閼氏 ᠶᠢ ᠦᠭᠦᠯᠡᠬᠦ ᠨᠢ
ᠨᠡᠶᠢᠲᠡᠯᠡᠭᠰᠡᠨ ᠴᠠᠭ᠄
2020/10/20
ᠣᠣᠬᠠᠨ · ᠬᠠᠭᠳᠠ  閼氏 ᠡᠨᠡ ᠬᠤᠶᠠᠷ ᠬᠢᠳᠠᠳ ᠦᠰᠦᠭ ᠤᠨ ᠠᠪᠢᠶ᠎ᠠ ᠶᠢ ᠣᠷᠢᠳᠠᠪᠠᠷ ᠣᠳᠣ ᠦᠶ᠎ᠡ ᠶᠢᠨ ᠬᠢᠳᠠᠳ ᠬᠡᠯᠡᠨ ᠳᠠᠬᠢ yān zhī ︵ᠶᠠᠨ ᡁᠢ︶ ᠭᠡᠳᠡᠭ ᠣᠩᠰᠢᠯᠭ᠎ᠠ ᠶᠢ ᠮᠦᠷᠳᠡᠵᠦ ᠪᠠᠶᠢᠶ᠎ᠠ᠂ ᠲᠠᠷᠠᠭ᠎ᠠ ᠪᠠᠷ ᠲᠡᠭᠦᠨ ᠤ ᠴᠣᠬᠤᠮ ᠣᠩᠰᠢᠯᠭ᠎ᠠ ᠨᠢ ᠶᠠᠭᠤ ᠪᠣᠯᠣᠨ᠎ᠠ ᠭᠡᠳᠡᠭ ᠢ ᠠᠭᠠᠵᠢᠮ ᠢᠶᠠᠷ ᠲᠣᠲᠣᠷᠬᠠᠶᠢᠯᠠᠶ᠎ᠠ᠃ ᠶᠠᠨ ᡁᠢ ᠭᠡᠳᠡᠭ ᠦᠭᠡ ᠾᠦᠩᠨᠦ  ᠶᠢᠨ ᠱᠠᠰᠳᠢᠷ ᠲᠤ ᠠᠬᠢᠨ ᠲᠠᠬᠢᠨ ᠭᠠᠷᠳᠠᠭ ᠾᠦᠩᠨᠦ ᠶᠢᠨ ᠬᠠᠳᠣᠨ ᠬᠦᠮᠦᠨ ᠤ ᠴᠣᠯᠠ ᠪᠣᠯᠬᠤ ᠨᠡᠷ᠎ᠡ ᠦᠭᠡ ᠶᠣᠮ᠃ ᠰᠧ ᠮᠠ ᠴᠢᠶᠠᠨ᠂ ᠪᠠᠨ ᠭᠦ᠋ ᠮᠡᠳᠦ ᠶᠢᠨ ᠡᠷᠳᠡᠨ ᠤ ᠬᠢᠳᠠᠳ ᠲᠡᠣᠬᠡᠴᠢᠳ ᠪᠣᠯ閼氏 ᠭᠡᠳᠡᠭ ᠦᠭᠡ ᠶᠢ ᠪᠦᠷ ᠴᠠᠨ ᠢᠥᠢ ᠨᠡᠷ ᠪᠣᠶᠣ ᠾᠦᠩᠨᠨᠦ ᠶᠢᠨ ᠸᠠᠩ ᠨᠡᠷ ᠤᠨ ᠬᠦᠨᠳᠦᠳᠭᠡᠯ ᠶᠡᠬᠡᠳᠡᠢ ᠬᠠᠳᠣᠨ ᠬᠦᠮᠦᠨ ᠤ ᠴᠣᠯᠠ ᠦᠭᠡ  ᠪᠠᠷ ᠬᠡᠷᠡᠭᠯᠡᠳᠡᠭ ᠪᠠᠶᠢᠵᠠᠢ᠃ ᠵᠢᠱᠢᠶᠡᠯᠡᠪᠡᠯ᠂ ᠲᠦᠮᠡᠨ ᠴᠠᠨ ᠢᠥᠢ ᠶᠢᠨ ᠠᠮᠠᠷᠠᠭ ᠶᠠᠨ ᡁᠢ᠂ ᠬᠣ᠋ ᠬᠠᠨ ᠶᠧ ᠴᠠᠨ ᠢᠥᠢ ᠶᠢᠨ ᠨᠢᠭᠡᠳᠦᠭᠡᠷ᠂ ᠬᠤᠶᠠᠳᠣᠭᠠᠷ ᠶᠠᠨ ᡁᠢ ᠴᠢᠨᠠᠭᠰᠢᠯᠠᠪᠠᠯ ᠲᠠᠪᠣᠳᠣᠭᠠᠷ ᠶᠠᠨ ᡁᠢ᠂ ᠪᠠᠰᠠ ᠰᠢᠥ ᠲᠸᠥ ᠸᠠᠩ  ᠤᠨ ᠶᠠᠨ ᡁᠢ ᠭᠡᠬᠦ᠂ ᠵᠢᠴᠢ ᠶᠢᠨ ᠮᠢ ᠳ᠋ᠢ ︵ᠬᠢᠮᠡᠭᠳᠡᠢ︶ ᠦᠪᠡᠷ ᠤᠨ ᠡᠬᠡ ᠶᠠᠨ ᡁᠢ ᠳᠠᠭᠠᠨ ᠮᠠᠰᠢ ᠡᠯᠪᠡᠷᠢᠯ ᠲᠠᠢ ᠁ ᠭᠡᠬᠦ ᠮᠡᠳᠦ ᠪᠠᠷ ᠲᠡᠣᠭᠡ ᠰᠣᠳᠣᠷ ᠲᠤ ᠣᠯᠠᠨᠳᠠ ᠲᠡᠮᠳᠡᠭᠯᠡᠨ ᠬᠡᠷᠡᠭᠯᠡᠳᠡᠭ ᠪᠠᠶᠢᠵᠠᠢ᠃ ᠭᠡᠶ᠎ᠡ ᠠᠳᠡ ᠵᠠᠪᠠᠯ ᠮᠡᠳᠡᠬᠦ ᠴᠢᠬᠤᠯᠠ ᠲᠠᠢ ᠨᠢᠭᠡᠨ ᠣᠴᠢᠷ ᠪᠣᠯ ︽ᠰᠣᠳᠣᠷ ᠲᠡᠮᠳᠡᠭᠯᠡᠯ︾ ᠢ ᠵᠣᠬᠢᠶᠠᠭᠰᠠᠨ ᠰᠧ ᠮᠠ ᠴᠢᠶᠠᠨ᠂ ︽ᠬᠠᠨ ᠣᠯᠣᠰ  ᠤᠨ ᠪᠢᠴᠢᠭ︾ ᠢ ᠵᠣᠬᠢᠶᠠᠭᠰᠠᠨ ᠪᠠᠨ ᠭᠦ᠋᠂ ᠵᠢᠴᠢ ︽ᠬᠤᠶᠢᠳᠣ ᠬᠠᠨ ᠣᠯᠣᠰ ᠤᠨ ᠪᠢᠴᠢᠭ︾ ᠢ ᠵᠣᠬᠢᠶᠠᠭᠰᠠᠨ ᠹᠠᠨ ᠶᠧ ᠨᠡᠷ ᠤᠨ ᠬᠡᠨ ᠠᠯᠢᠨ ᠴᠦ ᠦᠪᠡᠷ ᠤᠨ ᠵᠣᠬᠢᠶᠠᠭᠰᠠᠨ ᠲᠡᠣᠬᠡ ᠶᠢᠨ ᠵᠣᠬᠢᠶᠠᠯ ᠪᠦᠳᠦᠭᠡᠯ ᠲᠣᠲᠣᠷᠠᠬᠢ ᠾᠦᠩᠨᠦ  ᠳᠤ ᠬᠤᠯᠪᠣᠭᠳᠠᠭᠰᠠᠨ ᠨᠡᠷᠡᠰ ᠦᠭᠡ ᠪᠠ ᠪᠣᠰᠣᠳ ᠬᠦᠨᠳᠦ ᠦᠰᠦᠭ ᠢ ᠶᠠᠭᠠᠬᠢᠵᠣ ᠣᠩᠰᠢᠬᠤ᠂ ᠶᠠᠮᠠᠷ ᠣᠳᠬ᠎ᠠ ᠲᠠᠢ ᠭᠡᠵᠦ ᠲᠠᠶᠢᠯᠪᠣᠷᠢ ᠬᠠᠳᠠᠭᠰᠠᠨ ᠵᠦᠢᠯ ᠨᠢᠭᠡᠴᠦ ᠪᠠᠶᠢᠬᠤ ᠦᠭᠡᠢ᠃ ᠰᠢᠯᠳᠠᠭᠠᠨ ᠨᠢ ᠲᠣᠬᠠᠢ ᠶᠢᠨ ᠦᠶ᠎ᠡ ᠳᠤ ᠡᠳᠡᠭᠡᠷ ᠾᠦᠩᠨᠦ ᠶᠢᠨ ᠨᠡᠷᠡᠰ ᠦᠭᠡ ᠶᠢ ᠣᠯᠠᠨ ᠨᠡᠶᠢᠳᠡ ᠪᠠᠷ ᠢᠶᠠᠨ ᠪᠦᠷ ᠮᠠᠰᠢ ᠲᠣᠲᠣᠷᠬᠠᠢ ᠣᠶᠢᠯᠭᠠᠳᠠᠭ ᠠᠭᠤᠯᠭ᠎ᠠ ᠪᠣᠯᠬᠤᠷ᠂ ᠲᠠᠶᠢᠯᠪᠣᠷᠢ ᠬᠠᠳᠠᠬᠤ ᠴᠢᠬᠤᠯᠠ ᠦᠭᠡᠢ ᠪᠠᠶᠢᠭᠰᠠᠨ ᠪᠣᠯᠣᠯᠳᠠᠢ᠃ ᠭᠡᠪᠡᠴᠦ ᠴᠠᠭ ᠬᠤᠭᠤᠴᠠᠭ᠎ᠠ ᠶᠢᠨ ᠦᠩᠭᠡᠷᠡᠬᠦ ᠶᠢ ᠲᠠᠭᠠᠯᠳᠣᠨ᠂ ᠣᠨᠴᠠᠭᠠᠶᠢᠯᠠᠨ ᠬᠡᠳᠦᠨ ᠵᠠᠭᠤᠨ ᠣᠨ ᠪᠣᠯᠬᠤ ᠳᠤ ᠬᠤᠵᠢᠮ ᠤᠨ ᠬᠦᠮᠦᠰ ᠲᠤ ᠡᠳᠡᠭᠡᠷ ᠲᠡᠣᠬᠡᠳᠦ ᠬᠡᠷᠡᠭ ᠣᠴᠢᠷ ᠪᠣᠯᠣᠨ ᠲᠡᠭᠦᠨ ᠢ ᠲᠡᠮᠳᠡᠭᠯᠡᠭᠰᠡᠨ ᠵᠠᠷᠢᠮ ᠦᠰᠦᠭ ᠪᠢᠴᠢᠭ ᠤᠨ ᠣᠳᠬ᠎ᠠ ᠨᠢ ᠣᠶᠢᠯᠭᠠᠭᠳᠠᠬᠤ ᠦᠭᠡᠢ ᠪᠣᠶᠣ ᠣᠩᠰᠢᠯᠭ᠎ᠠ ᠨᠢ ᠲᠠᠨᠢᠭᠳᠠᠬᠤ ᠦᠭᠡᠢ ᠪᠣᠯᠣᠭᠰᠠᠨ ᠰᠢᠯᠳᠠᠭᠠᠨ ᠢᠶᠠᠷ ᠬᠤᠵᠢᠮ ᠤᠨ ᠵᠠᠷᠢᠮ ᠰᠣᠳᠣᠷ ᠪᠢᠴᠢᠭ ᠪᠣᠶᠣ ᠲᠡᠣᠬᠡ ᠶᠢᠨ ᠡᠷᠳᠡᠮᠳᠡᠳ ᠠᠴᠠ ᠡᠳᠡᠭᠡᠷ ᠦᠰᠦᠭ ᠪᠢᠴᠢᠭ ᠪᠣᠯᠣᠨ ᠲᠡᠣᠬᠡᠨ ᠬᠡᠷᠡᠭ ᠣᠴᠢᠷ ᠲᠤ ᠠᠪᠢᠶ᠎ᠠ ᠪᠠ ᠣᠳᠬ᠎ᠠ ᠶᠢᠨ ᠲᠠᠶᠢᠯᠪᠣᠷᠢ ᠬᠢᠵᠦ ᠡᠬᠢᠯᠡᠵᠡᠭᠡᠵᠡᠢ᠃ ᠡᠶᠢᠮᠦᠷᠬᠦ ᠲᠠᠶᠢᠯᠪᠣᠷᠢ᠂ ᠬᠠᠷᠭᠤᠯᠭ᠎ᠠ᠂ ᠭᠡᠷᠡᠴᠢᠯᠡᠯ ᠣᠳᠣ ᠦᠶ᠎ᠡ ᠳᠤ ᠢᠷᠡᠳᠡᠯ᠎ᠡ ᠨᠡᠶᠢᠳᠡᠮ ᠶᠠᠪᠣᠭᠳᠠᠭᠰᠠᠭᠠᠷ ᠪᠠᠶᠢᠨ᠎ᠠ᠃ ᠡᠶᠢᠮᠦ ᠠᠴᠠ ᠵᠠᠷᠢᠮ ᠨᠢᠭᠡᠨ ᠦᠰᠦᠭ ᠪᠣᠶᠣ ᠨᠡᠷ᠎ᠡ ᠦᠭᠡ ᠳᠤ ᠮᠠᠰᠢ ᠣᠯᠠᠨ ᠵᠦᠢᠯ ᠤᠨ ᠠᠳᠠᠯᠢ ᠪᠣᠰᠣ ᠲᠠᠶᠢᠯᠪᠣᠷᠢ ᠨᠤᠭᠤᠳ ᠪᠣᠢ ᠪᠣᠯᠵᠠᠢ᠃ ᠡᠳᠡᠭᠡᠷ ᠨᠢ ᠣᠳᠣ ᠦᠶ᠎ᠡ ᠶᠢᠨ ᠣᠩᠰᠢᠭᠴᠢᠳ ᠲᠤ ᠮᠠᠰᠢ ᠶᠡᠭᠡ ᠲᠦᠭᠡᠷᠢᠭᠳᠡᠯ ᠡᠭᠦᠰᠭᠡᠪᠡ᠃閼氏 ᠬᠤᠶᠠᠷ ᠬᠢᠳᠠᠳ ᠦᠰᠦᠭ ᠲᠠᠷᠣᠢ ᠡᠶᠢᠮᠦ ᠨᠡᠷ᠎ᠡ ᠦᠭᠡ ᠲᠤ ᠪᠠᠭᠳᠠᠨ᠎ᠠ᠃     ᠨᠢᠭᠡ᠄閼氏 ︵ᠶᠠᠨ ᡁᠢ︶ ᠬᠤᠶᠠᠷ ᠬᠢᠳᠠᠳ ᠦᠰᠦᠭ ᠤᠨ ᠬᠢᠳᠠᠳ ᠬᠡᠯᠡᠨ ᠳᠠᠬᠢ ᠡᠷᠳ᠋ᠨ ᠡᠳᠦᠬᠡ ᠶᠢᠨ ᠠᠪᠢᠶ᠎ᠠ ᠶᠢᠨ ᠲᠣᠬᠠᠢ ︵ᠲᠦᠭᠦᠮ︶ ᠲᠠᠶᠢᠯᠪᠣᠷᠢ᠄   1 ᠣᠳᠣ ᠦᠶ᠎ᠡ ᠶᠢᠨ ᠬᠠᠮᠤᠭ ᠨᠡᠶᠢᠳᠡᠯᠢᠭ ᠣᠩᠰᠢᠯᠭ᠎ᠠ ᠪᠠ ᠲᠠᠶᠢᠯᠪᠣᠷᠢ ᠭᠡᠪᠡᠯ ︽ᠰᠢᠨᠬᠤᠸᠠ ᠶᠡᠭᠡ ᠲᠣᠯᠢ︾  ᠲᠠᠬᠢ閼氏 ᠬᠤᠶᠠᠷ ᠦᠰᠦᠭ ᠤᠨ ᠲᠠᠶᠢᠯᠪᠣᠷᠢ ᠪᠣᠯᠣᠨ᠎ᠠ᠃ ᠲᠣᠰ ᠲᠣᠯᠢ ᠳᠤ ᠡᠨᠡ ᠬᠤᠶᠠᠷ ᠦᠰᠦᠭ ᠢ ᠲᠠᠶᠢᠯᠪᠣᠷᠢᠯᠠᠭᠰᠠᠨ ᠪᠠᠶᠢᠳᠠᠯ ᠭᠡᠪᠡᠯ᠂閼氏 ᠶᠢᠨ ᠣᠳᠣ ᠦᠶ᠎ᠡ ᠶᠢᠨ ᠣᠩᠰᠢᠯᠭ᠎ᠠ ᠶᠢ ᠬᠢᠳᠠᠳ ᠬᠡᠯᠡᠨ ᠤ ᠯᠠᠲ᠋ᠢᠨ ᠭᠠᠯᠢᠭ ᠢᠶᠠᠷ yān zhī ᠭᠡᠵᠦ ᠭᠠᠯᠢᠭᠴᠢᠯᠠᠨ᠂ ᠣᠳᠬ᠎ᠠ ᠨᠢ ᠬᠠᠨ ᠣᠯᠣᠰ ᠤᠨ ᠦᠶ᠎ᠡ ᠶᠢᠨ ᠾᠦᠩᠨᠦ ᠶᠢᠨ ᠴᠠᠨ ᠢᠥᠢ ᠨᠡᠷ ᠤᠨ ᠭᠤᠣᠯ ᠬᠠᠳᠣᠨ ᠤ ᠴᠣᠯᠠ ᠭᠡᠵᠦ ᠲᠠᠶᠢᠯᠪᠣᠷᠢᠯᠠᠵᠠᠢ᠃ ᠣᠳᠣ ᠦᠶ᠎ᠡ ᠶᠢᠨ ᠪᠣᠰᠣᠳ ᠬᠢᠳᠠᠳ ᠬᠡᠯᠡᠨ ᠤ ᠲᠣᠯᠢ ᠪᠢᠴᠢᠭ ᠴᠦ ᠪᠦᠷ ᠡᠭᠦᠨ ᠲᠠᠢ ᠨᠢᠭᠡᠨ ᠠᠳᠠᠯᠢ ᠲᠠᠶᠢᠯᠪᠣᠷᠢ ᠲᠠᠢ ᠨᠢ ᠣᠯᠠᠨ᠂ ᠵᠢᠭᠠᠬᠠᠨ ᠵᠦᠷᠢᠶ᠎ᠡ  ᠲᠠᠢ ᠲᠠᠶᠢᠯᠪᠣᠷᠢ ᠪᠠᠶᠢᠭ᠎ᠠ ᠪᠣᠯᠪᠠᠴᠣ᠂ ᠦᠨᠳᠦᠰᠦᠨ ᠳᠡᠭᠡᠨ ᠠᠳᠠᠯᠢᠪᠳᠣᠷ ᠪᠣᠯᠬᠤᠷ᠂ ᠲᠡᠷᠡ ᠪᠦᠬᠦᠨ ᠢ ᠨᠢᠭᠡ ᠨᠢᠭᠡ  ᠪᠠᠷ ᠵᠢᠬᠰᠠᠭᠠᠬᠤ ᠦᠭᠡᠢ᠃ ᠬᠡᠷᠪᠡ ᠵᠦᠪᠬᠡᠨ閼 ᠦᠰᠦᠭ ᠭᠠᠭᠴᠠᠭᠠᠷ ᠢᠶᠠᠨ ᠪᠣᠯ ᠲᠡᠭᠦᠨ ᠤ ᠣᠩᠰᠢᠯᠭ᠎ᠠ ᠶᠢ yān ᠪᠣᠶᠣ ě ᠪᠠᠷ ᠣᠩᠰᠢᠨ᠎ᠠ ᠭᠡᠵᠦ ᠲᠠᠶᠢᠯᠪᠣᠷᠢᠯᠠᠨ᠂ 氏 ᠦᠰᠦᠭ ᠢ shì᠂ zhī ᠬᠤᠶᠠᠷ ᠣᠩᠰᠢᠯᠭ᠎ᠠ ᠲᠠᠢ ᠭᠡᠵᠦ ᠲᠠᠶᠢᠯᠪᠣᠷᠢᠯᠠᠵᠣ᠂ shì ᠨᠢ ᠣᠪᠣᠭ ᠣᠭᠰᠠᠭ᠎ᠠ ᠭᠡᠬᠦ ᠣᠳᠬ᠎ᠠ ᠪᠠᠷ ᠬᠡᠷᠡᠭᠯᠡᠨ᠂ zhī  ᠶᠢ ᠨᠢ ᠵᠦᠪᠬᠡᠨ ᠷᠸᠥ ᡁᠢ ︵月氏︶ ᠵᠡᠷᠭᠡ ᠣᠭᠰᠠᠭᠠᠳᠠᠨ ᠤ ᠨᠡᠷ᠎ᠡ ᠳᠤ ᠬᠡᠷᠡᠭᠯᠡᠨ᠎ᠡ ᠭᠡᠵᠦ ᠲᠠᠶᠢᠯᠪᠣᠷᠢᠯᠠᠵᠠᠢ᠃ ᠡᠨᠡᠬᠦ氏 ︵zhī︶ ᠦᠰᠦᠭ ᠨᠢ ᠣᠩᠰᠢᠯᠭ᠎ᠠ ᠪᠠ ᠣᠳᠬ᠎ᠠ ᠶᠢᠨ ᠲᠠᠯ᠎ᠠ ᠪᠠᠷ ᠡᠷᠳᠡ ᠡᠳᠦᠬᠡ ᠲᠡᠮᠡᠢ ᠶᠡᠭᠡ ᠪᠣᠳᠣᠯᠢᠶᠠᠨ ᠦᠭᠡᠢ ᠮᠦᠷᠳᠡᠭᠡᠨ ᠶᠠᠨ ᡁᠢ ᠭᠡᠵᠦ ᠬᠠᠮᠳᠣ ᠬᠡᠷᠡᠭᠯᠡᠬᠦ ᠦᠶ᠎ᠡ ᠳᠤ ᠣᠩᠰᠢᠯᠭ᠎ᠠ ᠨᠢ ᠴᠦ ᠲᠡᠮᠡᠢ ᠮᠠᠷᠭᠤᠭᠠᠨ ᠦᠭᠡᠢ ᠲᠣᠯᠠ ᠣᠯᠠᠨ ᠶᠠᠷᠢᠬᠤ ᠦᠭᠡᠢ᠂ ᠪᠢᠳᠡ ᠲᠡᠭᠦᠨ ᠤ ᠡᠷᠳᠡᠨ ᠤ ᠠᠪᠢᠶ᠎ᠠ ᠨᠢ ︽ᠵᠢᠢ︾ ᠪᠠᠶᠢᠭᠰᠠᠨ ᠭᠡᠵᠦ ᠮᠡᠳᠡᠪᠡᠯ ᠪᠣᠯᠴᠢᠬᠠᠨ᠎ᠠ᠃ ᠣᠴᠢᠷ ᠨᠢ zhi᠂ chi᠂ shi ᠮᠡᠳᠦ ᠶᠢᠨ ᠠᠪᠢᠶ᠎ᠠ ᠪᠣᠯ ᠪᠦᠷ ᠣᠶᠢᠷ᠎ᠠ ᠣᠷᠴᠢᠨ ᠦᠶ᠎ᠡ ᠳᠤ ᠡᠭᠦᠰᠦᠭᠰᠡᠨ ᠠᠪᠢᠶ᠎ᠠ ᠶᠣᠮ᠃ ᠲᠡᠳᠡᠭᠡᠷ ᠤᠨ ᠡᠷᠳᠡᠨ ᠤ ᠠᠪᠢᠶ᠎ᠠ ᠨᠢ ᠪᠦᠷ ᠣᠶᠢᠷᠠᠯᠴᠠᠭ᠎ᠠ ᠪᠠᠷ ᠵᠢᠢ ᠴᠢ ᠰᠢ ᠾᠢ ᠬᠢ ︵gi︶ ᠵᠡᠷᠭᠡ ᠪᠠᠷ ᠣᠩᠰᠢᠵᠣ ᠪᠠᠶᠢᠵᠠᠢ᠃ ᠴᠢᠨᠠᠭᠰᠢᠯᠠᠪᠠᠯ ᠣᠳᠣ ᠦᠶ᠎ᠡ ᠶᠢᠨ ᠵᠠᠷᠢᠮ ᠨᠣᠳᠤᠭ ᠤᠨ ᠠᠪᠢᠶᠠᠨ ᠳᠤ ᠴᠦ ᠮᠦᠨ ᠢᠩᠬᠢᠵᠦ ᠣᠩᠰᠢᠭᠰᠠᠭᠠᠷ ᠪᠠᠶᠢᠭ᠎ᠠ ᠶᠣᠮ᠃ ᠡᠶᠢᠮᠦ ᠠᠴᠠ ᠲᠣᠷᠣᠭᠰᠢ ᠵᠦᠪᠬᠡᠨ閼 ᠦᠰᠦᠭ ᠢᠶᠠᠷ ᠭᠤᠣᠯᠳᠠᠵᠣ ᠲᠠᠶᠢᠯᠪᠣᠷᠢᠯᠠᠨ ᠶᠠᠷᠢᠶ᠎ᠠ᠃    2 ᠣᠳᠣ ᠪᠠᠷ ᠨᠠᠳᠠ ᠣᠯᠳᠠᠬᠤ ᠬᠢᠳᠠᠳ ᠬᠡᠯᠡᠨ ᠤ ᠬᠠᠮᠤᠭ ᠡᠷᠳᠡᠨ ᠤ ᠲᠣᠯᠢ ᠪᠢᠴᠢᠭ ᠪᠣᠯᠬᠤ ︽ᠱᠦᠸᠧ ᠸᠧᠨ ᠵᠢᠶᠧ ᠽᠢ︾ ᠶᠢᠨ ᠡᠷᠳᠡᠨ ᠤ ᠪᠠᠷ ᠲᠤ 閼 ᠦᠰᠦᠭ ᠤᠨ ᠠᠪᠢᠶ᠎ᠠ ᠣᠳᠬ᠎ᠠ ᠶᠢᠨ ᠲᠣᠬᠠᠢ ᠲᠠᠶᠢᠯᠪᠣᠷᠢ ᠳᠤ ᠬᠡᠯᠡᠭᠰᠡᠨ ᠨᠢ᠄閼 ᠦᠰᠦᠭ ᠪᠣᠯ从門於聲 ᠭᠡᠵᠦ ᠲᠠᠶᠢᠯᠪᠣᠷᠢᠯᠠᠵᠠᠢ᠃ ᠲᠠᠷᠣᠢ門 ᠦᠰᠦᠭ ᠢ ᠲᠠᠭᠠᠵᠣ於 ᠠᠪᠢᠶ᠎ᠠ ᠪᠠᠷ ᠣᠩᠰᠢᠨ᠎ᠠ ᠭᠡᠰᠡᠨ ᠦᠭᠡ ᠪᠣᠯᠣᠨ᠎ᠠ ᠃ ᠡᠨᠡ ᠪᠣᠯ ᠠᠯᠢ ᠡᠷᠳᠡᠨ ᠤ ᠬᠢᠳᠠᠳ ᠬᠦᠮᠦᠰ ᠤᠨ ᠶᠠᠮᠠᠷ ᠨᠢᠭᠡᠨ ᠲᠦᠭᠦᠮᠬᠡᠨ ᠦᠰᠦᠭ ᠤᠨ ᠠᠪᠢᠶ᠎ᠠ ᠪᠠᠷ ᠨᠦᠭᠦᠭᠡ ᠨᠢᠭᠡᠨ ᠦᠰᠦᠭ ᠢ ᠨᠢᠳᠣᠯᠡᠨ ᠪᠠ ᠠᠪᠢᠶᠠᠯᠠᠬᠤ ᠨᠢᠭᠡ ᠵᠦᠢᠯ ᠤᠨ ᠭᠠᠯᠢᠭ ᠤᠨ ᠦᠢᠯᠡᠳᠦᠯ ᠪᠦᠬᠦᠢ ᠠᠷᠭ᠎ᠠ ᠪᠠᠶᠢᠭᠰᠠᠨ ᠠᠵᠠᠢ᠃ ᠭᠡᠪᠡᠴᠦ ᠡᠨᠡᠬᠦ ᠱᠦᠸᠧ ᠸᠧᠨ ᠵᠢᠶᠧ ᠽᠢ ᠲᠣᠯᠢ ᠪᠢᠴᠢᠭ ᠤᠨ ᠲᠡᠭᠦᠯᠳᠡᠷᠵᠢᠬᠦ ᠶᠢ ᠲᠠᠭᠠᠯᠳᠣᠨ᠂ ᠪᠣᠰᠣᠳ ᠵᠦᠢᠯ ᠤᠨ ᠭᠠᠯᠢᠭᠴᠢᠯᠠᠬᠤ ᠠᠷᠭ᠎ᠠ ᠶᠢ ᠣᠷᠣᠭᠤᠯᠣᠨ ᠬᠡᠷᠡᠭᠯᠡᠭᠰᠡᠨ ᠪᠠᠶᠢᠨ᠎ᠠ᠃ ᠡᠶᠢᠮᠦ ᠠᠴᠠ ᠲᠣᠰ ᠦᠰᠦᠭ ᠲᠤ ᠠᠪᠢᠶ᠎ᠠ ᠬᠠᠳᠠᠭᠰᠠᠨ ᠪᠠᠶᠢᠳᠠᠯ ᠭᠡᠪᠡᠯ ᠲᠣᠣᠷᠠᠬᠢ ᠮᠡᠳᠦ᠄从門於聲᠂烏割切 ᠭᠡᠵᠡᠢ᠃烏割切 ᠭᠡᠳᠡᠭ ᠨᠢ ᠡᠮᠦᠨᠡᠬᠢ ᠦᠰᠦᠭ ᠤᠨ ᠡᠬᠢᠯᠡᠪᠣᠷᠢ ᠠᠪᠢᠶ᠎ᠠ ᠪᠠ ᠬᠤᠶᠢᠨᠠᠬᠢ ᠦᠰᠦᠭ ᠤᠨ ᠲᠡᠭᠦᠰᠪᠦᠷᠢ ᠠᠶᠠᠯᠭᠤ ᠪᠠᠷ ᠰᠢᠨ᠎ᠡ ᠨᠢᠭᠡᠨ ᠦᠰᠦᠭ ᠤᠨ ᠠᠪᠢᠶ᠎ᠠ ᠶᠢ ᠭᠠᠯᠢᠭᠴᠢᠯᠠᠬᠤ ᠠᠷᠭ᠎ᠠ ᠶᠣᠮ᠃ ᠡᠭᠦᠨ ᠢᠶᠠᠨ ᠬᠡᠷᠴᠢᠨ ᠭᠠᠯᠢᠭᠴᠢᠯᠠᠬᠤ ᠭᠡᠳᠡᠭ ᠠᠵᠠᠢ᠃ ᠬᠡᠯᠡᠯᠭᠡᠨ ᠦᠭᠡᠢ ᠡᠨᠡ ᠪᠣᠯ从門於聲 ᠭᠡᠵᠦ ᠭᠠᠯᠢᠭᠴᠢᠯᠠᠬᠤ ᠪᠠᠨ ᠪᠣᠳᠣᠪᠠᠯ ᠬᠤᠵᠢᠮ  ᠤᠨ ᠬᠡᠷᠡᠭ ᠪᠣᠯᠣᠨ᠎ᠠ᠃ ᠡᠶᠢᠮᠦ ᠠᠴᠠ閼 ᠦᠰᠦᠭ ᠤᠨ ᠨᠡᠩ ᠡᠷᠳᠡᠨ ᠤ ᠠᠪᠢᠶ᠎ᠠ ᠨᠢ於 ᠲᠠᠢ ᠢᠵᠢᠯ ᠭᠡᠰᠡᠨ ᠦᠭᠡ ᠪᠣᠯᠣᠨ᠎ᠠ᠃ ᠲᠡᠭᠡᠪᠡᠯ 於 ᠶᠢᠨ ᠡᠷᠳ᠋ᠨ ᠦᠶ᠎ᠡ ᠶᠢᠨ ᠣᠩᠰᠢᠯᠭ᠎ᠠ ᠨᠢ ᠶᠠᠮᠠᠷ ᠪᠣᠢ ᠭᠡᠳᠡᠭ ᠠᠰᠠᠭᠤᠳᠠᠯ ᠭᠠᠷᠴᠣ ᠢᠷᠡᠨ᠎ᠡ᠃    於 ᠶᠢᠨ ᠣᠳᠣ ᠦᠶ᠎ᠡ ᠶᠢᠨ ᠣᠩᠰᠢᠯᠭ᠎ᠠ ᠨᠢ ᠬᠤᠶᠠᠷ ᠵᠦᠢᠯ ᠪᠠᠶᠢᠵᠣ ᠲᠣᠰᠪᠣᠷᠢ yú ᠪᠣᠯᠣᠨ wū ᠭᠡᠳᠡᠭ ᠶᠣᠮ᠃ ᠲᠡᠭᠦᠨ ᠤ ᠡᠷᠳᠡᠨ ᠦᠶ᠎ᠡ ᠶᠢᠨ ᠣᠩᠰᠢᠯᠭ᠎ᠠ ᠨᠢ ᠡᠭᠦᠨ ᠲᠠᠢ ᠦᠨᠳᠦᠰᠦᠨ ᠳᠡᠭᠡᠨ ᠠᠳᠠᠯᠢᠪᠳᠣᠷ ᠪᠠᠶᠢᠳᠠᠭ᠃ ᠮᠦᠨ ᠱᠦᠸᠧ ᠸᠧᠨ ᠵᠢᠶᠧ ᠽᠢ ᠲᠣᠯᠢ ᠳᠤ古文烏省 ᠭᠡᠵᠦ ᠲᠠᠶᠢᠯᠪᠣᠷᠢᠯᠠᠵᠠᠢ ᠃ ᠲᠠᠷᠣᠢ 於 ᠪᠣᠯ ᠬᠠᠭᠤᠴᠢᠨ烏 ᠦᠰᠦᠭ ᠤᠨ ᠲᠣᠪᠴᠢᠯᠠᠯ ᠪᠣᠯᠣᠨ᠎ᠠ ᠬᠡᠵᠡᠢ᠃ ᠲᠣᠮᠳᠠ ᠡᠷᠳᠡᠨ ᠤ ᠦᠶ᠎ᠡ  ᠶᠢᠨ ᠲᠣᠯᠢ ᠪᠢᠴᠢᠭ ᠨᠦᠭᠦᠳ ᠲᠤ ᠲᠠᠶᠢᠯᠪᠣᠷᠢᠯᠠᠵᠣ ᠪᠠᠶᠢᠭ᠎ᠠ ᠪᠠᠶᠢᠳᠠᠯ ᠠᠴᠠ ᠦᠵᠡᠬᠦᠯ᠎ᠡ ᠲᠣᠣᠷᠠᠬᠢ ᠮᠡᠳᠦ᠄ ᠲᠠᠩ ᠶᠦᠨ ᠲᠣᠯᠢ ᠳᠤ哀都切 ᠭᠡᠵᠦ᠂ ᠵᠢᠢ ᠶᠦᠨ᠂ ᠶᠦᠨ ᠾᠦᠢ ᠪᠠ ᠵᠧᠩ ᠶᠦᠨ ᠳᠣᠯᠢ ᠳᠤ ᠪᠦᠷ汪胡切 ᠭᠡᠵᠦ᠂ ᠠᠳᠠᠯᠢ ᠪᠠᠷ ᠪᠦᠷ烏 ︵wū︶ ᠣᠩᠰᠢᠯᠭ᠎ᠠ ᠲᠠᠢ ᠭᠡᠪᠡ᠃ ᠡᠭᠦᠨ ᠠᠴᠠ ᠦᠵᠡᠪᠡᠯ ᠮᠠᠨ ᠤ ᠠᠳᠡ ᠶᠠᠷᠢᠯᠴᠠᠵᠣ ᠪᠠᠶᠢᠭ᠎ᠠ閼 ᠦᠰᠦᠭ ᠤᠨ ᠣᠩᠰᠢᠯᠭ᠎ᠠ ᠨᠢ烏 ︵wū︶ ᠪᠣᠯᠣᠨ᠎ᠠ ᠭᠡᠰᠡᠨ ᠦᠭᠡ ᠶᠣᠮ᠂ ᠨᠠᠭᠠᠳᠣ ᠵᠠᠬ᠎ᠠ ᠨᠢ ᠡᠷᠳᠡ ᠦᠶ᠎ᠡ ᠳᠤ閼 ᠦᠰᠦᠭ ᠢ ᠪᠠᠰᠠ烏 ︵wū︶ ᠭᠡᠵᠦ ᠣᠩᠰᠢᠵᠣ ᠪᠣᠯᠣᠨ᠎ᠠ ᠭᠡᠰᠡᠨ ᠦᠭᠡ ᠪᠣᠯᠵᠠᠢ᠃    閼ᠦᠰᠦᠭ ᠤᠨ ᠣᠩᠰᠢᠯᠭ᠎ᠠ ᠶᠢᠨ ᠲᠣᠬᠠᠢ ᠵᠢᠭᠠᠬᠠᠨ ᠬᠤᠵᠢᠮ ᠦᠶ᠎ᠡ ᠶᠢᠨ ᠲᠣᠯᠢ ᠪᠢᠴᠢᠭ ᠳᠠᠬᠢ ᠲᠠᠶᠢᠯᠪᠣᠷᠢ ᠶᠢ ᠵᠢᠬᠰᠠᠭᠠᠪᠠᠯ ᠲᠣᠣᠷᠠᠬᠢ ᠮᠡᠳᠦ᠃      ᠲᠠᠩ ᠶᠦᠨ ᠲᠣᠯᠢ ᠳᠤ烏割切 ᠭᠡᠵᠦ᠂ ᠵᠢᠢ ᠶᠦᠨ᠂ ᠶᠦᠨ ᠾᠦᠢ᠂ ᠵᠧᠩ ᠶᠦᠨ ᠵᠡᠷᠭᠡ ᠲᠣᠯᠢ ᠳᠤ ᠪᠦᠷ阿葛切 ᠭᠡᠵᠡᠢ᠃烏割切 ᠪᠣᠯᠣᠨ阿葛切 ᠭᠡᠳᠦᠶᠢᠪᠡᠷ ᠬᠡᠷᠡᠭᠯᠡᠭᠰᠡᠨ ᠦᠰᠦᠭ ᠨᠢ ᠠᠳᠠᠯᠢ ᠦᠭᠡᠢ ᠪᠣᠯᠪᠠᠴᠣ᠂ ᠣᠩᠰᠢᠯᠭ᠎ᠠ ᠨᠢ ᠬᠠᠷᠢᠨ ᠨᠢᠭᠡᠨ ᠠᠳᠠᠯᠢ è ᠪᠠᠶᠢᠭ᠎ᠠ ᠶᠣᠮ᠃    ᠭᠤᠸᠠᠩ ᠶᠦᠨ᠂ ᠵᠢᠢ ᠶᠦᠨ᠂ ᠶᠦᠨ ᠾᠦᠢ ᠪᠠ ᠵᠧᠩ ᠶᠦᠨ ᠵᠡᠷᠭᠡ ᠲᠣᠯᠢ ᠳᠤ ᠪᠠᠰᠠ於歇切,音謁 ︵yè︶ ᠭᠡᠵᠡᠢ᠂ ᠭᠡᠪᠡᠴᠦ謁 ᠶᠢᠨ ᠲᠡᠭᠡᠳᠦ ᠡᠷᠳᠡᠨ ᠤ ᠠᠪᠢᠶ᠎ᠠ ᠨᠢ ʔɨ̯ɐt᠂ ʔiɐt ᠶᠣᠮ ᠭᠡᠪᠡ᠃ ᠡᠶᠢᠮᠦ ᠠᠴᠠ ᠲᠣᠰ ᠦᠰᠦᠭ ᠢ ᠣᠳᠣ ᠴᠦ ᠵᠠᠷᠢᠮ ᠨᠣᠳᠤᠭ ᠤᠨ ᠬᠡᠯᠡᠨ ᠳᠤ at ᠭᠡᠵᠦ ᠣᠩᠰᠢᠵᠣ ᠪᠠᠶᠢᠨ᠎ᠠ ᠃     ᠪᠠᠰᠠ ᠡᠣ ᠶᠢᠨ ᠵᠢᠢ ᠶᠦᠨ ᠭᠡᠳᠡᠭ ᠳᠣᠯᠢ ᠳᠤ依倨切,音飫 ︵yù︶ ᠭᠡᠵᠡᠢ᠃    ᠪᠠᠰᠠ ᠭᠤᠸᠠᠩ ᠶᠦᠨ ᠳᠤ烏前切 ᠭᠡᠵᠦ᠂ ᠵᠢᠢ ᠶᠦᠨ ᠳᠤ因蓮切 ᠭᠡᠵᠦ ᠣᠩᠰᠢᠨ᠎ᠠ ᠭᠡᠵᠦ ᠬᠡᠯᠡᠭᠡᠳ ᠪᠦᠷ煙 ᠢᠶᠠᠷ ᠣᠩᠰᠢᠨ᠎ᠠ ᠭᠡᠵᠦ ᠲᠠᠶᠢᠯᠪᠣᠷᠢᠯᠠᠭᠠᠳ᠂ ᠾᠦᠩᠨᠦ ᠶᠢᠨ ᠴᠠᠨ ᠢᠥᠢ ᠨᠡᠷ ᠤᠨ ᠠᠪᠠᠯᠢ ᠡᠬᠡᠨᠡᠷ ᠢ ᠶᠠᠨ ᡁᠢ ᠬᠡᠮᠡᠮᠣᠢ ᠭᠡᠨᠵᠠᠢ᠃    3 ᠭᠠᠳᠠᠭᠠᠳᠣ ᠲᠣᠲᠣᠭᠠᠳᠣ ᠶᠢᠨ ᠬᠢᠳᠠᠳ ᠬᠡᠯᠡᠨ ᠤ ᠠᠪᠢᠶ᠎ᠠ ᠠᠶᠠᠯᠭᠤ  ᠶᠢᠨ ᠡᠷᠳᠡᠮᠳᠡᠳ ᠤᠨ ᠰᠡᠷᠭᠦᠭᠡᠭᠰᠡᠨ閼 ᠦᠰᠦᠭ ᠤᠨ ᠡᠷᠳᠡᠨ ᠤ ᠠᠪᠢᠶ᠎ᠠ ᠭᠡᠪᠡᠯ᠄ ᠭᠤᠣ ᠪᠧᠨ ᠬᠠᠨ ᠤ ᠰᠡᠷᠭᠦᠭᠡᠯᠳᠡ᠄ ʔi̯wo ᠪᠣᠯᠣᠨ ʔuo ᠭᠡᠵᠦ᠂ ᠴᠢᠨ ᠠᠴᠠ ᠡᠮᠦᠨᠡᠬᠢ ᠠᠪᠢᠶ᠎ᠠ ᠶᠢ ᠨᠢ ʔo ᠭᠡᠵᠦ ᠰᠡᠷᠭᠦᠭᠡᠵᠡᠢ᠃ ᠪᠣᠰᠣᠳ ᠬᠢᠳᠠᠳ ᠬᠡᠯᠡᠨ ᠤ ᠠᠪᠢᠶ᠎ᠠ ᠠᠶᠠᠯᠭᠤ ᠶᠢᠨ ᠡᠷᠳᠡᠮᠳᠡᠳ ᠤᠨ ᠰᠡᠷᠭᠦᠭᠡᠯᠳᠡ ᠴᠦ ᠦᠨᠳᠦᠰᠦᠨ  ᠳᠡᠭᠡᠨ ᠭᠤᠣ ᠪᠧᠨ ᠬᠠᠨ ᠲᠠᠢ ᠠᠳᠠᠯᠢᠪᠳᠣᠷ ᠪᠣᠯᠬᠤᠷ ᠲᠣᠪᠴᠢᠯᠠᠪᠠ᠃     4 ᠣᠳᠣ ᠦᠶ᠎ᠡ ᠶᠢᠨ ᠬᠢᠳᠠᠳ ᠬᠡᠯᠡᠨ  ᠤ ᠨᠣᠳᠤᠭ ᠤᠨ ᠬᠡᠯᠡᠨ ᠲᠠᠬᠢ ᠠᠪᠢᠶ᠎ᠠ᠄ ᠺᠧ ᠵᠢᠶᠠ ᠬᠡᠯᠡᠨ ᠳᠤ 閼 ᠦᠰᠦᠭ ᠢ vu1 ᠪᠣᠯᠣᠨ ji1 ᠭᠡᠵᠦ᠂ ᠶᠣᠸᠠᠢ ᠬᠡᠯᠡᠨ ᠳᠤ jyu1 ᠪᠣᠯᠣᠨ wu1 ᠭᠡᠵᠦ᠂ ᠴᠣᠣ ᠶᠠᠩ ᠬᠡᠯᠡᠨ ᠳᠤ ᠰᠢᠭᠤᠳ u1 ᠭᠡᠵᠡᠢ᠃ ᠪᠠᠰᠠ ᠵᠠᠷᠢᠮ ᠴᠦᠬᠡᠨ ᠨᠢᠭᠡ ᠨᠢ ︽ᠠ︾ ᠭᠡᠵᠦ ᠣᠩᠰᠢᠬᠤ ᠪᠣᠶᠣ ︽ᠠᠲ︾ ᠭᠡᠵᠦ ᠣᠩᠰᠢᠬᠤ ᠦᠵᠡᠭᠳᠡᠯ ᠴᠦ ᠪᠠᠶᠢᠨ᠎ᠠ᠃      5 ᠲᠡᠭᠡᠷᠡᠬᠢ ᠪᠦᠬᠦ ᠠᠭᠤᠯᠭ᠎ᠠ ᠶᠢ ᠬᠤᠷᠢᠶᠠᠩᠭᠤᠶᠢᠯᠠᠨ ᠦᠵᠡᠪᠡᠯ᠂閼氏 ᠬᠤᠶᠠᠷ ᠬᠢᠳᠠᠳ ᠦᠰᠦᠭ ᠤᠨ ᠡᠷᠳᠡᠨ ᠤ ᠠᠪᠢᠶ᠎ᠠ ᠭᠡᠪᠡᠯ᠄閼ʔo/ ʔu/vu1/u1 ᠪᠠᠶᠢᠵᠣ᠂氏 ᠦᠰᠦᠭ ᠤᠨ ᠣᠩᠰᠢᠯᠭ᠎ᠠ ᠶᠢᠨ ᠲᠠᠩ ᠣᠯᠣᠰ ᠤᠨ ᠦᠶ᠎ᠡ ᠶᠢᠨ ᠠᠪᠢᠶ᠎ᠠ ᠨᠢ *zhiɛ̌ jiɛ ᠪᠠᠶᠢᠭᠰᠠᠨ ᠪᠣᠯᠬᠤᠷ閼氏 ᠬᠤᠶᠠᠷ ᠬᠢᠳᠠᠳ ᠦᠰᠦᠭ  ᠢ ︽ᠦᠵᠢ︾ ︵u ji︶ ᠪᠠᠶᠢᠵᠠᠢ ᠭᠡᠵᠦ ᠰᠡᠷᠭᠦᠭᠡᠵᠦ ᠪᠣᠯᠣᠨ᠎ᠠ᠃閼 ᠦᠰᠦᠭ ᠢ ᠵᠡᠭᠦᠨ ᠬᠠᠨ ᠣᠯᠣᠰ ᠤᠨ ᠣᠯᠣᠰ ᠤᠨ ᠡᠬᠢᠨ ᠦᠶ᠎ᠡ ︵ᠨᠡᠶᠢᠳᠡ ᠶᠢᠨ ᠣᠨ ᠲᠣᠭᠠᠯᠠᠯ ᠤᠨ100 —121 ᠣᠨ ᠤ ᠪᠠᠷᠤᠭ︶ ᠪᠠᠷ ᠵᠣᠬᠢᠶᠠᠭᠳᠠᠭᠰᠠᠨ ︽ᠱᠦᠸᠧ ᠸᠧᠨ ᠵᠢᠶᠧ ᠽᠢ︾ ᠲᠣᠯᠢ ᠪᠢᠴᠢᠭ ᠲᠤ ᠲᠡᠭᠦᠨ ᠤ ᠠᠪᠢᠶ᠎ᠠ ᠶᠢ从門於聲 ᠭᠡᠵᠦ ᠲᠠᠶᠢᠯᠪᠣᠷᠢᠯᠠᠵᠠᠢ᠃ ᠠᠳᠡ ᠡᠨᠡᠬᠦ於 ᠦᠰᠦᠭ ᠤᠨ ᠴᠢᠨ ᠠᠴᠠ ᠡᠮᠦᠨᠡᠬᠢ ᠣᠩᠰᠢᠯᠭ᠎ᠠ ᠶᠢ ᠭᠤᠣ ᠪᠧᠨ ᠬᠠᠨ ᠠᠪᠣᠭᠠᠢ ʔo ᠭᠡᠵᠦ ᠰᠡᠷᠭᠦᠭᠡᠵᠡᠢ᠃ ᠲᠣᠮᠳᠠᠳᠣ ᠣᠯᠣᠰ ᠤᠨ ᠬᠢᠳᠠᠳ ᠬᠡᠯᠡᠨ ᠤ ᠡᠷᠳᠡᠨ ᠤ ᠠᠪᠢᠶ᠎ᠠ ᠠᠶᠠᠯᠭᠤ ᠶᠢᠨ ᠡᠷᠳᠡᠮᠳᠡᠳ ᠮᠦᠨ ʔo ᠪᠣᠶᠣ ʔuo ᠭᠡᠵᠦ ᠰᠡᠷᠭᠦᠭᠡᠵᠡᠢ᠃於 ᠦᠰᠦᠭ ᠢ ᠺᠣᠷᠢᠶ᠎ᠠ ᠬᠡᠯᠡᠨ ᠳᠤ EO ᠭᠡᠵᠦ ᠣᠩᠰᠢᠨ᠂ ᠶᠠᠫᠣᠨ ᠬᠡᠯᠡᠨ ᠤ音読 ︵おんどく︶ ᠳᠤ ᠪᠣᠯお ᠭᠡᠵᠦ ᠣᠩᠰᠢᠨ᠂ ᠸᠢᠶᠧᠲᠨᠠᠮ ᠬᠡᠯᠡᠨ ᠳᠤ ᠬᠠᠷᠢᠨ ᠰᠢᠭᠤᠳ ư ᠭᠡᠵᠦ ᠣᠩᠰᠢᠳᠠᠭ ᠪᠠᠶᠢᠨ᠎ᠠ᠃ ᠡᠳᠡᠭᠡᠷ ᠪᠦᠬᠦᠨ ᠢ ᠬᠠᠷᠢᠴᠠᠭᠤᠯᠣᠨ ᠦᠵᠡᠪᠡᠯ閼 ᠦᠰᠦᠭ  ᠤᠨ ᠡᠷᠳᠡ ᠦᠶ᠎ᠡ ᠶᠢᠨ ᠠᠪᠢᠶ᠎ᠠ ᠶᠢ ᠮᠣᠩᠭᠤᠯ ᠬᠡᠯᠡᠨ ᠤ ᠲᠣᠯᠣᠳᠣᠭᠠᠷ ᠡᠭᠡᠰᠢᠭ ᠢᠶᠠᠷ ᠠᠪᠢᠶᠠᠯᠠᠬᠤ ᠨᠢ ᠵᠦᠪ ᠪᠠᠶᠢᠨ᠎ᠠ᠂ ᠭᠡᠪᠡᠴᠦ ᠮᠣᠩᠭᠤᠯ ᠬᠡᠯᠡᠨ ᠤ ᠨᠣᠳᠤᠭ ᠤᠨ ᠠᠪᠢᠶ᠎ᠠ ᠶᠢ ᠬᠠᠷᠠᠭᠠᠯᠵᠠᠬᠤ ᠡᠭᠦᠳᠡᠨ ᠠᠴᠠ ᠦᠵᠡᠪᠡᠯ ᠵᠢᠷᠭᠤᠳᠣᠭᠠᠷ ᠡᠭᠡᠰᠢᠭ ᠢᠶᠠᠷ ᠠᠪᠢᠶᠠᠯᠠᠵᠣ ᠴᠦ ᠪᠣᠯᠣᠨ᠎ᠠ᠃氏 ᠦᠰᠦᠭ ᠨᠢ ᠬᠡᠳᠦᠶᠢᠪᠡᠷ閼氏 ᠭᠡᠵᠦ ᠬᠠᠮᠳᠣ ᠬᠡᠷᠡᠭᠯᠡᠪᠡᠯ zhī ᠭᠡᠵᠦ ᠣᠩᠰᠢᠨ᠎ᠠ ᠭᠡᠪᠡᠴᠦ᠂ ᠡᠨᠡᠬᠦ zhī ᠪᠣᠯ ᠣᠶᠢᠷ᠎ᠠ ᠣᠷᠴᠢᠨ ᠦᠶ᠎ᠡ ᠳᠤ ᠪᠦᠷᠢᠯᠳᠦᠨ ᠬᠡᠪᠰᠢᠭᠰᠡᠨ ᠠᠪᠢᠶ᠎ᠠ ᠪᠣᠯᠬᠤᠷ᠂ ᠲᠡᠭᠦᠨ ᠤ ᠡᠷᠳᠡᠨ ᠤ ᠠᠪᠢᠶ᠎ᠠ ᠨᠢ ᠮᠦᠨ ︽ᠵᠢᠢ︾ ᠪᠠᠶᠢᠵᠠᠢ᠃ ᠴᠢᠨᠠᠭᠰᠢᠯᠠᠪᠠᠯ ᠣᠳᠣ ᠦᠶ᠎ᠡ ᠳᠤ ᠬᠦᠷᠳᠡᠯ᠎ᠡ ᠵᠠᠷᠢᠮ ᠭᠠᠵᠠᠷ ᠣᠷᠣᠨ ᠳᠤ ᠮᠦᠨ ᠵᠢᠢ ᠭᠡᠵᠦ ᠣᠩᠰᠢᠭᠰᠠᠭᠠᠷ ᠪᠠᠶᠢᠨ᠎ᠠ᠃    ᠬᠤᠶᠠᠷ 閼氏 ᠬᠤᠶᠠᠷ ᠬᠢᠳᠠᠳ ᠦᠰᠦᠭ ᠢ ᠬᠠᠮᠤᠭ ᠲᠦᠷᠦᠭᠦᠥ ᠶᠠᠨ ᡁᠢ ᠭᠡᠵᠦ ᠣᠩᠰᠢᠨ᠎ᠠ ᠭᠡᠵᠦ ᠲᠠᠶᠢᠯᠪᠣᠷᠢᠯᠠᠭᠰᠠᠨ ᠭᠠᠵᠠᠷ ᠪᠠ ᠬᠦᠮᠦᠨ ᠭᠡᠪᠡᠯ᠂ ︽ᠰᠣᠳᠣᠷ ᠲᠡᠮᠳᠡᠭᠯᠡᠯ · ᠾᠦᠩᠨᠦ ᠶᠢᠨ ᠱᠠᠰᠳᠢᠷ︾ ᠲᠤ ᠬᠡᠯᠬᠢᠶᠡᠰᠦ ᠬᠠᠳᠠᠨ ᠲᠠᠶᠢᠯᠪᠣᠷᠢ ᠬᠢᠭᠴᠢ ᠬᠦᠮᠦᠨ ᠰᠧ ᠮᠠ ᠵᠧᠨ ᠪᠣᠯᠣᠨ᠎ᠠ᠃ ᠲᠡᠷᠡ ᠨᠡᠶᠢᠳᠡ ᠶᠢᠨ ᠣᠨ ᠲᠣᠭᠠᠯᠠᠯ ᠤᠨ 679 —732 ᠣᠨ ᠢᠶᠠᠷ ᠠᠮᠢᠳᠣᠷᠠᠵᠣ ᠪᠠᠶᠢᠭᠰᠠᠨ ᠲᠠᠩ ᠣᠯᠣᠰ ᠤᠨ ᠦᠶ᠎ᠡ ᠶᠢᠨ ᠲᠡᠣᠬᠡᠴᠢᠨ ᠬᠦᠮᠦᠨ ᠶᠣᠮ᠃ ᠰᠧ ᠮᠠ ᠵᠧᠨ ᠤ ︽ᠰᠣᠳᠣᠷ ᠲᠡᠮᠳᠡᠭᠯᠡᠯ · ᠾᠦᠩᠨᠦ ᠶᠢᠨ ᠱᠠᠰᠳᠢᠷ︾ ᠲᠤ ᠬᠠᠮᠤᠭ ᠲᠦᠷᠦᠭᠦᠥ ᠣᠳᠭ᠎ᠠ ᠢᠯᠡᠷᠡᠭᠰᠡᠨ 閼氏 ᠬᠤᠶᠠᠷ ᠦᠰᠦᠭ ᠤᠨ ᠠᠷᠣ ᠳᠤ ᠬᠢᠭᠰᠡᠨ ᠲᠠᠶᠢᠯᠪᠣᠷᠢ ᠨᠢ ᠲᠣᠣᠷᠠᠬᠢ ᠮᠡᠳᠦ᠄ 閼 ᠦᠰᠦᠭ ᠤᠨ ᠬᠠᠭᠤᠴᠢᠨ ᠣᠩᠰᠢᠯᠭ᠎ᠠ ᠨᠢ於連、於曷反 ᠭᠡᠵᠦ ᠬᠤᠶᠠᠷ ᠣᠩᠰᠢᠯᠭ᠎ᠠ ᠲᠠᠢ᠂閼氏 ᠬᠡᠮᠡᠭᠴᠢ ᠾᠦᠩᠨᠦ ᠶᠢᠨ ᠬᠠᠭᠠᠨ ᠤ ᠬᠤᠸᠠᠩ ᠾᠸᠥ ᠬᠠᠳᠣᠨ ᠤ ᠴᠣᠯᠠ ᠪᠣᠯᠣᠮᠣᠢ ᠭᠡᠵᠦ ᠲᠠᠶᠢᠯᠪᠣᠷᠢᠯᠠᠭᠠᠳ᠂ ᠰᠢ ᠽᠣᠣ ‍ᠣᠣᠢ ᠭᠡᠳᠡᠭ ᠬᠦᠮᠦᠨ ᠤ ᠶᠠᠨ ᠸᠠᠩ ᠳᠤ ᠦᠭᠭᠦᠭᠰᠡᠨ ᠵᠠᠬᠢᠳᠠᠯ ᠤᠨ ᠠᠭᠤᠯᠭ᠎ᠠ ᠠᠴᠠ ᠡᠰᠢ ᠲᠠᠲᠠᠵᠣ ᠦᠪᠡᠷ ᠤᠨ ᠡᠨᠡᠬᠦ ᠬᠡᠯᠡᠯᠭᠡ  ᠪᠠᠨ ᠵᠦᠪᠳᠡᠭᠡᠨ ᠦᠬᠦᠯᠡᠵᠡᠢ᠃ ᠰᠢ ᠽᠣᠣ ‍ᠣᠣᠢ ᠶᠢᠨ ᠲᠦᠷᠦᠵᠦ ᠨᠦᠭᠴᠢᠭᠰᠡᠨ ᠲᠣᠬᠠᠢ ᠣᠯᠠᠨ ᠵᠦᠢᠯ ᠤᠨ ᠬᠡᠯᠡᠯᠭᠡ ᠪᠠᠶᠢᠳᠠᠭ ᠪᠣᠯᠬᠤᠷ᠂ ᠶᠡᠷᠦ ᠨᠢ ᠪᠠᠷᠤᠭ 328 —413 ᠣᠨ ᠪᠣᠯᠳᠠᠯ᠎ᠠ ᠠᠮᠢᠳᠣᠷᠠᠵᠣ ᠪᠠᠶᠢᠪᠠ ᠭᠡᠵᠦ ᠦᠵᠡᠳᠡᠭ ᠶᠣᠮ᠃ ᠡᠭᠦᠨ ᠢ ᠦᠨᠳᠦᠰᠦᠯᠡᠪᠡᠯ ᠰᠢ ᠽᠣᠣ ‍ᠣᠣᠢ ᠪᠣᠯ ᠨᠡᠶᠢᠳᠡ ᠶᠢᠨ ᠣᠨ ᠲᠣᠭᠠᠯᠠᠯ ᠤᠨ ᠲᠦᠷᠪᠡᠳᠦᠭᠡᠷ ᠵᠠᠭᠤᠨ  ᠤ ᠡᠷᠳᠡ ᠲᠣᠮᠳᠠᠴᠢ ᠠᠴᠠ ᠲᠠᠪᠣᠳᠣᠭᠠᠷ ᠵᠠᠭᠤᠨ ᠤ ᠡᠬᠢᠨ ᠢᠶᠠᠷ ᠠᠮᠢᠳᠣᠷᠠᠵᠣ ᠪᠠᠶᠢᠭᠰᠠᠨ ᠬᠦᠮᠦᠨ ᠶᠣᠮ᠃ ᠰᠢ ᠽᠣᠣ ‍ᠣᠣᠢ ᠶᠠᠨ ᠸᠠᠩ ᠳᠤ ᠦᠭᠭᠦᠭᠰᠡᠨ ᠵᠠᠬᠢᠳᠠᠯ ᠳᠤ ᠬᠡᠯᠡᠭᠰᠡᠨ ᠭᠤᠣᠯ ᠠᠭᠤᠯᠭ᠎ᠠ ᠨᠢ᠄ ︽ᠠᠭᠤᠯᠠᠨ ᠪᠡᠯ ᠢᠶᠠᠷ ᠣᠯᠠᠭᠠᠨ ᠴᠠᠬᠢᠷᠮ᠎ᠠ ᠣᠷᠭᠤᠳᠠᠭ᠂ ᠨᠣᠶᠠᠨᠳᠠᠨ ᠦᠩᠭᠡᠷᠡᠭᠰᠡᠨ ᠳᠤ ᠮᠡᠳᠡᠳᠡᠭ ᠪᠣᠯᠪᠠᠣ︖ ᠣᠮᠠᠷᠠᠳᠣ ᠶᠢᠨ ᠬᠦᠮᠦᠰ ᠲᠡᠭᠦᠨ ᠤ ᠰᠢᠨ᠎ᠠ ᠰᠣᠷᠭᠤᠭ ᠴᠡᠴᠡᠭ ᠢ ᠲᠡᠭᠦᠵᠦ 煙肢 ᠬᠢᠳᠡᠭ ᠶᠣᠮ᠃ ︵煙肢 ᠨᠢ ᠡᠩᠭᠡᠰᠭᠡ ᠭᠡᠳᠡᠭ ᠦᠭᠡᠨ ᠤ ᠡᠷᠳᠡᠨ ᠤ ᠬᠢᠳᠠᠳ ᠪᠢᠴᠢᠯᠭᠡ ᠪᠣᠯᠣᠨ᠎ᠠ᠃ ᠲᠠᠷᠣᠢ ᠬᠢᠳᠠᠳ ᠬᠡᠯᠡᠨ ᠳᠤ ᠬᠠᠮᠤᠭ ᠡᠷᠳᠡ ᠡᠩᠭᠡᠰᠭᠡ ᠶᠢ煙肢 ᠭᠡᠳᠡᠭ ᠬᠤᠶᠠᠷ ᠦᠰᠦᠭ ᠢᠶᠠᠷ ᠢᠯᠡᠳᠭᠡᠵᠦ ᠪᠠᠶᠢᠭᠰᠠᠨ ᠢᠶᠠᠨ ᠬᠤᠵᠢᠮ ᠰᠠᠶ᠋ᠢ胭脂yān zhī ᠭᠡᠳᠡᠭ ᠪᠣᠯᠪᠠ᠃ ᠠᠳᠡ ᠴᠢᠬᠤᠯᠠᠴᠢᠯᠠᠬᠤ ᠨᠢ ᠡᠨᠡᠬᠦ煙肢 ᠭᠡᠬᠦ ᠪᠣᠶᠣ胭脂 ᠭᠡᠳᠡᠭ ᠬᠢᠳᠠᠳ ᠦᠭᠡ ᠪᠣᠯ ᠾᠦᠩᠨᠦ ᠬᠡᠯᠡᠨ ᠠᠴᠠ ᠢᠷᠡᠭᠰᠡᠨ ᠦᠭᠡ ᠪᠣᠯᠬᠤ ᠮᠠᠰᠢ ᠦᠨᠳᠦᠷ ᠮᠠᠭᠠᠳᠯᠠᠯ ᠲᠠᠢ ᠶᠣᠮ᠃ ᠾᠦᠩᠨᠦᠴᠦᠳ ᠡᠩᠭᠡᠰᠭᠡ ᠶᠢ ᠡᠷᠳᠡ ᠦᠶ᠎ᠡ ᠳᠤ ᠡᠩᠰᠡᠭ ︵Engseg︶ ᠭᠡᠬᠦ ᠪᠣᠶᠣ ᠡ᠋ᠽᠢᠭ ︵Enzig︶ ᠭᠡᠵᠦ ᠬᠡᠯᠡᠬᠦ ᠪᠣᠯᠣᠯᠴᠠᠭ᠎ᠠ ᠲᠠᠢ ᠪᠠᠶᠢᠵᠠᠢ᠂ ᠡᠨᠡᠬᠦ ᠨᠡᠷ᠎ᠡ ᠦᠭᠡ ᠶᠢᠨ ᠲᠣᠬᠠᠢ ᠲᠠᠷᠠᠭ᠎ᠠ ᠪᠠᠷ ᠬᠦᠨᠵᠡᠭᠡᠶᠢᠷᠡᠨ ᠲᠠᠶᠢᠯᠪᠣᠷᠢᠯᠠᠨ᠎ᠠ︶ ᠾᠦᠩᠨᠦ ᠶᠢᠨ ᠡᠮᠡᠭᠳᠡᠶᠢᠴᠦᠳ ᠲᠡᠭᠦᠨ ᠢᠶᠠᠷ ᠨᠢᠭᠤᠷ ᠢᠶᠠᠨ ᠭᠤᠶᠣᠯᠠᠳᠠᠭ ᠪᠣᠳᠤᠭ ᠪᠣᠯᠭᠠᠨ ᠬᠡᠷᠡᠭᠯᠡᠳᠡᠭ ᠶᠣᠮ᠃ ᠪᠢ ᠦᠴᠦᠬᠡᠨ ᠪᠦᠬᠦᠢ ᠴᠠᠭ ᠲᠤ ᠡᠩᠭᠡᠰᠭᠡ ︵煙肢︶ ᠶᠢ ᠣᠯᠠᠨᠳᠠ ᠦᠵᠡᠵᠦ ᠦᠩᠭᠡᠷᠡᠭᠰᠡᠨ ᠪᠣᠯᠪᠠᠴᠣ᠂ ᠦᠨᠦᠳᠦᠷ ᠰᠠᠶ᠋ᠢ ᠠᠩᠬᠠᠯᠠᠨ ᠡᠩᠭᠡᠰᠭᠡ ᠬᠢᠳᠡᠭ ᠣᠯᠠᠭᠠᠨ ᠴᠠᠬᠢᠷᠮ᠎ᠠ ᠶᠢ ᠣᠯᠵᠣ ᠬᠠᠷᠠᠪᠠᠢ᠃ ᠬᠤᠵᠢᠮ ᠡᠷᠬᠡᠪᠰᠢ ᠲᠡᠭᠦᠨ ᠤ ᠦᠷ᠎ᠡ ᠶᠢ ᠲᠡᠭᠦᠵᠦ ᠨᠣᠶᠠᠨᠳᠠᠨ ᠳᠤ ᠶᠠᠪᠣᠭᠤᠯᠣᠰᠣ᠃ ᠾᠦᠩᠨᠦ ᠶᠢᠨ ᠠᠯᠳᠠᠷᠳᠣ ᠡᠬᠡᠨᠡᠷᠴᠣᠳ ᠢ閼支 ᠬᠡᠮᠡᠳᠡᠭ ᠶᠣᠮ᠃閼支 ᠭᠡᠳᠡᠭ ᠨᠢ ᠲᠡᠳᠡᠨᠡᠷ ᠤᠨ ᠦᠭᠡᠨ ᠳᠤ ᠡᠩᠭᠡᠰᠭᠡ ᠮᠡᠳᠦ ᠬᠦᠭᠡᠷᠦᠬᠦᠨ ᠭᠡᠳᠡᠭ ᠦᠭᠡ ᠪᠣᠯᠣᠮᠣᠢ᠃閼 ᠤ ᠠᠪᠢᠶ᠎ᠠ ᠨᠢ ᠮᠦᠨ煙 ᠪᠣᠯᠣᠮᠣᠢ᠃ ᠪᠣᠳᠣᠬᠤᠯ᠎ᠠ ᠦᠩᠭᠡᠷᠡᠭᠰᠡᠨ ᠳᠤ ᠨᠣᠶᠠᠨᠳᠠᠨ ᠴᠦ ᠨᠢᠭᠡᠨᠳᠡ ᠬᠠᠨ ᠣᠯᠣᠰ ᠤᠨ ᠪᠢᠴᠢᠭ︾ ᠢ ᠣᠩᠰᠢᠭᠰᠠᠨ ᠪᠣᠶ᠎ᠠ ᠭᠡᠵᠡᠢ᠃ ᠡᠨᠡᠬᠦ ᠠᠭᠤᠯᠭ᠎ᠠ ᠠᠴᠠ ᠦᠵᠡᠪᠡᠯ᠂ ᠰᠢ ᠽᠣᠣ ‍ᠣᠣᠢ  ᠶᠢᠨ ᠶᠠᠨ ᠸᠠᠩ ᠳᠤ ᠵᠠᠬᠢᠳᠠᠯ ᠦᠭᠭᠦᠭᠰᠡᠨ ᠬᠡᠷᠡᠭ ᠨᠢ ᠪᠠᠷᠤᠭ ᠲᠦᠪᠡᠳᠦᠭᠡᠷ ᠵᠠᠭᠤᠨ ᠤ ᠰᠡᠬᠦᠯᠴᠢ ᠶᠢᠨ ᠦᠶ᠎ᠡ ᠪᠣᠯᠣᠯᠳᠠᠢ᠃ ᠡᠭᠦᠨ ᠠᠴᠠ ᠴᠢᠨᠠᠭᠰᠢ ᠲᠦᠯᠬᠢᠵᠦ ᠪᠣᠳᠣᠪᠠᠯ᠂ ᠰᠢ ᠽᠣᠣ ‍ᠣᠣᠢ ᠭᠡᠳᠦᠶᠢᠪᠡᠷ ᠰᠧ ᠮᠠ ᠵᠧᠨ ᠠᠴᠠ ᠬᠤᠶᠠᠷ ᠵᠠᠭᠤ ᠭᠠᠷᠣᠢ ᠵᠢᠯ ᠤᠨ ᠡᠮᠦᠨᠡᠬᠢ ᠬᠦᠮᠦᠨ ᠪᠣᠯᠪᠠᠴᠣ᠂ ᠲᠡᠭᠦᠨ ᠤ閼氏 ︵閼支︶ ᠶᠢ ᠶᠠᠨ ᡁᠢ ︵煙肢︶ ᠭᠡᠵᠦ ᠣᠩᠰᠢᠨ᠎ᠠ ᠭᠡᠳᠡᠭ ᠬᠡᠯᠡᠯᠭᠡ ᠪᠣᠯ ︽ᠰᠣᠳᠣᠷ ᠲᠡᠮᠳᠡᠭᠯᠡᠯ︾ ᠵᠣᠬᠢᠶᠠᠭᠳᠠᠭᠰᠠᠨ ᠤ ᠲᠠᠷᠠᠭ᠎ᠠ ᠪᠠᠷᠤᠭ ᠲᠠᠪᠣᠨ ᠵᠠᠭᠤᠨ ᠣᠨ ᠤ ᠬᠤᠵᠢᠮ ᠤᠨ ᠬᠡᠷᠡᠭ ᠪᠣᠯᠣᠨ᠎ᠠ᠃ ᠡᠶᠢᠮᠦ ᠠᠴᠠ ᠠᠪᠢᠶ᠎ᠠ ᠠᠶᠠᠯᠭᠤ ᠶᠢᠨ ᠲᠠᠯ᠎ᠠ ᠪᠠᠷ ᠶᠡᠬᠡᠬᠡᠨ ᠬᠤᠪᠢᠷᠠᠯᠳᠠ ᠲᠠᠢ ᠬᠢᠳᠠᠳ ᠬᠡᠯᠡᠨ ᠳᠤ ᠠᠪᠴᠣ ᠬᠡᠯᠡᠪᠡᠯ᠂ ᠰᠢ ᠽᠣᠣ ‍ᠣᠣᠢ ᠶᠢᠨ ᠡᠨᠡᠬᠦ ᠬᠡᠯᠡᠯᠭᠡ ᠨᠢ ᠢᠳᠡᠭᠡᠮᠵᠢ ᠪᠠᠷ ᠶᠠᠮᠠᠷ ᠭᠡᠳᠡᠭ ᠢ ᠨᠢᠭᠡᠨᠳᠡ ᠬᠡᠯᠡᠵᠦ ᠮᠡᠳᠡᠬᠦ ᠦᠭᠡᠢ ᠬᠡᠮᠵᠢᠶᠡᠨ ᠳᠤ ᠬᠦᠷᠴᠡᠢ᠃     ᠭᠤᠷᠪᠠ  閼 ᠦᠰᠦᠭ ᠢ ᠡᠣ ᠭᠡᠵᠦ ᠣᠩᠰᠢᠬᠤ ᠬᠠᠵᠠᠭᠤ ᠶᠢᠨ ᠨᠢᠭᠡᠨ ᠬᠦᠴᠦᠳᠡᠢ ᠭᠡᠷᠡᠴᠢ᠄ ᠬᠠᠨ ᠭᠤᠣᠽᠦ ᠬᠠᠭᠠᠨ ᠤ ᠭᠠᠪᠢᠶᠠᠳᠣ ᠰᠠᠶᠢᠳ ᠢᠶᠠᠨ ᠾᠸᠥ ᠡᠷᠭᠦᠮᠵᠢᠯᠡᠭᠰᠡᠨ ᠬᠦᠰᠦᠨᠦᠭᠳᠦ ᠳᠤ ᠹᠧᠩ ᠵᠢᠶᠧ ᠰᠠᠨ ︵ᠵᠠᠷᠢᠮ ᠨᠣᠮ  ᠳᠤ ᠹᠧᠩ ᠵᠢᠶᠧ ᠭᠠᠨ ᠭᠡᠵᠦ ᠪᠢᠴᠢᠵᠦ ᠪᠣᠢ︶ ᠢ ᠳ᠋ᠠᠢ ᠭᠠᠵᠠᠷ ᠤᠨ ᠣᠷᠪᠠᠭᠰᠠᠨ ᠬᠤᠯᠠᠭᠠᠢ ᠶᠢ ᠲᠦᠪᠰᠢᠳᠭᠡᠬᠦ ᠳᠤ ᠭᠠᠪᠢᠶ᠎ᠠ ᠪᠠᠶᠢᠭᠤᠯᠪᠠ ᠬᠡᠮᠡᠨ節侯︵ᠵᠢᠶᠧ ᠾᠸᠥ︶ ᠡᠷᠭᠦᠮᠵᠢᠯᠡᠨ᠂ 閼氏县 ᠤ ᠮᠢᠩᠭᠠᠨ ᠡᠷᠦᠬᠡ ᠪᠠᠷ ᠱᠠᠩᠨᠠᠪᠠ ᠭᠡᠵᠡᠢ᠃ ᠲᠠᠷᠣᠢ ᠲᠡᠭᠦᠨ ᠤ ᠡᠷᠬᠦᠮᠵᠢᠯᠡᠯᠳᠦ ᠣᠯᠣᠰ ᠨᠢ閼氏县 ᠪᠣᠯᠣᠨ᠎ᠠ᠃ ᠡᠶᠢᠮᠦ ᠠᠴᠠ ᠲᠡᠭᠦᠨ ᠢ ᠲᠡᠣᠬᠡᠨ ᠳᠤ閼氏 節侯 ᠬᠡᠮᠡᠨ ᠲᠡᠮᠳᠡᠭᠯᠡᠬᠦ ᠪᠣᠯᠵᠠᠢ᠃ ᠲᠡᠭᠡᠪᠡᠯ ᠣᠳᠣ ᠦᠶ᠎ᠡ ᠳᠤ ᠶᠠᠨ ᡁᠢ ᠰᠢᠶᠠᠨ ᠭᠡᠵᠦ ᠣᠩᠰᠢᠵᠣ ᠪᠠᠶᠢᠭ᠎ᠠ ᠡᠨᠡᠬᠦ ᠰᠢᠶᠠᠨ ᠶᠠᠮᠠᠷ ᠭᠠᠵᠠᠷ ᠪᠠᠶᠢᠵᠣ᠂ ᠲᠡᠭᠦᠨ ᠤ ᠣᠣᠯ ᠨᠡᠷ᠎ᠡ ᠶᠢ ᠡᠷᠳᠡ ᠦᠶ᠎ᠡ  ᠳᠤ ᠶᠠᠭᠠᠬᠢᠵᠣ ᠣᠩᠰᠢᠵᠣ ᠪᠠᠶᠢᠭᠰᠠᠨ ᠪᠣᠢ︖ ᠡᠨᠡ ᠪᠣᠯ ᠨᠢᠭᠡ ᠮᠠᠰᠢ ᠰᠣᠨᠢᠷᠬᠠᠯ ᠲᠠᠢ ᠣᠴᠢᠷ ᠶᠣᠮ᠃    ᠬᠢᠳᠠᠳ ︽ᠦᠭᠡᠰ ᠤᠨ ᠲᠣᠯᠢ︾ ᠭᠡᠳᠡᠭ ᠲᠣᠯᠢ ᠪᠢᠴᠢᠭ ᠲᠠᠬᠢ閼氏 ᠬᠤᠶᠠᠷ ᠦᠰᠦᠭ ᠤᠨ ᠲᠠᠶᠢᠯᠪᠣᠷᠢ ᠳᠤ ᠣᠷᠢᠳᠠᠪᠠᠷ ᠮᠦᠨ ᠰᠢᠨᠬᠤᠸᠠ ᠶᠡᠭᠡ ᠲᠣᠯᠢ ᠳᠤ ᠲᠠᠶᠢᠯᠪᠣᠷᠢᠯᠠᠭᠰᠠᠨ ᠲᠠᠢ ᠨᠢᠭᠡᠨ ᠠᠳᠠᠯᠢ ᠪᠠᠷ ᠲᠠᠶᠢᠯᠪᠣᠷᠢᠯᠠᠵᠣ ᠲᠠᠭᠤᠰᠣᠭᠠᠳ᠂ ᠲᠠᠭᠠᠯᠳᠣᠭᠤᠯᠣᠨ 閼氏县 ᠢ ᠦᠭᠦᠯᠡᠵᠦ᠂ ︽ᠰᠣᠳᠣᠷ ᠲᠡᠮᠳᠡᠭᠯᠡᠯ᠂ ᠭᠤᠣᠽᠦ ᠬᠠᠭᠠᠨ ᠤ ᠭᠠᠪᠢᠶᠠᠳᠣ ᠳᠦᠰᠢᠮᠡᠯ ᠤᠨ ᠾᠸᠥ ᠡᠷᠭᠦᠮᠵᠢᠯᠡᠭᠳᠡᠭᠰᠡᠳ ᠤᠨ ᠬᠦᠰᠦᠨᠦᠭᠳᠦ︾ ᠳᠤ ᠰᠢᠶᠣᠤ ᠾᠧ᠂ ᠼᠣᠤ ᠼᠠᠨ᠂ ᠭᠤᠸᠠᠨ ᠶᠢᠩ᠂ ᠵᠸᠥ ᠪᠦᠸᠧ᠂ ᠳ᠋ᠠᠢ ᠭᠠᠵᠠᠷ ᠤᠨ ᠲᠠᠢ ᠸᠧᠢ ᠳᠦᠰᠢᠮᠡᠯ ᠹᠧᠩ ᠵᠢᠶᠧ ᠰᠠᠨ ᠨᠡᠷ ᠯᠤᠭ᠎ᠠ ᠬᠠᠨ ᠸᠠᠩ ᠰᠢᠨ ᠤ ᠣᠷᠪᠠᠯᠭᠠᠨ ᠢ ᠲᠦᠪᠰᠢᠳᠭᠡᠬᠦ ᠳᠤ ᠭᠠᠪᠢᠶ᠎ᠠ ᠪᠠᠶᠢᠭᠤᠯᠣᠭᠰᠠᠨ ᠣᠯᠠᠨ ᠳᠦᠰᠢᠮᠡᠳ ᠢ ᠾᠸᠥ ᠡᠷᠭᠦᠮᠵᠢᠯᠡᠨ ᠁ ᠹᠧᠩ ᠵᠢᠶᠧ ᠰᠠᠨ ᠢ閼氏 節侯 ᠡᠷᠭᠦᠮᠵᠢᠯᠡᠵᠦ 閼氏县 ᠤ ᠮᠢᠩᠭᠠᠨ ᠡᠷᠦᠬᠡ ᠪᠠᠷ ᠱᠠᠩᠨᠠᠪᠠ ᠭᠡᠵᠡᠢ᠃ ᠲᠣᠰ ᠬᠡᠰᠡᠭ ᠠᠭᠤᠯᠭ᠎ᠠ ᠳᠤ ᠲᠠᠶᠢᠯᠪᠣᠷᠢ ᠬᠢᠭᠴᠢ ᠰᠧ ᠮᠠ ᠵᠧᠨ ᠤ ︽ᠬᠡᠯᠬᠢᠶᠡᠰᠦ︾ ᠳᠤ ᠬᠡᠯᠡᠭᠰᠡᠨ ᠨᠢ᠂ 閼氏县 ᠪᠣᠯᠪᠠᠰᠣ ᠠᠨ ᠳ᠋ᠢᠩ ᠳᠤ ᠪᠣᠢ᠂ ᠲᠠᠷᠣᠢ ᠡᠨᠡᠬᠦ 閼氏县 ᠪᠣᠯ ᠠᠨ ᠳ᠋ᠢᠩ ᠵᠢᠶᠦ᠋ᠨ ᠳᠤ ᠪᠠᠶᠢᠭ᠎ᠠ 乌氏县 ︵ᠡᠣ ᡁᠢ ᠰᠢᠶᠠᠨ︶  ᠮᠦᠨ ᠭᠡᠵᠡᠢ᠃ ᠲᠡᠭᠡᠭᠡᠳ ᠵᠠᠯᠭᠠᠨ ᠲᠠᠶᠢᠯᠪᠣᠷᠢᠯᠠᠨ ᠬᠡᠯᠡᠭᠰᠡᠨ ᠨᠢ ᠡᠣ ᡁᠢ ᠰᠢᠶᠠᠨ ᠣᠣᠯ ᠨᠢ閼氏县 ᠭᠡᠵᠦ ᠪᠢᠴᠢᠵᠣ ᠪᠠᠶᠢᠭᠰᠠᠨ ᠢᠶᠠᠨ ᠬᠤᠵᠢᠮ ᠬᠠᠯᠠᠭᠠᠳ乌氏县 ᠭᠡᠵᠦ ᠪᠢᠴᠢᠬᠦ ᠪᠣᠯᠪᠠ᠂ ᠲᠠᠬᠢᠨ ᠣᠯᠠᠷᠢᠭᠠᠳ乌支县 ᠪᠣᠯᠭᠠᠪᠠ᠃ ᠰᠢᠯᠳᠠᠭᠠᠨ ᠨᠢ閼氏᠂乌氏᠂乌支 ᠪᠦᠷ ᠠᠳᠠᠯᠢ ᠨᠢᠭᠡᠨ ᠣᠩᠰᠢᠯᠭ᠎ᠠ ᠲᠠᠢ ᠠᠴᠠ ᠪᠣᠯᠪᠠ ᠭᠡᠵᠦ ᠲᠠᠶᠢᠯᠪᠣᠷᠢᠯᠠᠵᠠᠢ᠃ ᠡᠭᠦᠨ ᠠᠴᠠ ᠦᠵᠡᠪᠡᠯ ᠠᠳᠠᠯᠢ ᠨᠢᠭᠡᠨ ᠬᠦᠮᠦᠨ ᠰᠧ ᠮᠠ ᠵᠧᠨ ᠠᠴᠠ閼氏 ᠪᠠ閼氏县 ᠬᠤᠶᠠᠷ ᠵᠣᠷᠪᠣᠰ ᠦᠭᠡᠨ ᠳᠤ ᠠᠳᠠᠯᠢ ᠪᠣᠰᠣ ᠶᠢᠨ ᠬᠤᠶᠠᠷ ᠵᠦᠢᠯ ᠤᠨ ᠲᠠᠶᠢᠯᠪᠣᠷᠢ ᠬᠠᠳᠠᠭᠰᠠᠨ ᠬᠡᠷᠡᠭ ᠪᠣᠯᠵᠠᠢ᠃ ᠲᠡᠷᠡ ᠡᠮᠦᠨᠡᠬᠢ ᠶᠢ ᠨᠢ ᠰᠢ ᠽᠣᠣ ‍ᠣᠣᠢ  ᠶᠢ ᠲᠠᠭᠠᠵᠣ ︽ᠶᠠᠨ ᡁᠢ︾ ᠭᠡᠵᠦ ᠲᠠᠶᠢᠯᠪᠣᠷᠢᠯᠠᠭᠠᠳ ᠬᠤᠶᠢᠨᠠᠬᠢ ᠶᠢ ᠨᠢ ᠬᠠᠷᠢᠨ ︽ᠡᠣ ᡁᠢ ᠰᠢᠶᠠᠨ︾ ᠭᠡᠪᠡ᠃ ᠬᠤᠵᠢᠮ ᠴᠢᠩ ᠣᠯᠣᠰ ᠤᠨ ᠦᠶ᠎ᠡ ᠶᠢᠨ ᠵᠣᠤ ᠶᠦᠨ ᠭᠡᠳᠡᠭ ᠬᠦᠮᠦᠨ ᠡᠭᠦᠨ ᠤ ᠲᠣᠬᠠᠢ ᠶᠠᠷᠢᠬᠤ ᠲᠠᠭᠠᠨ ᠬᠡᠯᠡᠭᠰᠡᠨ  ᠨᠢ閼 ᠪᠣᠯᠣᠨ乌 ᠣᠣᠯ ᠨᠢ ᠪᠦᠷ ᠨᠢᠭᠡᠨ ᠠᠳᠠᠯᠢ ᠪᠠᠷ ᠡᠣ ︵wū︶ ᠭᠡᠵᠦ ᠣᠩᠰᠢᠳᠠᠭ ᠪᠠᠶᠢᠵᠠᠢ ᠭᠡᠪᠡ᠃    閼氏 ᠭᠡᠳᠡᠭ ᠬᠤᠶᠠᠷ ᠦᠰᠦᠭ ᠣᠣᠯ ᠨᠢ ᠲᠠᠷᠣᠢ ᠦᠵᠢ ︵wū zhī︶ ᠭᠡᠳᠡᠭ ᠣᠩᠰᠢᠯᠭ᠎ᠠ ᠲᠠᠢ ᠪᠠᠶᠢᠵᠠᠢ ᠭᠡᠳᠡᠭ ᠢ閼氏县 —乌氏县 —乌支县 ᠭᠡᠳᠡᠭ ᠭᠤᠷᠪᠠᠨ ᠬᠤᠪᠢᠷᠠᠯ ᠠᠴᠠ ᠴᠦ ᠦᠵᠡᠵᠦ ᠭᠠᠷᠣᠨ᠎ᠠ᠃ ᠬᠡᠳᠦᠶᠢᠪᠡᠷ ᠦᠰᠦᠭ ᠨᠢ ᠬᠤᠪᠢᠷᠠᠭᠰᠠᠨ ᠪᠣᠯᠪᠠᠴᠣ ᠣᠩᠰᠢᠯᠭ᠎ᠠ ᠪᠣᠯᠣᠨ ᠠᠶᠠᠯᠭ᠎ᠠ ᠨᠢ ᠬᠠᠷᠢᠨ ᠵᠢᠭᠠᠬᠠᠨ ᠴᠦ ᠬᠤᠪᠢᠷᠠᠭᠰᠠᠨ ᠦᠭᠡᠢ᠂ ᠪᠦᠷ wū zhī ᠬᠡᠪ ᠢᠶᠠᠷ ᠢᠶᠠᠨ ᠪᠠᠶᠢᠨ᠎ᠠ᠃ ᠬᠡᠯᠡᠬᠦ ᠴᠢᠬᠤᠯᠠ ᠲᠠᠢ ᠨᠢ ᠲᠣᠰ ᠰᠢᠶᠠᠨ ᠬᠠᠨ ᠣᠯᠣᠰ ᠤᠨ ᠦᠶ᠎ᠡ ᠳᠤ ᠪᠠᠶᠢᠭᠤᠯᠣᠭᠰᠠᠨ ᠰᠢᠶᠠᠨ ᠪᠢᠰᠢ᠂ ᠬᠠᠷᠢᠨ ᠪᠠᠶᠢᠯᠳᠣᠭᠠᠨᠳᠣ ᠣᠯᠣᠰ ᠤᠨ ᠦᠶ᠎ᠡ ᠶᠢᠨ ᠴᠢᠨ ᠾᠦᠢ ᠸᠠᠩ ᠤᠨ ᠦᠶ᠎ᠡ ᠳᠤ ᠾᠦᠩᠨᠦ ᠶᠢᠨ ᠡᠩᠬᠦᠳ ︵义渠︶ ᠠᠶᠢᠮᠠᠭ ᠤᠨ ᠪᠠᠷᠠᠭᠤᠨ ᠭᠠᠷ ᠤᠨ ᠶᠠᠮᠠᠷ ᠨᠢᠭᠡᠨ ᠦᠵᠢ ᠬᠠᠳᠣᠨ ᠤ ᠡᠵᠡᠮᠰᠢᠯ ᠨᠣᠳᠤᠭ ᠢ ᠪᠣᠯᠢᠶᠠᠨ ᠡᠵᠡᠯᠡᠵᠦ ᠪᠠᠶᠢᠭᠤᠯᠣᠭᠰᠠᠨ ᠰᠢᠶᠠᠨ ᠢᠶᠠᠨ ᠦᠵᠢ ᠰᠢᠶᠠᠨ ᠭᠡᠵᠦ ᠨᠡᠷᠡᠶᠢᠳᠦᠭᠰᠡᠨ ᠬᠡᠷᠡᠭ ᠶᠣᠮ᠃ ᠴᠢᠨ ᠾᠦᠢ ᠸᠠᠩ ᠤᠨ ᠠᠮᠢᠳᠣᠷᠠᠵᠣ ᠪᠠᠶᠢᠭᠰᠠᠨ ᠣᠨ ᠵᠢᠯ ᠨᠢ ᠶᠡᠭᠡ ᠲᠦᠯᠦᠪ ᠨᠡᠶᠢᠳᠡ ᠶᠢᠨ ᠣᠨ ᠲᠣᠭᠠᠯᠠᠯ ᠤᠨ ᠡᠮᠦᠨ᠎ᠡ 356 —311 ᠣᠨ ᠪᠣᠯᠣᠨ᠎ᠠ᠃ ᠲᠡᠷᠡᠪᠡᠷ ᠨᠡᠶᠢᠳᠡ  ᠶᠢᠨ ᠣᠨ ᠲᠣᠭᠠᠯᠠᠯ ᠤᠨ ᠡᠮᠦᠨ᠎ᠡ 337 —311 ᠣᠨ ᠬᠦᠷᠳᠡᠯ᠎ᠡ ᠨᠡᠶᠢᠳᠡ ᠬᠤᠷᠢᠨ ᠵᠢᠷᠭᠤᠭᠠᠨ ᠵᠢᠯ ᠴᠢᠨ ᠣᠯᠣᠰ ᠤᠨ ᠸᠠᠩ ᠤᠨ ᠰᠠᠭᠤᠷᠢᠨ ᠳᠤ ᠰᠠᠭᠤᠵᠠᠢ᠃ ᠡᠨᠡᠬᠦ ᠡᠣ ᡁᠢ ᠰᠢᠶᠠᠨ ᠤ ᠪᠠᠭᠤᠷᠢ ᠨᠢ ᠣᠳᠣᠬᠢ ᠭᠠᠨᠰᠣ ᠮᠣᠵᠢ ᠶᠢᠨ ᠲᠦᠪ ᠯᠠᠨ ᠵᠸᠥ ᠬᠤᠳᠠ ᠶᠢᠨ ᠵᠡᠭᠦᠨ ᠡᠮᠦᠨ᠎ᠡ ᠪᠠᠶᠢᠭ᠎ᠠ ᠳ᠋ᠢᠩ ᠰᠢ ᠬᠤᠳᠠ ᠶᠢᠨ ᠠᠨ ᠳ᠋ᠢᠩ ᠲᠣᠭᠤᠷᠢᠭ  ᠲᠤ ᠪᠠᠶᠢᠭ᠎ᠠ ᠶᠣᠮ᠃ ᠳ᠋ᠢᠩ ᠰᠢ ᠬᠤᠳᠠ ᠭᠠᠨᠰᠣ ᠮᠣᠵᠢ ᠶᠢᠨ ᠲᠣᠮᠳᠠ ᠬᠡᠰᠡᠭ ᠲᠤ ᠪᠠᠶᠢᠷᠢᠰᠢᠨ᠎ᠠ᠃ ᠲᠣᠰ ᠰᠢᠶᠠᠨ  ᠤ ᠪᠠᠶᠢᠭᠤᠯᠣᠮᠵᠢ ᠶᠢ ᠬᠠᠮᠤᠭ ᠡᠴᠦᠰ ᠲᠤ ᠪᠠᠷᠠᠭᠤᠨ ᠸᠧᠢ ᠣᠯᠣᠰ ᠤᠨ ᠦᠶ᠎ᠡ ︵535 —556︶ ᠳᠤ ᠬᠠᠰᠣᠨ ᠣᠰᠠᠳᠬᠠᠵᠠᠢ᠃    ᠭᠤᠷᠪᠠ ᠲᠦᠭᠦᠮ ᠶᠠᠷᠢᠯᠴᠠᠭ᠎ᠠ᠄閼氏ᠭᠡᠳᠡᠭ ᠬᠤᠶᠠᠷ ᠬᠢᠳᠠᠳ ᠦᠰᠦᠭ ᠢᠶᠠᠷ ᠠᠪᠢᠶᠠᠴᠢᠯᠠᠨ ᠭᠠᠯᠢᠭᠴᠢᠯᠠᠵᠣ ᠲᠡᠮᠳᠡᠭᠯᠡᠭᠰᠡᠨ ᠾᠦᠩᠨᠦ ᠦᠭᠡ ᠶᠢ ᠲᠡᠭᠡᠷᠡᠬᠢ ᠲᠠᠶᠢᠯᠪᠣᠷᠢ ᠠᠭᠤᠯᠭ᠎ᠠ ᠠᠴᠠ ᠦᠨᠳᠦᠰᠦᠯᠡᠨ ᠲᠣᠰ ᠵᠣᠬᠢᠶᠠᠭᠴᠢ ᠠᠴᠠ ︽ᠦᠵᠢ︾ ᠭᠡᠵᠦ ᠰᠡᠷᠭᠦᠭᠡᠵᠡᠢ᠃ ᠦᠵᠢ ᠭᠡᠳᠡᠭ ᠨᠢ ᠬᠤᠵᠢᠮ ᠤᠨ ᠮᠣᠩᠭᠤᠯ ᠤᠨ ᠵᠠᠭᠤᠨ ᠤ ᠦᠶ᠎ᠡ ᠶᠢᠨ ᠦᠵᠢᠨ ᠭᠡᠳᠡᠭ ᠬᠠᠳᠣᠨ ᠬᠦᠮᠦᠨ ᠤ ᠬᠦ᠋ᠨᠳᠦᠳᠭᠡᠯᠳᠦ ᠴᠣᠯᠠ ᠮᠦᠨ᠃ ᠮᠦᠨᠴᠦ ᠬᠤᠵᠢᠮ ᠤᠨ ᠮᠠᠨᠵᠣ ᠴᠢᠩ ᠣᠯᠣᠰ ᠤᠨ ᠦᠶ᠎ᠡ ᠶᠢᠨ ᠬᠠᠳᠣᠨ ᠬᠦᠮᠦᠨ ᠤ ᠴᠣᠯᠠ ᠪᠣᠯᠬᠤ ᠸᠦᠵᠢᠨ ︵ᠹᠦᠵᠢᠨ︶ ᠮᠦᠨ᠃ ᠦᠵᠢ ᠭᠡᠳᠡᠭ ᠦᠭᠡ ᠬᠤᠵᠢᠮ ᠮᠣᠩᠭᠤᠯ ᠬᠡᠯᠡᠨ ᠳᠤ ᠦᠷᠭᠡᠨ ᠬᠡᠷᠡᠭᠯᠡᠭᠳᠡᠳᠡᠭ ᠦᠵᠡᠰᠭᠦᠯᠡᠩ ᠭᠡᠳᠡᠭ ᠦᠭᠡᠨ ᠤ ᠢᠵᠠᠭᠤᠷ ᠴᠦ ᠪᠠᠶᠢᠵᠣ ᠮᠠᠳᠠᠨ᠎ᠠ᠃ ᠪᠡᠯᠡᠳᠬᠡᠭᠰᠡᠨ ᠨᠢ᠄ ᠡᠷᠳᠡᠨᠢᠬᠦᠦᠨᠠᠶᠢᠷᠠᠭᠤᠯᠤᠭᠰᠠᠨ ᠨᠢ᠄ ᠨᠠᠮᠤᠷᠬᠢᠨᠠᠭᠰᠠᠨ ᠨᠢ᠄ ᠤᠷᠢᠬᠠᠨ
 
ᠢᠷᠡᠯᠲᠡ᠄ ᠲᠣᠰ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号