ᠾᠦᠩᠨᠦ ᠶᠢᠨ ᠵᠠᠳᠠᠷᠠᠯᠤᠣᠬᠠᠨ ᠬ᠊
ᠨᠡᠶᠢᠲᠡᠯᠡᠭᠰᠡᠨ ᠴᠠᠭ᠄
2020/10/19
ᠾᠦᠩᠨᠦ ᠶᠢᠨ ᠬᠣ᠋ ᠶᠠᠨ ᠲᠢ ︵壺衍鞮᠂ ᠰᠠᠭᠤᠷᠢᠨ ᠳᠤ ᠪᠠᠶᠢᠭᠰᠠᠨ ᠴᠠᠭ ᠦᠶ᠎ᠡ ᠨᠢ᠄ ᠡᠮᠦᠨ᠎ᠡ 85 ᠣᠨ — ᠡᠮᠦᠨ᠎ᠡ 68 ᠣᠨ︶ ᠴᠠᠨ ᠢᠥᠢ ᠶᠢᠨ ᠦᠶ᠎ᠡ ᠳᠤ᠂ ᠾᠦᠩᠨᠦ ᠳᠤ ᠳᠦᠰᠢᠮᠡᠯ ᠪᠣᠯᠵᠣ ᠪᠠᠶᠢᠭᠰᠠᠨ ᠡᠷᠳᠡᠨ  ᠤ ᠳ᠋ᠦᠩᠬᠤ ᠶᠢᠨ ᠦᠯᠡᠳᠡᠭᠳᠡᠯ᠂ ᠦᠬᠤᠸᠠᠨ ᠠᠶᠢᠮᠠᠭ ᠤᠨ ᠬᠦᠮᠦᠰ᠂ ᠾᠦᠩᠨᠦ ᠨᠡᠷ ᠠᠴᠠ ᠦᠰᠢᠶ᠎ᠡ ᠠᠪᠬᠤ ᠵᠣᠷᠢᠭᠤᠯᠣᠯᠳᠠ ᠪᠠᠷ ᠡᠯ᠎ᠡ ᠦᠶ᠎ᠡ ᠶᠢᠨ ᠴᠠᠨ ᠢᠥᠢ ᠨᠡᠷ ᠤᠨ ᠣᠩᠭᠤᠨ ᠪᠣᠯᠠᠰᠢ ᠶᠢ ᠠᠭᠤᠳᠠᠯᠠᠪᠠ᠃ ᠡᠨᠡᠬᠦ ᠬᠡᠷᠡᠭ ᠬᠣ᠋ ᠶᠠᠨ ᠲᠢ ᠴᠠᠨ ᠢᠥᠢ ᠶᠢᠨ ᠠᠭᠤᠷ ᠬᠢᠯᠢᠩ ᠢ ᠲᠡᠭᠳᠡᠭᠡᠨ᠂ ᠬᠤᠶᠠᠷ ᠲᠦᠮᠡᠨ ᠶᠡᠭᠡ ᠴᠡᠷᠢᠭ ᠲᠠᠶᠢᠴᠢᠯᠠᠨ ᠦᠬᠤᠸᠠᠨ ᠢ ᠲᠣᠪᠳᠣᠯᠵᠠᠢ᠃ ᠡᠨᠡᠬᠦ ᠴᠢᠮᠡᠭᠡ ᠶᠢ ᠣᠯᠣᠭᠰᠠᠨ ᠬᠠᠨ ᠣᠯᠣᠰ ᠤᠨ ᠲᠦᠷᠦ ᠶᠢᠨ ᠡᠷᠬᠡ ᠶᠢ ᠡᠵᠡᠮᠰᠢᠵᠦ ᠪᠠᠶᠢᠭᠰᠠᠨ ᠶᠡᠭᠡ ᠵᠠᠩᠵᠣᠨ ᠾᠦᠸᠧ ᠭᠤᠸᠠᠩ᠂ ᠵᠦᠩ ᠯᠠᠩ ᠵᠢᠶᠠᠩ ᠲᠦᠰᠢᠮᠡᠯ ᠹᠠᠨ ᠶᠢᠥ ᠮᠢᠩ ᠢᠶᠠᠨ ᠳ᠋ᠦ᠋ ᠯᠢᠶᠣᠤ ᠵᠠᠩᠵᠣᠨ ᠬᠡᠮᠡᠨ ᠡᠷᠭᠦᠮᠵᠢᠯᠡᠨ᠂ ᠭᠤᠷᠪᠠᠨ ᠲᠦᠮᠡᠨ ᠮᠣᠷᠢᠳᠣ ᠴᠡᠷᠢᠭ ᠦᠭᠴᠦ᠂ ᠯᠢᠶᠣᠤ ᠳ᠋ᠦᠩ ᠵᠢᠶᠦ᠋ᠨ ᠠᠴᠠ ᠴᠡᠷᠢᠭ ᠮᠣᠷᠳᠠᠨ ᠾᠦᠩᠨᠦ ᠶᠢ ᠴᠣᠬᠢᠷ᠎ᠠ ᠭᠠᠷᠴᠠᠢ᠃ ᠹᠠᠨ ᠶᠢᠥ ᠮᠢᠩ ᠾᠦᠩᠨᠦ ᠶᠢᠨ ᠬᠤᠶᠢᠨ᠎ᠠ ᠠᠴᠠ ᠪᠣᠷᠪᠢᠳᠠᠨ ᠨᠡᠬᠡᠵᠦ ᠬᠤᠶᠢᠨ᠎ᠠ  ᠠᠴᠠ ᠨᠢ ᠭᠡᠨᠡᠳᠳᠡᠬᠦᠯᠬᠦ ᠪᠠᠷ ᠪᠡᠯᠡᠳᠭᠡᠨ ᠬᠦᠷᠬᠦ ᠦᠶ᠎ᠡ ᠳᠤ ᠾᠦᠩᠨᠦ ᠨᠡᠷ ᠨᠢᠭᠡᠨᠳᠡ ᠦᠬᠤᠸᠠᠨ ᠢ ᠴᠣᠬᠢᠨ ᠲᠠᠭᠤᠰᠣᠭᠠᠳ᠂ ᠴᠡᠷᠢᠭ ᠢᠶᠠᠨ ᠲᠠᠳᠠᠨ ᠶᠠᠪᠣᠴᠢᠬᠠᠭᠰᠠᠨ ᠪᠣᠯᠬᠤᠷ᠂ ᠹᠠᠨ ᠶᠢᠥ ᠮᠢᠩ ᠦᠬᠤᠸᠠᠨᠴᠣᠳ ᠾᠦᠩᠨᠦ ᠳᠤ ᠴᠣᠬᠢᠭᠳᠠᠨ ᠬᠦᠴᠦᠨ ᠲᠣᠷᠣᠶᠢᠳᠠᠭᠠᠳ ᠪᠠᠶᠢᠭ᠎ᠠ ᠶᠢ ᠵᠠᠪᠰᠢᠨ᠂ ᠲᠣᠪᠳᠣᠯᠣᠨ ᠣᠷᠣᠵᠣ ᠵᠢᠷᠭᠤᠭᠠᠨ ᠮᠢᠩᠭᠠᠨ ᠢᠯᠡᠬᠦᠥ ᠬᠦᠮᠦᠨ ᠢ ᠨᠢ ᠠᠯᠠᠵᠣ᠂ ᠭᠤᠷᠪᠠᠨ ᠶᠡᠭᠡ ᠸᠠᠩ ᠢ ᠨᠢ ᠪᠠᠷᠢᠪᠴᠢᠯᠠᠨ ᠪᠣᠴᠠᠪᠠ᠃ ᠬᠣ᠋ ᠶᠠᠨ ᠲᠢ ᠴᠠᠨ ᠢᠥᠢ ᠴᠣ᠋ ᠬᠠᠨ ᠣᠯᠣᠰ ᠣᠯᠣᠰ ᠠᠴᠠ ᠪᠣᠯᠭᠤᠮᠵᠢᠯᠡᠨ᠂ ᠲᠠᠬᠢᠵᠣ ᠬᠠᠨ ᠣᠯᠣᠰ ᠵᠦᠭ ᠲᠤ ᠴᠡᠷᠢᠭ ᠭᠠᠷᠣᠭᠰᠠᠨ ᠦᠭᠡᠢ᠃ ᠬᠠᠷᠢᠨ ᠪᠠᠷᠠᠭᠤᠨᠰᠢ ᠴᠡᠷᠢᠭ ᠭᠠᠷᠴᠣ᠂ ᠦᠰᠦᠨ ᠤ ᠨᠣᠳᠤᠭ ᠪᠠ ᠴᠧ ᠱᠢ ᠶᠢᠨ ᠨᠣᠳᠤᠭ ᠢ ᠬᠤᠷᠢᠶᠠᠮᠵᠢᠯᠠᠨ ᠠᠪᠴᠠᠢ᠃ ᠭᠡᠪᠡᠴᠦ ᠦᠰᠦᠨ ᠨᠢᠭᠡᠨᠳᠡ ᠬᠠᠨ ᠣᠯᠣᠰ ᠲᠠᠢ ᠬᠤᠯᠪᠣᠭ᠎ᠠ ᠳᠣᠭᠳᠠᠭᠰᠠᠨ ᠪᠣᠯᠬᠤᠷ᠂ ᠬᠠᠨ ᠣᠯᠣᠰ ᠲᠤ ᠡᠯᠴᠢ ᠢᠯᠡᠭᠡᠨ ᠲᠣᠰᠠᠯᠠᠮᠵᠢ ᠭᠤᠶᠣᠴᠢᠯᠠᠭᠰᠠᠨ ᠳᠤ ᠬᠠᠨ ᠣᠯᠣᠰ ᠠᠴᠠ ᠲᠠᠪᠣᠨ ᠶᠡᠭᠡ ᠵᠠᠩᠵᠣᠨ ᠳᠤ ᠴᠡᠷᠢᠭ ᠲᠠᠶᠢᠴᠢᠯᠠᠨ ᠦᠭᠴᠦ᠂ ᠾᠦᠩᠨᠦ ᠶᠢ ᠲᠣᠪᠳᠣᠯᠣᠷ᠎ᠠ ᠭᠠᠷᠭᠠᠪᠠ᠃ ᠢᠩᠬᠢᠭᠡᠳ ᠾᠦᠩᠨᠦ ᠨᠡᠷ ᠶᠡᠬᠡᠳᠡ ᠰᠦᠢᠳᠦᠵᠦ᠂ ᠦᠰᠦᠨ ᠳᠤ ᠶᠡᠬᠡᠯ᠎ᠡ ᠬᠤᠷᠣᠰᠴᠣᠬᠤᠢ᠃ ᠲᠡᠭᠡᠭᠡᠳ ᠲᠣᠰ ᠵᠢᠯ ᠤᠨ ᠡᠪᠦᠯ ᠨᠢ ᠾᠦᠩᠨᠦ  ᠶᠢᠨ ᠬᠣ᠋ ᠶᠠᠨ ᠲᠢ ᠴᠠᠨ ᠢᠥᠢ᠂ ᠦᠰᠦᠨ ᠢ ᠲᠣᠪᠳᠣᠯᠬᠤ ᠪᠠᠷ ᠲᠠᠬᠢᠨ ᠴᠡᠷᠢᠭ ᠭᠠᠷᠣᠭᠰᠠᠨ ᠪᠣᠯᠪᠠᠴᠣ᠂ ᠪᠣᠴᠠᠬᠤ ᠵᠠᠮ ᠳᠠᠭᠠᠨ ᠶᠡᠭᠡ ᠴᠠᠰᠣᠨ ᠳᠤ ᠬᠤᠷᠢᠭᠳᠠᠨ ᠴᠡᠷᠢᠭ ᠮᠣᠷᠢ ᠪᠠᠨ ᠶᠡᠬᠡᠪᠡᠷ ᠦᠬᠦᠬᠦᠯᠪᠡ᠃ ᠡᠨᠡ ᠦᠶ᠎ᠡ ᠪᠠᠷ ᠾᠦᠩᠨᠦ  ᠶᠢᠨ ᠠᠷᠣ ᠳᠤ ᠪᠠᠶᠢᠭ᠎ᠠ ᠳ᠋ᠢᠩ ᠯᠢᠩ᠂ ᠵᠡᠬᠦᠨ ᠳᠤ ᠪᠠᠶᠢᠭ᠎ᠠ ᠳ᠋ᠦᠩᠬᠤ᠂ ᠪᠠᠷᠠᠭᠤᠨ ᠳᠤ ᠪᠠᠶᠢᠭ᠎ᠠ ᠦᠰᠦᠨ ᠨᠡᠷ ᠬᠤᠯᠪᠣᠭᠠᠯᠠᠨ ᠪᠣᠰᠣᠯᠴᠠᠵᠣ ᠾᠦᠩᠨᠦ ᠶᠢ ᠡᠰᠡᠷᠭᠦᠴᠡᠪᠡ᠃ ᠡᠬᠦᠨᠴᠡ ᠡᠬᠢᠯᠡᠨ ᠾᠦᠩᠨᠦ ᠶᠢᠨ ᠣᠯᠠᠨ ᠠᠶᠢᠮᠠᠭ ᠵᠠᠳᠠᠷᠠᠯᠴᠠᠨ ᠲᠦᠷᠪᠡᠵᠦ᠂ ᠾᠦᠩᠨᠦ ᠶᠢᠨ ᠬᠦᠴᠦᠨ ᠰᠦᠷ ᠦᠩᠭᠡᠷᠡᠭᠰᠡᠨ ᠳᠤ ᠭᠠᠷᠤᠭ᠎ᠠ ᠦᠭᠡᠢ ᠶᠡᠭᠡ ᠬᠡᠮᠵᠢᠶ᠎ᠡ ᠪᠠᠷ ᠲᠣᠷᠣᠶᠢᠳᠠᠨ ᠪᠠᠭᠤᠷᠠᠵᠠᠢ᠃ ᠪᠡᠯᠡᠳᠬᠡᠭᠰᠡᠨ ᠨᠢ᠄ ᠡᠷᠳᠡᠨᠢᠬᠦᠦᠨᠠᠶᠢᠷᠠᠭᠤᠯᠤᠭᠰᠠᠨ ᠨᠢ᠄ ᠨᠠᠮᠤᠷᠬᠢᠨᠠᠭᠰᠠᠨ ᠨᠢ᠄ ᠤᠷᠢᠬᠠᠨ
 
ᠢᠷᠡᠯᠲᠡ᠄ ᠲᠣᠰ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号