡᠵᠡᠮᠰᠢᠯ ᠨᠣᠳᠤᠭ ᠨᠢ ᠬᠠᠮᠤᠭ ᠶᠡᠭᠡ᠂ ᠵᠡᠬᠦᠨ ᠪᠠᠷᠠᠭᠤᠨ ᠬᠤᠳᠣᠬᠤ ᠨᠢ ᠣᠯᠣᠰ ᠲᠦᠷᠦ ᠳᠤ ᠳᠣᠰᠠᠯᠠᠵᠣᠬᠤᠢ᠃ ᠵᠡᠬᠦᠨ ᠪᠠᠷᠠᠭᠤᠨ ᠮᠡᠷᠭᠡᠨ ᠸᠠᠩ ᠠᠴᠠ ᠳ᠋ᠠᠩ ᠢᠥᠢ ᠳᠤ ᠬᠦᠷᠳᠡᠯ᠎ᠡ ᠣᠯᠠᠨ ᠠᠨᠣ ᠲᠦᠮᠡᠨ ᠢᠯᠡᠬᠦᠥ ᠴᠡᠷᠢᠭ ᠮᠣᠷᠢ ᠲᠠᠢ᠂ ᠴᠦᠬᠡᠨ ᠨᠢ ᠴᠣ᠋ ᠬᠡᠳᠦᠨ ᠮᠢᠩᠭᠠᠨ ᠴᠡᠷᠢᠭ ᠮᠣᠷᠢ ᠲᠠᠢ ᠠᠵᠠᠢ᠃ ᠪᠦᠬᠦ ᠨᠣᠶᠠᠳ ᠨᠢ ᠡᠶᠢᠮᠦᠷᠬᠦ ᠬᠤᠷᠢᠨ ᠲᠦᠷᠪᠡᠨ ᠬᠦᠮᠦᠨ ᠤ ᠪᠦᠯᠬᠦᠮ ᠤᠨ ᠴᠢᠭᠤᠯᠭᠠᠨ ᠲᠠᠷᠤᠭ᠎ᠠ ᠠᠵᠣ᠂ ︽ᠲᠦᠮᠡᠨ ᠤ ᠨᠣᠶᠠᠨ︾ ᠬᠡᠮᠡᠭᠳᠡᠭᠴᠢ ᠪᠠᠷ ᠪᠦᠷᠢᠯᠳᠦᠵᠡᠢ᠃ ᠲᠡᠳᠡᠭᠡᠷ ᠲᠤ ᠲᠣᠰᠪᠣᠷᠢ ᠮᠢᠩᠭᠠᠨ ᠤ ᠨᠣᠶᠠᠨ ᠵᠠᠭᠤᠨ ᠤ ᠨᠣᠶᠠᠨ ᠠᠷᠪᠠᠨ ᠤ ᠨᠣᠶᠠᠨ ᠵᠡᠷᠭᠡ ᠪᠠᠨ ᠲᠣᠮᠢᠯᠠᠬᠤ ᠡᠷᠬᠡ ᠲᠠᠢ ᠪᠠᠰᠠ ᠵᠢᠵᠢᠭ ᠸᠠᠩ ᠨᠡᠷ ᠪᠠ ᠴᠧᠩᠰᠢᠶᠠᠩ᠂ ᠳ᠋ᠦ᠋ ᠸᠧᠢ᠂ ᠳ᠋ᠠᠩᠬᠤ ᠴᠢᠥᠢ ᠴᠢᠥᠢ ᠵᠡᠷᠭᠡ ᠶᠢᠨ ᠠᠯᠪᠠᠨ ᠲᠣᠰᠢᠶᠠᠯᠳᠠᠨ ᠲᠠᠢ ᠠᠵᠣᠭᠤ᠃ ᠵᠢᠯ ᠪᠦᠷᠢ ᠶᠢᠨ ᠴᠠᠭᠠᠨ ᠰᠠᠷ᠎ᠠ  ᠳᠤ ᠡᠯᠡ ᠲᠦᠷᠦᠭᠦᠴᠦᠳ ᠨᠢ ᠴᠠᠨ ᠢᠥᠢ ᠶᠢᠨ ᠣᠷᠳᠣᠨ ᠳᠤ ᠪᠠᠭ᠎ᠠ ᠬᠤᠷᠠᠯᠳᠠ ᠬᠤᠷᠠᠵᠣ᠂ ᠲᠠᠬᠢᠯᠭ᠎ᠠ ᠲᠠᠯᠪᠢᠮᠣᠢ᠃ ᠲᠠᠪᠣᠨ ᠰᠠᠷ᠎ᠠ ᠳᠤ ᠯᠦᠩ ᠴᠧᠩ ᠳᠤ ᠶᠡᠬᠡᠪᠡᠷ ᠬᠤᠷᠠᠨ᠂ ᠣᠷᠢᠳᠣᠰ ᠲᠡᠭᠡᠳᠦᠰ᠂ ᠲᠡᠭᠷᠢ ᠭᠠᠵᠠᠷ ᠪᠠ ᠨᠠᠪᠳᠠᠭ ᠰᠢᠪᠳᠠᠭ ᠢᠶᠠᠨ ᠲᠠᠬᠢᠨ᠎ᠠ᠃ ᠨᠠᠮᠣᠷ ᠠᠭᠳᠠ ᠳᠠᠷᠭᠤᠯᠠᠭᠰᠠᠭᠠᠷ ᠳ᠋ᠠᠢ ᠯᠢᠨ ᠳᠤ ᠶᠡᠬᠡᠪᠡᠷ ᠬᠤᠷᠠᠯᠳᠣᠵᠣ᠂ ᠠᠷᠠᠳ ᠢᠷᠭᠡᠳ ᠠᠳᠣᠭᠤ ᠮᠠᠯ ᠢᠶᠠᠨ ᠪᠦᠷᠢᠳᠭᠡᠵᠦ᠂ ᠭᠠᠶᠢᠯᠢ ᠭᠤᠪᠴᠢᠭᠤᠷ ᠲᠠᠳᠠᠨ᠎ᠠ᠃ ᠰᠢᠨ᠎ᠡ ᠴᠠᠨ ᠢᠥᠢ ᠶᠢ ᠴᠣ᠋ ᠶᠡᠭᠡ ᠬᠤᠷᠠᠯᠳᠠᠢ ᠪᠠᠷ ᠰᠣᠩᠭᠤᠨ ᠲᠣᠭᠳᠠᠭᠠᠮᠣᠢ᠃ ᠪᠡᠯᠡᠳᠬᠡᠭᠰᠡᠨ ᠨᠢ᠄ ᠡᠷᠳᠡᠨᠢᠬᠦᠦᠨᠠᠶᠢᠷᠠᠭᠤᠯᠤᠭᠰᠠᠨ ᠨᠢ᠄ ᠨᠠᠮᠤᠷᠬᠢᠨᠠᠭᠰᠠᠨ ᠨᠢ᠄ ᠤᠷᠢᠬᠠᠨ
 
ᠢᠷᠡᠯᠲᠡ᠄ ᠲᠣᠰ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号