ᠾᠦᠩᠨᠦ ᠪᠣᠯᠣᠨ ᠬᠠᠨ ᠣᠯᠣᠰ ᠤᠨ ᠪᠠᠢ ᠳ᠋ᠧᠩ ᠤᠨ ᠲᠠᠶᠢᠨ ᠤᠣᠬᠠᠨ ᠬ᠊
ᠨᠡᠶᠢᠲᠡᠯᠡᠭᠰᠡᠨ ᠴᠠᠭ᠄
2020/10/19
ᠾᠦᠩᠨᠦ ᠪᠣᠯᠣᠨ ᠬᠠᠨ ᠣᠯᠣᠰ ᠤᠨ ᠬᠤᠭᠤᠷᠣᠨᠳᠣ ᠡᠭᠦᠰᠦᠭᠰᠡᠨ ᠪᠠᠢ ᠳ᠋ᠧᠩ ᠤᠨ ᠲᠠᠶᠢᠨ ᠪᠣᠯ ᠲᠡᠣᠬᠡᠨ ᠳᠤ ᠮᠠᠰᠢ ᠠᠯᠳᠠᠷ ᠲᠠᠢ ᠶᠡᠭᠡ ᠲᠠᠶᠢᠨ ᠶᠣᠮ᠃ ᠡᠨᠡᠬᠦ ᠲᠠᠶᠢᠨ ᠤ ᠡᠭᠦᠰᠦᠭᠰᠡᠨ ᠨᠢ ᠪᠠᠰᠠ ᠮᠠᠰᠢ ᠨᠠᠷᠢᠨ ᠪᠣᠳᠣᠯᠢᠶᠠᠨ ᠲᠠᠢ ᠶᠠᠪᠣᠴᠠ ᠶᠢ ᠦᠩᠭᠡᠷᠭᠡᠵᠡᠢ᠃ ᠲᠣᠣᠷ᠎ᠠ ᠡᠭᠦᠨ ᠢ ᠦᠯᠢᠭᠡᠷᠴᠢᠯᠡᠨ ᠪᠢᠴᠢᠵᠦ ᠣᠯᠠᠨ ᠳᠤ ᠰᠣᠨᠢᠷᠳᠠᠭᠤᠯᠣᠶ᠎ᠠ᠄ ᠾᠦᠩᠨᠦ  ᠶᠢᠨ ᠮᠣᠳᠣᠨ ᠴᠠᠨ ᠢᠥᠢ ᠶᠡᠭᠡ ᠰᠠᠭᠤᠷᠢᠨ ᠳᠤ ᠰᠠᠭᠤᠭᠠᠳ᠂ ᠣᠮᠠᠷᠠᠰᠢ ᠪᠣᠢ ᠪᠦᠬᠦᠢ ᠵᠢᠵᠢᠭ ᠬᠡᠰᠡᠭᠯᠡᠨ ᠡᠵᠡᠯᠡᠯᠳᠡ ᠬᠢᠵᠦ ᠪᠠᠶᠢᠭᠰᠠᠨ ᠪᠣᠰᠣᠳ ᠠᠶᠢᠮᠠᠭ ᠪᠦᠯᠦᠭ ᠢᠶᠠᠨ ᠪᠦᠷ ᠨᠢᠭᠡᠳᠭᠡᠨ ᠠᠪᠴᠣ᠂ ᠾᠦᠩᠨᠦ ᠶᠢᠨ ᠲᠡᠣᠬᠡᠨ ᠳᠠᠬᠢ ᠠᠩᠬᠠᠳᠣᠭᠴᠢ ᠶᠡᠭᠡ ᠨᠢᠭᠡᠳᠦᠯ ᠢ ᠪᠡᠶᠡᠯᠡᠭᠦᠯᠦᠨ᠂ ᠣᠯᠣᠰ ᠬᠦᠷᠦᠨ ᠨᠢ ᠬᠠᠮᠤᠭ ᠬᠦᠭᠵᠢᠯ ᠢᠶᠠᠨ ᠣᠯᠵᠣ ᠪᠠᠶᠢᠭᠰᠠᠨ ᠴᠠᠭ ᠦᠶ᠎ᠡ᠂ ᠪᠣᠳᠠᠳᠠᠢ ᠪᠠᠷ ᠬᠡᠯᠡᠪᠡᠯ ᠮᠣᠳᠣᠨ ᠴᠠᠨ ᠢᠥᠢ ᠶᠢᠨ ᠰᠠᠭᠤᠷᠢᠨ ᠳᠤ ᠰᠠᠭᠤᠭᠰᠠᠨ ᠤ ᠲᠠᠷᠠᠭ᠎ᠠ ᠲᠣᠯᠣᠳᠣᠭᠠᠷ ᠣᠨ ᠳᠤ᠂ ᠬᠠᠨ ᠣᠯᠣᠰ ᠤᠨ ᠠᠩᠬᠠᠨ ᠤ ᠬᠠᠭᠠᠨ ᠯᠢᠥ ᠪᠠᠩ ᠴᠦ ᠬᠠᠨ ᠸᠠᠩ ᠠᠴᠠ ᠪᠠᠨ ᠲᠡᠪᠰᠢᠵᠦ ᠂ ᠬᠠᠨ ᠣᠯᠣᠰ ᠤᠨ ᠬᠤᠸᠠᠩᠳᠢ ᠶᠢᠨ ᠰᠠᠭᠤᠷᠢᠨ ᠳᠤ ᠰᠠᠭᠤᠪᠠ᠃ ᠲᠡᠭᠡᠭᠡᠳ ᠲᠡᠷᠡ ᠯᠢᠥ ᠣᠪᠣᠭ ᠠᠴᠠ ᠪᠣᠰᠣ ᠬᠠᠷᠢ ᠣᠪᠣᠭᠳᠣ ᠭᠠᠪᠢᠶᠠᠳᠣ ᠰᠠᠶᠢᠳ᠂ ᠰᠣᠷᠪᠣᠯᠵᠢᠳᠣ ᠢᠵᠠᠭᠤᠷᠳᠠᠨ ᠪᠣᠯᠬᠤ ᠲᠣᠯᠣᠭᠠᠨ ᠬᠦᠮᠦᠨ ᠢ ᠸᠠᠩ ᠡᠷᠭᠦᠮᠵᠢᠯᠡᠵᠡᠢ᠃ ᠪᠣᠰᠣᠳ ᠣᠯᠠᠨ ᠭᠠᠪᠢᠶᠠᠳᠠᠨ ᠰᠠᠶᠢᠳ ᠢᠶᠠᠨ ᠴᠦ ᠵᠡᠷᠭᠡ ᠵᠢᠩᠰᠡ ᠵᠡᠭᠦᠯᠭᠡᠨ᠂ ᠹᠦᠩᠯᠦ ᠬᠡᠷᠬᠢᠮ  ᠢᠶᠠᠷ ᠱᠠᠩᠨᠠᠭᠰᠠᠨ ᠠᠵᠠᠢ᠃ ᠡᠨᠡᠬᠦ ᠸᠠᠩ ᠡᠷᠭᠦᠮᠵᠢᠯᠡᠭᠰᠡᠨ ᠲᠣᠯᠣᠭᠠᠨ ᠬᠦᠮᠦᠨ ᠤ ᠲᠣᠲᠣᠷ᠎ᠠ ᠨᠢᠭᠡᠨ ᠬᠠᠨ ᠰᠢᠨ ᠭᠡᠳᠡᠭ ᠬᠦᠮᠦᠨ ᠪᠣᠢ᠃ ᠡᠨᠡ ᠬᠠᠨ ᠰᠢᠨ ᠪᠣᠯ ᠲᠣᠬᠠᠢ ᠶᠢᠨ ᠦᠶ᠎ᠡ ᠶᠢᠨ ᠯᠢᠥ ᠪᠠᠩ ᠤᠨ ᠲᠣᠣᠷᠠᠬᠢ ᠶᠡᠭᠡ ᠴᠡᠷᠢᠭ  ᠤᠨ ᠡᠷᠳᠡᠮᠳᠡᠨ ᠬᠡᠮᠡᠭᠳᠡᠭᠴᠢ ᠬᠠᠨ ᠰᠢᠨ ᠯᠤᠭ᠎ᠠ ᠠᠳᠠᠯᠢ ᠨᠡᠷ᠎ᠡ ᠲᠠᠢ ᠪᠣᠯᠪᠠᠴᠣ ᠨᠢᠭᠡ ᠬᠦᠮᠦᠨ ᠪᠢᠰᠢ᠂ ᠡᠳᠡ ᠬᠤᠶᠠᠭᠤᠯᠠ ᠶᠢ ᠢᠯᠭᠠᠬᠤ ᠶᠢᠨ ᠲᠦᠯᠦᠭᠡ᠂ ᠴᠡᠷᠢᠭ ᠤᠨ ᠡᠷᠳᠡᠮᠳᠡᠨ ᠬᠠᠨ ᠰᠢᠨ ᠢ ᠪᠣᠯ ᠲᠡᠭᠦᠨ ᠤ ᠬᠡᠷᠬᠢᠮ ᠢ ᠲᠠᠭᠠᠭᠤᠯᠣᠨ᠂ ᠬᠤᠸᠠᠢ ᠶᠢᠨ ᠾᠸᠥ ᠬᠠᠨ ᠰᠢᠨ ᠭᠡᠳᠡᠭ᠂ ᠮᠠᠨ ᠤ ᠠᠳᠡ ᠬᠡᠯᠡᠵᠦ ᠪᠠᠶᠢᠭ᠎ᠠ ᠬᠠᠨ ᠰᠢᠨ ᠢ ᠪᠣᠯ ᠬᠠᠨ ᠸᠠᠩ ᠬᠠᠨ ᠰᠢᠨ ᠭᠡᠳᠡᠭ᠂ ᠬᠠᠨ ᠸᠠᠩ ᠬᠠᠨ ᠰᠢᠨ ᠪᠣᠯ ᠪᠠᠶᠢᠯᠳᠣᠭᠠᠨᠳᠣ ᠣᠯᠣᠰ ᠤᠨ ᠡᠴᠦᠰ ᠤᠨ ᠦᠶ᠎ᠡ ᠶᠢᠨ ᠬᠠᠨ ᠣᠯᠣᠰ ᠤᠨ ᠡᠵᠡᠨ ᠬᠠᠨ ᠰᠢᠶᠠᠩ ᠽᠢ ᠶᠢᠨ ᠬᠤᠶᠢᠴᠢᠰ ᠶᠣᠮ᠂ ᠡᠶᠢᠮᠦ ᠠᠴᠠ ᠲᠡᠬᠦᠨ ᠢ ᠲᠦᠭᠦᠮᠴᠢᠯᠡᠭᠡᠳ ᠬᠠᠨ ᠸᠠᠩ ᠰᠢᠨ ᠭᠡᠳᠡᠭ ᠠᠵᠠᠢ᠃ ᠬᠠᠨ ᠸᠠᠩ ᠰᠢᠨ᠂ ᠸᠠᠩ ᠡᠷᠭᠦᠮᠵᠢᠯᠡᠭᠳᠡᠭᠰᠡᠨ ᠨᠢ ᠭᠤᠣᠯᠳᠠᠭᠤ ᠯᠢᠥ ᠪᠠᠩ ᠤᠨ ᠪᠣᠰᠣᠯᠭ᠎ᠠ ᠶᠢ ᠴᠣᠣᠷᠢᠶᠠᠳᠣᠨ ᠲᠠᠭᠠᠭᠰᠠᠨ ᠭᠠᠪᠢᠶ᠎ᠠ ᠲᠠᠢ ᠠᠴᠠ ᠪᠣᠯᠵᠠᠢ᠃ ᠲᠡᠭᠦᠨ ᠤ ᠡᠷᠭᠦᠮᠵᠢᠯᠡᠭᠳᠡᠭᠰᠡᠨ ᠨᠣᠳᠤᠭ  ᠨᠢ ᠠᠩᠬ᠎ᠠ ᠡᠬᠢᠯᠡᠨ ᠣᠳᠣᠬᠢ ᠾᠧ ᠨᠠᠨ ᠮᠣᠵᠢ ᠶᠢᠨ ᠢᠥᠢ ᠵᠸᠥ ᠣᠷᠴᠢᠮ ᠤᠨ ᠨᠡᠯᠢᠶᠡᠳ ᠪᠠᠶᠠᠨ ᠴᠢᠨᠡᠭᠡᠯᠢᠭ ᠣᠷᠣᠨ ᠪᠠᠶᠢᠭᠰᠠᠨ ᠪᠦᠭᠡᠳ᠂ ᠨᠦᠬᠦᠭᠡ ᠲᠠᠯ᠎ᠠ ᠪᠠᠷ ᠡᠨᠡᠬᠦ ᠣᠷᠣᠨ ᠨᠢ ᠪᠣᠯ ᠬᠢᠳᠠᠳ ᠤᠨ ᠲᠦᠪ ᠬᠦᠢᠰᠦ ᠣᠷᠣᠨ ᠪᠣᠯᠬᠤ ᠠᠵᠠᠢ᠃ ᠭᠡᠪᠡᠴᠦ ᠯᠢᠥ ᠪᠠᠩ ᠤᠨ ᠦᠵᠡᠬᠦ ᠪᠠᠷ ᠬᠠᠨ ᠸᠠᠩ ᠰᠢᠨ ᠪᠣᠯ ᠨᠢᠭᠡ ᠳᠤ ᠬᠦᠮᠦᠨ ᠨᠢ ᠨᠡᠶᠢᠳᠡᠪᠣᠷᠢ ᠦᠭᠡᠢ᠂ ᠬᠤᠶᠠᠷ ᠲᠤ ᠣᠣᠯ ᠳᠠᠭᠠᠨ ᠦᠪᠡᠷ ᠤᠨ ᠬᠢᠨᠢ ᠢᠳᠡᠭᠡᠮᠵᠢ ᠲᠠᠢ ᠰᠢᠲᠠᠷ ᠬᠦᠴᠦᠨ ᠴᠣ᠋ ᠪᠢᠰᠢ ᠠᠵᠠᠢ᠂ ᠡᠶᠢᠮᠦ ᠠᠴᠠ ᠲᠡᠷᠡ ᠬᠡᠷᠪᠡ ᠡᠨᠡᠬᠦ ᠲᠦᠪ ᠨᠣᠳᠤᠭ ᠢ ᠨᠣᠶᠠᠯᠠᠭᠠᠳ᠂ ᠬᠤᠶᠠᠷ ᠰᠡᠳᠬᠢᠯ ᠡᠪᠦᠷᠯᠡᠳᠡᠭ ᠶᠣᠮ ᠪᠣᠯ ᠮᠠᠰᠢ ᠠᠶᠣᠮᠰᠢᠭ ᠲᠠᠢ ᠬᠡᠷᠡᠭ ᠪᠣᠯᠣᠨ᠎ᠠ ᠭᠡᠵᠦ ᠪᠣᠳᠣᠵᠠᠢ᠃ ᠡᠨᠡᠬᠦ ᠪᠣᠳᠣᠯᠬᠢᠯᠠᠯ ᠠᠴᠠ ᠡᠭᠦᠰᠴᠦ᠂ ᠯᠢᠥ ᠪᠠᠩ ᠣᠳᠠᠯ ᠦᠭᠡᠢ ᠬᠠᠨ ᠸᠠᠩ ᠰᠢᠨ ᠤ ᠨᠣᠳᠤᠭ ᠢ ᠪᠣᠯᠢᠶᠠᠨ ᠠᠪᠴᠣ᠂ ᠲᠡᠭᠦᠨ ᠳᠤ ᠲᠠᠬᠢᠨ ᠾᠦᠩᠨᠦ ᠯᠤᠭ᠎ᠠ ᠬᠢᠯᠢ ᠵᠠᠯᠭᠠᠵᠣ ᠪᠠᠶᠢᠭ᠎ᠠ ᠳ᠋ᠠᠢ ᠭᠠᠵᠠᠷ ᠢ ᠬᠤᠪᠢᠯᠠᠨ ᠦᠭᠴᠦ᠂ ᠮᠠ ᠶᠢ ︵ᠬᠤᠵᠢᠮ ᠤᠨ ᠰᠦᠸᠧ ᠵᠸᠥ ᠬᠤᠳᠠ︶ ᠭᠡᠳᠡᠭ ᠵᠢᠵᠢᠭ ᠬᠤᠳᠠ ᠳᠤ ᠨᠡᠶᠢᠰᠯᠡᠳᠦᠭᠡᠢ ᠭᠡᠵᠦ ᠶᠠᠪᠣᠭᠤᠯᠪᠠ᠃ ᠡᠨᠡ ᠨᠢ ᠬᠡᠯᠡᠯᠭᠡᠨ ᠦᠭᠡᠢ ᠬᠠᠨ ᠸᠠᠩ ᠰᠢᠨ ᠪᠠ ᠲᠠᠭᠦᠨ ᠤ ᠳᠠᠭᠠᠭᠰᠠᠳ ᠤᠨ ᠮᠠᠰᠢ ᠶᠡᠭᠡ ᠲᠣᠷ᠎ᠠ ᠦᠭᠡᠶᠢᠴᠡᠯ ᠢ ᠬᠦᠷᠭᠡᠬᠦ ᠨᠢ ᠲᠠᠮᠵᠢᠭ ᠦᠭᠡᠢ᠃ ᠶᠠᠭ ᠡᠨᠡᠬᠦ ᠦᠶᠡᠰ ᠢᠶᠠᠷ ᠾᠦᠩᠨᠦ ᠬᠦᠴᠦᠷᠭᠡᠭᠵᠢᠨ ᠡᠬᠢᠯᠡᠵᠦ᠂ ᠴᠢᠨ ᠣᠯᠣᠰ ᠲᠤ ᠪᠣᠯᠢᠶᠠᠭᠳᠠᠨ ᠡᠵᠡᠯᠡᠭᠳᠡᠭᠰᠡᠨ ᠨᠣᠳᠤᠭ ᠣᠰᠣ ᠪᠠᠨ ᠡᠭᠡᠬᠦᠯᠦᠨ ᠠᠪᠴᠣ ᠪᠠᠶᠢᠭᠰᠠᠨ ᠴᠠᠭ ᠦᠶ᠎ᠡ ᠢᠷᠡᠵᠡᠢ᠃ ᠡᠶᠢᠮᠦ ᠠᠴᠠ ᠾᠦᠩᠨᠦᠴᠦᠳ ᠭᠤᠣᠯ ᠤᠨ ᠡᠮᠦᠨᠡᠬᠢ ᠨᠣᠳᠤᠭ᠂ ᠲᠠᠷᠣᠢ ᠣᠳᠣᠬᠢ ᠣᠷᠳᠣᠰ ᠢ ᠪᠠᠭᠳᠠᠭᠠᠭᠰᠠᠨ ᠣᠷᠣᠨ ᠢᠶᠠᠨ ᠠᠮᠵᠢᠯᠳᠠ ᠲᠠᠢ ᠪᠣᠴᠠᠭᠠᠨ ᠠᠪᠴᠣ᠂ ᠲᠠᠬᠢᠨ ᠳ᠋ᠠᠢ ᠭᠠᠵᠠᠷ ᠢ ᠪᠣᠴᠠᠭᠠᠨ ᠠᠪᠬᠤ ᠪᠠᠷ ᠲᠡᠮᠡᠴᠡᠵᠦ ᠪᠠᠶᠢᠭᠰᠠᠨ ᠴᠠᠭ ᠦᠶ᠎ᠡ ᠪᠣᠯᠪᠠ᠃ ᠢᠩᠬᠢᠭᠡᠳ ᠾᠦᠩᠨᠦ ᠶᠢᠨ ᠴᠡᠷᠢᠭ ᠬᠠᠨ ᠸᠠᠩ ᠰᠢᠨ ᠤ ᠨᠡᠶᠢᠰᠯᠡᠯ ᠮᠠ ᠶᠢ ᠶᠢ ᠪᠦᠰᠡᠯᠡᠨ ᠲᠠᠭᠠᠷᠢᠭᠰᠠᠨ᠎ᠠ᠂ ᠬᠠᠨ ᠸᠠᠩ ᠰᠢᠨ ᠰᠠᠨᠳᠣᠷᠣᠨ ᠯᠢᠥ ᠪᠠᠩ ᠠᠴᠠ ᠲᠣᠰᠠᠯᠠᠬᠤ ᠴᠡᠷᠢᠭ ᠭᠤᠶᠣᠴᠢᠯᠠᠭᠰᠠᠨ ᠴᠣ᠋ ᠯᠢᠥ ᠪᠠᠩ ᠲᠡᠭᠦᠨ ᠳᠤ ᠲᠣᠰᠠᠯᠠᠮᠵᠢ ᠦᠵᠡᠭᠦᠯᠦᠭᠰᠡᠨ ᠦᠭᠡᠢ ᠪᠣᠯᠬᠤᠷ᠂ ᠭᠠᠴᠢᠭᠳᠠᠭᠰᠠᠨ ᠬᠠᠨ ᠸᠠᠩ ᠰᠢᠨ ᠾᠦᠩᠨᠦ ᠳᠤ ᠪᠠᠭᠤᠨ ᠦᠭᠴᠦ ᠠᠮᠢ ᠭᠠᠷᠬᠤ ᠵᠠᠮ ᠪᠣᠯᠭᠠᠵᠠᠢ᠃ ᠾᠦᠩᠨᠦ ᠴᠣ᠋ ᠬᠠᠨ ᠸᠠᠩ ᠰᠢᠨ ᠳᠤ ᠨᠣᠳᠤᠭ ᠢ ᠨᠢ ᠡᠭᠡᠭᠦᠯᠦᠨ ᠦᠭᠴᠦ᠂ ᠬᠠᠨ ᠣᠯᠣᠰ ᠲᠠᠢ ᠲᠠᠶᠢᠳᠣᠬᠤ ᠦᠶ᠎ᠡ  ᠳᠤ ᠵᠠᠪᠠᠯ ᠴᠡᠷᠢᠭ ᠭᠠᠷᠴᠣ ᠬᠠᠷᠢᠯᠴᠠᠨ ᠬᠠᠪᠰᠣᠷᠣᠯᠴᠠᠬᠤ ᠪᠠᠷ ᠨᠦᠬᠦᠴᠡᠯ ᠪᠣᠯᠭᠠᠨ ᠲᠡᠭᠦᠨ ᠢ ᠲᠠᠯᠪᠢᠨ ᠶᠠᠪᠣᠭᠤᠯᠵᠠᠢ᠃ ᠾᠦᠩᠨᠦ ᠶᠢᠨ ᠲᠡᠮᠵᠢᠯᠭᠡ ᠶᠢ ᠣᠯᠣᠭᠰᠠᠨ ᠬᠠᠨ ᠸᠠᠩ ᠰᠢᠨ ᠤ ᠵᠣᠷᠢᠭ ᠨᠢ ᠪᠦᠳᠦᠭᠦᠷᠡᠨ᠂ ᠲᠠᠬᠢᠨ ᠲᠠᠪᠳᠠᠨ ᠬᠠᠨ ᠣᠯᠣᠰ ᠤᠨ ᠬᠢᠯᠢ ᠳᠤ ᠣᠷᠣᠵᠣ ᠲᠡᠭᠡᠷᠡᠮᠳᠡᠯᠭᠡ ᠬᠢᠬᠦ ᠪᠣᠯᠪᠠ᠃ ᠡᠨᠡ ᠨᠢ ᠠᠩᠬ᠎ᠠ ᠬᠠᠭᠠᠨ ᠲᠦᠷᠦ ᠪᠠᠶᠢᠭᠤᠯᠣᠨ᠂ ᠲᠣᠲᠣᠭᠠᠳᠣ ᠶᠢᠨ ᠰᠠᠮᠠᠭᠤᠷᠠᠯ ᠢᠶᠠᠨ ᠠᠷᠠᠢ ᠴᠠᠷᠠᠢ ᠵᠦᠭᠰᠢᠷᠡᠭᠦᠯᠵᠦ ᠴᠢᠳᠠᠭ᠎ᠠ ᠦᠭᠡᠢ ᠪᠠᠶᠢᠭᠰᠠᠨ ᠬᠠᠨ ᠣᠯᠣᠰ ᠤᠨ ᠯᠢᠥ ᠪᠠᠩ ᠳᠤ ᠪᠣᠯ ᠦᠬᠦᠯ ᠮᠦᠬᠦᠯ ᠤᠨ ᠠᠶᠣᠮᠰᠢᠭ ᠲᠠᠢ ᠶᠡᠭᠡ ᠬᠡᠷᠡᠭ ᠪᠣᠯᠣᠭᠰᠠᠨ ᠨᠢ ᠰᠡᠵᠢᠭᠯᠡᠰᠢ ᠦᠭᠡᠢ᠃ ᠡᠶᠢᠮᠦ ᠠᠴᠠ ᠯᠢᠥ ᠪᠠᠩ ᠬᠠᠨ ᠣᠯᠣᠰ ᠤᠨ ᠶᠡᠬᠡᠩᠬᠢ ᠴᠡᠷᠢᠭ ᠢᠶᠠᠨ ᠴᠣᠭᠯᠠᠭᠤᠯᠣᠨ᠂ ᠨᠡᠶᠢᠳᠡ ᠭᠤᠴᠢᠨ ᠬᠤᠶᠠᠷ ᠲᠦᠮᠡᠨ ᠶᠡᠭᠡ ᠴᠡᠷᠢᠭ ᠪᠠᠶᠢᠭᠤᠯᠣᠨ᠂ ᠾᠦᠩᠨᠦ ᠯᠤᠭ᠎ᠠ ᠨᠢᠭᠡᠮᠦᠰᠦᠨ ᠦᠵᠡᠯᠴᠡᠬᠦ ᠪᠠᠷ ᠵᠣᠷᠢᠭ ᠰᠢᠭᠤᠳᠴᠣ᠂ ᠦᠪᠡᠷ  ᠤᠨ ᠪᠡᠶ᠎ᠡ ᠪᠠᠷ ᠢᠶᠠᠨ ᠴᠡᠷᠢᠭ ᠣᠳᠣᠷᠢᠳᠣᠨ ᠮᠣᠷᠳᠠᠨ ᠭᠠᠷᠴᠠᠢ᠃ ᠬᠠᠨ ᠣᠯᠣᠰ ᠤᠨ ᠴᠡᠷᠢᠭ ᠨᠢ ᠬᠡᠳᠦᠶᠢᠪᠡᠷ ᠣᠯᠠᠨ ᠪᠣᠯᠪᠠᠴᠣ᠂ ᠣᠯᠠᠩᠬᠢ ᠨᠢ ᠶᠠᠪᠠᠭᠠᠨ ᠴᠡᠷᠢᠭ ᠪᠠᠶᠢᠪᠠ᠃ ᠪᠠᠰᠠ ᠲᠣᠬᠠᠢ ᠶᠢᠨ ᠦᠶ᠎ᠡ ᠶᠢᠨ ᠬᠠᠨ ᠣᠯᠣᠰ ᠤᠨ ᠣᠯᠠᠩᠬᠢ ᠬᠦᠮᠦᠰ ᠪᠣᠯ ᠦᠮᠦᠳᠦ ᠡᠮᠦᠰᠬᠦ ᠲᠠᠳᠬᠠᠯ ᠦᠭᠡᠢ᠂ ᠵᠦᠪᠬᠡᠨ ᠣᠷᠳᠣ ᠬᠤᠷᠮᠣᠢ ᠲᠠᠢ ᠲᠡᠪᠡᠯ ᠡᠮᠦᠰᠳᠡᠭ ᠠᠵᠠᠢ᠃ ᠡᠶᠢᠮᠦ ᠠᠴᠠ ᠲᠠᠶᠢᠨ ᠤ ᠮᠣᠷᠢ ᠴᠦᠬᠡᠨ᠂ ᠮᠣᠷᠢ ᠣᠨᠣᠬᠤ ᠲᠣᠨᠤᠭ ᠴᠦᠬᠡᠨ᠂ ᠮᠣᠷᠢ ᠣᠨᠣᠵᠣ ᠲᠠᠶᠢᠯᠠᠯᠳᠣᠵᠣ ᠴᠢᠳᠠᠬᠤ ᠬᠦᠮᠦᠨ ᠴᠦ ᠴᠦᠬᠡᠨ ᠪᠣᠯᠬᠤᠷ ᠮᠣᠷᠢᠳᠣ ᠴᠡᠷᠢᠭ ᠨᠢ ᠦᠨᠡᠬᠡᠷ ᠴᠦᠬᠡᠨ ᠪᠠᠶᠢᠵᠠᠢ᠃ ᠭᠡᠪᠡᠴᠦ ᠬᠢᠳᠠᠳ ᠤᠨ ᠲᠠᠳᠬᠠᠯ ᠢᠶᠠᠷ ᠪᠠᠰᠠ ᠨᠡᠯᠢᠶᠡᠳ ᠬᠡᠮᠵᠢᠶᠡᠨ ᠤ ᠮᠣᠷᠢᠨ ᠲᠡᠷᠭᠡᠳᠦ ᠴᠡᠷᠢᠭ ᠪᠠᠶᠢᠪᠠ᠃ ᠭᠡᠪᠡᠴᠦ ᠯᠢᠥ ᠪᠠᠩ ᠨᠢᠭᠡᠨᠳᠡ ᠪᠡᠶᠡᠯᠡᠵᠦ ᠪᠠᠶᠢᠭ᠎ᠠ ᠨᠢᠭᠡ ᠨᠠᠰᠣᠨ ᠤ ᠦᠢᠯᠡᠰ ᠢᠶᠠᠨ ᠦᠬᠦᠨ ᠬᠠᠮᠠᠭᠠᠯᠠᠬᠤ ᠪᠠᠷ ᠵᠣᠷᠢᠭ ᠰᠢᠭᠤᠳᠣᠭᠰᠠᠨ ᠪᠣᠯᠬᠤᠷ ᠰᠢᠳᠦ ᠵᠠᠭᠤᠨ ᠴᠡᠷᠢᠭ ᠭᠠᠷᠪᠠ᠃ ᠯᠢᠥ ᠪᠠᠩ ᠣᠷᠢᠳᠠᠪᠠᠷ ᠬᠠᠨ ᠸᠠᠩ ᠰᠢᠨ ᠢ ᠰᠢᠢᠳᠪᠦᠷᠢᠯᠡᠭᠡᠳ ᠲᠠᠬᠢᠨ ᠾᠦᠩᠨᠦ ᠲᠠᠢ ᠦᠵᠡᠯᠴᠡᠬᠦ ᠪᠠᠷ ᠲᠣᠭᠳᠠᠵᠣ᠂ ᠣᠳᠣᠬᠢ ᠲᠠᠢ ᠶᠣᠸᠠᠨ ᠣᠷᠴᠢᠮ ᠳᠤ᠂ ᠬᠠᠨ ᠸᠠᠩ ᠰᠢᠨ ᠲᠠᠢ ᠭᠠᠭᠴᠠᠬᠠᠨ ᠲᠠᠶᠢᠯᠠᠯᠳᠣᠮᠠᠭᠴᠠ᠂ ᠬᠠᠨ ᠸᠠᠩ ᠰᠢᠨ ᠤ ᠴᠡᠷᠢᠭ ᠶᠡᠬᠡᠯ᠎ᠡ ᠲᠠᠷᠣᠭᠳᠠᠨ᠂ ᠵᠠᠩᠵᠣᠨ ᠴᠡᠷᠢᠭ ᠶᠡᠬᠡᠳᠡ ᠬᠤᠬᠢᠷᠠᠵᠣ᠂ ᠾᠦᠩᠨᠦ ᠶᠢᠨ ᠴᠡᠷᠢᠭ ᠢ ᠡᠷᠢᠨ ᠣᠮᠠᠷᠠᠰᠢ ᠪᠣᠷᠣᠭᠤᠯᠣᠨ ᠣᠳᠪᠠ᠃ ᠯᠢᠥ ᠪᠠᠩ᠂ ᠾᠦᠩᠨᠦ ᠶᠢᠨ ᠴᠡᠷᠢᠭ ᠲᠠᠢ ᠶᠣᠸᠠᠨ ᠢ ᠴᠣᠬᠢᠬᠤ ᠪᠠᠷ ᠢᠷᠡᠬᠡᠳ ᠨᠢᠭᠡᠨᠳᠡ ᠶᠢᠨ ᠶᠠᠩ ᠳᠤ ᠬᠦᠷᠦᠭᠡᠳ ᠪᠠᠶᠢᠨ᠎ᠠ ᠬᠡᠵᠦ ᠰᠣᠨᠣᠰᠣᠭᠠᠳ᠂ ᠢᠯᠡᠯᠳᠡ ᠣᠯᠣᠭᠰᠠᠨ ᠶᠡᠭᠡ ᠴᠡᠷᠢᠭ ᠢᠶᠠᠨ ᠲᠠᠭᠠᠭᠤᠯᠣᠨ ᠰᠦᠷ ᠮᠠᠨᠳᠣᠭᠤᠯᠣᠨ ᠲᠠᠢ ᠶᠣᠸᠠᠨ ᠢ ᠴᠢᠭᠯᠡᠨ ᠣᠷᠣᠭᠰᠢᠯᠠᠪᠠ᠃ ᠲᠠᠢ ᠶᠣᠸᠠᠨ ᠳᠤ ᠬᠦᠷᠬᠦᠶ᠎ᠡ ᠾᠦᠩᠨᠦ ᠬᠦᠮᠦᠰ ᠴᠦᠬᠡᠨ ᠲᠣᠭᠠᠨ ᠤ ᠴᠡᠷᠢᠭ ᠭᠠᠷᠭᠠᠨ ᠳᠡᠳᠡᠨ ᠲᠠᠢ ᠬᠠᠯᠳᠣ ᠵᠣᠯᠭᠠᠨ ᠪᠠᠶᠢᠯᠳᠣᠮᠠᠭᠴᠠ᠂ ᠣᠮᠠᠷᠠᠰᠢ ᠪᠣᠷᠣᠭᠤᠯᠣᠨ ᠶᠠᠪᠣᠪᠠ᠃ ᠬᠠᠨ ᠣᠯᠣᠰ ᠤᠨ ᠴᠡᠷᠢᠭ ᠲᠠᠶᠢᠰᠣᠨ ᠤ ᠪᠠᠨ ᠲᠣᠳᠠᠭᠠᠭᠰᠠᠨ ᠢ ᠦᠵᠡᠭᠡᠳ᠂ ᠾᠦᠩᠨᠦ ᠨᠡᠷ ᠪᠣᠰᠣᠳ ᠤᠨ ᠬᠡᠯᠡᠯᠴᠡᠬᠦ‍ ᠰᠢᠭ ᠲᠡᠶᠢᠮᠦ ᠰᠦᠷᠡᠬᠡᠢ ᠪᠢᠰᠢ ᠪᠠᠶᠢᠨ᠎ᠠ ᠬᠡᠵᠦ ᠦᠷᠬᠦᠯᠵᠢᠯᠡᠨ ᠨᠡᠬᠡᠮᠵᠢᠯᠡᠵᠡᠢ᠃ ᠡᠨᠡ ᠮᠡᠳᠦ ᠪᠠᠷ ᠾᠦᠩᠨᠦ ᠪᠠ ᠬᠠᠨ ᠣᠯᠣᠰ ᠬᠡᠳᠦᠨ ᠣᠳᠠᠭ᠎ᠠ ᠴᠡᠷᠢᠭ ᠵᠣᠯᠭᠠᠨ ᠪᠠᠶᠢᠯᠳᠣᠵᠣ ᠦᠵᠡᠭᠰᠡᠨ ᠳᠤ ᠬᠠᠨ ᠣᠯᠣᠰ ᠣᠳᠠᠭ᠎ᠠ ᠪᠦᠷᠢ ᠪᠦᠷ ᠢᠯᠡᠵᠦ ᠯᠠ ᠪᠠᠶᠢᠵᠠᠢ᠃ ᠡᠶᠢᠮᠦ ᠠᠴᠠ ᠯᠢᠥ ᠪᠠᠩ ᠴᠡᠷᠢᠭ ᠲᠡᠭᠡᠨ ᠲᠦᠷᠭᠡᠨ ᠣᠷᠣᠭᠰᠢᠯᠠᠬᠤ ᠵᠠᠷᠯᠢᠭ ᠦᠭᠴᠦ᠂ ᠦᠪᠡᠷ ᠢᠶᠠᠨ ᠭᠤᠣᠯ ᠬᠦᠴᠦᠨ ᠪᠣᠯᠬᠤ ᠠᠷᠪᠠᠭᠠᠳ ᠲᠦᠮᠡᠨ ᠮᠣᠷᠢᠳᠣ ᠴᠡᠷᠢᠭ ᠪᠠ ᠲᠡᠷᠭᠡᠳᠦ ᠴᠡᠷᠢᠭ ᠢᠶᠠᠨ ᠣᠲᠣᠷᠢᠳᠣᠨ᠂ ᠾᠦᠩᠨᠦᠴᠦᠳ ᠢ ᠬᠠᠨ ᠣᠯᠣᠰ ᠤᠨ ᠬᠢᠯᠢ ᠠᠴᠠ ᠭᠠᠷᠬᠤ ᠠᠴᠠ ᠡᠮᠦᠨ᠎ᠡ ᠵᠠᠪᠳᠣᠨ ᠲᠠᠷᠣᠵᠣ ᠠᠪᠣᠶ᠎ᠠ ᠭᠡᠵᠦ ᠰᠠᠨᠠᠭᠠᠷᠬᠠᠨ ᠲᠦᠷᠭᠡᠨ ᠨᠡᠭᠡᠮᠵᠢᠯᠡᠪᠡ᠃ ᠡᠭᠦᠨ ᠤ ᠬᠠᠮᠳᠣ ᠬᠠᠨ ᠣᠯᠣᠰ ᠪᠠᠰᠠ ᠠᠷᠪᠠᠨ ᠬᠡᠳᠦᠨ ᠣᠳᠠᠭ᠎ᠠ ᠡᠯᠴᠢ ᠲᠣᠮᠢᠯᠠᠨ᠂ ᠾᠦᠩᠨᠦ ᠳᠤ ᠣᠴᠢᠭᠤᠯᠣᠨ ᠬᠡᠯᠡᠯᠴᠡᠭᠡᠷ ᠬᠢᠬᠦ ᠨᠡᠷ᠎ᠡ ᠪᠠᠷ ᠾᠦᠩᠨᠦ ᠶᠢᠨ ᠪᠠᠶᠢᠳᠠᠯ ᠢ ᠲᠠᠩᠨᠠᠵᠣ ᠮᠡᠳᠡᠬᠦ  ᠪᠠᠷ ᠠᠵᠢᠯᠯᠠᠪᠠ᠃ ᠭᠡᠪᠡᠴᠦ ᠮᠣᠳᠣᠨ ᠴᠠᠨ ᠢᠥᠢ ᠠᠯᠢ ᠬᠡᠵᠢᠶᠡᠨᠡᠢ ᠪᠡᠯᠡᠳᠭᠡᠨ ᠠᠮᠵᠢᠵᠣ᠂ ᠵᠡᠬᠦᠨ ᠮᠡᠷᠭᠡᠨ ᠸᠠᠩ  ᠳᠠᠭᠠᠨ ᠲᠣᠷᠣᠢ ᠪᠠᠭᠤᠷᠠᠢ ᠨᠢᠭᠡ ᠲᠦᠮᠡᠨ ᠴᠡᠷᠢᠭ ᠦᠭᠴᠦ᠂ ᠬᠠᠨ ᠣᠯᠣᠰ ᠤᠨ ᠴᠡᠷᠢᠭ ᠲᠠᠢ ᠠᠷᠭᠠᠴᠠᠵᠣ᠂ ᠳᠡᠳᠡᠨ  ᠢ ᠦᠪᠡᠷ ᠤᠨ ᠪᠦᠭᠬᠦᠯᠳᠡ ᠳᠡᠭᠡᠨ ᠬᠠᠭᠤᠷᠣᠨ ᠣᠷᠣᠭᠤᠯᠬᠤ ᠪᠠᠷ ᠶᠠᠪᠣᠭᠤᠯᠪᠠ᠃ ᠡᠳᠡᠭᠡᠷ ᠴᠡᠷᠢᠭ ᠨᠢ ᠬᠠᠨ ᠣᠯᠣᠰ  ᠤᠨ ᠴᠡᠷᠢᠭ ᠢ ᠦᠨᠡᠬᠡᠷ ᠠᠮᠵᠢᠯᠳᠡ ᠲᠠᠢ ᠰᠠᠶᠢᠬᠠᠨ ᠲᠡᠳᠡᠨ ᠠᠪᠴᠢᠷᠠᠵᠣ᠂ ᠪᠦᠭᠭᠦᠯᠳᠡ ᠠᠴᠠ ᠮᠠᠰᠢ ᠣᠶᠢᠷᠬᠠᠨ ᠢᠷᠡᠭᠡᠳ ᠮᠣᠳᠣᠨ ᠴᠠᠨ ᠢᠥᠢ ᠳᠤ ᠲᠦᠷᠭᠡᠨ ᠮᠣᠷᠢᠳᠠᠨ ᠲᠣᠮᠢᠯᠠᠨ ᠮᠡᠳᠡᠭᠡ ᠬᠦᠷᠭᠡᠪᠡ᠃ ᠨᠦᠬᠦᠭᠡ ᠲᠠᠯ᠎ᠠ ᠪᠠᠷ ᠴᠠᠨ ᠢᠥᠢ ᠪᠠᠰᠠ ᠬᠠᠨ ᠸᠠᠩ ᠰᠢᠨ ᠤ ᠵᠠᠩᠵᠣᠨ ᠪᠣᠯᠬᠤ ᠸᠠᠩ ᠬᠤᠸᠠᠩ ᠪᠣᠯᠣᠨ ᠵᠣᠤ ᠯᠢ ᠬᠤᠶᠠᠭᠤᠯᠠ ᠲᠠᠢ ᠪᠠᠢ ᠳ᠋ᠧᠩ  ᠳᠤ ᠴᠡᠷᠢᠭ ᠨᠡᠶᠢᠯᠡᠨ᠂ ᠬᠠᠨ ᠣᠯᠣᠰ ᠤᠨ ᠴᠡᠷᠢᠭ ᠲᠠᠢ ᠰᠢᠢᠳᠪᠦᠷᠢᠳᠦ ᠲᠠᠶᠢᠨ ᠬᠢᠬᠦ ᠪᠠᠷ ᠪᠣᠯᠵᠣᠨ ᠲᠣᠭᠳᠠᠵᠠᠢ᠃ ᠯᠢᠥ ᠪᠠᠩ ᠾᠦᠩᠨᠦ ᠶᠢᠨ ᠦᠨᠡᠨ ᠬᠤᠳᠠᠯ ᠢ ᠣᠯᠵᠣ ᠮᠡᠳᠡᠭᠰᠡᠨ ᠦᠭᠡᠢ ᠪᠠᠶᠢᠳᠠᠯ ᠲᠣᠣᠷ᠎ᠠ᠂ ᠵᠦᠪᠬᠡᠨ ᠨᠢᠳᠦᠨ ᠡᠮᠦᠨ᠎ᠡ ᠪᠠᠶᠢᠭ᠎ᠠ ᠾᠦᠩᠨᠦ ᠶᠢᠨ ᠴᠡᠷᠢᠭ ᠤᠨ ᠦᠩᠭᠡᠨ ᠲᠠᠯ᠎ᠠ ᠶᠢᠨ ᠪᠠᠶᠢᠳᠠᠯ ᠢ ᠦᠨᠳᠦᠰᠦᠯᠡᠨ᠂ ᠬᠡᠳᠦᠷᠬᠡᠢ ᠭᠡᠨᠡᠨ ᠴᠦᠯᠢᠰ ᠢᠶᠠᠷ ᠴᠡᠷᠢᠭ ᠢᠶᠠᠨ ᠲᠦᠷᠭᠡᠯᠡᠨ ᠰᠢᠪᠠᠳᠠᠵᠣ᠂ ᠾᠦᠩᠨᠦ ᠨᠡᠷ ᠢ ᠬᠢᠯᠢ ᠭᠠᠷᠬᠤ ᠠᠴᠠ ᠡᠮᠦᠨ᠎ᠡ ᠠᠮᠵᠢᠨ ᠣᠰᠠᠳᠬᠠᠬᠤ ᠪᠠᠷ ᠰᠠᠨᠠᠭᠠᠷᠬᠠᠨ ᠲᠣᠪᠳᠣᠯᠪᠠ᠃ ᠲᠣᠬᠠᠢ ᠶᠢᠨ ᠦᠶ᠎ᠡ ᠳᠤ ᠶᠠᠭ ᠰᠠᠶᠢᠬᠠᠨ ᠡᠪᠦᠯ ᠤᠨ ᠬᠦᠢᠳᠡᠨ ᠪᠣᠯᠵᠣ᠂ ᠬᠡᠳᠦᠨ ᠡᠳᠦᠷ ᠢᠶᠠᠷ ᠴᠠᠰᠣ ᠪᠣᠷᠣᠭᠠᠨ ᠬᠤᠯᠢᠯᠳᠣᠨ ᠣᠷᠣᠵᠣ᠂ ᠬᠠᠨ ᠣᠯᠣᠰ ᠤᠨ ᠴᠡᠷᠢᠭ ᠤᠨ ᠡᠷᠡᠰ ᠤᠨ ᠭᠠᠷ ᠤᠨ ᠬᠤᠷᠣᠭᠤ ᠨᠢ ᠬᠦᠯᠳᠡᠵᠦ ᠣᠨᠠᠭᠰᠠᠨ ᠬᠦᠮᠦᠨ ᠤ ᠲᠤᠭ᠎ᠠ ᠭᠡᠳᠦᠶᠢᠪᠡᠷ ︽ᠰᠣᠳᠣᠷ ᠲᠡᠮᠳᠡᠭᠯᠡᠯ︾ ᠳᠤ ᠬᠡᠯᠡᠭᠰᠡᠨ ᠮᠡᠳᠦ ᠠᠷᠪᠠᠨ ᠤ ᠬᠤᠶᠠᠷ ᠭᠤᠷᠪᠠ ᠬᠦᠷᠦᠯ᠎ᠡ ᠭᠡᠳᠡᠭ ᠲᠠᠢ ᠠᠷᠠᠢ ᠨᠡᠶᠢᠴᠡᠬᠦ ᠦᠭᠡᠢ ᠪᠣᠯᠪᠠᠴᠣ᠂ ᠬᠦᠯᠳᠡᠵᠦ ᠰᠢᠷᠠᠭᠳᠣᠭᠰᠠᠨ ᠬᠦᠮᠦᠨ ᠯᠠᠪ ᠣᠯᠠᠨ ᠪᠠᠶᠢᠭᠰᠠᠨ ᠨᠢ ᠯᠠᠪ ᠰᠡᠵᠢᠭᠯᠡᠰᠢ ᠦᠭᠡᠢ ᠬᠡᠷᠡᠭ ᠪᠣᠶ᠎ᠠ᠃ ᠨᠦᠬᠦᠬᠡ ᠲᠠᠯ᠎ᠠ ᠪᠠᠷ ᠣᠯᠠᠩᠬᠢ ᠶᠠᠪᠠᠭᠠᠨ ᠴᠡᠷᠢᠭ ᠨᠢ ᠠᠯᠣᠰ ᠬᠤᠯᠠ ᠶᠢᠨ ᠲᠠᠢ ᠶᠣᠸᠠᠨ ᠠᠴᠠ ᠳ᠋ᠠ ᠲᠦᠩ ᠣᠷᠴᠢᠮ ᠬᠦᠷᠴᠦ ᠢᠷᠡᠳᠡᠯ᠎ᠡ ᠶᠠᠪᠠᠭᠠᠨ ᠬᠦᠶᠦᠵᠦ᠂ ᠵᠣᠪᠠᠵᠣ ᠵᠦᠳᠡᠷᠡᠬᠦ ᠨᠢ ᠮᠡᠳᠡᠭᠡᠵᠢ ᠶᠢᠨ ᠬᠡᠷᠡᠭ ᠪᠣᠯᠠᠢ᠃ ᠬᠠᠨ ᠣᠯᠣᠰ ᠤᠨ ᠴᠡᠷᠢᠭ ᠾᠦᠩᠨᠦ  ᠶᠢᠨ ᠴᠡᠷᠢᠭ ᠢ ᠨᠡᠬᠡᠮᠵᠢᠯᠡᠨ ᠶᠠᠪᠣᠭᠰᠠᠭᠠᠷ ᠣᠳᠣᠬᠢ ᠳ᠋ᠠ ᠲᠦᠩ ᠠᠴᠠ ᠬᠤᠯᠠ ᠦᠭᠡᠢ ᠪᠠᠢ ᠳ᠋ᠧᠩ ᠱᠠᠨ ᠭᠡᠳᠡᠭ ᠠᠭᠤᠯᠠᠨ ᠬᠤᠷᠮᠣᠢ ᠳᠤ ᠢᠷᠡᠬᠦ ᠳᠤ ᠾᠦᠩᠨᠦ ᠶᠢᠨ ᠴᠡᠷᠢᠭ ᠲᠡᠮᠡᠢ ᠬᠤᠯᠠ ᠦᠭᠡᠢ ᠡᠮᠦᠨ᠎ᠡ ᠨᠢ ᠪᠣᠷᠣᠭᠤᠯᠠᠵᠣ ᠪᠠᠶᠢᠭ᠎ᠠ ᠨᠢ ᠬᠠᠷᠠᠭᠳᠠᠵᠠᠢ᠃ ᠬᠠᠨ ᠣᠯᠣᠰ ᠤᠨ ᠬᠠᠭᠠᠨ ᠯᠢᠥ ᠪᠠᠩ ᠵᠠᠷᠯᠢᠭ ᠪᠠᠭᠤᠯᠭᠠᠨ ᠲᠠᠶᠢᠰᠣᠨ ᠤ ᠲᠡᠷᠢᠭᠦᠨ ᠢ ᠴᠠᠪᠴᠢᠨ ᠠᠪᠴᠢᠷᠠᠭᠰᠠᠨ ᠬᠦᠮᠦᠨ ᠪᠦᠬᠦᠨ ᠳᠤ ᠬᠦᠨᠳᠦᠳᠡ ᠱᠠᠩ ᠪᠣᠢ ᠬᠡᠮᠡᠨ ᠴᠡᠷᠢᠭ ᠢᠶᠠᠨ ᠬᠦᠬᠢᠭᠡᠨ ᠣᠷᠣᠭᠰᠢ ᠲᠠᠭᠠᠷᠢᠨ ᠢᠷᠡᠳᠡᠯ᠎ᠡ᠂ ᠠᠭᠤᠯᠠᠨ ᠤ ᠬᠤᠶᠠᠷ ᠲᠠᠯ᠎ᠠ ᠪᠠᠷ ᠾᠦᠩᠨᠦ ᠶᠢᠨ ᠰᠢᠯᠢᠳᠡᠭ ᠮᠣᠷᠢᠳᠣ ᠴᠡᠷᠢᠭ ᠲᠠᠭᠠᠷᠢᠨ ᠭᠠᠷᠴᠣ ᠢᠷᠡᠯ᠎ᠡ᠃ ᠨᠢᠳᠦ ᠡᠷᠭᠦᠨ ᠦᠵᠡᠬᠦᠯ᠎ᠡ᠂ ᠾᠦᠩᠨᠦ ᠶᠢᠨ ᠡᠳᠡᠭᠡᠷ ᠴᠡᠷᠢᠭ ᠤᠨ ᠵᠢᠳᠡ ᠢᠯᠳᠦ ᠨᠢ ᠨᠠᠷᠠᠨ ᠳᠤ ᠬᠢᠯᠪᠠᠯᠵᠠᠨ᠂ ᠬᠤᠶᠠᠭ ᠲᠣᠭᠤᠯᠭ᠎ᠠ ᠠᠴᠠ ᠨᠢ ᠭᠡᠷᠡᠯ ᠰᠴᠣᠷᠠᠵᠣ᠂ ᠠᠷᠳᠠᠭ ᠲᠣᠭᠰᠢᠨ ᠠᠭᠳᠠ ᠬᠦᠯᠦᠭ ᠨᠢ ᠰᠠᠯᠬᠢᠨ ᠭᠠᠯ ᠮᠡᠳᠦ ᠲᠣᠪᠳᠣᠯᠣᠨ᠂ ᠡᠶᠢᠵᠦ ᠶᠠᠭᠠᠬᠢᠬᠤ ᠶᠢᠨ ᠵᠠᠪ ᠦᠭᠭᠦᠯ ᠦᠭᠡᠢ ᠬᠠᠨ ᠣᠯᠣᠰ ᠤᠨ ᠴᠡᠷᠢᠭ ᠢ ᠨᠢᠭᠡᠯ᠎ᠡ ᠲᠡᠭᠡᠷ᠎ᠡ ᠬᠤᠮᠣᠷᠭᠠᠯᠠᠨ ᠪᠦᠰᠡᠯᠡᠪᠡ᠃ ᠪᠡᠯᠡᠳᠬᠡᠭᠰᠡᠨ ᠨᠢ᠄ ᠡᠷᠳᠡᠨᠢᠬᠦᠦᠨᠠᠶᠢᠷᠠᠭᠤᠯᠤᠭᠰᠠᠨ ᠨᠢ᠄ ᠨᠠᠮᠤᠷᠬᠢᠨᠠᠭᠰᠠᠨ ᠨᠢ᠄ ᠤᠷᠢᠬᠠᠨ
 
ᠢᠷᠡᠯᠲᠡ᠄ ᠲᠣᠰ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号