ᠾᠦᠩᠨᠦ ᠶᠢᠨ ᠲᠠᠷᠢᠶᠠᠯᠠᠩ ᠦᠢᠯᠡᠳᠪᠦᠷᠢᠯᠡᠯ ᠤᠣᠬᠠᠨ ᠬ᠊
ᠨᠡᠶᠢᠲᠡᠯᠡᠭᠰᠡᠨ ᠴᠠᠭ᠄
2020/10/19
ᠾᠦᠩᠨᠦᠴᠣᠳ ᠢ ᠮᠠᠯ ᠮᠠᠯᠵᠢᠬᠤ ᠦᠢᠯᠡᠳᠪᠦᠷᠢᠯᠡᠯ ᠪᠠ ᠠᠩ ᠠᠩᠨᠠᠯ ᠢᠶᠠᠷ ᠭᠤᠣᠯᠯᠠᠨ᠂ ᠪᠠᠶᠢᠨ ᠲᠠᠬᠢᠨ ᠳᠣᠮᠳᠠᠳᠣ ᠣᠯᠣᠰ ᠵᠦᠭ ᠲᠤ ᠣᠣᠯᠠᠭᠤᠯᠭ᠎ᠠ ᠬᠢᠳᠡᠭ ᠪᠣᠯᠬᠤᠷ᠂ ᠲᠡᠳᠡᠨᠡᠷ ᠲᠠᠷᠢᠶᠠᠯᠠᠩ ᠡᠷᠬᠢᠯᠡᠳᠡᠭ ᠦᠭᠡᠢ ᠭᠡᠵᠦ ᠦᠵᠡᠵᠦ ᠪᠠᠶᠢᠵᠠᠢ᠃ ᠭᠡᠪᠡᠴᠦ ᠣᠷᠴᠢᠮᠬᠠᠨ ᠢᠯᠡᠷᠡᠬᠦᠯᠦᠭᠰᠡᠨ ᠬᠠᠭᠤᠴᠢ ᠮᠠᠯᠳᠠᠮᠠᠯ ᠠᠴᠠ ᠦᠵᠡᠪᠡᠯ ᠪᠠᠶᠢᠭᠠᠯ ᠨᠠᠭᠤᠷ ᠤᠨ ᠣᠷᠴᠢᠮ ᠢᠶᠠᠷ ᠲᠠᠷᠢᠶᠠᠯᠠᠩ ᠡᠷᠬᠢᠯᠡᠵᠦ ᠪᠠᠶᠢᠭᠰᠠᠨ ᠪᠣᠳᠠᠳᠣ ᠭᠡᠷᠡᠴᠢ ᠣᠯᠳᠠᠭᠠᠳ ᠪᠠᠶᠢᠭ᠎ᠠ ᠶᠣᠮ᠃ 1920 ‍ᠭᠠᠳ ᠣᠨ ᠤ ᠣᠷᠣᠰ ᠤᠨ ᠪᠣᠷᠢᠶᠠᠳ ᠪᠦᠭᠦᠳᠡ ᠨᠠᠶᠢᠷᠠᠮᠳᠠᠬᠤ ᠣᠯᠣᠰ ᠤᠨ イヴォルガ ᠶᠢᠨ ᠪᠠᠭᠤᠷᠢ ᠠᠴᠠ ᠢᠯᠡᠷᠡᠬᠦᠯᠦᠭᠰᠡᠨ ᠪᠠᠶᠢᠳᠠᠯ ᠠᠴᠠ ᠦᠵᠡᠪᠡᠯ ᠲᠡᠨᠳᠡ ᠳᠣᠮᠳᠠᠳᠣ ᠣᠯᠣᠰ ᠠᠴᠠ ᠪᠣᠯᠢᠶᠠᠨ ᠠᠪᠴᠢᠷᠠᠭᠰᠠᠨ ᠪᠣᠭᠤᠯᠴᠣᠳ  ᠤᠨ ᠣᠷᠣᠩᠨᠠᠵᠣ ᠪᠠᠶᠢᠭᠰᠠᠨ ᠣᠷᠣᠴᠠ ᠶᠢ ᠣᠯᠵᠠᠢ᠃ ᠡᠶᠢᠮᠦ ᠣᠷᠣᠴᠠ ᠶᠢᠨ ᠪᠠᠭᠤᠷᠢ ᠬᠤᠷᠢᠨ ᠬᠡᠳᠦᠨ ᠭᠠᠵᠠᠷ ᠲᠤ ᠲᠠᠷᠬᠠᠵᠣ ᠪᠠᠶᠢᠪᠠ᠃ ᠡᠭᠦᠨ ᠠᠴᠠ ᠭᠠᠳᠠᠨ᠎ᠠ ᠣᠷᠴᠢᠮ ᠢᠶᠠᠷ ᠨᠢ ᠪᠠᠰᠠ ᠲᠠᠷᠢᠶᠠᠯᠠᠩ ᠤᠨ ᠪᠠᠭᠠᠵᠢ ᠬᠡᠷᠡᠭᠰᠡᠯ᠂ ᠭᠠᠷ ᠦᠢᠯᠡᠳᠪᠦᠷᠢᠯᠡᠯ ᠤᠨ ᠬᠠᠮᠢᠶ᠎ᠠ ᠲᠠᠢ ᠵᠦᠢᠯ ᠢᠯᠡᠷᠡᠭᠰᠡᠨ ᠢᠶᠠᠷ ᠦᠵᠡᠪᠡᠯ᠂ ᠠᠳᠡ ᠶᠡᠭᠡ ᠬᠡᠮᠵᠢᠶ᠎ᠡ ᠪᠠᠷ ᠭᠠᠷ ᠦᠢᠯᠡᠳᠪᠦᠷᠢᠯᠠᠯ ᠪᠠ ᠲᠠᠷᠢᠶᠠᠯᠠᠵᠣ ᠪᠠᠶᠢᠭᠰᠠᠨ ᠤ ᠬᠡᠷᠡᠴᠢ ᠪᠣᠯᠬᠤ ᠨᠢ ᠲᠣᠲᠣᠯᠠᠭᠳᠠᠵᠠᠢ᠃ ᠪᠠᠰᠠ ᠠᠳᠠᠯᠢᠬᠠᠨ ᠢᠶᠠᠷ ᠲᠠᠷᠢᠮ ᠤᠨ ᠬᠤᠳᠣᠭᠤᠷ ᠤᠨ ᠨᠣᠭᠤᠭᠠᠨ ᠪᠦᠷᠢᠳᠦ ᠪᠠᠷ ᠰᠠᠭᠤᠷᠢᠰᠢᠵᠣ ᠪᠠᠶᠢᠭᠰᠠᠨ ᠢᠷᠭᠡᠳ ᠢᠶᠠᠷ ᠴᠣ᠋ ᠶᠠᠭ ᠡᠶᠢᠮᠦᠷᠬᠦ ᠠᠵᠢᠯ ᠠᠯᠪᠠ ᠬᠢᠯᠭᠡᠵᠦ ᠪᠠᠶᠢᠭᠰᠠᠨ ᠪᠣᠶᠣ ᠲᠡᠳᠡᠨ ᠲᠠᠢ ᠠᠷᠠᠯᠵᠢᠶ᠎ᠠ ᠬᠤᠳᠠᠯᠳᠤᠭ᠎ᠠ ᠬᠢᠵᠦ ᠪᠠᠶᠢᠭᠰᠠᠨ ᠪᠣᠯᠣᠯᠳᠠᠢ᠂ ᠡᠬᠦᠨ ᠠᠴᠠ ᠦᠵᠡᠪᠡᠯ ᠾᠦᠩᠨᠦ ᠨᠡᠷ ᠮᠢᠬ᠎ᠠ ᠢᠳᠡᠬᠦ ᠠᠴᠠ ᠭᠠᠳᠠᠨ᠎ᠠ ᠪᠠᠰᠠ ᠠᠮᠣ ᠲᠠᠷᠢᠶ᠎ᠠ ᠴᠣ᠋ ᠢᠳᠡᠳᠡᠭ ᠨᠢ ᠲᠣᠲᠣᠷᠬᠠᠢ᠃ ᠡᠰᠡᠬᠦᠯ᠎ᠡ ᠡᠳᠡᠭᠡᠷ ᠠᠮᠣ ᠲᠠᠷᠢᠶ᠎ᠠ ᠪᠠᠷ ᠢᠶᠠᠨ ᠠᠷᠠᠯᠵᠢᠶᠠᠯᠠᠵᠣ ᠪᠠᠶᠢᠭᠰᠠᠨ ᠴᠣ᠋ ᠪᠣᠯᠵᠣᠰᠢ ᠦᠭᠡᠢ᠃ ᠪᠡᠯᠡᠳᠬᠡᠭᠰᠡᠨ ᠨᠢ᠄ ᠡᠷᠳᠡᠨᠢᠬᠦᠦᠨᠠᠶᠢᠷᠠᠭᠤᠯᠤᠭᠰᠠᠨ ᠨᠢ᠄ ᠨᠠᠮᠤᠷᠬᠢᠨᠠᠭᠰᠠᠨ ᠨᠢ᠄ ᠤᠷᠢᠬᠠᠨ
 
ᠢᠷᠡᠯᠲᠡ᠄ ᠲᠣᠰ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号