ᠾᠦᠩᠨᠦ ᠶᠢᠨ ᠲᠣᠲᠣᠭᠠᠳᠣ ᠶᠢᠨ ᠰᠠᠮᠠᠭᠤᠷᠠᠯ ᠪᠠ ᠬᠣ᠋ ᠬᠠᠨ ᠶᠧ ᠴᠠᠨ ᠢᠥᠢ ᠤᠣᠬᠠᠨ ᠬ᠊
ᠨᠡᠶᠢᠲᠡᠯᠡᠭᠰᠡᠨ ᠴᠠᠭ᠄
2020/10/19
ᠬᠠᠨ ᠣᠯᠣᠰ ᠲᠠᠢ ᠡᠰᠡᠷᠭᠦᠴᠡᠯᠳᠦᠵᠦ ᠲᠡᠶᠢᠯᠬᠦ ᠦᠭᠡᠢ ᠪᠣᠯᠣᠭᠰᠠᠨ ᠾᠦᠩᠨᠦ ᠨᠡᠷ ᠬᠠᠨ ᠣᠯᠣᠰ ᠲᠠᠢ ᠡᠪᠰᠡᠰᠦᠭᠡᠢ ᠬᠡᠮᠡᠨ ᠬᠡᠳᠦᠨ ᠣᠳᠠᠭ᠎ᠠ ᠡᠯᠴᠢ ᠢᠯᠡᠭᠡᠨ ᠭᠤᠶᠣᠴᠢᠯᠠᠵᠠᠢ᠃ ᠸᠧ ᠶᠠᠨ ᠴᠢᠥᠢ ᠲᠢ ᠴᠠᠨ ᠢᠥᠢ ︵握衍朐鞮単᠂ ᠰᠠᠭᠤᠷᠢᠨ ᠳᠤ ᠪᠠᠶᠢᠭᠰᠠᠨ ᠴᠠᠭ ᠦᠶ᠎ᠡ ᠨᠢ᠄ ᠡᠮᠦᠨ᠎ᠡ 60 ᠣᠨ — ᠡᠮᠦᠨ᠎ᠡ 58 ᠣᠨ︶ ᠶᠢᠨ ᠦᠶ᠎ᠡ ᠳᠤ ᠲᠡᠷᠡ ᠲᠡᠭᠦᠥ ᠪᠠᠨ ᠬᠠᠨ ᠣᠯᠣᠰ ᠲᠤ ᠢᠯᠡᠭᠡᠨ ᠡᠪᠰᠡᠬᠦ ᠪᠠᠷ ᠭᠤᠶᠣᠴᠢᠯᠠᠵᠣ ᠪᠠᠶᠢᠪᠠ᠃ ᠭᠡᠪᠡᠴᠦ ᠸᠧ ᠶᠠᠨ ᠴᠢᠥᠢ ᠲᠢ ᠴᠠᠨ ᠢᠥᠢ ᠶᠢᠨ ᠬᠠᠷᠭᠢᠰ ᠬᠡᠴᠡᠭᠦᠥ ᠠᠯᠠᠯᠭ᠎ᠠ ᠬᠢᠳᠣᠯᠭ᠎ᠠ ᠳᠤ ᠲᠣᠷ᠎ᠠ ᠦᠭᠡᠶᠢᠴᠡᠭᠰᠡᠨ ᠠᠷᠠᠳ ᠢᠷᠭᠡᠳ ᠨᠢ ᠪᠣᠰᠣᠯᠴᠠᠨ ᠡᠰᠡᠷᠭᠦᠴᠡᠯ ᠭᠠᠷᠭᠠᠵᠣ᠂ ᠸᠧ ᠶᠠᠨ ᠴᠢᠥᠢ ᠲᠢ ᠴᠠᠨ ᠢᠥᠢ ᠪᠡᠶ᠎ᠡ ᠪᠠᠨ ᠬᠤᠣᠷᠯᠠᠪᠠ᠃ ᠲᠡᠭᠡᠭᠡᠳ ᠲᠡᠭᠡᠷ᠎ᠡ ᠦᠶ᠎ᠡ ᠶᠢᠨ ᠴᠠᠨ ᠢᠥᠢ ᠰᠢᠥᠢ ᠯᠢᠥᠢ ᠴᠢᠥᠸᠠᠨ ᠴᠢᠥᠢ ︵虚閭権渠︶ ᠶᠢᠨ ᠬᠦᠪᠡᠭᠦᠨ ᠬᠣ᠋ ᠬᠠᠨ ᠶᠧ ︵呼韓邪᠂ ᠰᠠᠭᠤᠷᠢᠨ ᠳᠤ ᠪᠠᠶᠢᠭᠰᠠᠨ ᠴᠠᠭ ᠦᠶ᠎ᠡ ᠨᠢ᠄ ᠡᠮᠦᠨ᠎ᠡ 58 ᠣᠨ — ᠡᠮᠦᠨ᠎ᠡ 31 ᠣᠨ︶ ᠴᠠᠨ ᠢᠥᠢ ᠶᠢᠨ ᠰᠠᠭᠤᠷᠢᠨ ᠳᠤ ᠰᠠᠭᠤᠪᠠ᠃ ᠠᠳᠡᠴᠡ ᠡᠬᠢᠯᠡᠨ ᠾᠦᠩᠨᠦ ᠶᠢᠨ ᠲᠣᠳᠣᠭᠠᠳᠣ ᠳᠤ ᠵᠠᠳᠠᠷᠠᠯ ᠭᠠᠷᠴᠣ᠂ ᠲᠠᠪᠣᠨ ᠴᠠᠨ ᠢᠥᠢ ᠲᠡᠮᠡᠴᠡᠯᠳᠣᠨ ᠵᠡᠷᠭᠡ ᠪᠠᠷ ᠰᠠᠭᠤᠷᠢᠨ ᠳᠤ ᠰᠠᠭᠤᠬᠤ ᠪᠠᠶᠢᠳᠠᠯ ᠢᠯᠡᠷᠡᠵᠦ᠂ ᠲᠡᠣᠬᠡᠨ  ᠳᠤ ᠾᠦᠩᠨᠦ ᠶᠢᠨ ᠲᠣᠳᠣᠭᠠᠳᠣ ᠶᠢᠨ ᠰᠠᠮᠠᠭᠤᠷᠠᠯ ᠤᠨ ᠦᠶ᠎ᠡ ᠭᠡᠵᠦ ᠬᠡᠯᠡᠬᠦ ᠪᠣᠯᠪᠠ᠃ ᠡᠨᠡ ᠦᠶ᠎ᠡ ᠪᠠᠷ ᠬᠣ᠋ ᠬᠠᠨ ᠶᠧ ᠶᠢᠨ ᠠᠬ᠎ᠠ ᡁᠢ ᡁᠢ ᠴᠠᠨ ᠢᠥᠢ ᠬᠡᠮᠡᠭᠴᠢ᠂ ᠲᠡᠭᠦᠥ ᠲᠠᠢ ᠪᠠᠨ ᠲᠡᠮᠡᠴᠡᠯᠳᠣᠨ ᠵᠡᠭᠦᠨ ᠪᠠᠷᠠᠭᠤᠨ ᠬᠤᠪᠢᠶᠠᠵᠣ ᠴᠠᠨ ᠢᠥᠢ ᠰᠠᠭᠤᠪᠠ᠃ ᠲᠡᠭᠡᠭᠡᠳ ᠬᠣ᠋ ᠬᠠᠨ ᠶᠧ ᠲᠣᠳᠣᠭᠠᠳᠣ ᠶᠢᠨ ᠲᠡᠮᠡᠴᠡᠯ ᠳᠤ ᠰᠢᠬᠠᠮᠳᠠᠭᠳᠠᠨ ᠬᠠᠨ ᠣᠯᠣᠰ  ᠤᠨ ᠪᠣᠭᠤᠮᠳᠠᠨ᠎ᠠ ᠣᠷᠣᠵᠣ᠂ ᠬᠠᠨ ᠣᠯᠣᠰ ᠲᠤ ᠪᠠᠭᠤᠵᠣ ᠦᠭᠭᠦᠪᠡ᠃ ᠬᠠᠨ ᠣᠯᠣᠰ ᠶᠡᠬᠡᠯ᠎ᠡ ᠪᠠᠶᠠᠷᠯᠠᠨ᠂ ᠲᠡᠭᠦᠨ  ᠳᠤ ᠣᠷᠳᠣᠨ ᠤ ᠬᠡᠣᠬᠡᠨ ᠸᠠᠩ ᠵᠣᠤ ᠵᠢᠶᠦ᠋ᠨ ᠢ ᠪᠣᠭᠳᠣᠯᠣᠨ ᠦᠭᠴᠡᠢ᠃ ᠬᠠᠨ ᠣᠯᠣᠰ ᠲᠠᠢ ᠬᠤᠯᠪᠣᠭᠠᠯᠠᠭᠰᠠᠨ ᠬᠣ᠋ ᠬᠠᠨ ᠶᠧ ᠴᠠᠨ ᠢᠥᠢ ᠠᠴᠠ ᠪᠣᠯᠭᠤᠮᠵᠢᠯᠠᠭᠰᠠᠨ᠂ ᡁᠢ ᡁᠢ ᠴᠠᠨ ᠢᠥᠢ ᠪᠠᠷᠠᠭᠤᠨᠰᠢ ᠺᠠᠩ ᠵᠢᠥᠢ ᠳᠤ ᠬᠦᠷᠴᠦ ᠰᠠᠭᠤᠪᠠ᠃ ᠭᠡᠪᠡᠴᠦ ᠬᠣ᠋ ᠬᠠᠨ ᠶᠧ ᠪᠣᠯᠣᠨ ᠬᠠᠨ ᠣᠯᠣᠰ ᠤᠨ ᠵᠠᠩᠵᠣᠨ ᠴᠧᠨ ᠲᠠᠩ᠂ ᠭᠠᠨ ᠶᠠᠨ ᠱᠸᠥ ᠨᠡᠷ  ᠲᠠᠢ ᠬᠠᠮᠵᠢᠯᠴᠠᠨ ᠡᠴᠦᠰ ᠲᠡᠭᠡᠨ ᠲᠡᠭᠦᠨ ᠢ ᠣᠰᠠᠳᠬᠠᠭᠠᠳ ︵ᡁᠢ ᡁᠢ ᠴᠠᠨ ᠢᠥᠢ ᠶᠢᠨ ᠡᠳᠡᠭᠡᠷ ᠾᠦᠩᠨᠦ ᠨᠡᠷ ᠢ ᠲᠡᠣᠬᠡᠨ ᠳᠤ ᠪᠠᠷᠠᠭᠤᠨ ᠾᠦᠩᠨᠦ ᠭᠡᠳᠡᠭ᠂ ᠲᠡᠳᠡ ᠴᠧᠨ ᠲᠠᠩ ᠨᠡᠷ ᠤᠨ ᠠᠯᠣᠰ ᠤᠨ ᠲᠠᠶᠢᠨ ᠳᠤ ᠭᠡᠨᠡᠳᠳᠡᠭᠳᠡᠨ᠂ ᡁᠢ ᡁᠢ ᠴᠠᠨ ᠢᠥᠢ ᠠᠯᠠᠭᠳᠠᠵᠣ᠂ ᠠᠷᠠᠳ ᠢᠷᠭᠡᠳ ᠨᠢ ᠲᠠᠬᠢᠨ ᠪᠠᠷᠠᠭᠤᠨᠰᠢ ᠲᠣᠮᠳᠠᠳᠣ ᠠᠽᠢ ᠳᠤ ᠣᠷᠣᠵᠣ᠂ ᠬᠡᠳᠦᠨ ᠵᠠᠭᠤᠨ ᠣᠨ ᠴᠢᠮᠡᠭᠡ ᠢᠮᠡᠭᠡ ᠦᠭᠡᠢ ᠪᠠᠶᠢᠭᠰᠠᠨ ᠢᠶᠠᠨ ᠲᠦᠷᠪᠡᠳᠦᠭᠡᠷ ᠵᠠᠭᠤᠨ ᠢᠶᠠᠷ ᠲᠠᠬᠢᠨ ᠬᠦᠴᠦᠷᠭᠡᠭᠵᠢᠨ ᠮᠠᠨᠳᠣᠵᠣ᠂ ᠪᠠᠷᠠᠭᠤᠨᠰᠢ ᠧᠦᠷᠣᠫᠠ ᠳᠤ ᠣᠷᠣᠵᠣ᠂ ᠾᠦᠨ ᠬᠦᠷᠦᠨ ᠢ ᠪᠠᠶᠢᠭᠤᠯᠣᠨ ᠦᠷᠦᠨ᠎ᠡ ᠲᠠᠬᠢᠨ ᠳᠤ ᠠᠯᠳᠠᠷ ᠨᠡᠷ᠎ᠡ ᠮᠠᠨᠳᠣᠵᠠᠢ᠃ ᠲᠡᠭᠦᠨ ᠤ ᠲᠦᠯᠦᠭᠡᠯᠡᠬᠦ ᠬᠦᠮᠦᠨ ᠪᠣᠯ ᠲᠠᠷᠣᠢ ᠬᠤᠵᠢᠮ ᠦᠷᠦᠨ᠎ᠡ ᠲᠠᠬᠢᠨ ᠤ ᠬᠢᠨ ᠤ ᠬᠡᠯᠡᠳᠡᠭ ︽ᠲᠡᠭᠷᠢ ᠶᠢᠨ ᠲᠠᠰᠢᠭᠤᠷ︾ ᠬᠡᠮᠡᠭᠳᠡᠭᠴᠢ ᠠᠲ᠋ᠢᠯᠠ ᠪᠣᠯᠣᠨ᠎ᠠ — ᠮᠣᠩᠭᠤᠯᠴᠢᠯᠠᠭᠴᠢ ᠠᠴᠠ︶ ᠰᠠᠳᠬᠢᠯ ᠠᠮᠠᠷᠴᠠᠢ᠃ ᠡᠬᠦᠨᠴᠡ ᠡᠬᠢᠯᠡᠨ ᠬᠣ᠋ ᠬᠠᠨ ᠶᠧ ᠴᠠᠨ ᠢᠥᠢ᠂ ᠾᠦᠩᠨᠦ ᠨᠡᠷ ᠢᠶᠠᠨ ᠨᠢᠭᠡᠳᠭᠡᠵᠦ᠂ ᠲᠡᠭᠦᠨ ᠤ ᠪᠡᠶ᠎ᠡ ᠪᠠ ᠬᠦᠪᠡᠭᠦᠳ  ᠨᠢ ᠪᠦᠷ ᠬᠠᠨ ᠣᠯᠣᠰ ᠲᠠᠢ ᠡᠪ ᠨᠠᠶᠢᠷᠠᠮᠳᠠᠯ ᠲᠠᠢ ᠪᠠᠶᠢᠵᠣ᠂ ᠾᠦᠩᠨᠦ ᠪᠣᠯᠣᠨ ᠬᠠᠨ ᠣᠯᠣᠰ ᠤᠨ ᠬᠤᠭᠤᠷᠣᠨᠳᠣᠬᠢ ᠲᠦᠷ ᠴᠠᠭ ᠤᠨ ᠨᠠᠶᠢᠷᠠᠮᠳᠠᠯ ᠢᠩᠬᠢᠵᠦ ᠪᠡᠶᠡᠯᠡᠭᠳᠡᠵᠡᠢ᠃ ᠪᠡᠯᠡᠳᠬᠡᠭᠰᠡᠨ ᠨᠢ᠄ ᠡᠷᠳᠡᠨᠢᠬᠦᠦᠨᠠᠶᠢᠷᠠᠭᠤᠯᠤᠭᠰᠠᠨ ᠨᠢ᠄ ᠨᠠᠮᠤᠷᠬᠢᠨᠠᠭᠰᠠᠨ ᠨᠢ᠄ ᠤᠷᠢᠬᠠᠨ
 
ᠢᠷᠡᠯᠲᠡ᠄ ᠲᠣᠰ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号