ᠾᠦᠩᠨᠦ ᠶᠢᠨ ᠰᠢ ᠢᠥᠢ ᠣᠷᠣᠨ ᠤ ᠡᠵᠡᠮᠰᠢᠯ ᠢ ᠪᠡᠶᠡᠯᠡᠬᠦᠯᠦᠭᠰᠡᠨ ᠨᠢᠤᠣᠬᠠᠨ ᠬ᠊
ᠨᠡᠶᠢᠲᠡᠯᠡᠭᠰᠡᠨ ᠴᠠᠭ᠄
2020/10/19
ᠨᠡᠶᠢᠳᠡ ᠶᠢᠨ ᠣᠨ ᠲᠣᠭᠠᠯᠠᠯ ᠠᠴᠠ ᠡᠮᠦᠨ᠎ᠡ 177 ᠣᠨ ᠳᠤ ᠾᠦᠩᠨᠦ ᠶᠢᠨ ᠪᠠᠷᠠᠭᠤᠨ ᠮᠡᠷᠭᠡᠨ ᠸᠠᠩ ᠨᠢ ᠭᠤᠣᠯ  ᠤᠨ ᠡᠮᠦᠨ᠎ᠡ ᠣᠷᠣᠨ ︵ᠣᠳᠣᠬᠢ ᠣᠷᠳᠣᠰ︶ ᠳᠤ ᠲᠠᠬᠢᠨ ᠣᠷᠣᠵᠣ᠂ ᠱᠠᠩ ᠵᠢᠶᠦ᠋ᠨ ᠢ ᠲᠡᠭᠡᠷᠡᠮᠳᠡᠪᠡ᠃ ᠡᠨᠡ ᠦᠶ᠎ᠡ ᠪᠠᠷ ᠬᠠᠨ ᠣᠯᠣᠰ ᠤᠨ ᠰᠢᠶᠣᠤ ᠸᠧᠨ ᠳ᠋ᠢ ︵ᠰᠠᠭᠤᠷᠢᠨ ᠳᠤ ᠪᠠᠶᠢᠭᠰᠠᠨ ᠣᠨ ᠨᠢ ᠡᠮᠦᠨ᠎ᠡ 180 ᠣᠨ — ᠡᠮᠦᠨ᠎ᠡ 157 ᠣᠨ︶ ᠬᠠᠭᠠᠨ ᠴᠧᠩᠰᠢᠶᠠᠩ ᠭᠤᠸᠠᠨ ᠶᠢᠩ ᠳᠤ ᠴᠡᠷᠢᠭ ᠦᠭᠴᠦ᠂ ᠪᠠᠷᠠᠭᠤᠨ ᠮᠡᠷᠭᠡᠨ ᠸᠠᠩ ᠢ ᠲᠠᠶᠢᠯᠠᠭᠤᠯᠪᠠ᠃ ᠡᠨᠡ ᠪᠣᠯ ᠪᠠᠢ ᠳ᠋ᠧᠩ ᠤᠨ ᠬᠡᠷᠡᠭ ᠬᠤᠪᠢᠰᠣᠯ ᠠᠴᠠ ᠢᠨᠠᠭᠰᠢ ᠬᠤᠷᠢᠨ ᠬᠡᠳᠦᠨ ᠵᠢᠯ ᠤᠨ ᠲᠠᠷᠠᠭ᠎ᠠ᠂ ᠬᠠᠨ ᠣᠯᠣᠰ ᠠᠩᠬ᠎ᠠ ᠣᠳᠠᠭ᠎ᠠ ᠾᠦᠩᠨᠦ ᠲᠠᠢ ᠲᠠᠶᠢᠯᠠᠯᠳᠣᠵᠣ ᠪᠠᠶᠢᠭ᠎ᠠ ᠬᠡᠷᠡᠭ ᠪᠣᠯᠬᠤ ᠶᠣᠮ᠃ ᠡᠨᠡᠬᠦ ᠦᠶ᠎ᠡ ᠪᠠᠷ ᠾᠦᠩᠨᠦ ᠶᠢᠨ ᠴᠠᠨ ᠢᠥᠢ ᠮᠣᠳᠣᠨ ᠶᠠᠭ ᠰᠠᠶᠢᠬᠠᠨ ᠪᠠᠷᠠᠭᠤᠨᠰᠢ ᠷᠸᠣᠽᠢ ᠶᠢ ᠲᠠᠶᠢᠯᠠᠵᠣ ᠶᠠᠭᠠᠷᠠᠣ ᠪᠠᠶᠢᠭᠰᠠᠨ ᠪᠣᠯᠬᠤᠷ ᠪᠠᠷᠠᠭᠤᠨ ᠮᠡᠷᠭᠡᠨ ᠸᠠᠩ ᠢᠶᠠᠨ ᠲᠡᠮᠵᠢᠵᠦ ᠠᠮᠵᠢᠭᠰᠠᠨ ᠦᠭᠡᠢ ᠦᠩᠭᠡᠷᠡᠵᠡᠢ᠃ ᠣᠳᠠᠯ ᠦᠭᠡᠢ ᠮᠣᠳᠣᠨ ᠴᠠᠨ ᠢᠥᠢ ᠪᠠᠷᠠᠭᠤᠨ ᠮᠡᠸ᠋ᠷᠭᠡᠨ ᠸᠠᠩ ᠢᠶᠠᠨ ᠵᠠᠷᠯᠢᠭᠳᠠᠨ᠂ ᠳ᠋ᠦᠨ ᠬᠤᠸᠠᠩ ᠤᠨ ᠣᠶᠢᠷᠬᠠᠨ ᠪᠠᠶᠢᠭ᠎ᠠ ᠷᠸᠥᠽᠢ ᠨᠡᠷ ᠢ ᠲᠣᠪᠳᠣᠯᠣᠨ᠂ ᠯᠸᠥ ᠹᠠᠨ᠂ ᠦᠰᠦᠨ᠂ ᠬᠤᠵᠢᠶᠧ ᠨᠡᠷ ᠵᠢᠴᠢ ᠰᠢ ᠢᠥᠢ ᠶᠢᠨ ᠬᠤᠷᠢᠨ ᠵᠢᠷᠭᠤᠭᠠᠨ ᠣᠯᠣᠰ ᠢ ᠪᠦᠷ ᠾᠦᠩᠨᠦ ᠶᠢᠨ ᠵᠠᠬᠢᠷᠣᠯ ᠳᠤ ᠣᠷᠣᠭᠤᠯᠣᠨ ᠠᠮᠵᠢᠪᠠ᠃ ᠪᠡᠯᠡᠳᠬᠡᠭᠰᠡᠨ ᠨᠢ᠄ ᠡᠷᠳᠡᠨᠢᠬᠦᠦᠨᠠᠶᠢᠷᠠᠭᠤᠯᠤᠭᠰᠠᠨ ᠨᠢ᠄ ᠨᠠᠮᠤᠷᠬᠢᠨᠠᠭᠰᠠᠨ ᠨᠢ᠄ ᠤᠷᠢᠬᠠᠨ
 
ᠢᠷᠡᠯᠲᠡ᠄ ᠲᠣᠰ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号