| | ᠾᠦᠩᠨᠦ ᠬᠡᠮᠡᠭᠴᠢ ᠲᠡᠭᠡᠳᠦᠰ ᠠᠨᠣ ᠰᠢᠶᠠ ᠾᠸᠥ ᠣᠪᠣᠭᠳᠣ ᠶᠢᠨ ᠦᠷᠡᠳᠦᠰ ᠪᠦᠯᠦᠭᠡ᠂ ᠲᠡᠭᠦᠨ ᠤ ᠨᠡᠷ᠎ᠡ ᠶᠢ | ᠴᠦᠨ ᠸᠧᠢ ︵淳维︶ ᠬᠡᠮᠡᠮᠣᠢ᠃ ᠲᠠᠩ ᠢᠥᠢ ᠠᠴᠠ ᠡᠮᠦᠨ᠎ᠡ ᠪᠣᠯ ᠱᠠᠨ ᠷᠦᠩ ︵山戎︶᠂ ᠰᠢᠶᠠᠨ | ᠶᠦᠨ ︵獫狁︶᠂ ᠰᠢᠶᠦ᠋ᠨ ᠶᠦ᠋ ︵荤粥᠂ 荤 ᠤ ᠣᠳᠣᠬᠢ ᠣᠩᠰᠢᠯᠭ᠎ᠠ ᠨᠢ ᠾᠦᠨ ᠪᠣᠯᠣᠨ᠎ᠠ᠂ | ᠭᠡᠪᠡᠴᠦ ᠡᠷᠳᠡᠨ ᠤ ᠣᠩᠰᠢᠯᠭ᠎ᠠ ᠪᠠᠷ ᠮᠦᠨ ᠰᠢᠶᠦ᠋ᠨ Xūn ᠭᠡᠳᠡᠭ᠂ 粥 ᠶᠢᠨ ᠡᠷᠳᠡᠨ ᠤ ᠣᠩᠰᠢᠯᠭ᠎ᠠ ᠨᠢ | ᠢᠥᠢ ᠪᠣᠯᠣᠨ᠎ᠠ᠂ ᠭᠡᠪᠡᠴᠦ ᠪᠢ ᠲᠡᠭᠦᠨ ᠢ ᠡᠷᠳᠡᠨ ᠤ ᠠᠪᠢᠶ᠎ᠠ ᠲᠠᠢ ᠨᠢ ᠣᠯᠠᠮ ᠣᠶᠢᠷᠠᠳᠣᠭᠤᠯᠬᠤ ᠶᠢᠨ ᠲᠦᠯᠦᠭᠡ ᠶᠦ᠋ | ᠬᠡᠮᠡᠨ ᠠᠪᠢᠶᠠᠯᠠᠵᠠᠢ᠂ ᠲᠣᠷᠣᠭᠰᠢ ᠪᠦᠷ ᠠᠳᠠᠯᠢ᠃︶ ᠬᠡᠮᠡᠨ ᠪᠠᠶᠢᠯᠤᠭ᠎ᠠ᠂ ᠳᠡᠳᠡ ᠣᠮᠠᠷᠠᠳᠣ ᠭᠠᠵᠠᠷ ᠰᠠᠭᠤᠵᠣ᠂ ᠮᠠᠯ | ᠰᠦᠷᠦᠭ ᠢᠶᠠᠨ ᠲᠠᠭᠠᠨ ᠨᠡᠬᠦᠳᠡᠯᠯᠡᠨ ᠠᠮᠢᠳᠣᠷᠠᠮᠣᠢ᠃ | ︽ᠲᠠᠶᠢᠯᠪᠣᠷᠢ︾᠄ ᠬᠤᠷᠢᠶᠠᠩᠭᠤᠢ ᠲᠠᠶᠢᠯᠪᠣᠷᠢ ᠳᠤ ᠬᠡᠯᠡᠭᠰᠡᠨ ᠨᠢ᠂ ᠬᠠᠨ ᠣᠯᠣᠰ ᠤᠨ ᠪᠢᠴᠢᠭ ᠲᠤ ᠴᠦᠨ ᠸᠧᠢ | ᠪᠣᠯ ᠾᠦᠩᠨᠦ ᠶᠢᠨ ᠲᠡᠭᠡᠳᠦᠰ ᠪᠣᠯᠠᠢ ᠭᠡᠵᠡᠢ᠃ ᠬᠡᠯᠬᠢᠶᠡᠰᠦ ᠳᠤ ᠵᠠᠩ ᠶᠠᠨ ᠦᠬᠦᠯᠡᠷᠦᠨ᠄ ᠴᠦᠨ ᠸᠧᠢ ᠪᠣᠯᠪᠠᠰᠣ | ᠶᠢᠨ ᠣᠯᠣᠰ ᠤᠨ ᠦᠶ᠎ᠡ ᠳᠤ ᠣᠮᠠᠷᠠᠰᠢ ᠪᠣᠷᠣᠭᠤᠯᠠᠨ ᠬᠦᠷᠪᠡᠢ ᠭᠡᠵᠦ ᠪᠢᠴᠢᠵᠡᠢ᠃ ︵ᠶᠢᠨ ᠣᠯᠣᠰ ᠭᠡᠳᠡᠭ ᠨᠢ | ᠲᠠᠷᠣᠢ ᠱᠠᠩ ᠣᠯᠣᠰ ᠪᠣᠯᠣᠨ᠎ᠠ᠂ ᠱᠠᠩ ᠣᠯᠣᠰ ᠢ ᠪᠠᠰᠠ ᠶᠢᠨ ᠱᠠᠩ ᠭᠡᠳᠡᠭ᠂ ᠣᠴᠢᠷ ᠨᠢ ᠱᠠᠩ ᠣᠯᠣᠰ ᠬᠤᠵᠢᠮ | ᠶᠢᠨ ᠭᠡᠳᠡᠭ ᠭᠠᠵᠠᠷ ᠲᠤ ᠨᠡᠶᠢᠰᠯᠡᠯᠵᠦ ᠶᠢᠨ ᠱᠠᠩ ᠭᠡᠵᠦ ᠲᠠᠭᠤᠳᠠᠬᠤ ᠪᠣᠯᠪᠠ᠃ ᠡᠶᠢᠮᠦ ᠠᠴᠠ ᠶᠢᠨ ᠱᠠᠩ ᠢᠶᠠᠨ | ᠲᠦᠭᠦᠮᠴᠢᠯᠠᠨ ᠰᠢᠭᠤᠳ ᠶᠢᠨ ᠣᠯᠣᠰ ᠭᠡᠳᠡᠭ ᠪᠣᠯᠣᠭᠰᠠᠨ ᠠᠵᠠᠢ᠃︶ ᠪᠠᠰᠠ ᠯᠧ ᠴᠠᠨ ᠤ ᠨᠣᠳᠤᠭ | ᠦᠷᠭᠡᠳᠭᠡᠭᠰᠡᠨ ᠵᠢᠬᠰᠠᠭᠠᠮᠵᠢ ︵乐产括地谱︶ ᠭᠡᠳᠡᠭ ᠨᠣᠮ ᠳᠤ ᠦᠬᠦᠯᠡᠭᠰᠡᠨ ᠨᠢ᠄ ︽ᠰᠢᠶᠠ | ᠵᠢᠶᠧ ᠶᠣᠰᠣᠨ ᠦᠭᠡᠢ ᠶᠠᠪᠣᠵᠣ᠂ ᠲᠠᠩ ᠲᠡᠭᠦᠨ ᠢ ᠮᠢᠩ ᠲᠢᠶᠣᠤ ᠳᠤ ᠴᠦᠯᠡᠯᠦᠭᠡ᠂ ᠭᠤᠷᠪᠠᠨ ᠣᠨ ᠤ ᠲᠠᠷᠠᠭ᠎ᠠ | ᠲᠡᠷᠡ ᠪᠠᠷ ᠦᠬᠦᠭᠰᠡᠨ᠎ᠡ᠂ ᠲᠡᠭᠦᠨ ᠤ ᠬᠦᠪᠡᠭᠦᠨ ᠰᠢᠶᠦ᠋ᠨ ᠶᠦ᠋ ︵獯粥︶᠂ ᠡᠴᠢᠭᠡ ᠶᠢᠨ ᠢᠶᠠᠨ ᠬᠠᠳᠣᠳ | ᠳᠠᠳᠠᠪᠣᠷᠢ ᠪᠦᠬᠦᠨ ᠢ ᠦᠪᠡᠷ ᠤᠨ ᠡᠬᠡᠨᠡᠷ ᠪᠣᠯᠭᠠᠨ ᠠᠪᠴᠣ᠂ ᠣᠮᠠᠷᠠᠳᠣ ᠬᠡᠭᠡᠷ᠎ᠡ ᠵᠠᠶᠢᠯᠠᠨ ᠰᠠᠭᠤᠵᠣ᠂ ᠮᠠᠯ ᠮᠠᠯᠵᠢᠨ | ᠣᠳᠣᠷᠯᠠᠨ ᠠᠮᠢᠳᠣᠷᠠᠪᠠ᠃ ᠲᠣᠮᠳᠠᠳᠣᠴᠣᠳ ᠳᠡᠳᠡᠨᠡᠷ ᠢ ᠾᠦᠩᠨᠦ ︵匈奴︶ ᠬᠡᠮᠡᠮᠣᠢ︾ ᠭᠡᠵᠡᠢ᠃ ᠵᠡᠬᠦᠨ | ᠬᠠᠨ ᠣᠯᠣᠰ ᠤᠨ ᠦᠶ᠎ᠡ ᠶᠢᠨ ᠬᠦᠮᠦᠨ ᠶᠢᠩ ᠱᠣᠤ ᠶᠢᠨ ᠵᠣᠬᠢᠶᠠᠭᠰᠠᠨ ︽ᠵᠠᠩ ᠳᠠᠳᠬᠠᠯ ᠤᠨ ᠨᠡᠪᠳᠡᠷᠬᠡᠢ ᠵᠢᠷᠣᠮ︾ | ᠬᠡᠮᠡᠭᠴᠢ ᠪᠢᠴᠢᠭ ᠲᠤ ᠬᠡᠯᠡᠭᠰᠡᠨ ᠨᠢ ᠶᠢᠨ ᠣᠯᠣᠰ ᠤᠨ ᠦᠶ᠎ᠡ ᠳᠤ ᠰᠢᠶᠦ᠋ᠨ ᠶᠦ᠋ ︵獯粥︶ ᠬᠡᠮᠡᠨ | ᠪᠠᠶᠢᠯᠤᠭ᠎ᠠ᠂ ᠲᠡᠭᠦᠨ ᠤ ᠨᠡᠷ᠎ᠡ ᠶᠢ ᠬᠠᠯᠠᠵᠣ ᠾᠦᠩᠨᠦ ︵匈奴︶ ᠪᠣᠯᠭᠠᠪᠠᠢ ᠭᠡᠵᠡᠢ᠃ ᠪᠠᠰᠠ ᠹᠦ᠋ ᠴᠢᠶᠠᠨ | ᠦᠬᠦᠯᠡᠷᠦᠨ᠄ ︽ᠶᠣᠤ ᠶᠢᠨ ᠦᠶ᠎ᠡ ᠳᠤ ᠰᠢᠶᠦ᠋ᠨ ᠶᠦ᠋ ︵荤粥︶ ᠬᠡᠮᠡᠵᠦ᠂ ᠵᠸᠥ ᠶᠢᠨ ᠦᠶ᠎ᠡ ᠳᠤ ᠰᠢᠶᠠᠨ | ᠶᠦᠨ ︵獫狁︶ ᠬᠡᠮᠡᠨ᠂ ᠴᠢᠨ ᠤ ᠦᠶ᠎ᠡ ᠳᠤ ᠾᠦᠩᠨᠦ ︵匈奴︶ ᠬᠡᠮᠡᠪᠡᠢ︾ ᠭᠡᠵᠡᠢ᠃ ᠬᠡᠯᠬᠢᠶᠡᠰᠦ | ᠳᠤ ᠬᠡᠯᠡᠭᠰᠡᠨ ᠨᠢ ᠸᠧᠢ ᠵᠣᠤ ᠦᠬᠦᠯᠡᠷᠦᠨ᠄ ︽ᠬᠠᠨ ᠤ ᠦᠶ᠎ᠡ ᠳᠤ ᠾᠦᠩᠨᠦ ᠬᠡᠮᠡᠵᠦ᠂ ᠰᠢᠶᠦ᠋ᠨ ᠶᠦ᠋ ᠬᠡᠮᠡᠭᠴᠢ | ᠲᠡᠭᠦᠨ ᠤ ᠨᠦᠬᠦᠭᠡ ᠨᠡᠷ᠎ᠡ ᠪᠣᠯᠣᠮᠣᠢ︾ ᠭᠡᠵᠡᠢ᠃ | ᠱᠠᠨ ᠷᠦᠩ ︵山戎︶ ᠭᠡᠳᠡᠭ ᠨᠡᠷ᠎ᠡ ᠪᠣᠯ ᠣᠳᠣ ᠪᠠᠷ ᠮᠡᠳᠡᠵᠦ ᠪᠠᠶᠢᠭ᠎ᠠ ᠬᠢᠳᠠᠳ ᠲᠡᠣᠬᠡᠨ ᠳᠤ | ᠲᠡᠮᠳᠡᠭᠯᠡᠭᠳᠡᠭᠰᠡᠨ ᠾᠦᠩᠨᠦ ᠶᠢᠨ ᠬᠠᠮᠤᠭ ᠡᠷᠳᠡᠨ ᠤ ᠨᠡᠷ᠎ᠡ ᠪᠣᠯᠣᠮᠠᠷ ᠪᠠᠶᠢᠨ᠎ᠠ᠃ ᠬᠢᠳᠠᠳ ᠲᠡᠣᠬᠡᠨ ᠳᠠᠬᠢ ᠬᠠᠮᠤᠭ | ᠡᠷᠳᠡᠨ ᠤ ᠨᠣᠮ ᠪᠢᠴᠢᠭ ᠤᠳ ᠲᠤ ᠲᠡᠮᠳᠡᠭᠯᠡᠵᠦ ᠪᠠᠶᠢᠭ᠎ᠠ ᠪᠠᠶᠢᠳᠠᠯ ᠠᠴᠠ ᠦᠵᠡᠪᠡᠯ ᠱᠠᠨ ᠷᠦᠩ ᠨᠡᠷ ᠣᠳᠣᠬᠢ | ᠪᠡᠭᠡᠵᠢᠩ ᠲᠢᠶᠠᠨᠵᠢᠨ ᠬᠠᠪᠢ ᠪᠠ ᠲᠡᠭᠦᠨ ᠤ ᠠᠷᠣ ᠠᠴᠠ ᠡᠬᠢᠯᠡᠨ ᠪᠠᠷᠠᠭᠤᠨᠰᠢ ᠱᠠᠨᠰᠢ ᠭᠠᠨᠰᠣ ᠬᠦᠷᠳᠡᠯ᠎ᠡ᠂ ᠡᠮᠦᠨᠡᠰᠢ | ᠬᠠᠳᠣᠨ ᠭᠤᠣᠯ ᠤᠨ ᠲᠣᠮᠳᠠᠳᠣ ᠲᠡᠭᠡᠳᠦ ᠣᠷᠣᠰᠬᠠᠯ ᠬᠠᠪᠢ ᠬᠦᠷᠳᠡᠯ᠎ᠡ ᠪᠦᠷ ᠲᠠᠷᠬᠠᠨ ᠠᠮᠢᠳᠣᠷᠠᠵᠣ ᠪᠠᠶᠢᠵᠠᠢ᠃ | ᠲᠣᠬᠠᠢ ᠶᠢᠨ ᠦᠶ᠎ᠡ ᠳᠤ ᠪᠠᠷᠤᠭ ᠲᠡᠳᠡᠨᠡᠷ ᠤᠨ ᠬᠤᠶᠢᠭᠤᠷ ᠪᠠᠰᠠ ᠶᠠᠮᠠᠷ ᠦᠨᠳᠦᠰᠦᠳᠡᠨ ᠶᠠᠰᠣᠳᠠᠨ ᠪᠠᠶᠢᠭᠰᠠᠨ ᠡᠰᠡᠬᠦ | ᠶᠢ ᠲᠣᠮᠳᠠᠳᠣ ᠶᠢᠨ ᠬᠦᠮᠦᠰ ᠴᠦ ᠮᠡᠳᠡᠬᠦ ᠦᠭᠡᠢ ᠪᠣᠶᠣ ᠡᠰᠡᠬᠦᠯ᠎ᠡ ᠲᠣᠲᠣᠷᠬᠠᠢ ᠮᠡᠳᠡᠬᠦ ᠦᠭᠡᠢ ᠪᠠᠯᠠᠷᠯᠢᠭ ᠴᠠᠭ | ᠪᠠᠶᠢᠭᠰᠠᠨ ᠪᠣᠯᠣᠯᠳᠠᠢ᠃ ᠱᠠᠨ ᠷᠦᠩ ᠨᠡᠷ ᠤᠨ ᠣᠯᠠᠩᠬᠢ ᠨᠢ ᠮᠠᠯ ᠮᠠᠯᠵᠢᠨ ᠨᠡᠭᠦᠳᠡᠯᠯᠡᠨ ᠠᠮᠢᠳᠣᠷᠠᠵᠣ ᠪᠠᠶᠢᠬᠤ ᠳᠤ | ᠪᠠᠰᠠ ᠴᠦᠬᠡᠨ ᠵᠠᠷᠢᠮ ᠨᠢ ᠬᠤᠳᠠ ᠴᠣᠭᠴᠠᠯᠠᠨ ᠰᠠᠭᠤᠷᠢᠰᠢᠵᠣ ᠪᠠᠶᠢᠭᠰᠠᠨ ᠲᠡᠣᠬᠡ ᠲᠠᠢ ᠠᠵᠠᠢ᠃ ᠵᠢᠱᠢᠶᠡᠯᠡᠪᠡᠯ ︽ | ᠶᠢ ᠴᠢᠥᠢ ᠶᠢᠨ ᠷᠦᠩ ᠨᠡᠷ ᠬᠤᠷᠢᠨ ᠲᠠᠪᠣᠨ ᠬᠤᠳᠠ ᠴᠣᠭᠴᠠᠯᠠᠨ ᠰᠠᠭᠤᠷᠢᠰᠢᠵᠣ ᠪᠠᠶᠢᠪᠠ᠂ ᠴᠢᠨ ᠣᠯᠣᠰ ᠠᠭᠠᠵᠢᠮ | ᠢᠶᠠᠷ ᠪᠦᠬᠦᠨ ᠢ ᠪᠣᠯᠢᠶᠠᠨ ᠡᠵᠡᠯᠡᠵᠡᠢ︾ ᠭᠡᠵᠦ ᠴᠢᠨ ᠣᠯᠣᠰ ᠤᠨ ᠴᠢᠨ ᠾᠦᠢ ᠸᠠᠩ ᠤᠨ ᠴᠠᠳᠢᠭ ᠲᠤ ᠲᠣᠲᠣᠷᠬᠠᠢ | ᠪᠢᠴᠢᠵᠦ ᠪᠠᠶᠢᠨ᠎ᠠ᠃ | ᠣᠳᠣᠬᠢ ᠮᠠᠨ ᠤ ᠬᠡᠯᠡᠳᠡᠭ ᠾᠦᠩᠨᠦ ᠭᠡᠳᠡᠭ ᠦᠭᠡ ᠪᠣᠯ ᠬᠢᠳᠠᠳ ᠲᠡᠣᠬᠡᠴᠢᠳ ᠠᠴᠠ ᠲᠣᠬᠠᠢ ᠶᠢᠨ ᠦᠶ᠎ᠡ ᠶᠢᠨ | ᠬᠢᠳᠠᠳ ᠦᠰᠦᠭ ᠤᠨ ᠣᠶᠢᠷᠠᠯᠴᠠᠭ᠎ᠠ ᠠᠪᠢᠶ᠎ᠠ ᠪᠦᠬᠦᠢ ᠦᠰᠦᠭ ᠢᠶᠠᠷ ᠾᠦᠩᠨᠦ ᠶᠢᠨ ᠦᠪᠡᠷ ᠤᠨ ᠬᠢᠨᠢ ᠨᠡᠷᠡᠶᠢᠳᠦᠯ | ᠢ ᠲᠣᠬᠠᠢ ᠶᠢᠨ ᠦᠶ᠎ᠡ ᠶᠢᠨ ᠬᠢᠳᠠᠳ ᠬᠡᠯᠡ ᠠᠪᠢᠶ᠎ᠠ ᠳᠠᠭᠠᠨ ᠣᠶᠢᠷᠠᠳᠣᠭᠤᠯᠣᠨ᠂ ᠠᠪᠢᠶᠠᠴᠢᠯᠠᠨ ᠭᠠᠯᠢᠭᠴᠢᠯᠠᠭᠰᠠᠨ | ᠨᠡᠷ᠎ᠡ ᠦᠭᠡ ᠪᠣᠯᠣᠨ᠎ᠠ᠃ | ᠬᠢᠳᠠᠳ ᠬᠡᠯᠡᠨ ᠤ ᠡᠷᠳᠡᠨ ᠤ ᠠᠪᠢᠶ᠎ᠠ ᠶᠢ ᠨᠡᠯᠢᠶᠡᠳ ᠪᠦᠷᠢᠨ ᠲᠡᠭᠦᠯᠳᠡᠷ ᠬᠠᠳᠠᠭᠠᠯᠠᠵᠣ ᠪᠠᠶᠢᠭ᠎ᠠ ᠭᠤᠸᠠᠩᠳᠦ᠋ᠩ | ᠠᠪᠢᠶᠠᠨ ᠤ ᠭᠤᠸᠠᠩᠵᠸᠥ ᠰᠠᠯᠪᠣᠷᠢ ᠳᠤ ᠾᠦᠩᠨᠦ ᠭᠡᠳᠡᠭ ᠦᠭᠡ ᠶᠢ ᠣᠳᠣ ᠴᠦ ᠭᠡᠳ Heung Nou ᠬᠡᠮᠡᠨ | ᠠᠪᠢᠶᠠᠯᠠᠳᠠᠭ ᠭᠡᠵᠦ ᠶᠠᠫᠣᠨ ᠬᠡᠯᠡᠨ ᠤ ᠸᠢᠺᠢᠫᠧᠳᠢᠶ᠎ᠠ ᠰᠦᠯᠵᠢᠶᠡᠨ ᠤ ᠾᠦᠩᠨᠦ ᠭᠡᠳᠡᠭ ᠦᠭᠡᠰ ᠤᠨ ᠵᠣᠷᠪᠣᠰ ᠲᠤ | ᠪᠢᠴᠢᠵᠦ ᠪᠠᠶᠢᠨ᠎ᠠ᠃ ᠲᠠᠷᠠᠭ᠎ᠠ ᠨᠢ᠂ ᠰᠢᠶᠦ᠋ᠨ ᠶᠦ᠋ ︵獯粥︶ ᠭᠡᠳᠡᠭ ᠨᠡᠷ᠎ᠡ ᠶᠢ ᠢᠯᠡᠳᠭᠡᠭᠰᠡᠨ ᠬᠤᠶᠠᠷ | ᠬᠢᠳᠠᠳ ᠦᠰᠦᠭ ᠢ ᠦᠵᠡᠶ᠎ᠡ᠃ ᠲᠡᠭᠦᠨ ᠤ ᠲᠦᠷᠦᠬᠦᠥ ᠦᠰᠦᠭ ᠢ ᠨᠢ ᠣᠳᠣ ᠪᠣᠯ ᠰᠢᠶᠦ᠋ᠨ ︵xūn︶ ᠭᠡᠵᠦ | ᠠᠪᠢᠶᠠᠯᠠᠨ᠂ ᠲᠠᠷᠠᠭᠠᠬᠢ 粥 ᠦᠰᠦᠭ ᠢ ᠨᠢ ᠵᠸᠥ ︵zhōu︶ ᠪᠠ ᠶᠦ᠋ ︵yù︶ ᠭᠡᠵᠦ ᠬᠤᠶᠠᠷ ᠵᠦᠢᠯ | ᠢᠶᠠᠷ ᠣᠩᠰᠢᠳᠠᠭ ᠪᠠᠶᠢᠨ᠎ᠠ᠃ ᠭᠡᠪᠡᠴᠦ ᠡᠷᠳᠡ ᠦᠶ᠎ᠡ ︵ᠲᠣᠬᠠᠢ ᠶᠢᠨ ᠦᠶ᠎ᠡ︶ ᠳᠡᠭᠡᠨ ᠰᠢᠶᠦ᠋ᠨ ᠶᠦ᠋ ᠭᠡᠵᠦ | ᠣᠩᠰᠢᠳᠠᠭ ᠪᠣᠯᠣᠯᠳᠠᠢ᠃ ᠣᠴᠢᠷ ᠨᠢ ᠭᠤᠸᠠᠩ ᠶᠦᠨ ᠵᠡᠷᠭᠡ ᠨᠡᠯᠢᠶᠡᠳ ᠬᠡᠳᠦᠨ ᠡᠷᠳᠡᠨ ᠤ ᠲᠣᠯᠢ ᠪᠢᠴᠢᠭ ᠲᠤ | ᠪᠦᠷ 粥 ᠦᠰᠦᠭ ᠢ 余六切,音育 ᠭᠡᠵᠦ᠂ ᠲᠣᠪ ᠲᠣᠲᠣᠷᠬᠠᠢ ᠶᠦ᠋ ᠠᠪᠢᠶ᠎ᠠ ᠲᠠᠢ ᠭᠡᠵᠦ | ᠲᠡᠮᠳᠡᠭᠯᠡᠵᠦ ᠪᠠᠶᠢᠭ᠎ᠠ ᠶᠣᠮ᠂ 余六切 ᠭᠡᠳᠡᠭ ᠨᠢ 余 ᠶᠢᠨ ᠲᠡᠷᠢᠭᠦᠨ ᠤ ᠭᠡᠶᠢᠬᠦᠯᠦᠭᠴᠢ ᠪᠠ 六 ᠶᠢᠨ | ᠰᠡᠬᠦᠯ ᠤᠨ ᠡᠭᠡᠰᠢᠭ ᠢᠶᠠᠷ ᠣᠩᠰᠢᠨ᠎ᠠ ᠭᠡᠰᠡᠨ ᠦᠭᠡ ᠪᠣᠯᠣᠨ᠎ᠠ᠃ ᠡᠨᠡ ᠪᠣᠯ ᠡᠷᠳᠡᠨ ᠤ ᠬᠢᠳᠠᠳ ᠬᠦᠮᠦᠰ ᠤᠨ | ᠦᠰᠦᠭ ᠨᠢᠳᠦᠯᠡᠬᠦ ᠳᠤ ᠬᠡᠷᠡᠭᠯᠡᠬᠦ ᠵᠦᠪ ᠠᠪᠢᠶᠠᠯᠠᠯᠭ᠎ᠠ ᠶᠢᠨ ᠠᠪᠢᠶᠠᠨ ᠤ ᠭᠠᠯᠢᠭ ᠤᠨ ᠨᠢᠭᠡᠨ ᠵᠦᠢᠯ ᠪᠣᠯᠣᠨ᠎ᠠ᠃ | ᠡᠶᠢᠮᠦ ᠠᠴᠠ ᠰᠢᠶᠦ᠋ᠨ ᠶᠦ᠋ 獯粥 ︵xūn yù︶᠂ ᠰᠢᠶᠠᠨ ᠶᠦᠨ 獫狁 ︵xiǎn yǔn︶ | ᠭᠡᠬᠦ ᠪᠣᠶᠣ ᠰᠢᠶᠦ᠋ᠨ ᠶᠦ᠋ 荤粥 ᠭᠡᠳᠡᠭ ᠨᠢ ᠪᠦᠷ ᠨᠢᠭᠡᠨ ᠨᠡᠷ᠎ᠡ ᠶᠢᠨ ᠠᠳᠠᠯᠢ ᠪᠣᠰᠣ ᠠᠪᠢᠶᠠᠴᠢᠯᠠᠨ | ᠭᠠᠯᠢᠭᠴᠢᠯᠠᠭᠰᠠᠨ ᠦᠭᠡ ᠪᠣᠯᠣᠨ᠎ᠠ᠃ ᠮᠢᠨᠦ ᠦᠵᠡᠬᠦ ᠪᠠᠷ ᠲᠠᠷᠣᠢ ᠬᠢᠶᠠᠨ᠂ ᠬᠢᠶᠣᠨ ᠪᠣᠶᠣ ᠬᠢᠶᠣᠳ ᠭᠡᠳᠡᠭ ᠦᠭᠡ | ᠶᠢᠨ ᠣᠶᠢᠷᠠᠯᠴᠠᠭ᠎ᠠ ᠠᠪᠢᠶ᠎ᠠ ᠶᠢ ᠢᠯᠡᠳᠭᠡᠭᠰᠡᠨ ᠬᠢᠳᠠᠳ ᠦᠰᠦᠭ ᠭᠡᠵᠦ ᠦᠵᠡᠵᠦ ᠪᠠᠶᠢᠨ᠎ᠠ᠃ ᠯᠠᠪᠰᠢᠷᠠᠭᠤᠯᠣᠨ | ᠬᠡᠯᠡᠪᠡᠯ ᠰᠢᠶᠠᠨ ᠶᠦᠨ ︵獫狁︶ ᠤ ᠶᠦᠨ ᠨᠢ 粥 ᠦᠰᠦᠭ ᠢ ᠵᠸᠥ ︵zhōu︶ ᠪᠠᠷ ᠣᠩᠰᠢᠬᠤ ᠪᠢᠰᠢ | ᠬᠠᠷᠢᠨ ᠶᠦ᠋ ︵yù︶ ᠪᠠᠷ ᠣᠩᠰᠢᠨ᠎ᠠ ᠭᠡᠳᠡᠭ ᠢ ᠲᠠᠪᠬᠤᠷ ᠨᠣᠳᠠᠯᠠᠵᠣ ᠪᠠᠶᠢᠭ᠎ᠠ ᠬᠡᠷᠡᠭ ᠮᠦᠨ᠃ ᠭᠡᠪᠡᠴᠦ ᠵᠸᠥ | ᠪᠠᠷ ᠣᠩᠰᠢᠬᠤ ᠨᠢ ᠴᠦ ᠪᠣᠷᠣᠭᠤ ᠦᠭᠡᠢ ᠮᠠᠭᠠᠳ᠂ ᠣᠴᠢᠷ ᠨᠢ ᠾᠦᠩᠨᠦ ᠬᠦᠮᠦᠰ ᠤᠨ ᠣᠯᠠᠨ ᠲᠣᠭᠠᠨ ᠤ | ᠲᠦᠯᠦᠭᠡᠨ ᠤ ᠨᠡᠷ᠎ᠡ ᠪᠠᠷ ᠨᠡᠷᠡᠯᠡᠭᠰᠡᠨ ᠬᠢᠶᠠᠨᠴᠣᠳ ᠭᠡᠳᠡᠭ ᠦᠭᠡ ᠶᠢ ᠬᠢᠳᠠᠳ ᠬᠡᠯᠡᠨ ᠳᠤ ᠰᠢᠶᠦ᠋ᠨ ᠵᠸᠥ ᠭᠡᠵᠦ | ᠣᠩᠰᠢᠬᠤ ᠳᠤ ᠪᠣᠯᠬᠤ ᠦᠭᠡᠢ ᠪᠢᠰᠢ᠃ ᠲᠡᠭᠡᠪᠡᠯ 獯᠂ 獫 ᠪᠠ 荤 ᠵᠡᠷᠭᠡ ᠬᠢᠳᠠᠳ ᠦᠰᠦᠭ ᠪᠦᠷ ᠬᠢᠶᠠᠨ | hiyan ᠢ ᠣᠶᠢᠷᠠᠳᠣᠭᠤᠯᠣᠨ ᠠᠪᠢᠶᠠᠯᠠᠭᠰᠠᠨ ᠬᠢᠳᠠᠳ ᠦᠰᠦᠭ ᠪᠠᠶᠢᠭᠰᠠᠨ ᠪᠣᠯᠣᠯᠳᠠᠢ ᠭᠡᠵᠦ ᠲᠦᠰᠦᠭᠡᠯᠡᠵᠦ | ᠪᠠᠶᠢᠭ᠎ᠠ ᠨᠢ ᠪᠦᠷ ᠪᠣᠷᠣᠭᠤ ᠦᠭᠡᠢ ᠮᠠᠭᠠᠳ ᠭᠡᠵᠦ ᠪᠣᠳᠣᠵᠣ ᠪᠠᠶᠢᠨ᠎ᠠ᠃ ᠡᠷᠳᠡᠨ ᠤ ᠬᠢᠳᠠᠳ ᠬᠡᠯᠡᠨ ᠳᠤ ᠪᠠᠶᠢᠭᠰᠠᠨ | ᠣᠶᠢᠷᠠᠯᠴᠠᠭ᠎ᠠ ᠪᠠᠷ ᠬᠢᠶᠠᠨ ︵hiyan︶ ᠭᠡᠳᠡᠭ ᠠᠪᠢᠶ᠎ᠠ ᠣᠳᠣᠬᠢ ᠬᠢᠳᠠᠳ ᠬᠡᠯᠡᠨ ᠳᠤ ᠨᠢᠭᠡᠨᠳᠡ ᠣᠰᠠᠳᠴᠣ᠂ | ᠪᠦᠷ ᠰᠢᠶᠠᠨ ︵xian︶ ᠭᠡᠳᠡᠭ ᠠᠪᠢᠶ᠎ᠠ ᠲᠠᠢ ᠠᠭᠤᠰᠣᠯᠳᠣᠨ ᠨᠢᠭᠡᠳᠴᠡᠢ᠃ ᠭᠡᠪᠡᠴᠦ ᠪᠢᠳᠡ ᠲᠣᠮᠳᠠᠳᠣ ᠡᠷᠳᠡᠨ ᠤ | ᠬᠢᠳᠠᠳ ᠠᠪᠢᠶ᠎ᠠ ᠶᠢ ᠨᠡᠯᠢᠶᠡᠳ ᠰᠠᠶᠢᠨ ᠬᠠᠳᠠᠭᠠᠯᠠᠵᠣ ᠪᠠᠶᠢᠭ᠎ᠠ ᠰᠣᠯᠣᠩᠭᠤᠰ ᠬᠡᠯᠡᠨ ᠠᠴᠠ ᠡᠬᠦᠨ ᠢ ᠪᠠᠰᠠ ᠣᠯᠵᠣ | ᠦᠵᠡᠨ᠎ᠡ᠃ ᠵᠢᠱᠢᠶᠡᠯᠡᠪᠡᠯ 现代 ︵ᠾᠢᠶᠠᠨ ᠳ᠋ᠠᠢ︶ ᠭᠡᠳᠡᠭ ᠺᠣᠷᠢᠶᠠ ᠺᠣᠮᠫᠠᠨᠢ ᠶᠢᠨ ᠨᠡᠷ᠎ᠡ ᠶᠢ ᠣᠳᠣ ᠪᠠᠷ ᠴᠦ | ᠾᠢᠶᠠᠨ ᠳ᠋ᠠᠢ ᠭᠡᠵᠦ ᠠᠪᠢᠶᠠᠯᠠᠭᠰᠠᠭᠠᠷ ᠪᠠᠶᠢᠭ᠎ᠠ ᠶᠣᠮ᠃ ᠪᠠᠰᠠ ᠮᠠᠨᠵᠣ ᠬᠡᠯᠡᠨ ᠳᠤ ᠡᠯᠪᠡᠷᠢᠯ ᠲᠠᠢ ᠭᠡᠳᠡᠭ ᠦᠭᠡ ᠶᠢ | ᠰᠢᠭᠤᠳ ᠬᠢᠳᠠᠳ ᠬᠡᠯᠡᠨ ᠠᠴᠠ 孝顺 ᠭᠡᠳᠡᠭ ᠠᠳᠠᠯᠢ ᠣᠳᠬ᠎ᠠ ᠲᠠᠢ ᠦᠭᠡ ᠶᠢ ᠵᠢᠭᠡᠯᠡᠨ ᠠᠪᠴᠣ᠂ ᠬᠢᠳᠠᠳ | ᠢᠶᠠᠷ ᠨᠢ ᠾᠢᠶᠣᠰᠣᠨ ︵hiyao sun︶ ᠭᠡᠵᠦ ᠠᠪᠢᠶᠠᠯᠠᠨ ᠣᠩᠰᠢᠭᠰᠠᠭᠠᠷ ᠪᠠᠶᠢᠨ᠎ᠠ᠃ ᠡᠭᠦᠨ ᠠᠴᠠ | ᠣᠯᠠᠷᠢᠭᠤᠯᠣᠨ ᠦᠬᠦᠯᠡᠪᠡᠯ ᠶᠠᠫᠣᠨ ᠬᠡᠯᠡᠨ ᠤ ᠲᠣᠯᠢ ᠪᠢᠴᠢᠭ ᠲᠤ ᠾᠦᠩᠨᠦ ︵匈奴︶ ᠭᠡᠳᠡᠭ ᠦᠭᠡ ᠶᠢ | ᠬᠠᠨᠽᠢ ᠦᠰᠦᠭ ᠤᠨ ᠡᠦ ᠶᠢᠨ ᠠᠪᠢᠶ᠎ᠠ ᠪᠠᠷ ᠺᠦᠨᠦ᠋ ︵くぬ︶ ᠭᠡᠵᠦ ᠣᠩᠰᠢᠨ᠂ ᠬᠠᠨ ᠤ ᠠᠪᠢᠶ᠎ᠠ ᠪᠠᠷ ᠺᠢᠶᠣᠳᠣ᠋ | ︵きょうど︶ ᠭᠡᠵᠦ ᠣᠩᠰᠢᠨ᠎ᠠ ᠭᠡᠵᠦ ᠲᠠᠶᠢᠯᠪᠣᠷᠢᠯᠠᠵᠣ ᠪᠠᠶᠢᠨ᠎ᠠ᠃ ᠺᠦᠨᠦ᠋ ᠨᠢ ︽ᠬᠢᠶᠠᠨ ᠤ︾ ᠶᠢᠨ | ᠬᠠᠷᠠᠭᠠᠯᠵᠠᠭᠰᠠᠨ ᠠᠪᠢᠶ᠎ᠠ ᠪᠠᠶᠢᠵᠣ᠂ ᠺᠢᠶᠣᠳᠣ᠋ ᠨᠢ ᠬᠢᠶᠠᠨ ᠤ ᠣᠯᠠᠨ ᠲᠤᠭ᠎ᠠ ᠶᠢ ᠵᠢᠭᠠᠭᠰᠠᠨ ︽ᠬᠢᠶᠠᠳ︾ ᠤᠨ | ᠬᠠᠷᠠᠭᠠᠯᠵᠠᠭᠰᠠᠨ ᠠᠪᠢᠶ᠎ᠠ ᠪᠣᠯᠪᠠᠥ ᠭᠡᠵᠦ ᠪᠣᠳᠣᠨᠠᠮ᠃ ᠪᠠᠰᠠ ᠨᠢᠭᠡᠨ ᠵᠢᠱᠢᠶ᠎ᠡ ᠠᠴᠠ ᠦᠵᠡᠪᠡᠯ᠂ ᠨᠠᠷᠧᠨᠳ᠋ᠷᠠ ᠺᠷᠢᠱᠨᠠ | ᠰᠢᠩᠬᠠ ( Narendra Krishna Sinha︶ ᠪᠣᠯᠣᠨ ᠠᠨᠢᠯ ᠴᠠᠩᠳ᠋ᠷᠠ ᠪᠠᠨᠠᠷᠵᠢ ︵Anil Chandra | Banerjee︶ ᠶᠢᠨ ᠵᠣᠬᠢᠶᠠᠭᠰᠠᠨ ︽ᠡᠨᠡᠳᠬᠡᠭ ᠤᠨ ᠨᠡᠪᠳᠡᠷᠬᠡᠢ ᠲᠡᠣᠬᠡ︾ ︵ᠱᠠᠩ ᠡᠣ ᠬᠡᠪᠯᠡᠯ ᠤᠨ ᠬᠤᠷᠢᠶ᠎ᠠ | ᠠᠴᠠ ᠬᠡᠪᠯᠡᠬᠦᠯᠦᠭᠰᠡᠨ 1973 ᠣᠨ ᠤ ᠬᠢᠳᠠᠳ ᠬᠡᠪᠯᠡᠯ︶ ᠳᠤ ᠾᠦᠩᠨᠦ ᠭᠡᠳᠡᠭ ᠦᠭᠡ ᠶᠢ Hiung-nu ᠭᠡᠵᠦ | ᠭᠠᠯᠢᠭᠴᠢᠯᠠᠨ ᠪᠢᠴᠢᠵᠦ ᠪᠠᠶᠢᠭ᠎ᠠ ᠶᠣᠮ᠃ ᠠᠳᠡ ᠣᠨᠴᠠᠭᠠᠢ ᠠᠩᠬᠠᠷᠬᠤ ᠨᠢ ᠡᠷᠳᠡᠨ ᠤ ᠡᠨᠡᠳᠭᠡᠭᠴᠦᠳ ᠤᠨ ᠬᠡᠯᠡᠳᠡᠭ | ᠡᠨᠡᠬᠦ Hiung-nu ︵ᠬᠢᠶᠠᠨ ᠤ︶ ᠭᠡᠳᠡᠭ ᠦᠭᠡ ᠪᠣᠯ ᠨᠡᠶᠢᠳᠡ ᠶᠢᠨ ᠣᠨ ᠲᠣᠭᠠᠯᠠᠯ ᠤᠨ ᠲᠦᠷᠪᠡᠳᠦᠭᠡᠷ ᠵᠠᠭᠤᠨ | ᠠᠴᠠ ᠲᠠᠪᠣᠳᠣᠭᠠᠷ ᠵᠠᠭᠤᠨ ᠢᠶᠠᠷ ᠲᠣᠮᠳᠠᠳᠣ ᠠᠽᠢ ᠳᠤ ᠪᠠᠶᠢᠭᠰᠠᠨ ᠾᠦᠩᠨᠦ ᠬᠦᠮᠦᠰ ᠤᠨ ᠨᠢᠭᠡᠨ ᠰᠠᠯᠠᠭ᠎ᠠ ᠪᠣᠯᠬᠤ | ᠶᠧ ᠳ᠋ᠠ ︵嚈哒᠂ ᠶᠧ ᠳ᠋ᠠ ᠪᠣᠯ ᠬᠡᠯᠳᠦᠰᠬᠢᠪᠡᠯ ᠬᠢᠳᠠᠨ ᠭᠡᠳᠡᠭ ᠨᠡᠷ᠎ᠡ ᠶᠢᠨ ᠡᠷᠳᠡᠨ ᠤ ᠠᠪᠢᠶᠠᠯᠠᠯ ᠪᠣᠯᠬᠤ | ᠮᠠᠭᠠᠳᠯᠠᠯ ᠲᠠᠢ︶ ᠭᠡᠬᠦ ᠪᠣᠶᠣ ᠡᠰᠡᠬᠦᠯ᠎ᠡ ᠪᠠᠰᠠ ᠲᠠᠳᠬᠠᠯ ᠢᠶᠠᠷ ᠢᠶᠠᠨ ᠶᠠᠨ ᠳ᠋ᠠ ᠭᠡᠳᠡᠭ ᠨᠡᠷ᠎ᠡ ᠲᠠᠢ ᠷᠸᠣᠷᠠᠨ ᠬᠦᠮᠦᠰ | ᠤᠨ ᠨᠢᠭᠡᠨ ᠰᠠᠯᠪᠣᠷᠢ — ᠴᠠᠭᠠᠨ ᠾᠦᠩᠨᠦ ᠬᠡᠮᠡᠨ ᠠᠯᠳᠠᠷᠰᠢᠭᠰᠠᠨ ᠾᠦᠩᠨᠦ ᠬᠦᠮᠦᠰ ᠡᠨᠡᠳᠬᠡᠭ ᠲᠤ ᠲᠦᠷᠢᠨ | ᠣᠷᠣᠭᠠᠳ ᠦᠯᠡᠳᠡᠭᠡᠵᠦ ᠦᠭᠭᠦᠭᠰᠡᠨ ᠨᠡᠷ᠎ᠡ ᠪᠣᠯᠣᠨ᠎ᠠ᠃ ᠬᠠᠷᠢᠨ ᠪᠣᠰᠣᠳ ᠦᠨᠳᠦᠰᠦᠳᠡᠨ ᠶᠠᠰᠣᠳᠠᠨ ᠢ ᠲᠠᠮᠵᠢᠵᠣ | ᠲᠠᠮ ᠢᠶᠠᠷ ᠢᠷᠡᠭᠰᠡᠨ ᠨᠡᠷ᠎ᠡ ᠦᠭᠡ ᠪᠢᠰᠢ᠃ ᠲᠣᠬᠠᠢ ᠶᠢᠨ ᠦᠶ᠎ᠡ ᠶᠢᠨ ᠡᠨᠡᠳᠬᠡᠭᠴᠣᠳ᠂ ᠾᠦᠩᠨᠦ ᠶᠢᠨ | ᠲᠦᠷᠢᠮᠡᠬᠡᠶᠢᠯᠡᠯ ᠢ ᠡᠰᠡᠷᠭᠦᠴᠡᠭᠰᠡᠨ ᠬᠡᠷᠡᠭ ᠣᠴᠢᠷ ᠢ ᠴᠢᠯᠠᠭᠤᠨ ᠬᠦᠰᠢᠶ᠎ᠡ ᠳᠤ ᠲᠡᠮᠳᠡᠭᠯᠡᠨ ᠦᠯᠡᠳᠡᠭᠡᠬᠦ ᠲᠡᠭᠡᠨ ᠡᠨᠡᠬᠦ | Hiung-nu ᠭᠡᠳᠡᠭ ᠦᠨᠳᠦᠰᠦᠳᠡᠨ ᠤ ᠨᠡᠷ᠎ᠡ ᠪᠠ ᠲᠡᠭᠦᠨ ᠤ ᠲᠣᠯᠣᠭᠠᠶᠢᠯᠠᠭᠴᠢ ᠶᠢᠨ ᠨᠡᠷ᠎ᠡ ᠲᠣᠷᠠᠮᠠᠨ ︵ | Toramana︶ ᠲᠠᠢ ᠬᠠᠮᠳᠣ ᠰᠡᠶᠢᠯᠪᠣᠷᠢᠯᠡᠭᠰᠡᠨ ᠭᠡᠳᠡᠭ ᠶᠣᠮ᠃ ᠡᠶᠢᠮᠦ ᠠᠴᠠ ᠡᠨᠡᠬᠦ Hiung-nu ᠭᠡᠳᠡᠭ | ᠠᠪᠢᠶ᠎ᠠ ᠨᠢ ᠾᠦᠩᠨᠦ ᠶᠢᠨ ᠲᠣᠬᠠᠢ ᠶᠢᠨ ᠦᠶ᠎ᠡ ᠶᠢᠨ ᠢᠵᠠᠭᠤᠷ ᠠᠪᠢᠶ᠎ᠠ ᠶᠢ ᠨᠡᠯᠢᠶᠡᠳ ᠪᠠᠳᠣᠳᠠᠢ ᠲᠣᠲᠣ | ᠬᠠᠳᠠᠭᠠᠯᠠᠵᠣ ᠪᠠᠶᠢᠭ᠎ᠠ ᠬᠠᠮᠤᠭ ᠡᠷᠳᠡᠨ ᠤ ᠠᠪᠢᠶᠠᠯᠠᠭ᠎ᠠ ᠪᠣᠯᠬᠤ ᠮᠠᠭᠠᠳ᠂ ᠣᠴᠢᠷ ᠨᠢ ᠡᠨᠡ ᠪᠣᠯ ᠲᠡᠯᠡᠬᠡᠢ ᠲᠡᠭᠡᠷ᠎ᠡ | ᠬᠠᠮᠤᠭ ᠠᠩᠬᠠᠨ ᠤ ᠵᠢᠩᠬᠢᠨᠢ ᠠᠪᠢᠶᠠᠨ ᠦᠰᠦᠭ ᠢᠶᠠᠷ ᠪᠠᠭᠤᠯᠭᠠᠭᠰᠠᠨ ᠾᠦᠩᠨᠦ ᠭᠡᠳᠡᠭ ᠪᠦᠳᠦᠨ ᠦᠭᠡ ᠶᠢᠨ | ᠠᠪᠢᠶᠠᠴᠢᠯᠠᠯᠭᠠ ᠪᠣᠯᠬᠤ ᠮᠠᠭᠠᠳ ᠭᠡᠵᠦ ᠪᠢ ᠦᠵᠡᠵᠦ ᠪᠠᠶᠢᠨ᠎ᠠ᠃ ᠲᠡᠭᠡᠷᠡᠬᠢ ᠡᠳᠡᠭᠡᠷ ᠠᠴᠠ ᠬᠤᠷᠢᠶᠠᠩᠭᠤᠶᠢᠯᠠᠨ | ᠦᠵᠡᠪᠡᠯ ᠾᠦᠩᠨᠦ ᠭᠡᠳᠡᠭ ᠦᠭᠡ ᠶᠢᠨ ᠣᠣᠯ ᠠᠪᠢᠶ᠎ᠠ ᠨᠢ ︽ᠬᠢᠶᠠᠨ︾᠂ ︽ᠬᠢᠶᠠᠳ︾ ᠡᠰᠡᠬᠦᠯ᠎ᠡ ︽ᠬᠢᠶᠠᠨ ᠤ︾ | ᠭᠡᠬᠦ ᠪᠣᠶᠣ ︽ᠬᠢᠶᠠᠨᠴᠣᠳ︾ ᠭᠡᠳᠡᠭ ᠦᠭᠡ ᠪᠣᠯᠬᠤ ᠨᠢ ᠲᠠᠮᠵᠢᠭ ᠦᠭᠡᠢ ᠣᠴᠢᠷ ᠪᠣᠯᠣᠯᠳᠠᠢ᠃ ᠭᠡᠪᠡᠴᠦ | ᠠᠩᠬᠠᠷᠬᠤ ᠨᠢ ᠬᠢᠳᠠᠳ ᠲᠡᠣᠬᠡᠨ ᠳᠤ ᠴᠠᠭ ᠦᠶ᠎ᠡ ᠨᠢ ᠠᠳᠠᠯᠢ ᠦᠭᠡᠢ ᠠᠴᠠ ᠪᠣᠯᠵᠣ᠂ ᠱᠠᠨ ᠷᠦᠩ᠂ ᠪᠸᠢ ᠳ᠋ᠢ᠂ | ᠰᠢᠶᠠᠨ ᠶᠦᠨ᠂ ᠰᠢᠶᠦ᠋ᠨ ᠶᠦ᠋᠂ ᠰᠢᠶᠦ᠋ᠩ ᠨᠦ᠋ ᠬᠡᠬᠦ ᠵᠡᠷᠭᠡ ᠣᠯᠠᠨ ᠨᠡᠷ᠎ᠡ ᠪᠠᠷ ᠨᠡᠷᠡᠯᠡᠵᠦ ᠪᠠᠶᠢᠵᠠᠢ᠃ ᠠᠯᠢ | ᠲᠦᠷᠦᠬᠦᠨ ᠤ ᠬᠢᠨᠢ ᠬᠡᠯᠡᠯᠭᠡ ᠨᠢ ᠠᠯᠢ ᠡᠷᠳᠡᠨ ᠤ ᠨᠡᠷᠡᠶᠢᠳᠦᠯ ᠪᠣᠯᠣᠯᠳᠠᠢ᠃ ᠭᠡᠪᠡᠴᠦ ᠠᠩᠬᠠᠷᠬᠤ ᠨᠢ ᠱᠠᠨ ᠷᠦᠩ | ᠤᠨ ᠷᠦᠩ ᠢ ᠣᠳᠣ ᠪᠣᠯ ᠷᠦᠩ ᠭᠡᠵᠦ ᠠᠪᠢᠶᠠᠯᠠᠳᠠᠭ᠂ ᠭᠡᠳᠡᠯ᠎ᠡ ᠡᠷᠳᠡᠨ ᠤ ᠬᠢᠳᠠᠳ ᠬᠦᠮᠦᠰ ᠶᠦᠩ ᠪᠣᠶᠣ ᠶᠦᠨ | ᠭᠡᠵᠦ ᠵᠦᠭᠡᠯᠡᠷᠡᠭᠦᠯᠦᠨ ᠠᠪᠢᠶᠠᠯᠠᠳᠠᠭ ᠶᠣᠮ᠂ ᠡᠶᠢᠮᠦ ᠠᠴᠠ ᠱᠠᠨ ᠷᠦᠩ ᠨᠢ ᠮᠦᠨ ᠰᠢᠶᠠᠨ ᠶᠦᠨ ᠭᠡᠳᠡᠭ ᠲᠠᠢ ᠪᠠᠨ | ᠢᠵᠢᠯ ᠲᠠᠭᠤᠳᠠᠯᠭ᠎ᠠ ᠪᠣᠯᠬᠤ ᠪᠣᠯᠣᠯᠴᠠᠭ᠎ᠠ ᠶᠡᠭᠡ ᠪᠣᠢ᠂ ᠭᠡᠪᠡᠴᠦ ᠪᠢ ᠡᠳᠡᠭᠡᠷ ᠪᠦᠬᠦᠨ ᠢ ᠪᠦᠷ ᠲᠠᠳᠬᠠᠯ ᠶᠣᠰᠣ ᠪᠠᠷ | ᠾᠦᠩᠨᠦ ᠭᠡᠵᠦ ᠨᠢᠭᠡᠳᠭᠡᠨ ᠬᠡᠷᠡᠭᠯᠡᠵᠡᠢ᠃ | | ᠪᠡᠯᠡᠳᠬᠡᠭᠰᠡᠨ ᠨᠢ᠄ ᠡᠷᠳᠡᠨᠢᠬᠦᠦ | ᠨᠠᠶᠢᠷᠠᠭᠤᠯᠤᠭᠰᠠᠨ ᠨᠢ᠄ ᠨᠠᠮᠤᠷ | ᠬᠢᠨᠠᠭᠰᠠᠨ ᠨᠢ᠄ ᠤᠷᠢᠬᠠᠨ |