| | ᠠᠷᠠᠳ ᠤᠨ ᠲᠠᠭᠤᠤ ᠶᠢ ᠲᠠᠭᠤᠯᠠᠬᠤ ᠶᠠᠪᠤᠴᠠ ᠳᠤ ᠵᠠᠷᠢᠮ ᠲᠠᠭᠤᠤ ᠶᠢ ᠪᠤᠷᠤᠭᠤ ᠲᠠᠭᠤᠯᠠᠵᠤ ᠪᠠᠶᠢᠭ᠎ᠠ | ᠠᠰᠠᠭᠤᠳᠠᠯ ᠤᠷᠤᠰᠢᠵᠤ ᠪᠤᠢ᠃ ᠤᠨᠴᠠᠭᠠᠢᠢᠯᠠᠨ ᠲᠡᠭᠡᠷ᠎ᠡ ᠵᠠᠭᠤᠨ ᠤ ᠨᠠᠶᠠᠭᠠᠳ ᠤᠨ ᠤ ᠡᠬᠢᠨ ᠤ ᠦᠶ᠎ᠡ ᠪᠠᠷ | ᠠᠷᠠᠳ ᠤᠨ ᠲᠠᠭᠤᠤ ᠰᠠᠶ᠋ᠢ ᠡᠬᠢᠯᠡᠵᠦ ᠲᠡᠯᠭᠡᠷᠡᠬᠦ ᠦᠶᠡᠰ ᠵᠠᠷᠢᠮ ᠲᠠᠭᠤᠴᠢᠨ ︽ᠳ᠋ᠠᠨᠠᠪᠠᠯ︾ ᠭᠡᠳᠡᠭ ᠲᠠᠭᠤᠤ ᠶᠢ | ᠪᠤᠷᠤᠭᠤ ᠲᠠᠭᠤᠯᠠᠭᠰᠠᠨ ᠦᠵᠡᠭᠳᠡᠯ ᠢᠯᠡᠷᠡᠵᠡᠢ᠃ ᠲᠡᠶᠢᠮᠦ ᠠᠴᠠ ᠳ᠋ᠠᠨᠠᠪᠠᠯ ᠪᠠ ᠵᠢᠨᠰᠢᠶᠠᠩ ᠤᠨ ᠬᠤᠶᠢᠴᠢᠰ ᠨᠢ ᠡᠨᠡ | ᠲᠠᠭᠤᠤ ᠳᠤ ᠲᠦᠢᠯ ᠢᠶᠠᠷ ᠲᠤᠷ᠎ᠠ ᠦᠭᠡᠶᠢᠴᠡᠵᠦ ᠪᠠᠶᠢᠵᠠᠢ᠃ ᠲᠡᠭᠡᠪᠡᠯ ᠶᠠᠭᠤ ᠶᠢ ᠨᠢ ᠪᠤᠷᠤᠭᠤ ᠲᠠᠭᠤᠯᠠᠵᠤ ᠪᠠᠶᠢᠭᠰᠠᠨ | ᠪᠤᠢ︖ ᠭᠡᠪᠡᠯ᠂ ᠬᠠᠮᠤᠭ ᠡᠷᠳᠡ ᠲᠠᠭᠤᠯᠠᠭᠳᠠᠵᠤ ᠪᠠᠶᠢᠭᠰᠠᠨ ︽ᠳ᠋ᠠᠨᠠᠪᠠᠯ︾ ᠭᠡᠳᠡᠭ ᠲᠠᠭᠤᠤ ᠲᠤᠳᠤᠷ᠎ᠠ ︽ᠪᠠᠭ᠎ᠠ | ᠡᠷ᠎ᠡ ᠪᠠᠯᠳᠠᠨᠫᠧᠷᠯᠠᠢ︾ ᠭᠡᠵᠦ ᠲᠠᠭᠤᠯᠠᠭᠰᠠᠨ ᠦᠭᠡ ᠪᠠᠶᠢᠨ᠎ᠠ᠃ ᠡᠨᠡ ᠪᠤᠯ ᠪᠤᠷᠤᠭᠤ ᠲᠠᠭᠤᠯᠠᠭᠰᠠᠨ ᠵᠦᠢᠯ ᠮᠦᠨ᠃ | ᠵᠢᠨᠰᠢᠶᠡᠩ ᠤᠨ ᠨᠦᠬᠦᠷ ᠨᠢ ᠭᠤᠤᠯᠳᠤ ᠬᠡᠳᠡᠭ ᠨᠡᠷ᠎ᠡ ᠲᠠᠢ᠃ ᠪᠠᠯᠳᠠᠨᠫᠧᠷᠯᠠᠢ ᠭᠡᠳᠡᠭ ᠨᠢ ᠲᠡᠭᠦᠨ ᠤ ᠡᠪᠦᠭᠡ ᠶᠢᠨ ᠬᠢᠨ | ᠨᠡᠷ᠎ᠡ ᠮᠦᠨ᠃ ᠨᠦᠬᠦᠷ ᠢ ᠨᠢ ᠡᠪᠦᠭᠡ ᠪᠠᠷ ᠨᠢ ᠰᠤᠯᠢᠵᠤ ᠲᠠᠭᠤᠯᠠᠭᠰᠠᠨ ᠤᠴᠢᠷ ᠠᠴᠠ ᠦᠷ᠎ᠡ ᠬᠤᠶᠢᠴᠢᠰ ᠨᠢ | ᠶᠠᠷᠢᠶᠠᠨ ᠦᠭᠡᠢ ᠲᠤᠷ᠎ᠠ ᠦᠭᠡᠶᠢᠴᠡᠬᠦ ᠶᠤᠮ᠃ | ᠪᠢ ᠬᠠᠷᠢ ᠭᠠᠵᠠᠷ ᠬᠦᠷᠴᠦ ᠨᠤᠳᠤᠭ ᠢᠶᠠᠨ ᠬᠡᠯᠡᠪᠡᠯ᠂ ᠮᠢᠨᠤ ᠬᠠᠷᠢᠭᠤ ᠳᠤ᠄ ︽ᠠ᠂ ᠳ᠋ᠠᠨᠠᠪᠠᠯ ᠲᠠᠢ ᠨᠢᠭᠡ | ᠨᠤᠳᠤᠭ ᠤᠨ ᠬᠦᠮᠦᠨ ᠰᠢᠳᠡ︕︾ ᠡᠰᠡᠭᠦᠯ᠎ᠡ ︽ᠵᠢᠨᠰᠢᠶᠠᠩ ᠲᠠᠢ ᠨᠢᠭᠡ ᠠᠶᠢᠯ ᠤᠨ ᠬᠦᠮᠦᠨ ᠰᠢᠳᠠ︕︾ ᠭᠡᠵᠦ | ᠶᠠᠷᠢᠳᠠᠭ᠃ ᠳ᠋ᠠᠨᠠᠪᠠᠯ ᠤᠨ ᠠᠪᠤ ᠮᠠᠩᠭᠦᠢ ᠳᠠᠶᠢᠹᠦ᠋ ᠪᠤᠯ ᠮᠤᠩᠭᠤᠯᠵᠢᠨ ᠭᠡᠭᠡᠨ ᠰᠦᠮ᠎ᠡ ᠳᠤ ᠮᠤᠩᠭᠤᠯ ᠡᠮᠨᠡᠯᠭᠡ | ᠰᠤᠷᠤᠭᠰᠠᠨ ᠬᠦᠮᠦᠨ ᠶᠤᠮ᠃ ᠲᠡᠷᠡ ᠦᠶ᠎ᠡ ᠳᠤ ᠮᠤᠩᠭᠤᠯᠵᠢᠨ ᠭᠡᠭᠡᠨ ᠰᠦᠮ᠎ᠡ ᠨᠢᠭᠡ ᠪᠦᠯᠦᠭ ᠮᠤᠩᠭᠤᠯ ᠡᠮᠨᠡᠯᠭᠡ | ᠰᠤᠷᠤᠭᠰᠠᠨ ᠡᠮᠴᠢ ᠶᠢ ᠬᠦᠮᠦᠵᠢᠭᠦᠯᠦᠭᠡᠳ ᠬᠤᠷᠴᠢᠨ ᠨᠤᠳᠤᠭ ᠲᠤ ᠲᠤᠮᠢᠯᠠᠵᠤ ᠪᠠᠶᠢᠵᠠᠢ᠃ ᠮᠠᠩᠭᠦᠢ ᠲᠠᠶᠢᠹᠦ᠋ ᠪᠤᠯ | ᠶᠠᠭ ᠰᠠᠶ᠋ᠢᠬᠠᠨ ᠡᠨᠡ ᠲᠤᠳᠤᠷᠠᠬᠢ ᠨᠢᠭᠡ ᠨᠢ ᠮᠦᠨ᠃ ︽ᠲᠠᠶᠢᠹᠦ᠋︾ ᠭᠡᠳᠡᠭ ᠨᠢ ᠮᠠᠨ ᠤ ᠡ᠊ᠨᠳᠡᠬᠢ ᠬᠡᠯᠡᠯᠭᠡ᠂ ᠡᠮᠴᠢ | ᠭᠡᠰᠡᠨ ᠦᠭᠡ ᠶᠤᠮ᠃ ᠵᠠᠷᠢᠮᠠᠳ ᠨᠢ ᠬᠡᠯᠡᠬᠦ ᠳᠤ ᠪᠠᠨ ᠳ᠋ᠠᠨᠠᠪᠠᠯ ᠤᠨ ᠠᠪᠤ ᠮᠠᠩᠭᠦᠢ ᠲᠠᠶᠢᠹᠦ᠋ ᠪᠤᠯ ᠬᠤᠶᠠᠷ ᠡᠬᠡᠨᠡᠷ | ᠠᠪᠤᠭᠰᠠᠨ ᠭᠡᠨ᠎ᠡ᠃ ᠮᠠᠩᠭᠦᠢ ᠲᠠᠶᠢᠹᠦ᠋ ᠶᠢᠨ ᠨᠤᠳᠤᠭ ᠨᠢ ᠲᠠᠯᠦ ᠶᠢᠨ ᠠᠶᠢᠯ᠂ ᠤᠳᠤ ᠶᠢᠨ ᠠᠭᠤᠯᠠ ᠪᠠᠯᠭᠠᠰᠤ ᠶᠢᠨ | ᠲᠠᠯᠦ ᠶᠢᠨ ᠠᠶᠢᠯ ᠭᠠᠴᠠᠭ᠎ᠠ᠃ ᠲᠦᠷᠦᠭᠦᠦ ᠡᠬᠡᠨᠡᠷ ᠲᠠᠢ ᠪᠠᠨ ᠲᠠᠯᠦ ᠶᠢᠨ ᠠᠶᠢᠯ ᠳᠤ ᠰᠠᠭᠤᠵᠤ᠂ ᠬᠤᠶᠠᠳᠤᠭᠠᠷ | ᠡᠬᠡᠨᠡᠷ ᠢᠶᠠᠨ ᠠᠪᠤᠭᠰᠠᠨ ᠤ ᠲᠠᠷᠠᠭ᠎ᠠ ᠵᠢᠯᠳᠤ ᠶᠢᠨ ᠠᠶᠢᠯ ᠳᠤ ᠰᠠᠭᠤᠭᠰᠠᠨ ᠭᠡᠨ᠎ᠡ᠃ ᠢᠡᠭᠭᠢᠵᠦ ᠪᠤᠳᠤᠪᠠᠯ ᠳ᠋ᠠᠨᠠᠪᠠᠯ | ᠵᠢᠯᠳᠤ ᠶᠢᠨ ᠠᠶᠢᠯ ᠳᠤ ᠲᠦᠷᠦᠭᠰᠡᠨ ᠨᠢ ᠲᠠᠭᠠᠷᠠᠨ᠎ᠠ᠃ ᠵᠠᠷᠢᠮ ᠬᠦᠮᠤᠨ ᠤ ᠬᠡᠯᠡᠬᠦ ᠪᠠᠷ ᠲᠡᠷᠡ ᠮᠤᠩᠭᠤᠯᠵᠢᠨ ᠭᠡᠭᠡᠨ | ᠰᠦᠮ᠎ᠡ ᠠᠴᠠ ᠪᠠᠨ ᠪᠤᠴᠠᠵᠤ ᠢᠷᠡᠭᠰᠡᠨ ᠤ ᠲᠠᠷᠠᠭ᠎ᠠ ᠰᠢᠭᠤᠳ ᠵᠢᠯᠳᠦ ᠶᠢᠨ ᠠᠶᠢᠯ ᠳᠤ ᠪᠡᠷᠢ ᠠᠪᠤᠭᠠᠳ ᠰᠠᠭᠤᠵᠠᠢ | ᠭᠡᠵᠦ ᠬᠡᠯᠡᠵᠦ ᠪᠤᠢ᠃ ᠢᠡᠭᠭᠢᠭᠡᠳ ᠳ᠋ᠠᠨᠠᠪᠠᠯ ᠢ ᠵᠢᠯᠳᠤ ᠶᠢᠨ ᠠᠶᠢᠯ ᠳᠤ ᠲᠦᠷᠦᠭᠰᠡᠨ ᠭᠡᠨ᠎ᠡ᠃ ᠡᠶᠢᠮᠦ ᠠᠴᠠ ᠳ᠋ᠠᠨᠠᠪᠠᠯ | ᠪᠤᠯ ᠵᠢᠯᠳᠦ ᠶᠢᠨ ᠠᠶᠢᠯ ᠤᠨ ᠭᠡᠳᠡᠭ ᠨᠢ ᠮᠠᠳᠠᠭ ᠦᠭᠡᠢ᠃ ᠡᠨᠡ ᠲᠤᠬᠠᠢ ᠲᠠᠯᠦ ᠶᠢᠨ ᠠᠶᠢᠯ ᠭᠠᠴᠠᠭ᠎ᠠ ᠶᠢᠨ 90 | ᠬᠦᠷᠴᠤ ᠪᠠᠶᠢᠭ᠎ᠠ ᠨᠠᠶᠢᠳᠠᠨᠵᠠᠪ ᠨᠠᠰᠤᠳᠠᠨ ᠲᠠᠢ ᠪᠢ ᠤᠯᠠᠨᠳᠠ ᠶᠠᠷᠢᠯᠴᠠᠵᠤ ᠦᠡᠭᠭᠡᠷᠡᠵᠡᠢ᠃ ᠡᠨᠡ ᠬᠦᠮᠦᠨ ᠪᠤᠯ | ᠳ᠋ᠠᠨᠠᠪᠠᠯ ᠤᠨ ᠰᠠᠳᠤᠨ ᠨᠢ ᠪᠤᠯᠤᠨ᠎ᠠ᠃ | ᠲᠡᠭᠡᠪᠡᠯ ᠵᠠᠷᠢᠮ ᠬᠦᠮᠦᠨ ᠵᠢᠨᠰᠢᠶᠠᠩ ᠢ ᠪᠠᠰᠠ ᠵᠢᠯᠳᠦ ᠶᠢᠨ ᠠᠶᠢᠯ ᠤᠨ ᠬᠦᠮᠦᠨ ᠭᠡᠵᠦ ᠬᠡᠯᠡᠵᠦ ᠪᠠᠶᠢᠨ᠎ᠠ᠃ | ᠦᠨᠡᠨ ᠢ ᠬᠡᠯᠡᠪᠡᠯ ᠵᠢᠨᠰᠢᠶᠠᠩ ᠪᠤᠯ ᠵᠢᠯᠳᠦ ᠶᠢᠨ ᠠᠶᠢᠯ ᠤᠨ ᠬᠦᠮᠦᠨ ᠪᠢᠰᠢ᠃ ᠵᠢᠯᠳᠦ ᠶᠢᠨ ᠠᠶᠢᠯ ᠤᠨ ᠠᠷᠤ | ᠲᠡᠭᠡᠷ᠎ᠡ ᠨᠢ ᠤᠪᠤᠭ᠎ᠠ ᠶᠢᠨ ᠠᠶᠢᠯ ᠭᠡᠵᠦ ᠪᠠᠶᠢᠨ᠎ᠠ᠃ ᠤᠪᠤᠭ᠎ᠠ ᠶᠢᠨ ᠠᠶᠢᠯ 1984 ᠤᠨ ᠠᠴᠠ ᠡᠮᠦᠨ᠎ᠡ | ᠤᠯᠠᠭᠠᠬᠤᠳᠤ ᠰᠤᠮᠤᠨ ᠳᠤ ᠪᠠᠭᠳᠠᠭᠳᠠᠵᠤ ᠪᠠᠶᠢᠵᠠᠢ᠃ 1984 ᠤᠨ ᠠᠴᠠ ᠰᠡᠭᠦᠯᠡᠷ ᠪᠠᠶᠢᠭᠤᠯᠤᠮᠵᠢ ᠶᠢᠨ | ᠦᠭᠡᠷᠡᠴᠢᠯᠡᠯᠲᠡ ᠶᠢᠨ ᠲᠠᠷᠠᠭ᠎ᠠ ᠤᠪᠤᠭ᠎ᠠ ᠶᠢᠨ ᠠᠶᠢᠯ ᠭᠠᠴᠠᠭ᠎ᠠ ᠶᠢ ᠠᠭᠤᠯᠠ ᠪᠠᠯᠭᠠᠰᠤᠨ ᠳᠤ ᠤᠷᠤᠭᠤᠯᠵᠤ᠂ | ᠠᠭᠤᠯᠠ ᠪᠠᠯᠭᠠᠰᠤ ᠶᠢᠨ ᠨᠢᠭᠡ ᠭᠠᠴᠠᠭ᠎ᠠ ᠪᠤᠯᠵᠠᠢ᠃ ᠵᠢᠨᠰᠢᠶᠠᠩ ᠪᠤᠯ ᠡ᠊ᠨᠳᠡᠬᠢ ᠬᠦᠮᠦᠨ ᠮᠦᠨ᠃ ᠵᠢᠨᠰᠢᠶᠠᠩ ᠤᠨ | ᠬᠤᠶᠠᠷ ᠡᠭᠡᠴᠢ ᠨᠢ ᠪᠠᠰᠠ ᠮᠠᠨ ᠤ ᠵᠢᠯᠳᠤ ᠶᠢᠨ ᠠᠶᠢᠯ ᠳᠤ ᠪᠠᠶᠢᠵᠠᠢ᠃ ᠨᠢᠭᠡ ᠨᠢ ᠲᠡᠭᠡᠷ᠎ᠡ ᠵᠢᠯᠳᠤ ᠳᠤ ᠪᠠᠶᠢᠵᠦ᠂ | ᠨᠦᠭᠦᠭᠡ ᠨᠢ ᠲᠤᠤᠷ᠎ᠠ ᠵᠢᠯᠳᠤ ᠳᠤ ᠪᠠᠶᠢᠭᠰᠠᠨ ᠶᠤᠮ᠃ ᠤᠪᠤᠭ᠎ᠠ ᠶᠢᠨ ᠠᠶᠢᠯ ᠪᠠ ᠵᠢᠯᠳᠤ ᠶᠢᠨ ᠠᠶᠢᠯ | ᠬᠤᠭᠤᠷᠤᠨᠳᠤ ᠪᠠᠨ ᠬᠤᠷᠢᠭᠠᠳ ᠭᠠᠵᠠᠷ ᠵᠠᠢ ᠲᠠᠢ᠂ ᠲᠡᠷᠡ ᠮᠦᠷᠳᠡᠭᠡᠨ ᠵᠢᠨᠰᠢᠶᠠᠩ ᠤᠨ ᠬᠤᠶᠠᠷ ᠡᠭᠡᠴᠢ ᠨᠢ | ᠵᠢᠯᠳᠤ ᠶᠢᠨ ᠠᠶᠢᠯ ᠳᠤ ᠪᠠᠶᠢᠭᠰᠠᠨ ᠪᠤᠯᠬᠤᠷ ᠳ᠋ᠠᠨᠠᠪᠠᠯ ᠵᠢᠨᠰᠢᠶᠠᠩ ᠠᠭᠤᠯᠵᠠᠵᠤ ᠤᠴᠠᠷᠠᠬᠤ ᠲᠤᠬᠢᠶᠠᠯ ᠤᠯᠠᠨ ᠪᠠᠶᠢᠵᠠᠢ᠃ | ᠢᠡᠭᠭᠢᠭᠡᠳ ᠲᠡᠷᠡ ᠬᠤᠶᠠᠭᠤᠯᠠ ᠲᠠᠨᠢᠯᠴᠠᠭᠰᠠᠨ ᠪᠠᠶᠢᠨ᠎ᠠ᠃ | ᠳ᠋ᠠᠨᠠᠪᠠᠯ ᠬᠤᠰᠢᠭᠤᠨ ᠴᠡᠷᠢᠭ ᠲᠤ ᠪᠠᠶᠢᠭᠰᠠᠨ ᠦᠶ᠎ᠡ ᠳᠤ ᠪᠠᠨ ᠴᠢᠯᠦᠭᠡ ᠭᠤᠶᠤᠭᠠᠳ ᠨᠤᠳᠤᠭ ᠲᠠᠭᠠᠨ ᠪᠤᠴᠠᠵᠤ | ᠭᠤᠷᠪᠠᠨ ᠵᠢᠯ ᠰᠠᠭᠤᠵᠠᠢ᠃ 1916 ᠤᠨ ᠳᠤ᠂ ᠳ᠋ᠠᠨᠠᠪᠠᠯ ᠬᠤᠷᠢᠨ ᠭᠤᠷᠪᠠ ᠲᠦᠷᠪᠡᠳᠡᠢ᠃ ᠲᠡᠷᠡ ᠦᠶᠡᠰ ᠤᠷᠤᠭ | ᠬᠤᠷᠢᠮ ᠲᠡᠭᠡᠷ᠎ᠡ ᠲᠠᠶᠢᠵᠢ ᠬᠦᠮᠦᠨ ︵ᠮᠠᠨ ᠤ ᠦᠭᠡ ᠪᠠᠷ ᠬᠡᠯᠡᠪᠡᠯ ᠪᠦᠯᠬᠦᠮ ᠤᠨ ᠲᠠᠷᠤᠭ᠎ᠠ︶ ᠰᠠᠶ᠋ᠢ ᠤᠷᠤᠭ ᠤᠨ | ᠲᠠᠭᠠᠭᠤᠯᠤᠭᠴᠢ ᠪᠤᠯᠳᠠᠭ᠃ ᠡᠨᠡ ᠦᠶ᠎ᠡ ᠳᠤ ᠳ᠋ᠠᠨᠠᠪᠠᠯ ᠶᠠᠭ ᠰᠠᠶ᠋ᠢᠬᠠᠨ ᠬᠤᠰᠢᠭᠤᠨ ᠴᠡᠷᠢᠭ ᠠᠴᠠ ᠪᠠᠨ ᠴᠢᠯᠦᠭᠡ | ᠭᠤᠶᠤᠭᠠᠳ ᠨᠤᠳᠤᠭ ᠲᠤ ᠪᠠᠨ ᠪᠤᠴᠠᠵᠤ ᠢᠷᠡᠭᠡᠳ ᠪᠠᠶᠢᠵᠠᠢ᠃ ᠲᠡᠭᠡᠭᠡᠳ ᠲᠡᠷᠡ ᠪᠦᠯᠬᠦᠮ ᠤᠨ ᠲᠠᠷᠤᠭ᠎ᠠ ᠪᠠᠷ | ᠪᠤᠭᠤᠳᠤ ᠠᠶᠢᠯ ︵ᠤᠳᠤ ᠪᠤᠯ ᠤᠪᠤᠭ᠎ᠠ᠂ ᠰᠦᠭᠡᠭ᠂ ᠪᠤᠭᠤᠳᠤ ᠭᠤᠷᠪᠠᠨ ᠠᠶᠢᠯ ᠨᠡᠶᠢᠯᠡᠭᠡᠳ ᠠᠭᠤᠯᠠ | ᠪᠠᠯᠭᠠᠰᠤ ᠶᠢᠨ ᠰᠦᠭᠡᠭ ᠭᠠᠴᠠᠭ᠎ᠠ ᠪᠤᠯᠵᠠᠢ᠃ ᠤᠤᠯ ᠳᠤ ᠪᠠᠨ ᠤᠯᠠᠭᠠᠬᠤᠳᠤ ᠰᠤᠮᠤᠨ ᠳᠤ ᠪᠠᠭᠳᠠᠭᠳᠠᠵᠤ ᠪᠠᠶᠢᠬᠤ | ᠦᠶᠡᠰ ᠡᠨᠡ ᠭᠤᠷᠪᠠᠨ ᠠᠶᠢᠯ ᠠᠰ ᠠᠰ ᠲᠤ ᠪᠠᠨ ᠨᠢᠭᠡ ᠭᠠᠴᠠᠭ᠎ᠠ ᠪᠠᠶᠢᠵᠠᠢ︶ ᠤᠨ ᠵᠢᠮᠢᠰ ᠭᠡᠰᠡᠨ ᠦᠬᠢᠨ ᠢ | ᠠᠭᠤᠯᠠ ᠪᠠᠯᠭᠠᠰᠤ ᠶᠢᠨ ᠤᠯᠠᠭᠠᠨᠨᠠᠷᠠ ᠭᠠᠴᠠᠭᠠᠨ ᠤ ᠰᠢᠪᠡᠭᠡᠨ ᠠᠶᠢᠯ ᠲᠤᠭᠤᠢᠢᠯᠠᠩ ᠤᠨ ᠵᠡᠭᠦᠨ ᠡᠮᠦᠨᠡᠬᠢ ᠪᠤᠭᠤᠳᠤ | ᠠᠶᠢᠯ ︵ᠡ᠊ᠨᠳᠡ ᠪᠠᠰᠠ ᠨᠢᠭᠡ ᠪᠤᠭᠤᠳᠤ ᠠᠶᠢᠯ ᠪᠠᠶᠢᠵᠠᠢ︶ ᠤᠨ ᠵᠠᠩ ᠤᠪᠤᠭᠳᠤ ᠶᠢᠨ ᠳᠤ ᠬᠦᠷᠭᠡᠭᠰᠡᠨ ᠭᠡᠨ᠎ᠡ᠃ | ᠦᠬᠢᠨ ᠢᠶᠠᠨ ᠬᠦᠷᠭᠡᠵᠦ ᠤᠴᠢᠭᠠᠳ ᠲᠤᠰᠢᠶᠠᠵᠤ ᠦᠭᠭᠦᠭᠡᠳ ᠪᠤᠴᠠᠬᠤ ᠦᠶ᠎ᠡ ᠳᠤ ᠪᠠᠨ ᠤᠷᠤᠭ ᠤᠨ ᠬᠤᠶᠠᠷ | ᠲᠠᠯ᠎ᠠ ᠶᠢᠨ ᠡᠳᠡᠭᠡᠳ ᠮᠤᠷᠢᠨ ᠲᠡᠭᠡᠷ᠎ᠡ ᠠᠴᠠ ᠮᠠᠯᠠᠭᠠᠢ ᠪᠤᠯᠢᠶᠠᠯᠴᠠᠳᠠᠭ ᠵᠠᠩᠰᠢᠯ ᠲᠠᠢ᠃ ᠲᠠᠷᠤᠢ ᠮᠤᠷᠢᠨ ᠨᠢᠷᠤᠭᠤᠨ | ᠲᠡᠭᠡᠷ᠎ᠡ ᠠᠴᠠ ᠨᠢᠭᠡᠨ ᠨᠢᠭᠡᠨ ᠤ ᠪᠠᠨ ᠮᠠᠯᠠᠭᠠᠢ ᠶᠢ ᠪᠤᠯᠢᠶᠠᠬᠤ ᠶᠤᠰᠤᠨ ᠪᠤᠯᠤᠨ᠎ᠠ᠃ ᠡᠨᠡ ᠶᠠᠪᠤᠴᠠ ᠳᠤ ᠳ᠋ᠠᠨᠠᠪᠠᠯ | ᠮᠠᠯᠠᠭᠠᠢ ᠪᠤᠯᠢᠶᠠᠯᠴᠠᠵᠤ ᠪᠠᠶᠢᠭᠠᠳ ᠮᠤᠷᠢᠨ ᠠᠴᠠ ᠪᠠᠨ ᠬᠠᠶᠠᠭᠳᠠᠵᠤ ᠮᠤᠷᠢᠨ ᠳᠤ ᠪᠠᠨ ᠴᠢᠷᠦᠭᠳᠡᠭᠡᠳ ᠨᠠᠰᠤ ᠪᠠᠷᠠᠭᠰᠠᠨ | ᠭᠡᠨ᠎ᠡ᠃ ᠪᠠᠰᠠ ᠵᠠᠷᠢᠮ ᠬᠦᠮᠦᠨ ᠤ ᠬᠡᠯᠡᠬᠦ ᠪᠠᠷ᠂ ᠳ᠋ᠠᠨᠠᠪᠠᠯ ᠤᠨ ᠦᠰᠢᠶ᠎ᠡ ᠲᠠᠢ ᠬᠦᠮᠦᠨ ᠨᠢ ᠡᠮᠡᠭᠡᠯ ᠤᠨ ᠬᠢᠨ | ᠤᠯᠤᠩ ᠢ ᠨᠢ ᠲᠠᠰᠤᠯᠵᠤ ︵ᠤᠯᠤᠩ ᠢ ᠨᠢ ᠪᠦᠭᠦᠳᠡ ᠶᠢ ᠲᠠᠰᠤᠯᠤᠭᠰᠠᠨ ᠦᠭᠡᠢ᠂ ᠪᠦᠭᠦᠳᠡ ᠶᠢ ᠲᠠᠰᠤᠯᠤᠭᠰᠠᠨ ᠪᠤᠯ | ᠤᠯᠤᠩ ᠨᠢ ᠲᠤᠭᠳᠠᠵᠤ ᠲᠡᠶᠢᠯᠬᠦ ᠦᠭᠡᠢ᠂ ᠪᠠᠷᠤᠭ ᠬᠠᠭᠠᠰ ᠢᠯᠡᠭᠦᠦ ᠶᠢ ᠨᠢ ᠲᠠᠰᠤᠯᠤᠭᠠᠳ ᠲᠠᠯᠪᠢᠴᠢᠬᠠᠵᠠᠢ︶ | ᠡᠮᠡᠭᠡᠯ ᠨᠢ ᠬᠦᠷᠪᠡᠵᠦ ᠮᠤᠷᠢᠨ ᠳᠤ ᠪᠠᠨ ᠴᠢᠷᠦᠭᠳᠡᠭᠡᠳ ᠨᠠᠰᠤ ᠪᠠᠷᠠᠭᠰᠠᠨ ᠭᠡᠨ᠎ᠡ᠃ ᠳ᠋ᠠᠨᠠᠪᠠᠯ ᠤᠨ ᠨᠠᠰᠤ ᠪᠠᠷᠠᠭᠰᠠᠨ | ᠲᠤᠬᠠᠢ ᠤᠯᠠᠨ ᠶᠠᠩᠵᠤ ᠶᠢᠨ ᠶᠠᠷᠢᠶ᠎ᠠ ᠪᠤᠢ᠃ ᠳ᠋ᠠᠨᠠᠪᠠᠯ ᠠᠷᠢᠬᠢ ᠤᠤᠭᠤᠵᠤ ᠪᠠᠶᠢᠬᠤ ᠦᠶ᠎ᠡ ᠳᠤ ᠨᠢ ᠬᠦᠮᠦᠨ | ᠢᠷᠡᠭᠡᠳ ᠲᠡᠭᠦᠨ ᠢ ᠫᠤᠤᠳᠠᠭᠠᠳ ᠠᠯᠠᠴᠢᠬᠠᠵᠠᠢ ᠭᠡᠵᠦ ᠪᠠᠰᠠ ᠵᠠᠷᠢᠮ ᠬᠦᠮᠦᠨ ᠬᠡᠯᠡᠵᠦ ᠪᠠᠶᠢᠨ᠎ᠠ᠃ ᠶᠠᠭᠤ ᠴᠤ ᠭᠡᠰᠡᠨ | ᠳ᠋ᠠᠨᠠᠪᠠᠯ 1916 ᠤᠨ ᠤ 2 ᠰᠠᠷ᠎ᠠ ᠳᠤ ᠦᠬᠢᠨ ᠬᠦᠷᠭᠡᠵᠦ ᠤᠴᠢᠭᠠᠳ ᠪᠤᠭᠤᠳᠤ ᠳᠤ ᠨᠠᠰᠤ ᠪᠠᠷᠠᠵᠠᠢ᠃ | ᠳ᠋ᠠᠨᠠᠪᠠᠯ ᠤᠨ ᠤᠡᠭᠭᠤᠨ ᠨᠢ ᠵᠢᠯᠳᠤ ᠶᠢᠨ ᠠᠷᠤ ᠳᠤ ᠪᠠᠶᠢᠨ᠎ᠠ᠃ ᠤᠡᠭᠭᠤᠨ ᠲᠡᠭᠡᠷ᠎ᠡ ᠨᠢ ᠪᠢᠳᠡ ᠪᠠᠰᠠ ᠤᠴᠢᠵᠤ | ᠦᠡᠭᠭᠡᠷᠡᠵᠡᠢ᠃ ᠳ᠋ᠠᠨᠠᠪᠠᠯ ᠤᠨ ᠲᠠᠭᠤᠤ ᠪᠤᠯ ᠰᠡᠭᠦᠯᠡᠷ ᠨᠢ ᠵᠤᠬᠢᠶᠠᠭᠳᠠᠵᠤ ᠲᠠᠭᠤᠯᠠᠭᠳᠠᠭᠰᠠᠨ ᠶᠤᠮ᠃ ᠵᠠᠷᠢᠮ | ᠬᠦᠮᠦᠨ ᠬᠡᠯᠡᠬᠦ ᠳᠡᠭᠡᠨ ᠠᠯᠳᠠ ᠭᠡᠳᠡᠭ ᠬᠤᠭᠤᠷᠴᠢ ᠲᠤᠰ ᠲᠠᠭᠤᠤ ᠶᠢ ᠵᠤᠬᠢᠶᠠᠭᠰᠠᠨ ᠭᠡᠨ᠎ᠡ᠃ ᠠᠯᠳᠠ ᠪᠤᠯ ᠮᠠᠨ ᠤ | ᠬᠤᠶᠢᠳᠤ ᠬᠤᠰᠢᠭᠤᠨ ᠤ ᠭᠤᠷᠭᠤᠤᠯᠳᠠᠢ ᠶᠢᠨ ᠨᠡᠷᠡᠳᠦ ᠬᠤᠭᠤᠷᠴᠢ ᠮᠦᠨ᠂ ᠵᠠᠨ᠎ᠠ ᠪᠠᠯᠵᠢᠨᠢᠮ᠎ᠠ ᠲᠠᠢ ᠨᠢᠭᠡ ᠠᠶᠢᠯ ᠤᠨ | ᠬᠦᠮᠦᠨ᠃ ᠵᠠᠷᠢᠮᠠᠳ ᠨᠢ ᠲᠤᠰ ᠲᠠᠭᠤᠤ ᠶᠢ ᠵᠢᠷᠭᠠᠯᠠᠩ ᠤᠨ ᠸᠠᠩ ᠤᠨ ᠤᠷᠳᠤᠨ ᠤ ᠪᠢᠴᠢᠭᠡᠴᠢ ᠵᠤᠬᠢᠶᠠᠯ᠎ᠠ ᠭᠡᠵᠦ | ᠬᠡᠯᠡᠵᠦ ᠪᠠᠶᠢᠨ᠎ᠠ᠃ ᠪᠠᠰᠠ ᠵᠠᠷᠢᠮ ᠬᠦᠮᠦᠨ ᠡᠨᠡ ᠲᠠᠭᠤᠤ ᠶᠢ ᠳ᠋ᠠᠨᠠᠪᠠᠯ ᠲᠠᠢ ᠬᠠᠮᠳᠤ ᠶᠠᠪᠤᠭᠰᠠᠨ ᠬᠤᠰᠢᠭᠤᠨ | ᠴᠡᠷᠢᠭ ᠤᠨ ᠪᠠᠶᠢᠯᠳᠤᠭᠴᠢᠳ ᠵᠤᠬᠢᠶᠠᠭᠰᠠᠨ ᠭᠡᠵᠦ ᠬᠡᠯᠡᠵᠦ ᠪᠠᠶᠢᠨ᠎ᠠ᠃ ᠶᠠᠭᠤ ᠴᠤ ᠭᠡᠰᠡᠨ ᠠᠷᠠᠳ ᠤᠨ ᠲᠠᠭᠤᠤ ᠶᠤᠮ | ᠴᠢᠨᠢ ᠳ᠋ᠠ᠂ ᠲᠤᠳᠤᠷᠬᠠᠢ ᠵᠤᠬᠢᠶᠠᠭᠴᠢ ᠦᠭᠡᠢ ᠪᠠᠶᠢᠳᠠᠭ᠃ ᠬᠤᠷᠴᠢᠨ ᠠᠷᠠᠳ ᠤᠨ ᠲᠠᠭᠤᠤ ᠪᠤᠯ ᠬᠤᠷᠴᠢᠨᠴᠤᠳ ᠤᠨ | ᠤᠨᠴᠠᠭᠠᠢ ᠲᠡᠤᠬᠡᠨ ᠴᠠᠭ ᠦᠶ᠎ᠡ ᠳᠠᠬᠢ ᠠᠮᠢᠳᠤᠷᠠᠯ ᠬᠦᠭᠡᠭᠡᠴᠡᠯᠳᠦᠯ ᠢ ᠦᠨᠡᠨ ᠮᠦᠨ ᠢᠶᠠᠷ ᠨᠢ ᠲᠡᠮᠳᠡᠭᠯᠡᠵᠦ | ᠲᠤᠰᠬᠠᠭᠰᠠᠨ ᠲᠡᠤᠬᠡᠨ ᠬᠠᠭᠤᠳᠠᠰᠤ ᠮᠦᠨ᠃ ᠡᠶᠢᠮᠦ ᠠᠴᠠ ᠪᠢᠳᠡ ᠬᠤᠷᠴᠢᠨ ᠠᠷᠠᠳ ᠤᠨ ᠲᠠᠭᠤᠤ ᠶᠢᠨ ᠢᠶᠠᠨ | ᠡᠴᠢᠨ᠎ᠡ ᠬᠦᠨ ᠤᠳᠬ᠎ᠠ ᠤᠴᠢᠷ ᠢ ᠵᠦᠪ ᠲᠠᠨᠢᠵᠤ ᠵᠦᠪ ᠤᠢᠢᠯᠠᠭᠠᠵᠤ ᠵᠦᠪ ᠲᠠᠭᠤᠯᠠᠬᠤ ᠨᠢ ᠬᠤᠷᠴᠢᠨ ᠠᠷᠠᠳ ᠤᠨ | ᠲᠠᠭᠤᠤ ᠶᠢᠨ ᠬᠦᠭᠵᠢᠯᠲᠡ ᠳᠤ ᠨᠡᠩ ᠠᠰᠢᠭᠳᠠᠢ ᠶᠤᠮ᠃ ᠲᠡᠷᠡ ᠮᠦᠷᠳᠡᠭᠡᠨ ᠲᠡᠭᠦᠨ ᠢ ᠪᠠᠨ ᠤᠯᠠᠮᠵᠢᠯᠠᠨ | ᠬᠦᠭᠵᠢᠭᠦᠯᠬᠦ ᠰᠢᠨ᠎ᠡ ᠭᠠᠷᠤᠭ᠎ᠠ ᠲᠡᠭᠡᠷ᠎ᠡ ᠨᠡᠩ ᠢᠳᠡᠷᠡᠭᠦᠨ ᠢᠶᠠᠷ ᠤᠷᠤᠭᠰᠢᠯᠠᠵᠤ ᠴᠢᠳᠠᠬᠤ ᠶᠤᠮ ᠡ᠃ | | ᠪᠡᠯᠡᠳᠬᠡᠭᠰᠡᠨ ᠨᠢ᠄ ᠡᠷᠳᠡᠨᠢᠬᠦᠦ | ᠨᠠᠶᠢᠷᠠᠭᠤᠯᠤᠭᠰᠠᠨ ᠨᠢ᠄ ᠨᠠᠮᠤᠷ | ᠬᠢᠨᠠᠭᠰᠠᠨ ᠨᠢ᠄ ᠤᠷᠢᠬᠠᠨ |