ᠾᠦᠩᠨᠦ ᠶᠢᠨ ᠡᠮᠦᠨ᠎ᠡ ᠣᠮᠠᠷ᠎ᠠ ᠬᠤᠶᠠᠷ ᠬᠤᠪᠢᠶᠠᠭᠳᠠᠭᠰᠠᠨ ᠨᠢᠤᠣᠬᠠᠨ ᠬ᠊
ᠨᠡᠶᠢᠲᠡᠯᠡᠭᠰᠡᠨ ᠴᠠᠭ᠄
2020/10/19
ᠾᠦᠩᠨᠦ ᠶᠢᠨ ᠲᠦᠷᠢᠮᠡᠬᠡᠶᠢᠯᠡᠯ ᠡᠳᠦᠷ ᠢᠷᠡᠬᠦᠶ᠎ᠡ ᠰᠢᠷᠦᠭᠦᠰᠴᠦ ᠪᠠᠶᠢᠪᠠᠴᠣ᠂ ᠫᠦ᠋ ᠨᠦ᠋ ︵︶ ᠴᠠᠨ ᠢᠥᠢ ᠶᠢᠨ ᠰᠠᠭᠤᠷᠢᠨ ᠳᠤ ᠭᠠᠷᠣᠭᠰᠠᠨ ᠠᠴᠠ ᠢᠨᠠᠭᠰᠢ ᠾᠦᠩᠨᠦ ᠶᠢᠨ ᠣᠯᠣᠰ ᠳᠣᠳᠣᠷ᠎ᠠ ᠭᠠᠩ ᠭᠠᠴᠢᠭ ᠪᠣᠯᠵᠣ᠂ ᠴᠠᠷᠴᠠᠬᠠᠢ  ᠶᠢᠨ ᠭᠠᠮᠰᠢᠭ ᠴᠣ᠋ ᠦᠷᠨᠢᠨ᠂ ᠦᠯᠦᠰᠭᠦᠯᠡᠩ ᠲᠠᠪᠬᠤᠴᠠᠨ ᠠᠷᠠᠳ ᠢᠷᠭᠡᠳ ᠤᠨ ᠭᠤᠷᠪᠠᠨ ᠤ ᠬᠤᠶᠠᠷ ᠨᠢ ᠬᠤᠷᠣᠭᠳᠠᠯᠤᠭ᠎ᠠ᠃ ᠴᠠᠨ ᠢᠥᠢ ᠫᠦ᠋ ᠨᠦ᠋ ᠡᠨᠡᠬᠦ ᠵᠠᠪᠰᠢᠶᠠᠨ ᠢᠶᠠᠷ ᠬᠠᠨ ᠣᠯᠣᠰ ᠲᠣᠪᠳᠣᠯᠣᠨ ᠢᠷᠡᠬᠦ ᠠᠴᠠ ᠪᠣᠯᠭᠤᠮᠵᠢᠯᠠᠨ᠂ ᠲᠡᠭᠦᠨ ᠲᠠᠢ ᠨᠠᠶᠢᠷᠠᠮᠳᠠᠬᠤ ᠪᠠᠷ ᠡᠯᠴᠢ ᠢᠯᠡᠭᠡᠨ ᠢᠥᠢ ᠶᠠᠩ ᠳᠤ ᠬᠦᠷᠴᠦ ᠪᠠᠶᠢᠵᠠᠢ᠃ ᠲᠣᠬᠠᠢ ᠶᠢᠨ ᠦᠶ᠎ᠡ ᠳᠤ ᠪᠠᠷᠠᠭᠤᠨ ᠢᠥᠢ ᠵᠢᠶᠠᠨ ᠿᠢ ᠵᠦ᠋ ᠸᠠᠩ ︵右薁鞬日逐王︶ ᠪᠢ ᠬᠡᠮᠡᠭᠴᠢ ᠨᠢ ᠡᠮᠦᠨᠡᠳᠦ ᠡᠳᠡᠭᠡᠳ ᠤᠨ ᠨᠠᠢᠮᠠᠨ ᠶᠡᠭᠡ ᠠᠶᠢᠮᠠᠭ ᠤᠨ ᠶᠡᠬᠡᠰ ᠤᠳ ᠲᠤ ᠬᠦᠷᠢᠶᠡᠯᠡᠭᠳᠡᠨ ᠬᠣ᠋ ᠬᠠᠨ ᠶᠧ ᠴᠠᠨ ᠢᠥᠢ ︵ᠲᠡᠭᠦᠨ ᠤ ᠣᠣᠯ ᠤᠨ ᠴᠣᠯᠠ ᠨᠢ ᠬᠠᠢ ᠯᠦᠸᠧ ᠱᠢ ᠵᠦ᠋ ᠲᠢ᠂ 醢落尸逐鞮᠂ ᠴᠠᠨ ᠢᠥᠢ ᠭᠡᠳᠡᠭ︶ ᠪᠣᠯᠵᠣ᠂ ᠾᠦᠩᠨᠦ ᠬᠦᠷᠦᠨ ᠠᠴᠠ ᠪᠠᠨ ᠰᠠᠯᠵᠣ ᠡᠮᠦᠨᠡᠳᠦ ᠾᠦᠩᠨᠦ ᠣᠯᠣᠰ ᠪᠣᠯᠵᠠᠢ᠃ ᠣᠣᠯ ᠤᠨ ᠾᠦᠩᠨᠦ ᠣᠯᠣᠰ ᠢ ᠣᠮᠠᠷᠠᠳᠣ ᠾᠦᠩᠨᠦ ᠭᠡᠳᠡᠭ ᠪᠣᠯᠪᠠ᠃ ᠡᠮᠦᠨᠡᠳᠦ ᠾᠦᠩᠨᠦ ᠨᠢ ᠣᠮᠠᠷᠠᠳᠣ ᠾᠦᠩᠨᠦ ᠶᠢᠨ ᠬᠠᠭᠠᠨ ᠣᠷᠳᠣᠨ ᠪᠠᠶᠢᠭ᠎ᠠ ᠭᠠᠵᠠᠷ ᠢ ᠭᠡᠨᠡᠳᠳᠡᠬᠦᠯᠦᠨ ᠳᠣᠪᠳᠣᠯᠵᠣ᠂ ᠴᠠᠨ ᠢᠥᠢ ᠫᠦ᠋ ᠨᠦ᠋ ᠲᠡᠶᠢᠯᠦᠭᠳᠡᠨ ᠪᠣᠷᠣᠭᠤᠯᠠᠪᠠ᠃ ᠡᠬᠦᠨ ᠠᠴᠠ ᠪᠣᠯᠵᠣ᠂ ᠴᠠᠨ ᠢᠥᠢ ᠫᠦ᠋ ᠨᠦ᠋ ᠶᠢᠨ ᠡᠷᠬᠡ ᠰᠦᠷ ᠲᠣᠷᠣᠶᠢᠳᠠᠨ ᠲᠡᠭᠦᠨ ᠤ ᠬᠠᠷᠢᠶᠠᠳᠣ ᠠᠶᠢᠮᠠᠭ ᠢᠷᠭᠡᠳ ᠤᠨ ᠣᠯᠠᠩᠬᠢ ᠨᠢ ᠡᠮᠦᠨᠡᠳᠦ ᠾᠦᠩᠨᠦ ᠳᠤ ᠣᠷᠣᠵᠣ ᠦᠭᠴᠡᠢ᠃ ᠢᠩᠬᠢᠭᠡᠳ ᠠᠭᠠᠵᠢᠮ ᠢᠶᠠᠷ ᠣᠮᠠᠷᠠᠳᠣ ᠾᠦᠩᠨᠦ ᠣᠯᠠᠮ ᠲᠣᠷᠣᠶᠢᠳᠠᠵᠠᠢ᠃ ᠪᠡᠯᠡᠳᠬᠡᠭᠰᠡᠨ ᠨᠢ᠄ ᠡᠷᠳᠡᠨᠢᠬᠦᠦᠨᠠᠶᠢᠷᠠᠭᠤᠯᠤᠭᠰᠠᠨ ᠨᠢ᠄ ᠨᠠᠮᠤᠷᠬᠢᠨᠠᠭᠰᠠᠨ ᠨᠢ᠄ ᠤᠷᠢᠬᠠᠨ
 
ᠢᠷᠡᠯᠲᠡ᠄ ᠲᠣᠰ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号