ᠾᠦᠩᠨᠦ ᠶᠢᠨ ᠱᠠᠰᠢᠨ ᠰᠢᠳᠦᠯᠭᠡᠤᠣᠬᠠᠨ ᠬ᠊
ᠨᠡᠶᠢᠲᠡᠯᠡᠭᠰᠡᠨ ᠴᠠᠭ᠄
2020/10/19
ᠾᠦᠩᠨᠦ ᠶᠢᠨ ᠱᠠᠰᠢᠨ ᠰᠢᠳᠦᠯᠭᠡ ᠪᠣᠯ ᠭᠤᠣᠯᠳᠠᠭᠤ ᠪᠦᠭᠡ ᠮᠦᠷᠬᠦᠯ ᠪᠠ ᠲᠡᠭᠡᠳᠦ ᠲᠡᠭᠷᠢ ᠶᠢ ᠰᠢᠳᠦᠳᠡᠭ ᠠᠵᠠᠢ᠃ ᠵᠢᠯ ᠪᠦᠷᠢ ᠭᠤᠷᠪᠠᠨ ᠣᠳᠠᠭᠠᠨ ᠤ ᠴᠢᠭᠤᠯᠭᠠᠨ ᠬᠤᠷᠠᠵᠣ᠂ ᠶᠡᠭᠡ ᠲᠠᠬᠢᠯᠭ᠎ᠠ ᠬᠢᠳᠡᠭ᠃ ᠪᠦᠭᠡ ᠮᠦᠷᠬᠦᠯ ᠨᠢ ᠬᠤᠵᠢᠮ  ᠤᠨ ᠰᠢᠶᠠᠨᠪᠸᠢ᠂ ᠭᠤᠣ ᠴᠧ᠂ ᠷᠸᠣᠷᠠᠨ᠂ ᠲᠦᠷᠺ ᠲᠤ ᠪᠦᠷ ᠨᠡᠶᠢᠳᠡᠮ ᠬᠠᠷᠠᠭᠳᠠᠳᠠᠭ ᠠᠳᠠᠯᠢ ᠬᠡᠯᠪᠡᠷᠢ ᠶᠢᠨ ᠱᠠᠰᠢᠨ ᠰᠢᠳᠦᠯᠭᠡ ᠪᠣᠯᠣᠨ᠎ᠠ᠃ ︵ᠠᠳᠡ ᠮᠣᠩᠭᠤᠯᠴᠢᠯᠠᠭᠴᠢ ᠠᠴᠠ ᠨᠦᠬᠦᠪᠦᠷᠢᠯᠡᠨ ᠬᠡᠯᠡᠬᠦ ᠨᠢ᠄ ᠪᠦᠭᠡ ᠮᠦᠷᠭᠦᠯ ᠪᠣᠶᠣ ᠲᠡᠭᠷᠢ ᠰᠢᠳᠦᠯᠭᠡ ᠪᠣᠯ ᠶᠡᠭᠡ ᠲᠦᠯᠦᠪ ᠾᠦᠩᠨᠦ ᠶᠢᠨ ᠣᠯᠣᠰ ᠠᠷᠠᠳ ᠲᠤ ᠨᠡᠶᠢᠳᠡᠮ ᠰᠢᠳᠦᠭᠳᠡᠳᠡᠭ ᠱᠠᠰᠢᠨ ᠭᠡᠵᠦ ᠦᠵᠡᠬᠦ ᠳᠤ ᠪᠣᠷᠣᠭᠤ ᠦᠭᠡᠢ᠃ ᠭᠡᠶ᠎ᠡ ᠾᠦᠩᠨᠦ ᠶᠢᠨ ᠶᠡᠬᠡᠰ ᠨᠣᠶᠠᠳ ᠲᠤ ᠪᠣᠷᠬᠠᠨ ᠱᠠᠰᠢᠨ ᠴᠣ᠋ ᠨᠡᠪᠳᠡᠷᠡᠨ ᠣᠷᠣᠵᠣ ᠢᠷᠡᠭᠡᠳ ᠪᠠᠶᠢᠵᠠᠢ ᠭᠡᠳᠡᠭ ᠨᠢ ᠲᠡᠣᠬᠡᠨ ᠭᠡᠷᠡᠴᠢ ᠲᠠᠢ ᠦᠨᠡᠨ ᠬᠡᠷᠡᠭ᠃ ᠬᠡᠳᠦᠶᠢᠪᠡᠷ ᠪᠣᠷᠬᠠᠨ ᠱᠠᠰᠢᠨ ᠠᠷᠠᠳ ᠢᠷᠭᠡᠳ ᠲᠤ ᠨᠡᠶᠢᠳᠡᠮ ᠲᠦᠭᠡᠮᠡᠯᠵᠢᠵᠦ ᠴᠢᠳᠠᠭᠠᠳᠣᠢ ᠪᠠᠶᠢᠭᠰᠠᠨ ᠪᠣᠯᠪᠠᠴᠣ᠂ ᠶᠡᠬᠡᠰ ᠳᠡᠭᠡᠳᠦᠰ ᠲᠠᠷᠣᠢ ᠴᠠᠨ ᠢᠥᠢ ᠨᠡᠷ ᠪᠣᠶᠣ ᠦᠵᠢ ᠨᠡᠷ  ᠤᠨ ᠲᠣᠮᠳᠠ ᠮᠠᠰᠢ ᠶᠡᠭᠡ ᠨᠦᠯᠦᠭᠡ ᠲᠠᠢ ᠪᠠᠶᠢᠭᠰᠠᠨ ᠪᠣᠯᠣᠯᠳᠠᠢ᠃ ᠬᠠᠨ ᠣᠯᠣᠰ ᠤᠨ ᠴᠡᠷᠢᠭ ᠾᠦᠩᠨᠦ ᠶᠢ ᠲᠣᠪᠳᠣᠯᠣᠨ ᠢᠯᠠᠵᠣ᠂ ᠴᠠᠨ ᠢᠥᠢ ᠶᠢᠨ ᠠᠯᠳᠠᠨ ᠬᠦᠮᠦᠨ ︵ᠪᠣᠷᠬᠠᠨ︶ ᠢ ᠨᠢ ᠣᠯᠵᠠᠯᠠᠵᠣ ᠪᠠᠶᠢᠯ᠎ᠠ ᠭᠡᠳᠡᠭ ᠲᠡᠣᠬᠡᠨ ᠲᠡᠮᠳᠡᠭᠯᠡᠯ ᠪᠣᠢ᠃ ᠲᠡᠷᠡ ᠦᠶ᠎ᠡ ᠶᠢᠨ ᠬᠥᠮᠥᠰ ᠠᠯᠳᠠᠨ ᠪᠣᠷᠬᠠᠨ ᠢ ᠵᠦᠪᠬᠡᠨ ᠠᠯᠳᠠᠨ ᠬᠦᠮᠦᠨ ᠭᠡᠵᠦ ᠦᠵᠡᠵᠦ ᠪᠠᠶᠢᠭᠰᠠᠨ ᠪᠣᠯᠣᠯᠳᠠᠢ᠃ ᠲᠠᠬᠢᠨ ᠦᠬᠦᠯᠡᠪᠡᠯ ᠴᠠᠨ ᠢᠥᠢ ᠰᠠᠭᠤᠭᠰᠠᠳ ᠤᠨ ᠬᠠᠳᠣᠨ ᠨᠢ ᠵᠠᠪᠠᠯ ᠠᠯᠳᠠᠨ ᠬᠦᠮᠦᠨ ᠴᠢᠣᠬᠤᠵᠣ᠂ ᠦᠪᠡᠷ ᠤᠨ ᠬᠤᠪᠢ ᠵᠠᠶᠠᠭ᠎ᠠ ᠪᠠᠨ ᠲᠠᠭᠠᠳᠬᠠᠬᠤ ᠵᠠᠩᠰᠢᠯ ᠲᠠᠢ ᠪᠠᠶᠢᠯ᠎ᠠ ᠭᠡᠳᠡᠭ ᠲᠡᠣᠬᠡᠨ ᠲᠡᠮᠳᠡᠭᠯᠡᠯ ᠠᠴᠠ ᠦᠵᠡᠪᠡᠯ᠂ ᠦᠪᠡᠷ ᠢ ᠪᠠᠨ ᠦᠵᠢ ᠪᠣᠯᠬᠤ ᠬᠤᠪᠢ ᠢᠷᠦᠭᠡᠯ ᠪᠠᠶᠢᠬᠤ ᠡᠰᠡᠬᠦ ᠶᠢ ᠠᠯᠳᠠᠨ ᠪᠣᠷᠬᠠᠨ ᠪᠦᠳᠦᠭᠡᠵᠦ ᠰᠣᠷᠢᠵᠣ ᠦᠵᠡᠳᠡᠭ ᠭᠡᠵᠦ ᠦᠵᠡᠬᠦ ᠳᠤ ᠪᠣᠷᠣᠭᠤ ᠦᠭᠡᠢ ᠮᠡᠳᠦ ᠪᠠᠶᠢᠨᠠᠮ᠃︶ ᠪᠡᠯᠡᠳᠬᠡᠭᠰᠡᠨ ᠨᠢ᠄ ᠡᠷᠳᠡᠨᠢᠬᠦᠦᠨᠠᠶᠢᠷᠠᠭᠤᠯᠤᠭᠰᠠᠨ ᠨᠢ᠄ ᠨᠠᠮᠤᠷᠬᠢᠨᠠᠭᠰᠠᠨ ᠨᠢ᠄ ᠤᠷᠢᠬᠠᠨ
 
ᠢᠷᠡᠯᠲᠡ᠄ ᠲᠣᠰ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号