匈奴 ᠬᠤᠶᠠᠷ ᠦᠰᠦᠭ ᠢ ᠮᠦᠷᠳᠡᠨ ᠮᠠᠭᠠᠳᠯᠠᠭᠰᠠᠨ ᠮᠠᠲ᠋ᠧᠷᠢᠶᠠᠯ
ᠨᠡᠶᠢᠲᠡᠯᠡᠭᠰᠡᠨ ᠴᠠᠭ᠄
2020/10/20
ᠾᠦᠩᠨᠦ ᠭᠡᠳᠡᠭ ᠡᠨᠡᠬᠦ ᠣᠭᠰᠠᠭᠠᠳᠠᠨ ᠤ ᠨᠡᠷ᠎ᠡ ᠶᠢᠨ ᠲᠣᠬᠠᠢ᠂ ᠬᠢᠳᠠᠳ ᠤᠨ ᠬᠠᠮᠤᠭ ᠡᠷᠳᠡᠨ ᠤ ᠲᠡᠣᠬᠡᠨ ᠨᠣᠮ ︽ᠰᠣᠳᠣᠷ ᠲᠡᠮᠳᠡᠭᠯᠡᠯ · ᠾᠦᠩᠨᠦ ᠶᠢᠨ ᠱᠠᠰᠳᠢᠷ︾ ᠲᠤ ᠲᠡᠮᠳᠡᠭᠯᠡᠭᠰᠡᠨ ᠢᠶᠠᠷ ᠲᠠᠩ ᠢᠥᠢ ᠠᠴᠠ ᠡᠮᠦᠨ᠎ᠡ ᠱᠠᠨ ᠷᠦᠩ ︵山戎︶᠂ ᠰᠢᠶᠠᠨ ᠶᠦᠨ ︵獫狁᠂ 玁狁᠂ Xiǎnyǔn︶᠂ ᠾᠦᠨ ᠢᠥᠢ ︵葷鬻 ᠂ hūn yù︶ ᠬᠡᠮᠡᠨ ᠪᠠᠶᠢᠯᠤᠭ᠎ᠠ᠂ ᠲᠡᠳᠡ ᠣᠮᠠᠷᠠᠳᠣ ᠬᠡᠬᠡᠷ᠎ᠡ ᠨᠣᠳᠣᠭᠯᠠᠨ᠂ ᠮᠠᠯ ᠲᠡᠵᠢᠭᠡᠪᠦᠷᠢ ᠪᠠᠨ ᠲᠠᠭᠠᠵᠣ ᠨᠡᠭᠦᠳᠡᠯᠯᠡᠨ ᠠᠮᠢᠳᠣᠷᠠᠮᠣᠢ ᠭᠡᠵᠡᠢ᠃ ︽ᠰᠣᠳᠣᠷ ᠲᠡᠮᠳᠡᠭᠯᠡᠯ︾ ᠲᠤ ᠲᠠᠶᠢᠯᠪᠣᠷᠢ ᠬᠢᠭᠴᠢ ︽ᠲᠡᠣᠬᠡᠨ ᠭᠤᠷᠪᠠᠨ ᠲᠠᠶᠢᠯᠪᠣᠷᠢᠯᠠᠭᠴᠢ︾ ᠶᠢᠨ ᠬᠡᠯᠡᠭᠰᠡᠨ ᠢᠶᠠᠷ᠂ ᠾᠦᠩᠨᠦᠴᠦᠳ ᠬᠡᠮᠡᠭᠴᠢ ᠰᠢᠶᠠ ᠣᠯᠣᠰ ᠤᠨ ᠦᠷᠡᠳᠦᠰ ᠪᠣᠯᠣᠮᠣᠢ᠂ ᠶᠢᠨ ︵ᠱᠠᠩ︶ ᠣᠯᠣᠰ ᠤᠨ ᠦᠶ᠎ᠡ ᠳᠤ ᠰᠢᠶ᠋ᠶᠦ᠋ᠨ ᠢᠥᠢ ︵獯鬻᠂ xūn yù︶ ᠬᠡᠮᠡᠵᠦ ᠨᠡᠷᠡᠶᠢᠳᠦᠵᠦ ᠪᠠᠶᠢᠭᠰᠠᠨ ᠢᠶᠠᠨ ᠬᠠᠯᠠᠭᠠᠳ ᠾᠦᠩᠨᠦ ᠬᠡᠮᠡᠪᠡᠢ ᠭᠡᠵᠡᠢ᠃ ᠪᠠᠰᠠ ᠹᠦ᠋ ᠴᠢᠶᠠᠨ ᠦᠬᠦᠯᠡᠷᠦᠨ᠂ ᠶᠣᠣ ᠶᠢᠨ ᠦᠶ᠎ᠡ ᠳᠤ ᠾᠦᠨ ᠢᠥᠢ ᠬᠡᠮᠡᠵᠦ᠂ ᠵᠸᠥ ᠣᠯᠣᠰ ᠤᠨ ᠦᠶ᠎ᠡ ᠳᠤ ᠰᠢᠶᠠᠨ ᠶᠦᠨ ᠬᠡᠮᠡᠨ᠂ ᠴᠢᠨ ᠣᠯᠣᠰ ᠤᠨ ᠦᠶ᠎ᠡ ᠳᠤ ᠾᠦᠩᠨᠦ ᠬᠡᠮᠡᠨ ᠨᠡᠷᠡᠶᠢᠳᠦᠪᠡᠢ ᠭᠡᠵᠡᠢ᠃ ᠭᠡᠳᠡᠯ᠎ᠡ ᠸᠧᠢ ᠵᠣᠣ ᠬᠡᠯᠡᠭᠰᠡᠨ ᠨᠢ᠂ ᠬᠠᠨ ᠣᠯᠣᠰ ᠤᠨ ᠦᠶ᠎ᠡ ᠳᠤ ᠾᠦᠩᠨᠦ ᠬᠡᠮᠡᠪᠡᠢ᠂ ᠾᠦᠨ ᠢᠥᠢ ᠬᠡᠮᠡᠭᠴᠢ ᠪᠣᠯ ᠲᠡᠭᠦᠨ ᠤ ᠨᠦᠭᠦᠭᠡ ᠨᠡᠷᠡᠶᠢᠳᠦᠯ ᠪᠣᠯᠣᠮᠣᠢ ᠭᠡᠵᠡᠢ᠃ ︽ᠬᠠᠨ ᠣᠯᠣᠰ ᠤᠨ ᠪᠢᠴᠢᠭ︾ ᠲᠤ ᠲᠠᠶᠢᠯᠪᠣᠷᠢ ᠬᠢᠭᠰᠡᠨ ᠶᠠᠨ ᠱᠢ ᠭᠦ᠋ ᠬᠡᠳᠡᠭ ᠲᠠᠩ ᠣᠯᠣᠰ ᠤᠨ ᠦᠶ᠎ᠡ ᠶᠢᠨ ᠡᠷᠳᠡᠮᠳᠡᠨ ᠬᠦᠮᠦᠨ ᠤ ᠦᠬᠦᠯᠡᠬᠦ ᠪᠠᠷ ᠲᠡᠭᠡᠷᠡᠬᠢ ᠨᠡᠷᠡᠰ ᠪᠣᠯ ᠪᠦᠷ ᠾᠦᠩᠨᠦ ᠶᠢᠨ ᠪᠣᠰᠣᠳ ᠨᠡᠷᠡᠶᠢᠳᠦᠯ ᠪᠣᠯᠣᠮᠣᠢ ᠭᠡᠵᠡᠢ᠃ ᠲᠡᠭᠡᠷᠡᠬᠢ ᠪᠠᠶᠢᠳᠠᠯ ᠠᠴᠠ ᠦᠵᠡᠪᠡᠯ ᠾᠦᠩᠨᠦ ᠬᠡᠮᠡᠭᠳᠡᠭᠰᠡᠨ ᠡᠨᠡᠬᠦ ᠦᠨᠳᠦᠰᠦᠳᠡᠨ ᠳᠤ ᠬᠢᠳᠠᠳ ᠬᠦᠮᠦᠰ ᠮᠠᠰᠢ ᠣᠯᠠᠨ ᠨᠡᠷᠡᠶᠢᠳᠦᠯ ᠦᠭᠭᠦᠭᠰᠡᠨ ᠪᠠᠶᠢᠵᠠᠢ᠃ ᠭᠡᠪᠡᠴᠦ ᠬᠠᠮᠤᠭ ᠠᠩᠬᠠᠨ ᠤ ᠨᠡᠷᠡᠶᠢᠳᠦᠯ ᠤᠨ ᠨᠢᠭᠡ ᠪᠣᠯᠬᠤ 葷鬻 ᠪᠣᠯᠣᠨ ᠲᠡᠭᠦᠨ ᠠᠴᠠ ᠵᠢᠭᠠᠬᠠᠨ ᠬᠤᠵᠢᠭᠤ ᠰᠢᠭ᠋ ᠦᠶ᠎ᠡ ᠶᠢᠨ ᠨᠡᠷᠡᠶᠢᠳᠦᠯ ᠪᠣᠯᠬᠤ 獯鬻 ᠶᠢ ᠵᠣᠬᠢᠶᠠᠭᠴᠢ  ᠠᠴᠠ ᠠᠩᠬᠠᠷᠴᠣ ᠠᠮᠵᠢᠵᠠᠢ᠂ 葷鬻 ᠪᠣᠯᠣᠨ 獯鬻 ᠶᠢᠨ ᠡᠬᠢᠨ ᠤ ᠦᠰᠦᠭ ᠤᠨ ᠪᠢᠴᠢᠯᠭᠡ ᠨᠢ ᠠᠳᠠᠯᠢ ᠦᠭᠡᠢ ᠮᠦᠷᠳᠡᠭᠡᠨ ᠣᠳᠣ ᠦᠶ᠎ᠡ ᠶᠢᠨ ᠠᠪᠢᠶᠠᠯᠯᠠᠭ᠎ᠠ ᠨᠢ ᠠᠳᠠᠯᠢ ᠦᠭᠡᠢ ᠪᠣᠯᠪᠠᠴᠣ᠂ ᠲᠡᠭᠦᠨ ᠤ ᠲᠡᠭᠡᠳᠦ ᠡᠷᠳᠡᠨ ᠤ ᠠᠪᠢᠶ᠎ᠠ ᠠᠶᠠᠯᠭᠤ ᠨᠢ ᠬᠠᠷᠢᠨ ᠮᠠᠰᠢ ᠣᠶᠢᠷᠬᠠᠨ ᠪᠠᠶᠢᠵᠠᠢ᠃ 葷 ᠶᠢᠨ ᠲᠡᠭᠡᠳᠦ ᠡᠷᠳᠡᠨ ᠤ ᠠᠪᠢᠶ᠎ᠠ qʰun ᠪᠠᠶᠢᠵᠣ᠂ 獯 ᠶᠢᠨ ᠲᠡᠭᠡᠳᠦ ᠡᠷᠳᠡᠨ ᠤ ᠠᠪᠢᠶ᠎ᠠ ᠨᠢ ᠴᠦ ᠨᠢᠭᠡᠨ ᠠᠳᠠᠯᠢ ᠪᠠᠷ qʰun ᠪᠠᠶᠢᠵᠠᠢ᠃ ᠬᠤᠶᠢᠨᠠᠬᠢ 鬻 ᠦᠰᠦᠭ ᠣᠳᠣ ᠪᠣᠯ 粥 ᠭᠡᠵᠦ ᠲᠦᠭᠦᠮᠴᠢᠯᠡᠨ ᠪᠢᠴᠢᠳᠡᠭ ᠪᠣᠯᠵᠠᠢ᠂ ᠲᠣᠰ ᠦᠰᠦᠭ ᠤᠨ ᠲᠡᠭᠡᠳᠦ ᠡᠷᠳᠡᠨ ᠤ ᠠᠪᠢᠶ᠎ᠠ ᠨᠢ ᠪᠠᠶᠢᠵᠣ᠂ ᠴᠢᠨ ᠣᠯᠣᠰ ᠠᠴᠠ ᠡᠮᠦᠨᠡᠬᠢ ᠠᠪᠢᠶ᠎ᠠ ᠨᠢ ȶǐuk ᠭᠡᠵᠦ᠂ ᠲᠣᠮᠳᠠᠳᠣ ᠡᠷᠳᠡᠨ ᠤ ᠠᠪᠢᠶ᠎ᠠ ᠨᠢ tɕĭuk ᠪᠠᠶᠢᠭᠰᠠᠨ ᠵᠡᠷᠭᠡ ᠠᠴᠠ ᠦᠡᠵᠡᠪᠡᠯ 葷鬻 ᠪᠣᠯᠣᠨ 獯鬻 ᠭᠡᠳᠡᠭ ᠨᠡᠷ᠎ᠡ ᠶᠢᠨ ᠬᠠᠮᠤᠭ ᠠᠩᠬᠠᠨ ᠤ ᠠᠪᠢᠶ᠎ᠠ ᠪᠣᠯ ᠾᠦᠨᠴᠣᠳ ᠭᠡᠳᠡᠭ ᠦᠭᠡᠨ ᠤ ᠠᠪᠢᠶᠠᠯᠯᠠᠭ᠎ᠠ ᠪᠣᠯᠬᠤ ᠮᠠᠭᠠᠳᠯᠠᠯ ᠲᠣᠩ ᠦᠨᠳᠦᠷ ᠶᠣᠮ᠃ ᠲᠠᠷᠠᠭ᠎ᠠ ᠨᠢ ᠪᠢᠳᠡ 葷 ᠦᠰᠦᠭ ᠤᠨ ᠣᠳᠬ᠎ᠠ ᠶᠢ ᠦᠵᠡᠪᠡᠯ᠂ ᠡᠷᠳᠡ ᠦᠶ᠎ᠡ ᠳᠤ ᠳᠣᠰ ᠦᠰᠦᠭ ᠢ ᠬᠤᠶᠠᠷ ᠵᠦᠢᠯ ᠢᠶᠠᠷ ᠬᠡᠷᠡᠭᠯᠡᠳᠡᠭ ᠪᠠᠶᠢᠪᠠ᠃ ᠨᠢᠭᠡ ᠨᠢ ᠨᠡᠷᠡᠰ ᠦᠭᠡ ᠪᠠᠷ ᠬᠡᠷᠡᠭᠯᠡᠬᠦ᠂ ᠣᠯᠠᠭᠠᠨ ᠢᠳᠡᠭᠡᠨ᠂ ᠦᠨᠦᠷᠳᠡᠨ ᠨᠣᠭᠤᠭ᠎ᠠ᠂ ᠵᠢᠱᠢᠶᠡᠯᠡᠪᠡᠯ ᠰᠣᠩᠭᠢᠨ᠎ᠠ ᠰᠠᠷᠢᠮᠰᠤᠭ ᠵᠡᠷᠭᠡ ᠶᠢ ᠵᠢᠭᠠᠳᠠᠭ ᠦᠭᠡ ᠪᠠᠶᠢᠵᠠᠢ᠃ ᠬᠤᠶᠠᠷ ᠲᠤ ᠡᠷᠡᠭᠳᠡᠢ ᠡᠮᠡᠭᠳᠡᠢ ᠶᠢᠨ ᠬᠤᠭᠤᠷᠣᠨᠳᠣ ᠬᠢ ᠱᠠᠯᠢᠭ ᠵᠠᠪᠬᠠᠢ ᠦᠭᠡ ᠬᠡᠯᠡ ᠦᠢᠯᠡ ᠬᠡᠷᠡᠭ ᠢ ᠵᠢᠭᠠᠳᠠᠭ ᠦᠭᠡ ᠪᠠᠶᠢᠵᠠᠢ᠃ ᠨᠦᠬᠦᠭᠡ 獯 ᠦᠰᠦᠭ ᠨᠢ ᠲᠣᠰᠬᠠᠶᠢᠯᠠᠨ ᠨᠢᠭᠡ ᠵᠦᠢᠯ ᠤᠨ ᠨᠠᠷᠢᠨ ᠬᠤᠩᠰᠢᠶᠠᠷ ᠲᠠᠢ ᠠᠪᠠ ᠶᠢᠨ ᠨᠣᠬᠠᠢ ᠶᠢ ᠵᠢᠭᠠᠳᠠᠭ ᠨᠡᠷ᠎ᠡ ᠦᠭᠡ ᠪᠠᠶᠢᠵᠠᠢ᠃ ᠪᠠᠰᠠ ᠲᠣᠲᠣᠷᠠᠭᠤᠯᠣᠨ ᠦᠬᠦᠯᠡᠬᠦ ᠨᠢᠭᠡᠨ ᠣᠴᠢᠷ ᠭᠡᠪᠡᠯ ᠾᠦᠩᠨᠦ ᠶᠢᠨ ᠲᠡᠣᠬᠡ ᠭᠠᠷᠪᠠᠯᠢ ᠨᠢ ᠬᠢᠳᠠᠳ ᠦᠨᠳᠦᠰᠦᠳᠡᠨ ᠲᠠᠢ ᠡᠭᠡᠭᠡ ᠠᠳᠠᠯᠢ ᠣᠷᠳᠣ ᠣᠳᠠᠭᠠᠨ ᠣᠨ ᠤ ᠦᠣᠬᠡ ᠲᠡᠣᠬᠡ ᠲᠠᠢ ᠣᠭᠰᠠᠭᠠᠳᠠᠨ ᠪᠠᠶᠢᠵᠣ᠂ ᠬᠢᠳᠠᠳ ᠦᠨᠳᠦᠰᠦᠳᠡᠨ ᠲᠠᠢ ᠣᠷᠳᠣ ᠬᠤᠭᠤᠴᠠᠭ᠎ᠠ ᠪᠠᠷ ᠵᠡᠷᠭᠡᠴᠡᠨ ᠣᠷᠣᠰᠢᠵᠣ ᠪᠠᠶᠢᠪᠠ᠃ ᠬᠢᠳᠠᠳ ᠤᠨ ᠲᠡᠣᠬᠡᠴᠢᠳ ᠦᠪᠡᠷ ᠤᠨ ᠲᠡᠣᠬᠡ ᠪᠠᠨ ᠲᠣᠮᠤᠭ ᠤᠨ ᠰᠢᠨᠵᠢ ᠪᠦᠬᠦᠢ ᠲᠠᠩ ᠢᠥᠢ ᠭᠡᠳᠡᠭ ᠬᠦᠮᠦᠨ  ᠠᠴᠠ ᠡᠬᠢᠯᠡᠪᠡ ᠭᠡᠵᠦ ᠬᠡᠯᠡᠳᠡᠭ ᠶᠣᠮ᠃ ︽ᠰᠣᠳᠣᠷ ᠲᠡᠮᠳᠡᠭᠯᠡᠯ︾ ᠠᠴᠠ ᠦᠵᠡᠪᠡᠯ᠂ ᠰᠧ ᠮᠠ ᠴᠢᠶᠠᠨ ᠤ ᠮᠡᠳᠡᠬᠦ  ᠪᠠᠷ ᠲᠠᠩ ᠢᠥᠢ ᠠᠴᠠ ᠡᠮᠦᠨ᠎ᠡ ᠨᠢᠭᠡᠨᠳᠡ ᠱᠠᠨ ᠷᠦᠩ᠂ ᠰᠢᠶᠠᠨ ᠶᠦᠨ᠂ ᠾᠦᠨ ᠢᠥᠢ ᠬᠡᠮᠡᠭᠴᠢ ᠾᠦᠩᠨᠦᠴᠦᠳ ᠪᠠᠶᠢᠵᠠᠢ ᠭᠡᠳᠡᠭ ᠢ ᠲᠡᠭᠦᠨ ᠤ ᠵᠣᠬᠢᠶᠠᠭᠰᠠᠨ ᠲᠡᠣᠭᠡᠨ ᠨᠣᠮ ᠳᠠᠭᠠᠨ ᠲᠣᠲᠣᠷᠬᠠᠶᠢᠯᠠᠨ ᠦᠬᠦᠯᠡᠵᠡᠢ᠃ ᠭᠡᠪᠡᠴᠦ ᠶᠠᠮᠠᠷ ᠪᠠᠶᠢᠭᠰᠠᠨ ᠴᠦ᠂ ᠾᠦᠩᠨᠦ ᠶᠢ ᠨᠡᠷᠡᠶᠢᠳᠦᠭᠰᠡᠨ ᠨᠡᠷ᠎ᠡ ᠦᠭᠡᠰ ᠲᠤ ᠬᠡᠷᠡᠭᠯᠡᠭᠰᠡᠨ ᠬᠢᠳᠠᠳ ᠦᠰᠦᠭ ᠨᠢ ᠪᠦᠷ ᠬᠠᠷᠢᠶᠠᠵᠣ ᠭᠤᠳᠣᠭᠠᠬᠤ ᠪᠣᠶᠣ ᠨᠠᠭᠠᠳᠣ ᠵᠠᠬ᠎ᠠ ᠨᠢ ᠲᠣᠷᠣᠮᠵᠢᠯᠠᠬᠤ ᠠᠶᠠᠰ ᠪᠦᠬᠦᠢ ᠮᠠᠭᠤ ᠮᠠᠭᠤᠬᠠᠢ ᠵᠦᠢᠯᠡᠰ ᠢ ᠢᠯᠡᠳᠭᠡᠬᠦ ᠦᠭᠡ ᠦᠰᠦᠭ ᠨᠦᠭᠦᠳ ᠢ ᠰᠣᠩᠭᠤᠨ ᠬᠡᠷᠡᠭᠯᠡᠵᠡᠢ᠃ ⑴匈奴 ᠬᠤᠶᠠᠷ ᠦᠰᠦᠭ ᠤᠨ ᠣᠳᠣ ᠦᠶ᠎ᠡ ᠶᠢᠨ ᠠᠪᠢᠶᠠᠨ ᠤ ᠯᠠᠲ᠋ᠢᠨ ᠭᠠᠯᠢᠭ᠄ xiōng nú᠃ ⑵匈奴 ᠬᠤᠶᠠᠷ ᠦᠰᠦᠭ ᠤᠨ ᠬᠢᠳᠠᠳ ︽ᠣᠯᠣᠰ ᠤᠨ ᠬᠡᠯᠡᠨ ᠤ ᠦᠭᠡᠰ ᠤᠨ ᠲᠣᠯᠢ︾ ᠲᠠᠬᠢ ᠣᠳᠬ᠎ᠠ  ᠶᠢᠨ ᠲᠠᠶᠢᠯᠪᠣᠷᠢ᠄᠄ ᠰᠢᠶᠡ ᠣᠯᠣᠰ ︵ᠨᠡᠶᠢᠳᠡ ᠶᠢᠨ ᠣᠨ ᠲᠣᠭᠠᠯᠠᠯ ᠠᠴᠠ ᠡᠮᠦᠨ᠎ᠡ 2146 ᠣᠨ ᠠᠴᠠ ᠡᠮᠦᠨ᠎ᠡ 1675 ᠣᠨ ᠪᠣᠯᠳᠠᠯ᠎ᠠ ᠣᠷᠣᠰᠢᠵᠣ ᠪᠠᠶᠢᠪᠠ ᠭᠡᠵᠦ ᠵᠢᠱᠢᠵᠦ ᠪᠣᠢ︶ ᠤᠨ ᠦᠶ᠎ᠡ ᠳᠤ ᠾᠦᠩᠨᠦᠴᠦᠳ ᠢ 獯鬻 ︵獯 ᠦᠰᠦᠭ ᠤᠨ ᠡᠷᠳᠡᠨ ᠤ ᠠᠪᠢᠶ᠎ᠠ ᠨᠢ qʰun᠂ 鬻 ︵ᠣᠳᠣ ᠲᠦᠭᠦᠮᠴᠢᠯᠡᠭᠡᠳ 粥 ᠭᠡᠵᠦ ᠪᠢᠴᠢᠬᠦ ᠪᠣᠯᠵᠠᠢ᠂ ᠭᠡᠪᠡᠴᠦ ᠲᠡᠭᠦᠨ ᠤ ᠡᠷᠳᠡᠨ ᠤ ᠠᠪᠢᠶ᠎ᠠ ᠨᠢ ȶjəwk᠂ ᠡᠭᠦᠨ ᠠᠴᠠ ᠦᠵᠡᠪᠡᠯ 獯鬻 ᠨᠢ ᠾᠦᠨᠴᠦᠳ ᠭᠡᠰᠡᠨ ᠦᠭᠡ ᠪᠠᠶᠢᠭᠰᠠᠨ ᠪᠣᠯᠣᠯᠳᠠᠢ︶ ᠭᠡᠵᠦ᠂ ᠵᠸᠥ ᠣᠯᠣᠰ ︵ᠨᠡᠶᠢᠳᠡ ᠶᠢᠨ ᠣᠨ ᠲᠣᠭᠠᠯᠠᠯ ᠠᠴᠠ ᠡᠮᠦᠨ᠎ᠡ 1046 ᠣᠨ ᠠᠴᠠ ᠡᠮᠦᠨ᠎ᠡ 256 ᠣᠨ ᠪᠣᠯᠳᠠᠯ᠎ᠠ ᠣᠷᠣᠰᠢᠵᠣ ᠪᠠᠶᠢᠪᠠ ᠭᠡᠵᠦ ᠦᠵᠡᠵᠦ ᠪᠣᠢ︶ ᠤᠨ ᠦᠶ᠎ᠡ ᠳᠤ 猃狁 ᠭᠡᠳᠡᠭ ᠪᠠᠶᠢᠵᠠᠢ᠃ ᠵᠠᠷᠢᠮ ᠳᠤ ᠪᠠᠨ ᠪᠠᠰᠠ 荤粥᠂ 荤允᠂ 獯戎 ᠭᠡᠳᠡᠭ᠂ ᠲᠡᠣᠬᠡᠨ ᠲᠡᠭᠡᠷ᠎ᠡ ᠪᠠᠰᠠ 戎 ᠦᠨᠳᠦᠰᠦᠳᠡᠨ ᠪᠣᠯᠣᠨ 狄 ᠦᠨᠳᠦᠰᠦᠳᠡᠨ ᠭᠡᠵᠦ ᠴᠦ ᠲᠠᠭᠤᠳᠠᠵᠣ ᠪᠠᠶᠢᠵᠠᠢ᠃ ᠾᠦᠩᠨᠦᠴᠦᠳ ᠢ ᠶᠡᠷᠦᠩᠬᠡᠢ ᠳᠤᠨᠢ ᠪᠠᠰᠠ ᠬᠣ᠋ ︵胡︶ ᠭᠡᠳᠡᠭ ᠭᠡᠪᠡ᠃ ᠣᠷᠴᠢᠨ ᠦᠶ᠎ᠡ ᠶᠢᠨ ᠬᠢᠳᠠᠳ ᠡᠷᠳᠡᠮᠳᠡᠨ ᠸᠠᠩ ᠭᠦᠸᠧ ᠸᠧᠢ ᠶᠢᠨ ᠪᠦᠷᠢᠳᠭᠡᠭᠰᠡᠨ ᠢᠶᠠᠷ ᠬᠡᠷᠪᠡ ᠲᠡᠣᠬᠡᠨ ᠲᠡᠭᠡᠷ᠎ᠡ ᠾᠦᠩᠨᠦᠴᠦᠳ ᠢ ᠨᠡᠷᠡᠶᠢᠳᠦᠵᠦ ᠪᠠᠶᠢᠭᠰᠠᠨ ᠨᠡᠷᠡᠰ ᠦᠭᠡ ᠶᠢ ᠪᠦᠬᠦᠨ ᠢ ᠵᠢᠬᠰᠠᠭᠠᠪᠠᠯ ᠪᠠᠷᠤᠭ ᠭᠤᠴᠢ ᠭᠠᠷᠣᠢ ᠨᠡᠷᠡᠰ ᠪᠠᠶᠢᠨ᠎ᠠ ᠭᠡᠵᠡᠢ᠃ ⑶匈 ᠦᠰᠦᠭ ᠤᠨ ᠬᠢᠳᠠᠳ ᠬᠡᠯᠡᠨ ᠳᠠᠬᠢ ᠣᠳᠬ᠎ᠠ᠄ ᠲᠣᠰ ᠦᠰᠦᠭ ᠢ ᠲᠣᠣᠷᠠᠬᠢ ᠮᠡᠳᠦ ᠬᠤᠶᠠᠷ ᠵᠦᠢᠯ ᠢᠶᠠᠷ ᠬᠡᠷᠡᠭᠯᠡᠳᠡᠭ᠃ ᠨᠢᠭᠡ ᠨᠡᠷᠡᠰ ᠦᠭᠡ ᠪᠠᠷ ᠬᠡᠷᠡᠭᠯᠡᠬᠦ᠄ ᠣᠣᠯ ᠨᠢ ᠲᠠᠷᠣᠢ ᠴᠡᠭᠡᠵᠢ ︵胸᠂ 胷︶ ᠭᠡᠳᠡᠭ ᠦᠰᠦᠭ  ᠤᠨ ᠡᠷᠳᠡᠨ ᠤ ᠪᠢᠴᠢᠯᠭᠡ ᠮᠦᠨ᠂ ᠬᠤᠵᠢᠮ 匈 ᠤᠨ ᠡᠮᠦᠨ᠎ᠡ ᠪᠣᠶᠣ ᠲᠣᠣᠷ᠎ᠠ ᠨᠢ 肉 ︵月︶ ᠦᠰᠦᠭ ᠨᠡᠮᠡᠵᠦ 胸 ᠪᠣᠶᠣ 胷 ᠪᠣᠯᠪᠠ ᠭᠡᠵᠡᠢ᠃ ᠪᠠᠰᠠ 匈奴 ᠭᠡᠳᠡᠭ ᠣᠭᠰᠠᠭᠠᠳᠠᠨ ᠤ ᠨᠡᠷ᠎ᠡ ᠭᠡᠵᠡᠢ᠃ ᠬᠤᠶᠠᠷ ᠦᠢᠯᠡ ᠦᠭᠡ ᠪᠠᠷ ᠭᠡᠷᠡᠭᠯᠡᠬᠦ᠄ 匈匈 ᠭᠡᠪᠡᠯ ᠦᠢᠮᠡᠯᠳᠦᠨ ᠲᠡᠪᠵᠢᠶᠡᠷᠡᠬᠦᠯᠬᠦ ︵ᠲᠦᠢᠪᠡᠭᠡᠭᠴᠢ︶ ᠶᠢ ᠬᠡᠯᠡᠮᠣᠢ ᠭᠡᠵᠡᠢ᠃ ᠡᠶᠢᠮᠦ ᠠᠴᠠ 匈奴 ᠭᠡᠪᠡᠯ ᠲᠦᠢᠪᠡᠭᠡᠭᠴᠢ ᠪᠣᠭᠤᠯᠴᠣᠳ ᠬᠡᠮᠡᠬᠦ ᠣᠳᠬ᠎ᠠ ᠲᠠᠢ ᠦᠭᠡ ᠪᠣᠯᠣᠨ᠎ᠠ᠃ ⑷匈 ᠦᠰᠦᠭ ᠤᠨ ᠲᠡᠭᠡᠳᠦ ᠡᠷᠳᠡᠨ ᠤ ᠠᠪᠢᠶ᠎ᠠ ᠠᠶᠠᠯᠭᠤ᠄ qʰoŋ ᠭᠡᠪᠡ᠃ ᠣᠶᠢᠷᠠᠯᠴᠠᠭ᠎ᠠ ᠪᠠᠷ ᠮᠦᠨ ᠾᠦᠨ ᠪᠣᠶᠣ ᠾᠦᠩ ᠪᠣᠯᠣᠨ᠎ᠠ᠃ ⑸匈 ᠦᠰᠦᠭ ᠤᠨ ᠴᠢᠨ ᠣᠯᠣᠰ ᠠᠴᠠ ᠡᠮᠦᠨᠡᠬᠢ ᠠᠪᠢᠶ᠎ᠠ ᠠᠶᠠᠯᠭᠤ᠄ ᠠᠪᠢᠶ᠎ᠠ ᠨᠢ x ᠪᠣᠶᠣ h ᠪᠠᠶᠢᠵᠣ᠂ ᠠᠶᠠᠯᠭᠤ ᠨᠢ᠄ i̯uŋ᠂ ǐwɔŋ᠂ jewŋ ᠵᠡᠷᠭᠡ ᠭᠡᠵᠡᠢ᠃ ᠶᠡᠷᠦᠩᠬᠡᠢ ᠲᠤᠨᠢ ᠦᠵᠡᠪᠡᠯ ᠮᠦᠨ ᠾᠢᠶᠦᠩ ᠪᠣᠶᠣ ᠾᠦᠩ ᠪᠣᠯᠣᠨ᠎ᠠ᠃ ⑹匈 ᠦᠰᠦᠭ ᠤᠨ ᠬᠠᠨ ᠣᠯᠣᠰ ᠤᠨ ᠦᠶ᠎ᠡ ᠶᠢᠨ ᠲᠣᠯᠢ ᠪᠢᠴᠢᠭ ︽ᠦᠰᠦᠭ ᠪᠢᠴᠢᠭ ᠤᠨ ᠲᠠᠶᠢᠯᠪᠣᠷᠢ︾ ︵说文解字︶ ᠳᠠᠬᠢ ᠠᠪᠢᠶ᠎ᠠ ᠠᠶᠠᠯᠭᠤ᠄ 从勹凶聲 ᠭᠡᠪᠡ᠂ ᠲᠠᠷᠣᠢ 勹 ︵bāo︶ ᠦᠰᠦᠭ ᠢ ᠲᠠᠭᠠᠵᠣ 凶 ᠢᠶᠠᠷ ᠣᠩᠰᠢᠨ᠎ᠠ ᠭᠡᠰᠡᠨ ᠦᠭᠡ ᠪᠣᠯᠬᠤ ᠶᠣᠮ᠃ ᠲᠡᠭᠡᠪᠡᠯ 凶 ᠦᠰᠦᠭ ᠢ ᠲᠡᠷᠡᠬᠦ ᠡᠷᠳᠡᠨ ᠤ ᠦᠶ᠎ᠡ ᠳᠤ ᠶᠠᠭᠠᠬᠢᠵᠣ ᠠᠪᠢᠶᠠᠯᠠᠵᠣ ᠪᠠᠶᠢᠭᠰᠠᠨ ᠪᠣᠢ ᠭᠡᠬᠦ ᠠᠰᠠᠭᠤᠳᠠᠯ ᠭᠠᠷᠴᠣ ᠢᠷᠡᠨ᠎ᠡ᠃ 凶 ᠤᠨ ᠲᠡᠭᠡᠳᠦ ᠡᠷᠳᠡᠨ ᠤ ᠠᠪᠢᠶ᠎ᠠ ᠮᠦᠨ qʰoŋ ᠪᠠᠶᠢᠵᠣ᠂ ᠲᠣᠮᠳᠠᠳᠣ ᠡᠷᠳᠡᠨ ᠤ ᠠᠪᠢᠶ᠎ᠠ ᠨᠢ hioŋ ᠪᠠᠶᠢᠵᠠᠢ᠃ ᠬᠤᠵᠢᠮ ᠤᠨ ᠬᠦᠮᠦᠰ ᠲᠣᠰ ᠲᠣᠯᠢ ᠪᠢᠴᠢᠭ ᠲᠤ ᠨᠡᠮᠡᠯᠳᠡ ᠵᠠᠰᠠᠪᠣᠷᠢ ᠣᠷᠣᠭᠤᠯᠣᠨ ᠲᠣᠰ ᠦᠰᠦᠭ ᠤᠨ ᠠᠪᠢᠶ᠎ᠠ ᠶᠢ 許容切 ᠭᠡᠵᠦ ᠬᠡᠷᠴᠢᠨ ᠭᠠᠯᠢᠭᠴᠢᠯᠠᠨ᠎ᠠ ᠭᠡᠵᠦ ᠲᠠᠶᠢᠯᠪᠣᠷᠢᠯᠠᠵᠠᠢ᠃ 許 ᠶᠢᠨ ᠲᠡᠭᠡᠳᠦ ᠡᠷᠳᠡᠨ ᠤ ᠠᠪᠢᠶ᠎ᠠ ᠨᠢ hŋaʔ᠂ ᠲᠣᠮᠳᠠᠳᠣ ᠡᠷᠳᠡᠨ ᠤ ᠠᠪᠢᠶ᠎ᠠ  ᠨᠢ hiɔ ᠪᠠᠶᠢᠭᠰᠠᠨ ᠪᠣᠯᠬᠤᠷ᠂ ᠲᠡᠭᠦᠨ ᠤ ᠡᠬᠢᠯᠡᠪᠦᠷᠢ ᠠᠪᠢᠶ᠎ᠠ ᠨᠢ ᠮᠦᠨ ︽h︾ ᠶᠣᠮ᠃ ᠡᠶᠢᠮᠦ ᠠᠴᠠ h ᠶᠢᠨ ᠬᠤᠶᠢᠨ᠎ᠠ 容 ᠤᠨ ᠠᠶᠠᠯᠭᠤ óng ᠢ ᠵᠠᠯᠭᠠᠪᠠᠯ ᠮᠦᠨ hóng ᠪᠣᠯᠣᠨ᠎ᠠ ᠭᠡᠵᠦ ᠦᠵᠡᠬᠦ ᠨᠢ ᠪᠣᠷᠣᠭᠤ ᠦᠭᠡᠢ ⑺匈 ᠦᠰᠦᠭ ᠤᠨ ᠲᠠᠩ ᠶᠦᠨ᠂ ᠭᠤᠸᠠᠩ ᠶᠦᠨ᠂ ᠵᠢᠢ ᠶᠦᠨ᠂ ᠶᠦᠨ ᠾᠦᠢ᠂ ᠵᠧᠩ ᠶᠦᠨ ᠵᠡᠷᠭᠡ ᠲᠣᠯᠢ ᠪᠢᠴᠢᠭ ᠳᠠᠬᠢ ᠠᠪᠢᠶ᠎ᠠ ᠠᠶᠠᠯᠭᠤ᠄ ᠪᠦᠷ 許容切 ᠪᠣᠶᠣ 虛容切 ᠭᠡᠵᠦ ᠬᠡᠷᠴᠢᠨ ᠭᠠᠯᠢᠭᠴᠢᠯᠠᠪᠠ᠃ 許 ᠪᠣᠯᠣᠨ 虛 ᠶᠢᠨ ᠡᠷᠳᠡᠨ ᠦᠶ᠎ᠡ ᠶᠢᠨ ᠡᠬᠢᠯᠡᠪᠣᠷᠢ ᠠᠪᠢᠶ᠎ᠠ ᠨᠢ ᠪᠦᠷ ᠾ᠊᠂ ᠲᠠᠷᠣᠢ ︽h︾ ᠪᠣᠯᠣᠨ᠎ᠠ᠃ ᠡᠶᠢᠮᠦ  ᠠᠴᠠ ᠮᠦᠨ ᠣᠶᠢᠷᠠᠯᠴᠠᠭ᠎ᠠ ᠪᠠᠷ hóng ᠭᠡᠰᠡᠨ ᠠᠪᠢᠶ᠎ᠠ ᠠᠶᠠᠯᠭᠤ ᠲᠠᠢ ᠦᠰᠦᠭ ᠪᠣᠯᠣᠨ᠎ᠠ᠃ ⑻匈 ᠦᠰᠦᠭ ᠤᠨ ᠲᠠᠩ ᠣᠯᠣᠰ ᠤᠨ ᠦᠶ᠎ᠡ ᠶᠢᠨ ᠠᠪᠢᠶ᠎ᠠ ᠨᠢ᠄ xiong ᠭᠡᠪᠡ᠃ ᠮᠦᠨ ᠲᠠᠷᠣᠢ ᠣᠶᠢᠷᠠᠯᠴᠠᠭ᠎ᠠ ᠪᠠᠷ hiong ᠪᠣᠯᠣᠨ᠎ᠠ᠃ ⑼匈 ᠦᠰᠦᠭ ᠤᠨ ᠶᠠᠫᠣᠨ ᠬᠡᠯᠡᠨ ᠳᠠᠬᠢ ᠣᠩᠰᠢᠯᠭ᠎ᠠ᠄ 匈奴 ᠭᠡᠳᠡᠭ ᠨᠡᠷ᠎ᠡ ᠦᠭᠡ ᠪᠠᠷ ᠣᠩᠰᠢᠪᠠᠯ᠂ ᠶᠠᠫᠣᠨ ᠬᠡᠯᠡᠨ ᠤ ᠡᠣ ᠶᠢᠨ ᠠᠶᠠᠯᠭᠤ ᠪᠠᠷ くぬ ᠭᠡᠵᠦ᠂ ᠬᠠᠨ ᠤ ᠠᠶᠠᠯᠭᠤ ᠪᠠᠷ きょうど ᠭᠡᠵᠦ ᠣᠩᠰᠢᠨ᠎ᠠ ᠭᠡᠵᠡᠢ᠃ く ᠪᠣᠯᠣᠨ きょう ᠨᠢ 匈 ᠲᠠᠢ ᠬᠠᠷᠠᠭᠠᠯᠵᠠᠨ᠂ ぬ ᠪᠣᠯᠣᠨ ど ᠨᠢ 奴 ᠲᠠᠢ ᠬᠠᠷᠠᠭᠠᠯᠵᠠᠨ᠎ᠠ ⑽匈 ᠦᠰᠦᠭ ᠤᠨ ᠺᠣᠷᠢᠶ᠎ᠠ ᠬᠡᠯᠡᠨ ᠳᠠᠬᠢ ᠣᠩᠰᠢᠯᠭ᠎ᠠ᠄ HUNG ᠭᠡᠵᠡᠢ ︵ᠾᠦᠩ ᠪᠣᠯᠣᠨ᠎ᠠ︶᠃ ⑾匈 ᠦᠰᠦᠭ ᠤᠨ ᠸᠢᠶᠧᠲᠨᠠᠮ ᠬᠡᠯᠡᠨ ᠳᠠᠬᠢ ᠣᠩᠰᠢᠯᠭ᠎ᠠ᠄ hung ᠭᠡᠪᠡ ︵ᠾᠦᠩ ᠪᠣᠯᠣᠨ᠎ᠠ︶᠃ ⑿匈 ᠦᠰᠦᠭ ᠤᠨ ᠬᠢᠳᠠᠳ ᠤᠨ ᠲᠣᠲᠣᠭᠠᠳᠣ ᠭᠠᠳᠠᠭᠠᠳᠣ ᠶᠢᠨ ᠬᠢᠳᠠᠳᠴᠢ ᠡᠷᠳᠡᠮᠳᠡᠳ ᠤᠨ ᠰᠡᠷᠭᠦᠭᠡᠭᠰᠡᠨ ᠲᠣᠮᠳᠠᠳᠣ ᠡᠷᠳᠡᠨ ᠤ ᠠᠪᠢᠶ᠎ᠠ ᠠᠶᠠᠯᠭᠤ᠄ xi̯woŋ᠂ xĭwoŋ᠂ xioŋ᠂ hɨoŋ᠂ hioŋ᠂ huawŋ ᠵᠡᠷᠭᠡ ᠭᠡᠵᠡᠢ ︵ᠣᠶᠢᠷᠠᠯᠴᠠᠭ᠎ᠠ ᠪᠠᠷ ᠪᠦᠷ ᠾᠦᠩ ᠪᠣᠶᠣ ᠾᠢᠶᠦᠩ ᠪᠣᠯᠣᠨ᠎ᠠ︶᠃ ⒀匈 ᠦᠰᠦᠭ ᠤᠨ ᠮᠣᠩᠭᠤᠯ ᠫᠠᠭᠰᠪᠠ ᠦᠰᠦᠭ ᠳᠠᠬᠢ ᠣᠩᠰᠢᠯᠭ᠎ᠠ᠄ Phags-pa ᠦᠰᠦᠭ ᠢᠶᠠᠷ ꡜꡦꡟꡃ ᠭᠡᠵᠦ ᠭᠠᠯᠢᠭᠴᠢᠯᠠᠨ᠂ hÿung ᠭᠡᠳᠡᠭ ᠯᠠᠲ᠋ᠢᠨ ᠭᠠᠯᠢᠭ ᠬᠠᠳᠠᠵᠠᠢ᠃ ⒁匈 ᠦᠰᠦᠭ ᠤᠨ ᠬᠢᠳᠠᠳ ᠤᠨ ᠣᠯᠠᠨ ᠨᠣᠳᠤᠭ ᠤᠨ ᠬᠡᠯᠡᠨ ᠳᠠᠬᠢ ᠠᠪᠢᠶ᠎ᠠ᠄ ᠺᠧ ᠵᠢᠶᠠ ᠬᠡᠯᠡᠨ ᠤ ᠣᠯᠠᠨ ᠰᠠᠯᠪᠣᠷᠢ ᠳᠤ ᠪᠦᠷ ᠮᠠᠰᠢ ᠨᠢᠭᠡᠳᠦᠯ ᠲᠠᠢ ᠪᠠᠷ hiung1 ᠭᠡᠵᠡᠢ᠃ ᠶᠣᠸᠠᠢ ᠬᠡᠯᠡᠨ ᠳᠤ ᠪᠣᠯ hʊŋ ︵hung1︶ ᠭᠡᠵᠦ᠂ ᠮᠢᠨᠨᠠᠨ ᠬᠡᠯᠡᠨ ᠳᠤ hiɔŋ᠂ hœŋ᠂ hioŋ ᠪᠠᠷ ᠭᠤᠣᠯᠳᠠᠬᠤ ᠲᠦᠯᠦᠪᠳᠡᠢ ᠪᠠᠶᠢᠨ᠎ᠠ᠂ ᠪᠣᠰᠣᠳ ᠢ ᠨᠢ ᠲᠣᠪᠴᠢᠯᠠᠪᠠ᠃ ⒂匈 ᠦᠰᠦᠭ ᠤᠨ ︽ᠬᠢᠳᠠᠳ ᠬᠡᠯᠡᠨ ᠤ ᠨᠣᠳᠤᠭ ᠤᠨ ᠠᠪᠢᠶᠠᠨ ᠤ ᠲᠣᠯᠢ︾ ᠳᠠᠬᠢ ᠠᠪᠢᠶ᠎ᠠ᠄ ᠦᠨᠳᠦᠰᠦᠨ  ᠲᠡᠭᠡᠨ ᠡᠮᠦᠨᠡᠬᠢ ᠵᠣᠷᠪᠣᠰ ᠲᠠᠢ ᠠᠳᠠᠯᠢ᠂ ᠪᠦᠷ ᠾᠢᠶᠦᠩ ᠪᠣᠶᠣ ᠾᠦᠩ ᠭᠡᠵᠦ ᠰᠣᠨᠣᠰᠳᠠᠵᠣ ᠪᠠᠶᠢᠨ᠎ᠠ᠃ ⒃匈 ᠦᠰᠦᠭ ᠤᠨ ᠡᠷᠳᠡᠨ ᠤ ᠠᠪᠢᠶᠠᠨ ᠤ ᠬᠢᠨᠠᠨ ᠲᠣᠭᠳᠠᠭᠠᠯᠳᠠ᠄ ᠾᠦᠨ᠂ ᠾᠦᠩ᠂ ᠾᠢᠶᠦᠩ ᠵᠡᠷᠭᠡ  ᠠᠴᠠ ᠣᠶᠢᠷᠬᠠᠨ ᠠᠪᠢᠶ᠎ᠠ ᠪᠣᠯᠣᠨ᠎ᠠ᠃ ︽ᠰᠣᠳᠣᠷ ᠲᠡᠮᠳᠡᠭᠯᠡᠯ · ᠸᠧᠢ ᠴᠢᠩ᠂ ᠾᠦᠸᠧ ᠴᠢᠥᠢ ᠪᠢᠩ ᠤᠨ ᠨᠠᠮᠳᠠᠷ︾ ᠤᠨ ᠬᠤᠶᠢᠨ᠎ᠠ ᠲᠠᠭᠠᠯᠳᠠ ᠪᠣᠯᠭᠠᠨ ᠵᠢᠬᠰᠠᠭᠠᠭᠰᠠᠨ ᠠᠷᠪᠠᠨ ᠵᠢᠷᠭᠤᠭᠠᠨ ᠵᠠᠩᠵᠣᠨ ᠤ ᠱᠠᠰᠳᠢᠷ ᠲᠤ ᠠᠷᠪᠠᠨ ᠵᠢᠷᠭᠤᠳᠣᠭᠠᠷ ᠵᠠᠩᠵᠣᠨ ᠵᠣᠣ ᠫᠦᠸᠧ ᠨᠣ᠋ ᠶᠢᠨ ᠨᠠᠮᠳᠠᠷ ᠲᠤ ᠦᠬᠦᠯᠡᠭᠰᠡᠨ ᠨᠢ ᠵᠣᠣ ᠫᠦᠸᠧ ᠨᠣ᠋ ᠁ ᠾᠦᠩ ᠾᠧ ᠵᠠᠩᠵᠣᠨ ︵匈河將軍︶ ᠪᠣᠯᠵᠣ ᠬᠣ᠋ ᠶᠢ ᠲᠣᠪᠳᠣᠯᠣᠨ 匈河 ᠭᠤᠣᠯ ᠳᠤ ᠬᠦᠷᠳᠡᠯ᠎ᠡ ᠶᠠᠪᠣᠭᠠᠳ ᠭᠠᠪᠢᠶ᠎ᠠ ᠦᠭᠡᠢ ᠪᠣᠴᠠᠵᠣ ᠢᠷᠡᠪᠡᠢ ᠭᠡᠵᠦ ᠲᠡᠮᠳᠡᠭᠯᠡᠵᠦ ᠪᠠᠶᠢᠮᠣᠢ᠃ ᠡᠨᠡᠬᠦ 匈河 ᠭᠤᠣᠯ ᠢ ︽ᠾᠦᠩᠨᠦ ᠶᠢᠨ ᠱᠠᠰᠳᠢᠷ︾ ᠤᠨ ᠪᠣᠰᠣᠳ ᠬᠡᠰᠡᠭ ᠲᠤ ᠪᠦᠷ 匈奴河 ᠭᠡᠵᠦ ᠨᠡᠷᠡᠶᠢᠳᠦᠵᠦ᠂ ᠵᠣᠣ ᠫᠦᠸᠧ ᠨᠣ᠋ ᠬᠣ᠋ ᠶᠢ ᠲᠣᠪᠳᠣᠯᠣᠨ᠂ ᠭᠤᠷᠪᠠᠨ ᠮᠢᠩᠭᠠᠨ ᠢᠯᠡᠭᠦᠥ ᠭᠠᠵᠠᠷ ᠠᠶᠠᠯᠠᠵᠣ᠂ 匈奴河 ᠭᠤᠣᠯ ᠳᠤ ᠬᠦᠷᠳᠡᠯ᠎ᠡ ᠶᠠᠪᠣᠭᠠᠳ ᠲᠠᠶᠢᠰᠣᠨ ᠤ ᠬᠦᠮᠦᠨ ᠲᠠᠢ ᠨᠢᠭᠡᠴᠦ ᠣᠯᠵᠣ ᠬᠠᠷᠭᠤᠭᠰᠠᠨ ᠦᠭᠡᠢ ᠪᠣᠴᠠᠵᠣ ᠢᠷᠡᠪᠡ ᠭᠡᠵᠦ ᠲᠡᠮᠳᠡᠭᠯᠡᠵᠦ ᠪᠠᠶᠢᠨ᠎ᠠ᠃ ᠡᠨᠡᠬᠦ ᠭᠤᠣᠯ ᠪᠣᠯ ᠮᠣᠩᠭᠤᠯ ᠣᠯᠣᠰ ᠤᠨ ᠠᠷᠣ ᠬᠠᠩᠭᠠᠢ ᠠᠶᠢᠮᠠᠭ ᠲᠤ ᠪᠠᠶᠢᠭ᠎ᠠ ᠭᠤᠣᠯ ᠮᠦᠨ᠃ ᠣᠳᠣ ᠪᠣᠯᠳᠠᠯ᠎ᠠ ᠲᠡᠭᠦᠨ ᠢ ᠮᠦᠨ ︽ᠾᠦᠨ ᠤ ᠭᠤᠣᠯ︾ ︵ᠬᠦᠮᠦᠨ ᠤ ᠭᠤᠣᠯ︶ ᠭᠡᠵᠦ ᠨᠡᠷᠡᠯᠡᠭᠰᠡᠭᠡᠷ ᠪᠠᠶᠢᠭ᠎ᠠ ᠶᠣᠮ᠃ ᠡᠨᠡ ᠭᠤᠣᠯ ᠤᠨ ᠨᠡᠷ᠎ᠡ 匈奴河 ᠭᠡᠳᠡᠭ ᠦᠭᠡ ᠲᠠᠢ ᠮᠠᠰᠢ ᠰᠠᠶᠢᠬᠠᠨ ᠠᠪᠢᠶ᠎ᠠ ᠠᠪᠣᠴᠠᠯᠳᠣᠵᠣ ᠪᠠᠶᠢᠨ᠎ᠠ᠃ ᠡᠭᠦᠨ ᠠᠴᠠ ᠦᠵᠡᠪᠡᠯ 匈 ᠦᠰᠦᠭ ᠢ ᠮᠦᠨ ᠣᠳᠣ ᠪᠣᠯᠳᠠᠯ᠎ᠠ ᠮᠣᠩᠭᠤᠯ ᠳᠤ ᠾᠦᠨ ︵ᠬᠦᠮᠦᠨ ᠲᠠᠢ ᠠᠳᠠᠯᠢ ᠠᠪᠢᠶ᠎ᠠ︶ ᠭᠡᠵᠦ ᠣᠩᠰᠢᠭᠰᠠᠭᠠᠷ ᠠᠮᠣᠢ᠃ 奴 ᠦᠰᠦᠭ᠄ ⑴奴 ᠦᠰᠦᠭ ᠤᠨ ᠬᠢᠳᠠᠳ ᠬᠡᠯᠡᠨ ᠳᠠᠬᠢ ᠣᠳᠬ᠎ᠠ᠄ ᠣᠣᠯ ᠦᠭᠡ ᠶᠢᠨ ᠣᠳᠬ᠎ᠠ ᠨᠢ ᠪᠣᠭᠤᠯ ᠰᠢᠪᠡᠭᠴᠢᠨ ᠢ ᠵᠢᠭᠠᠳᠠᠭ ᠲᠣᠰᠬᠠᠢ ᠨᠡᠷ᠎ᠡ ᠦᠭᠡ ᠪᠠᠶᠢᠵᠠᠢ᠃ ᠲᠣᠰ ᠦᠰᠦᠭ ᠢᠶᠠᠷ ᠪᠦᠷᠢᠯᠳᠦᠭᠰᠡᠨ ᠬᠤᠷᠰᠢᠶ᠎ᠠ ᠦᠭᠡ ᠬᠡᠳᠦᠨ ᠠᠷᠪᠠ  ᠪᠠᠷ ᠲᠣᠭᠠᠯᠠᠭᠳᠠᠬᠤ ᠣᠯᠠᠨ ᠪᠠᠶᠢᠵᠣ᠂ ᠭᠤᠣᠯᠳᠠᠭᠤ ᠪᠣᠭᠤᠯ ᠰᠢᠪᠡᠭᠴᠢᠨ᠂ ᠡᠰᠡᠬᠦᠯ᠎ᠡ ᠵᠠᠷᠢᠮ ᠬᠦᠮᠦᠰ ᠡᠰᠡᠷᠭᠦ ᠡᠳᠡᠭᠡᠳ ᠢᠶᠠᠨ ᠬᠦᠨᠳᠦᠳᠭᠡᠬᠦ ᠦᠶ᠎ᠡ ᠳᠤ ᠦᠪᠡᠷ ᠢ ᠬᠦᠩᠭᠡᠮᠰᠦᠭᠯᠡᠨ ᠲᠠᠨ ᠤ ᠪᠣᠭᠤᠯ ᠭᠡᠵᠦ ᠦᠬᠦᠯᠡᠬᠦ᠂ ᠪᠠᠰᠠ ᠬᠢᠳᠠᠳ ᠤᠨ ᠨᠡᠯᠢᠶᠡᠳ ᠪᠣᠯᠪᠠᠰᠣᠨ ᠬᠠᠷᠢᠶᠠᠳᠣ ᠵᠡᠷᠭᠡ ᠪᠠᠷ ᠬᠡᠷᠡᠭᠯᠡᠳᠡᠭ ᠪᠠᠶᠢᠵᠠᠢ᠃ ⑵奴 ᠦᠰᠦᠭ ᠤᠨ ᠣᠳᠣ ᠦᠶ᠎ᠡ ᠶᠢᠨ ᠯᠠᠲ᠋ᠢᠨ ᠭᠠᠯᠢᠭ᠄ nú ᠪᠣᠯᠣᠨ᠎ᠠ᠃ ⑶奴 ᠦᠰᠦᠭ ᠤᠨ ᠬᠢᠳᠠᠳ ᠤᠨ ︽ᠣᠯᠣᠰ ᠤᠨ ᠬᠡᠯᠡᠨ ᠤ ᠦᠭᠡᠰ ᠤᠨ ᠲᠣᠯᠢ︾ ᠲᠠᠬᠢ ᠣᠳᠬ᠎ᠠ ᠶᠢᠨ ᠲᠠᠶᠢᠯᠪᠣᠷᠢ᠄ ᠶᠠᠯ᠎ᠠ ᠶᠢᠨ ᠲᠠᠩᠰᠠᠨ ᠳᠤ ᠣᠷᠣᠭᠰᠠᠨ ᠬᠦᠮᠦᠨ ᠤ ᠡᠷᠡᠭᠳᠡᠢ ᠶᠢ ᠨᠢ ᠪᠣᠭᠤᠯ ︵奴︶ ᠭᠡᠵᠦ᠂ ᠡᠮᠡᠭᠳᠡᠢ  ᠶᠢ ᠨᠢ ᠰᠢᠪᠡᠭᠴᠢᠨ ︵婢︶ ᠬᠡᠮᠡᠮᠣᠢ ᠭᠡᠵᠡᠢ᠃ ⑷奴 ᠦᠰᠦᠭ ᠤᠨ ᠲᠡᠭᠡᠳᠦ ᠡᠷᠳᠡᠨ ᠤ ᠠᠪᠢᠶ᠎ᠠ ᠠᠶᠠᠯᠭᠤ᠄ naː ᠭᠡᠪᠡ᠃ ⑸奴 ᠦᠰᠦᠭ ᠤᠨ ᠴᠢᠨ ᠣᠯᠣᠰ ᠠᠴᠠ ᠡᠮᠦᠨᠡᠬᠢ ᠠᠪᠢᠶ᠎ᠠ ᠠᠶᠠᠯᠭᠤ᠄ ᠠᠪᠢᠶ᠎ᠠ ᠨᠢ᠄ n᠂ ᠠᠶᠠᠯᠭᠤ ᠨᠢ᠄ a᠂ ɑɡ᠂ aɣ᠂ ag ᠵᠡᠷᠭᠡ ᠭᠡᠵᠡᠢ᠃ ᠲᠠᠷᠣᠢ ᠨᠠ ᠪᠣᠶᠣ ᠨᠠᠭ ᠵᠡᠷᠭᠡ ᠪᠣᠯᠣᠨ᠎ᠠ᠃ ⑹奴 ᠦᠰᠦᠭ ᠤᠨ ᠬᠠᠨ ᠣᠯᠣᠰ ᠤᠨ ᠦᠶ᠎ᠡ ᠶᠢᠨ ᠲᠣᠯᠢ ᠪᠢᠴᠢᠭ ︽ᠦᠰᠦᠭ ᠪᠢᠴᠢᠭ ᠤᠨ ᠲᠠᠶᠢᠯᠪᠣᠷᠢ︾  ᠳᠠᠬᠢ ᠠᠪᠢᠶ᠎ᠠ ᠠᠶᠠᠯᠭᠤ᠄ ᠬᠤᠵᠢᠮ ᠤᠨ ᠬᠦᠮᠦᠰ ᠤᠨ ᠨᠡᠮᠡᠭᠰᠡᠨ ᠠᠪᠢᠶᠠᠨ ᠲᠠᠶᠢᠯᠪᠣᠷᠢ ᠨᠢ 乃都切 ᠭᠡᠵᠦ ᠬᠡᠷᠴᠢᠨ ᠭᠠᠯᠢᠭᠴᠢᠯᠠᠵᠠᠢ᠃ ᠵᠠᠷᠢᠮ ᠪᠠᠷ ᠤᠨ ︽ᠦᠰᠦᠭ ᠪᠢᠴᠢᠭ ᠤᠨ ᠲᠠᠶᠢᠯᠪᠣᠷᠢ ᠲᠣᠯᠢ︾ ᠳᠤ ᠲᠣᠰ ᠦᠰᠦᠭ  ᠤᠨ ᠡᠷᠳᠡᠨ ᠤ ᠪᠢᠴᠢᠯᠭᠡ ᠨᠢ 㚢 ᠭᠡᠵᠦ ᠪᠢᠴᠢᠨ᠎ᠡ ᠭᠡᠵᠦ ᠬᠡᠯᠡᠭᠡᠳ᠂ 奴 ᠶᠢᠨ ᠣᠩᠰᠢᠯᠭ᠎ᠠ ᠶᠢ ᠲᠠᠶᠢᠯᠪᠣᠷᠢᠭᠰᠠᠨ ᠦᠭᠡᠢ᠂ ᠵᠦᠪᠬᠡᠨ ᠣᠳᠬ᠎ᠠ ᠶᠢ ᠨᠢ ᠶᠠᠯᠠᠳᠣ ᠬᠦᠮᠦᠨ ᠢ ᠪᠣᠭᠤᠯ ᠬᠡᠮᠡᠮᠣᠢ ᠭᠡᠵᠦ ᠲᠠᠶᠢᠯᠪᠣᠷᠢᠯᠠᠭᠰᠠᠨ ᠳᠡᠳᠦᠢ᠃ ᠭᠡᠪᠡᠴᠦ 㚢 ᠦᠰᠦᠭ ᠢ 从人亩聲 ᠭᠡᠵᠦ ᠲᠠᠶᠢᠯᠪᠣᠷᠢᠯᠠᠭᠰᠠᠨ ᠠᠴᠠ ᠦᠵᠡᠪᠡᠯ ᠮᠣ᠋ ᠭᠡᠵᠦ ᠣᠩᠰᠢᠪᠠᠯ ᠵᠦᠪ ᠰᠢᠭ᠂ ᠭᠡᠳᠡᠯ᠎ᠡ ᠡᠨᠡᠬᠦ ᠲᠠᠶᠢᠯᠪᠣᠷᠢ ᠶᠢ ᠣᠯᠠᠨ ᠡᠷᠳᠡᠮᠳᠡᠳ ᠪᠦᠷ ᠪᠣᠷᠣᠭᠤ ᠭᠡᠵᠦ ᠣᠯᠠᠨ ᠵᠦᠢᠯ ᠢᠶᠠᠷ ᠲᠠᠬᠢᠨ ᠲᠠᠪᠳᠠᠨ ᠲᠠᠶᠢᠯᠪᠣᠷᠢᠯᠠᠭᠰᠠᠨ ᠪᠣᠯᠪᠠᠴᠣ᠂ ᠬᠠᠷᠢᠯᠴᠠᠨ ᠶᠡᠬᠡᠯ᠎ᠡ ᠵᠦᠷᠢᠶ᠎ᠡ ᠲᠠᠢ ᠪᠠᠶᠢᠭ᠎ᠠ ᠪᠣᠯᠬᠤᠷ᠂ ᠠᠳᠡ ᠲᠦᠷ ᠦᠬᠦᠯᠡᠬᠦ ᠦᠭᠡᠢ ᠣᠷᠬᠢᠶ᠎ᠠ᠃ ᠨᠦᠭᠦᠭᠡ ᠲᠠᠯ᠎ᠠ ᠠᠴᠠ ᠡᠨᠡᠬᠦ 亩 ᠦᠰᠦᠭ ᠨᠢ ᠣᠳᠣ ᠦᠶ᠎ᠡ ᠶᠢᠨ 亩 ᠦᠰᠦᠭ  ᠲᠠᠢ ᠪᠢᠴᠢᠯᠭᠡ ᠨᠢ ᠠᠳᠠᠯᠢ ᠪᠣᠯᠪᠠᠴᠣ ᠨᠢᠭᠡ ᠦᠰᠦᠭ ᠪᠢᠰᠢ ᠪᠣᠯᠣᠯᠳᠠᠢ᠂ ᠣᠴᠢᠷ ᠨᠢ ᠲᠣᠰ ᠦᠰᠦᠭ ᠢ ᠪᠦᠷ ᠵᠢᠷᠤᠭ  ᠢᠶᠠᠷ ᠣᠷᠣᠭᠤᠯᠵᠠᠢ᠃ ᠬᠡᠷᠪᠡ ᠠᠳᠠᠯᠢ ᠦᠰᠦᠭ ᠪᠣᠯ ᠵᠢᠷᠤᠭ ᠢᠶᠠᠷ ᠣᠷᠣᠭᠤᠯᠬᠤ ᠬᠡᠷᠡᠭᠴᠡᠭᠡ ᠦᠭᠡᠢ ᠶᠣᠮ᠃ ᠡᠶᠢᠮᠦ  ᠠᠴᠠ 乃都切 ᠶᠢ ᠯᠠᠪᠯᠠᠵᠣ ︽ᠨᠦ᠋︾ ᠭᠡᠵᠦ ᠣᠩᠰᠢᠬᠤ ᠨᠢ ᠵᠦᠪ ᠪᠣᠯᠣᠨ᠎ᠠ ᠭᠡᠵᠦ ᠦᠵᠡᠵᠦ ᠪᠠᠶᠢᠨ᠎ᠠ᠃ ⑺奴 ᠦᠰᠦᠭ ᠤᠨ ᠲᠠᠩ ᠶᠦᠨ᠂ ᠭᠤᠸᠠᠩ ᠶᠦᠨ᠂ ᠵᠢᠢ ᠶᠦᠨ᠂ ᠶᠦᠨ ᠾᠦᠢ᠂ ᠵᠧᠩ ᠶᠦᠨ ᠵᠡᠷᠭᠡ ᠲᠣᠯᠢ ᠪᠢᠴᠢᠭ ᠳᠠᠬᠢ ᠠᠪᠢᠶ᠎ᠠ ᠠᠶᠠᠯᠭᠤ᠄ ᠪᠦᠷ 乃都切 ᠭᠡᠬᠦ ᠪᠣᠶᠣ 農 ︵农︶ 都切 ᠭᠡᠵᠦ ᠬᠡᠷᠴᠢᠨ ᠭᠠᠯᠢᠭᠴᠢᠯᠠᠨ 孥 ᠭᠡᠵᠦ ᠣᠩᠰᠢᠮᠣᠢ ᠭᠡᠵᠡᠢ᠃ 孥 ᠶᠢᠨ ᠡᠷᠳᠡᠨ ᠤ ᠣᠩᠰᠢᠯᠭ᠎ᠠ ᠨᠢ 从巾奴聲 ᠪᠣᠯᠣᠨ᠎ᠠ᠃ ᠮᠦᠨ 乃都切 ᠭᠡᠵᠦ ᠬᠡᠷᠴᠢᠨ ᠭᠠᠯᠢᠭᠴᠢᠯᠠᠪᠠ᠃ ᠡᠶᠢᠮᠦ ᠠᠴᠠ ᠲᠣᠰ ᠦᠰᠦᠭ ᠢ ᠲᠣᠮᠳᠠᠳᠣ ᠡᠷᠳᠡᠨ ᠤ ᠠᠪᠢᠶ᠎ᠠ ᠪᠠ ᠲᠣᠬᠠᠢ ᠶᠢᠨ ᠦᠶ᠎ᠡ ᠳᠤ ᠲᠣᠰ ᠦᠰᠦᠭ ᠢᠶᠠᠷ ᠮᠣᠩᠭᠤᠯ ᠬᠡᠯᠡᠨ ᠤ ︽ ᠤ︾ ᠶᠢ ᠠᠪᠢᠶᠠᠴᠢᠯᠠᠨ ᠣᠷᠴᠢᠭᠤᠯᠵᠣ ᠪᠠᠶᠢᠭᠰᠠᠨ ᠪᠠᠶᠢᠳᠠᠯ ᠢ ᠦᠨᠳᠦᠰᠦᠯᠡᠨ ᠨᠦ᠋ ᠭᠡᠵᠦ ᠲᠣᠭᠳᠠᠭᠠᠪᠠ᠃ ⑻奴 ᠦᠰᠦᠭ ᠤᠨ ᠲᠠᠩ ᠣᠯᠣᠰ ᠤᠨ ᠦᠶ᠎ᠡ ᠶᠢᠨ ᠠᠪᠢᠶ᠎ᠠ ᠨᠢ᠄ *no ᠭᠡᠪᠡ᠃ ⑼奴 ᠦᠰᠦᠭ ᠤᠨ ᠶᠠᠫᠣᠨ ᠬᠡᠯᠡᠨ ᠳᠠᠬᠢ ᠣᠩᠰᠢᠯᠭ᠎ᠠ᠄ ᠳ᠋ᠠᠩ 奴 ᠦᠰᠦᠭ ᠤᠨ ᠶᠠᠫᠣᠨ ᠬᠡᠯᠡᠨ ᠳᠠᠬᠢ ᠠᠪᠢᠶᠠᠨ ᠤ ᠣᠩᠰᠢᠯᠭ᠎ᠠ ᠶᠢ ᠡᠷᠢᠵᠣ ᠣᠯᠣᠭᠰᠠᠨ ᠦᠭᠡᠢ᠂ ᠭᠡᠪᠡᠴᠦ ᠬᠡᠷᠪᠡ 奴僕 ᠭᠡᠳᠡᠭ ᠬᠡᠪᠰᠢᠭᠰᠡᠨ ᠦᠭᠡ  ᠶᠢ ᠪᠣᠯ ᠲᠣᠣᠷᠠᠬᠢ ᠮᠡᠳᠦ ᠬᠤᠶᠠᠷ ᠵᠦᠢᠯ ᠢᠶᠠᠷ ᠠᠪᠢᠶᠠᠯᠠᠳᠠᠭ ᠶᠣᠮ ᠪᠠᠶᠢᠨ᠎ᠠ᠃ ᠨᠢᠭᠡ ᠨᠢ ぬぼく ᠭᠡᠬᠦ ᠳᠤ᠂ ᠨᠦᠬᠦᠭᠡ ᠨᠢ どぼく ᠭᠡᠳᠡᠭ᠂ ᠲᠠᠷᠣᠢ 匈奴 ᠵᠣᠷᠪᠣᠰ ᠤᠨ 奴 ᠦᠰᠦᠭ ᠤᠨ ᠶᠠᠫᠣᠨ ᠬᠡᠯᠡᠨ ᠤ ᠣᠩᠰᠢᠯᠭ᠎ᠠ ᠲᠠᠢ ᠨᠢᠭᠡᠨ ᠠᠳᠠᠯᠢ ᠪᠠᠶᠢᠨ᠎ᠠ᠃ ⑽奴 ᠦᠰᠦᠭ ᠤᠨ ᠺᠣᠷᠢᠶ᠎ᠠ ᠬᠡᠯᠡᠨ ᠳᠠᠬᠢ ᠣᠩᠰᠢᠯᠭ᠎ᠠ᠄ NO ᠭᠡᠵᠡᠢ᠃ ⑾奴 ᠦᠰᠦᠭ ᠤᠨ ᠸᠢᠶᠧᠲᠨᠠᠮ ᠬᠡᠯᠡᠨ ᠳᠠᠬᠢ ᠣᠩᠰᠢᠯᠭ᠎ᠠ᠄ nô ᠭᠡᠪᠡ᠃ ⑿奴 ᠦᠰᠦᠭ ᠤᠨ ᠬᠢᠳᠠᠳ ᠤᠨ ᠲᠣᠲᠣᠭᠠᠳᠣ ᠭᠠᠳᠠᠭᠠᠳᠣ ᠶᠢᠨ ᠬᠢᠳᠠᠳᠴᠢ ᠡᠷᠳᠡᠮᠳᠡᠳ ᠤᠨ ᠰᠡᠷᠭᠦᠭᠡᠭᠰᠡᠨ ᠲᠣᠮᠳᠠᠳᠣ ᠡᠷᠳᠡᠨ ᠤ ᠠᠪᠢᠶ᠎ᠠ ᠠᠶᠠᠯᠭᠤ᠄ nuo᠂ nu᠂ no᠂ nɔ ᠵᠡᠷᠭᠡ ᠪᠣᠢ᠃ ⒀奴 ᠦᠰᠦᠭ ᠤᠨ ᠮᠣᠩᠭᠤᠯ ᠫᠠᠭᠰᠪᠠ ᠦᠰᠦᠭ ᠳᠠᠬᠢ ᠣᠩᠰᠢᠯᠭ᠎ᠠ᠄ ꡋꡟ ᠭᠡᠵᠦ᠂ nu ᠭᠡᠳᠡᠭ ᠯᠠᠲ᠋ᠢᠨ ᠭᠠᠯᠢᠭ ᠬᠠᠳᠠᠵᠠᠢ᠃ ⒁奴 ᠦᠰᠦᠭ ᠤᠨ ᠬᠢᠳᠠᠳ ᠬᠡᠯᠡᠨ ᠤ ᠣᠯᠠᠨ ᠨᠣᠳᠤᠭ ᠤᠨ ᠠᠪᠢᠶᠠᠨ ᠳᠠᠬᠢ ᠠᠪᠢᠶ᠎ᠠ᠄ ᠺᠧ ᠵᠢᠶᠠ ᠬᠡᠯᠡᠨ ᠤ ᠣᠯᠠᠨ ᠰᠠᠯᠪᠣᠷᠢ ᠳᠤ nu2᠂ nung2᠂ lu2᠂ ᠵᠷᠭᠡ ᠪᠠᠶᠢᠵᠣ᠂ ᠶᠣᠸᠠᠢ ᠬᠡᠯᠡᠨ ᠳᠤ ᠪᠣᠯ nou4᠂ nu ᠭᠡᠵᠦ᠂ ᠮᠢᠨᠨᠠᠨ ᠬᠡᠯᠡᠨ ᠳᠤ ᠭᠤᠣᠯᠳᠠᠭᠤ lɔ᠂ nɔ᠂ nou ᠭᠡᠵᠡᠢ᠃ ᠬᠢᠳᠠᠳ ᠬᠡᠯᠡᠨ ᠳᠤ n᠂ l ᠭᠡᠶᠢᠭᠦᠯᠦᠭᠴᠢ ᠶᠢ ᠰᠡᠯᠭᠦᠴᠡᠨ ᠬᠡᠷᠡᠭᠯᠡᠬᠦ ᠦᠵᠡᠭᠳᠡᠯ ᠮᠠᠰᠢ ᠲᠦᠭᠡᠮᠡᠯ ᠪᠠᠶᠢᠭᠰᠠᠨ ᠶᠣᠮ᠃ ᠴᠢᠨᠠᠭᠰᠢᠯᠠᠪᠠᠯ n᠂ l᠂ r᠂ y ᠵᠡᠷᠭᠡ ᠶᠢ ᠪᠦᠷ ᠰᠡᠯᠭᠦᠴᠡᠨ ᠬᠡᠷᠡᠭᠯᠡᠬᠦ ᠦᠵᠡᠭᠳᠡᠯ ᠴᠦ ᠪᠠᠶᠢᠭᠤ ᠶᠣᠮ᠃ ᠡᠶᠢᠮᠦ ᠠᠴᠠ n ᠶᠢ l ᠪᠠᠷ ᠠᠪᠢᠶᠠᠯᠠᠬᠤ ᠂ r ᠶᠢ n᠂ l᠂ y ᠵᠡᠷᠭᠡ ᠪᠠᠷ ᠠᠪᠢᠶᠠᠯᠠᠬᠤ ᠦᠵᠡᠭᠳᠡᠯ ᠴᠦ ᠲᠣᠩ ᠲᠦᠭᠡᠮᠡᠯ ᠪᠠᠶᠢᠳᠠᠭ ᠶᠣᠮ᠃ ⒂奴 ᠦᠰᠦᠭ ᠤᠨ ︽ᠬᠢᠳᠠᠳ ᠬᠡᠯᠡᠨ ᠤ ᠨᠣᠳᠤᠭ ᠤᠨ ᠠᠪᠢᠶᠠᠨ ᠤ ᠲᠣᠯᠢ︾ ᠳᠠᠬᠢ ᠠᠪᠢᠶ᠎ᠠ᠄ ᠯᠣ᠋᠂ ᠨᠣ᠋ ︵ᠪᠦᠷ ᠲᠦᠷᠪᠡᠳᠦᠭᠡᠷ ᠡᠭᠡᠰᠢᠭ︶ ᠪᠣᠯᠣᠨ ᠨᠦ᠋ ︵ᠲᠣᠯᠣᠳᠣᠭᠠᠷ ᠡᠭᠡᠰᠢᠭ︶ ᠢᠶᠠᠷ ᠰᠣᠨᠣᠰᠳᠠᠵᠣ ᠪᠠᠶᠢᠨ᠎ᠠ᠃ ⒃奴 ᠦᠰᠦᠭ ᠤᠨ ᠡᠷᠳᠡᠨ ᠤ ᠠᠪᠢᠶᠠᠨ ᠤ ᠬᠢᠨᠠᠨ ᠲᠣᠭᠳᠠᠭᠠᠯᠳᠠ᠄ ᠬᠡᠳᠦᠶᠢᠪᠡᠷ ᠲᠣᠰ ᠦᠰᠦᠭ ᠤᠨ ᠲᠡᠭᠡᠳᠦ ᠡᠷᠳᠡᠨ ᠤ ᠠᠪᠢᠶ᠎ᠠ ᠨᠢ ᠨᠠ ︵naː︶ ᠭᠡᠳᠡᠭ ᠪᠣᠯᠪᠠᠴᠣ᠂ ᠨᠣ᠋ ︵ᠲᠦᠷᠪᠡ ᠲᠠᠪᠣᠳᠣᠭᠠᠷ ᠡᠭᠡᠰᠢᠭ︶ ᠪᠠᠷ ᠬᠡᠪᠰᠢᠨ ᠣᠩᠰᠢᠭᠰᠠᠨ ᠴᠠᠭ ᠨᠢ ᠬᠠᠷᠢᠨ ᠮᠠᠰᠢ ᠡᠷᠳᠡᠨ ᠤ ᠬᠡᠷᠡᠭ ᠪᠠᠶᠢᠭᠰᠠᠨ ᠪᠣᠯᠣᠯᠳᠠᠢ᠃ ᠲᠣᠰ ᠦᠰᠦᠭ ᠢ ︽ᠰᠣᠳᠣᠷ ᠲᠡᠮᠳᠡᠭᠯᠡᠯ︾ ᠤᠨ ᠾᠦᠩᠨᠦ ᠶᠢᠨ ᠱᠠᠰᠳᠢᠷ ᠲᠤ ᠬᠡᠷᠡᠭᠯᠡᠵᠦ ᠪᠠᠶᠢᠭ᠎ᠠ ᠪᠠᠶᠢᠳᠠᠯ ᠢᠶᠠᠷ ᠦᠵᠡᠪᠡᠯ᠂ ᠶᠠᠭ ᠣᠳᠣᠬᠢ ᠮᠣᠩᠭᠤᠯ ᠬᠡᠯᠡᠨ ᠤ ︽ ᠤ︾ ᠲᠠᠭᠠᠪᠣᠷᠢ ᠶᠢ ᠠᠪᠢᠶᠠᠴᠢᠯᠠᠨ ᠣᠷᠴᠢᠭᠤᠯᠵᠣ ᠪᠠᠶᠢᠭᠰᠠᠨ ᠵᠢᠱᠢᠶ᠎ᠡ ᠣᠯᠠᠨ ᠪᠠᠶᠢᠭ᠎ᠠ ᠶᠣᠮ ᠃ ᠵᠢᠱᠢᠶᠡᠯᠡᠪᠡᠯ᠄ 匈奴河 ᠭᠡᠳᠡᠭ ᠨᠡᠷ᠎ᠡ ᠦᠭᠡ ᠠᠴᠠ ᠦᠵᠡᠪᠡᠯ᠂ ︽ᠾᠦᠨ ᠤ ᠭᠤᠣᠯ︾ ᠭᠡᠳᠡᠭ ᠦᠭᠡ ᠪᠣᠯᠣᠨ᠎ᠠ᠃ ᠡᠨᠡᠬᠦ ᠭᠤᠣᠯ ᠮᠣᠩᠭᠤᠯ ᠣᠯᠣᠰ ᠤᠨ ᠠᠷᠣ ᠬᠠᠩᠭᠠᠢ ᠠᠶᠢᠮᠠᠭ ᠲᠤ ᠪᠠᠶᠢᠵᠣ᠂ ᠣᠳᠣ ᠴᠦ ᠭᠡᠳ ᠾᠦᠨ  ᠤ ᠭᠤᠣᠯ ︵ᠬᠦᠮᠦᠨ ᠤ ᠭᠤᠣᠯ︶ ᠭᠡᠵᠦ ᠨᠡᠷᠡᠯᠡᠭᠰᠡᠭᠡᠷ ᠭᠡᠳᠡᠭ᠃ ᠨᠦᠬᠦᠭᠡ ᠨᠢᠭᠡ ᠵᠢᠱᠢᠶ᠎ᠡ ᠨᠢ᠂ 博 ︵ᠲᠣᠰ ᠦᠰᠦᠭ ᠤᠨ ᠣᠣᠯ ᠦᠰᠦᠭ ᠢ ᠯᠠᠪᠯᠠᠬᠤ ᠴᠢᠯᠦᠭᠡ ᠭᠠᠷᠣᠭᠠᠳᠣᠢ ᠪᠣᠯᠬᠤᠷ ᠡᠭᠦᠨ ᠢᠶᠠᠷ ᠣᠷᠣᠯᠠᠭᠤᠯᠪᠠ︶ 奴水 ᠭᠡᠪᠡᠯ ᠣᠳᠣᠬᠢ ᠪᠠᠶᠢᠳᠠᠷᠠᠭ ᠭᠤᠣᠯ ᠤᠨ ᠠᠳᠠᠭ ᠲᠤ ᠪᠠᠶᠢᠭ᠎ᠠ ᠪᠦᠬᠡ ︵ᠪᠦᠬᠡ ᠢᠳᠣᠭᠠᠨ ᠤ ᠪᠦᠬᠡ︶ ᠤ ᠴᠠᠭᠠᠨ ᠨᠠᠭᠤᠷ ᠤᠨ ᠡᠷᠳᠡᠨ ᠤ ᠨᠡᠷ᠎ᠡ ᠨᠢ ︽ᠪᠦᠬᠡ ᠤ ᠣᠰᠣ︾ ᠪᠠᠶᠢᠵᠠᠢ᠂ ᠡᠰᠡᠬᠦᠯ᠎ᠡ ︽ᠪᠦᠬᠡ ᠤ ᠴᠠᠭᠠᠨ ᠨᠠᠭᠤᠷ︾ ᠭᠡᠳᠡᠭ ᠦᠭᠡ ᠶᠢ ᠬᠢᠳᠠᠳ ᠬᠡᠯᠡᠨ ᠳᠤ ᠲᠣᠪᠴᠢᠯᠠᠨ ᠣᠷᠴᠢᠭᠤᠯᠣᠭᠠᠳ ︽ᠪᠦᠬᠡ ᠤ ᠣᠰᠣ︾ ᠭᠡᠳᠡᠭ ᠨᠡᠷ᠎ᠡ ᠪᠣᠯᠭᠠᠵᠠᠢ᠃ ᠲᠣᠰ ᠨᠠᠭᠤᠷ ᠢ ᠣᠳᠣᠬᠢ ᠭᠠᠵᠠᠷ ᠤᠨ ᠵᠢᠷᠤᠭ ᠲᠤ ᠴᠦ ︽ᠪᠦᠬᠡ ᠤ ᠴᠠᠭᠠᠨ ᠨᠠᠭᠤᠷ︾ ᠭᠡᠵᠦ ᠨᠡᠷᠡᠶᠢᠳᠦᠭᠰᠡᠭᠡᠷ ᠠᠮᠣᠢ᠃ ᠠᠳᠡ ᠢᠯᠡᠭᠦᠴᠡ ᠦᠬᠦᠯᠡᠬᠦ ᠠᠴᠠ ᠮᠠᠨ ᠤ ᠮᠡᠳᠡᠳᠡᠭ ᠮᠣᠩᠭᠤᠯ ᠬᠡᠯᠡᠨ ᠵᠦᠢ ᠳᠤ ︽ ᠤ︾ ᠲᠠᠭᠠᠪᠣᠷᠢ ᠶᠢ ᠵᠠᠪᠠᠯ ‍ᠨ ᠤ ᠲᠣᠣᠷ᠎ᠠ ᠬᠡᠷᠡᠭᠯᠡᠨ᠎ᠡ ᠭᠡᠳᠡᠭ ᠶᠣᠮ᠂ ᠭᠡᠳᠡᠯ᠎ᠡ ᠠᠮᠢᠳᠣ ᠶᠠᠷᠢᠶᠠᠨ ᠳᠤ ᠡᠨᠡᠬᠦ ︽ ᠤ︾ ᠶᠢ ᠮᠠᠰᠢ ᠢᠳᠡᠪᠬᠢᠳᠡᠢ ᠬᠡᠷᠡᠭᠯᠡᠵᠦ ᠪᠠᠶᠢᠭ᠎ᠠ ᠪᠠᠶᠢᠳᠠᠯ ᠡᠷᠳᠡ ᠡᠳᠦᠬᠡ ᠬᠠ ᠶᠠ ᠦᠭᠡᠢ ᠲᠦᠭᠡᠮᠡᠯ ᠬᠠᠷᠠᠭᠳᠠᠵᠣ ᠯᠠ ᠪᠠᠶᠢᠨ᠎ᠠ᠃ ⒄匈奴 ᠬᠤᠶᠠᠷ ᠦᠰᠦᠭ ᠤᠨ ᠡᠷᠳᠡᠨ ᠤ ᠠᠪᠢᠶᠠᠨ ᠤ ᠰᠡᠷᠭᠦᠭᠡᠯᠳᠡ᠄ ᠾᠦᠨ ᠤ ︵ᠬᠦᠮᠦᠨ ᠤ︶᠂ ᠬᠤᠨ  ᠤ ᠵᠡᠷᠭᠡ ᠭᠡᠵᠦ ᠪᠣᠳᠣᠵᠣ ᠪᠠᠶᠢᠨ᠎ᠠ᠃ ᠪᠡᠯᠡᠳᠬᠡᠭᠰᠡᠨ ᠨᠢ᠄ ᠡᠷᠳᠡᠨᠢᠬᠦᠦᠨᠠᠶᠢᠷᠠᠭᠤᠯᠤᠭᠰᠠᠨ ᠨᠢ᠄ ᠨᠠᠮᠤᠷᠬᠢᠨᠠᠭᠰᠠᠨ ᠨᠢ᠄ ᠤᠷᠢᠬᠠᠨ
 
ᠢᠷᠡᠯᠲᠡ᠄ ᠲᠣᠰ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号