犁 ᠭᠡᠳᠡᠭ ᠾᠦᠩᠨᠦ ᠦᠭᠡ ᠶᠢ ᠲᠠᠶᠢᠯᠪᠣᠷᠢᠯᠠᠬᠤ ᠨᠢ
ᠨᠡᠶᠢᠲᠡᠯᠡᠭᠰᠡᠨ ᠴᠠᠭ᠄
2020/10/20
ᠣᠣᠬᠠᠨ · ᠬᠠᠭᠳᠠ 撐 犁孤 塗᠄ ᠣᠳᠣ ᠦᠶ᠎ᠡ ᠶᠢᠨ ᠠᠪᠢᠶ᠎ᠠ ᠨᠢ chēng lí gū tú᠂ ᠲᠣᠰ ᠦᠭᠡ ᠶᠢ ᠵᠦᠪᠬᠡᠨ ︽ᠬᠠᠨ ᠣᠯᠣᠰ ᠤᠨ ᠪᠢᠴᠢᠭ · ᠾᠦᠩᠨᠦ ᠶᠢᠨ ᠱᠠᠰᠳᠢᠷ︾ ᠤᠨ ᠲᠡᠭᠡᠳᠦ ᠪᠣᠳᠢ ᠳᠤ ᠲᠡᠮᠳᠡᠭᠯᠡᠭᠳᠡᠵᠡᠢ᠃ ᠲᠡᠭᠦᠨ ᠳᠤ ᠦᠬᠦᠯᠡᠭᠰᠡᠨ ᠨᠢ᠂ ᠴᠠᠨ ᠢᠥᠢ ᠪᠣᠯᠪᠠᠰᠣ 攣鞮 ︵ᠣᠳᠣ ᠦᠶ᠎ᠡ ᠶᠢᠨ ᠠᠪᠢᠶ᠎ᠠ ᠨᠢ luán dī︶ ᠣᠪᠣᠭ ᠲᠠᠢ᠂ ᠲᠡᠭᠦᠨ ᠤ ᠣᠯᠣᠰ ᠤᠨ ᠬᠦᠮᠦᠰ ᠨᠢ ᠲᠡᠭᠦᠨ ᠢ 撐犁孤塗單于 ᠴᠠᠨ ᠢᠥᠢ ᠬᠡᠮᠡᠮᠣᠢ᠃ ᠾᠦᠩᠨᠦ ᠬᠡᠯᠡᠨ ᠳᠤ ᠲᠡᠭᠷᠢ ᠶᠢ ︽撐犁︾ ᠬᠡᠮᠡᠨ ᠬᠦᠪᠡᠭᠦᠨ ᠢ ︽孤塗︾ ᠬᠡᠮᠡᠮᠣᠢ᠃ ᠴᠠᠨ ᠢᠥᠢ ᠭᠡᠰᠡᠨ ᠦᠭᠡ ᠪᠣᠯ ᠲᠠᠷᠣᠢ ᠲᠡᠭᠷᠢ ᠮᠡᠳᠦ ᠠᠭᠤᠳᠠᠮ ᠭᠡᠳᠡᠭ ᠣᠳᠬ᠎ᠠ ᠪᠦᠬᠦᠢ ᠦᠭᠡ ᠪᠣᠯᠣᠨ᠎ᠠ ᠭᠡᠵᠦ ᠲᠡᠮᠳᠡᠭᠯᠡᠵᠡᠢ᠃ 犁 ᠦᠰᠦᠭ᠄ ⑴犁 ᠦᠰᠦᠭ ᠤᠨ ᠣᠳᠣ ᠦᠶ᠎ᠡ ᠶᠢᠨ ᠯᠠᠲ᠋ᠢᠨ ᠭᠠᠯᠢᠭ᠄ lí᠃ ⑵犁 ᠦᠰᠦᠭ ᠤᠨ ᠬᠢᠳᠠᠳ ᠤᠨ ︽ᠣᠯᠣᠰ ᠤᠨ ᠬᠡᠯᠡᠨ ᠤ ᠦᠭᠡᠰ ᠤᠨ ᠲᠣᠯᠢ︾ ᠲᠠᠬᠢ ᠣᠳᠬ᠎ᠠ ᠶᠢᠨ ᠲᠠᠶᠢᠯᠪᠣᠷᠢ᠄ ᠠᠨᠵᠢᠰᠣ ᠭᠡᠵᠦ ᠲᠠᠶᠢᠯᠪᠣᠷᠢᠯᠠᠵᠠᠢ᠃ ⑶犁 ᠦᠰᠦᠭ ᠤᠨ ᠲᠡᠭᠡᠳᠦ ᠡᠷᠳᠡᠨ ᠤ ᠠᠪᠢᠶ᠎ᠠ ᠠᠶᠠᠯᠭᠤ᠄ riːl ᠪᠣᠶᠣ ril ᠣᠶᠢᠷᠠᠯᠴᠠᠭ᠎ᠠ ᠪᠠᠷ ︽ᠷᠢ᠊︾ ᠪᠣᠯᠣᠨ᠎ᠠ᠃ ⑷犁 ᠦᠰᠦᠭ ᠤᠨ ᠴᠢᠨ ᠣᠯᠣᠰ ᠠᠴᠠ ᠡᠮᠦᠨᠡᠬᠢ ᠠᠪᠢᠶ᠎ᠠ ᠠᠶᠠᠯᠭᠤ᠄ ljed᠂ lier᠂ ljid ᠵᠡᠷᠭᠡ ᠪᠣᠢ᠃ ⑸犁 ᠦᠰᠦᠭ ᠤᠨ ᠬᠠᠨ ᠣᠯᠣᠰ ᠤᠨ ᠦᠶ᠎ᠡ ᠶᠢᠨ ᠲᠣᠯᠢ ᠪᠢᠴᠢᠭ ︽ᠦᠰᠦᠭ ᠪᠢᠴᠢᠭ ᠤᠨ ᠲᠠᠶᠢᠯᠪᠣᠷᠢ︾  ᠳᠠᠬᠢ ᠠᠪᠢᠶ᠎ᠠ ᠠᠶᠠᠯᠭᠤ᠄ ᠲᠣᠰ ᠦᠰᠦᠭ ᠢ ᠡᠨᠡᠬᠦ ᠲᠣᠯᠢ ᠪᠢᠴᠢᠭ ᠲᠤ ᠬᠠᠮᠣᠷᠣᠭᠤᠯᠣᠨ ᠣᠷᠣᠭᠤᠯᠣᠭᠰᠠᠨ ᠦᠭᠡᠢ ᠪᠠᠶᠢᠵᠠᠢ᠃ ᠭᠡᠪᠡᠴᠦ ᠬᠤᠵᠢᠮ ᠤᠨ ᠬᠦᠮᠦᠰ ᠲᠡᠭᠦᠨ ᠳᠤ ᠨᠡᠮᠡᠯᠳᠡ ᠬᠢᠵᠦ᠂ 从牛黎聲。郎奚切 ᠭᠡᠵᠦ ᠲᠠᠶᠢᠯᠪᠣᠷᠢᠯᠠᠭᠰᠠᠨ ᠪᠠᠶᠢᠨ᠎ᠠ᠃ ᠲᠠᠷᠣᠢ 牛 ᠦᠰᠦᠭ ᠢ ᠲᠠᠭᠠᠨ ᠪᠢᠴᠢᠭᠯᠡᠵᠦ᠂ 黎 ︵ᠯᠢ︶ ᠭᠡᠵᠦ ᠣᠩᠰᠢᠨ᠎ᠠ ᠭᠡᠰᠡᠨ ᠦᠭᠡ ᠶᠣᠮ᠃ ⑹犁 ᠦᠰᠦᠭ ᠤᠨ ᠲᠠᠩ ᠶᠦᠨ᠂ ᠭᠤᠸᠠᠩ ᠶᠦᠨ᠂ ᠵᠢᠢ ᠶᠦᠨ᠂ ᠶᠦᠨ ᠾᠦᠢ᠂ ᠵᠧᠩ ᠶᠦᠨ ᠵᠡᠷᠭᠡ ᠲᠣᠯᠢ ᠪᠢᠴᠢᠭ ᠳᠠᠬᠢ ᠠᠪᠢᠶ᠎ᠠ ᠠᠶᠠᠯᠭᠤ᠄ ᠵᠦᠪᠬᠡᠨ ᠵᠧᠩ ᠶᠦᠨ ᠲᠣᠯᠢ ᠳᠤ 鄰溪切 ᠭᠡᠪᠡ᠃ ᠪᠣᠰᠣᠳ ᠨᠢ ᠪᠦᠷ 郎奚切 ᠭᠡᠪᠡ᠃ ⑺犁 ᠦᠰᠦᠭ ᠤᠨ ᠲᠠᠩ ᠣᠯᠣᠰ ᠤᠨ ᠦᠶ᠎ᠡ ᠶᠢᠨ ᠠᠪᠢᠶ᠎ᠠ ᠨᠢ᠄ ᠡᠷᠢᠵᠣ ᠣᠯᠣᠭᠰᠠᠨ ᠦᠭᠡᠢ᠃ ⑻犁 ᠦᠰᠦᠭ ᠤᠨ ᠶᠠᠫᠣᠨ ᠬᠡᠯᠡᠨ ᠳᠠᠬᠢ ᠣᠩᠰᠢᠯᠭ᠎ᠠ᠄ ᠡᠷᠢᠵᠣ ᠣᠯᠣᠭᠰᠠᠨ ᠦᠭᠡᠢ᠃ ⑼犁 ᠦᠰᠦᠭ ᠤᠨ ᠺᠣᠷᠢᠶ᠎ᠠ ᠬᠡᠯᠡᠨ ᠳᠠᠬᠢ ᠣᠩᠰᠢᠯᠭ᠎ᠠ᠄ LI ᠭᠡᠵᠡᠢ᠃ ⑽犁 ᠦᠰᠦᠭ ᠤᠨ ᠸᠢᠶᠧᠲᠨᠠᠮ ᠬᠡᠯᠡᠨ ᠳᠠᠬᠢ ᠣᠩᠰᠢᠯᠭ᠎ᠠ᠄ ᠡᠷᠢᠵᠣ ᠣᠯᠣᠭᠰᠠᠨ ᠦᠭᠡᠢ᠃ ⑾犁 ᠦᠰᠦᠭ ᠤᠨ ᠬᠢᠳᠠᠳ ᠤᠨ ᠲᠣᠲᠣᠭᠠᠳᠣ ᠭᠠᠳᠠᠭᠠᠳᠣ ᠶᠢᠨ ᠬᠢᠳᠠᠳᠴᠢ ᠡᠷᠳᠡᠮᠳᠡᠳ ᠤᠨ ᠰᠡᠷᠭᠦᠭᠡᠭᠰᠡᠨ ᠲᠣᠮᠳᠠᠳᠣ ᠡᠷᠳᠡᠨ ᠤ ᠠᠪᠢᠶ᠎ᠠ ᠠᠶᠠᠯᠭᠤ᠄ liei᠂ lei᠂ lɛi ᠵᠡᠷᠭᠡ ᠪᠣᠢ᠃ ⑿犁 ᠦᠰᠦᠭ ᠤᠨ ᠮᠣᠩᠭᠤᠯ ᠫᠠᠭᠰᠪᠠ ᠦᠰᠦᠭ ᠳᠠᠬᠢ ᠣᠩᠰᠢᠯᠭ᠎ᠠ᠄ ꡙꡞ᠂ li ᠭᠡᠵᠡᠢ᠃ ⒀犁 ᠦᠰᠦᠭ ᠤᠨ ᠬᠢᠳᠠᠳ ᠬᠡᠯᠡᠨ ᠤ ᠣᠯᠠᠨ ᠨᠣᠳᠤᠭ ᠤᠨ ᠠᠪᠢᠶᠠᠨ ᠳᠠᠬᠢ ᠠᠪᠢᠶ᠎ᠠ᠄ lai2᠂ li2 ᠪᠣᠶᠣ loi5 ᠭᠡᠵᠡᠢ᠃ ⒁犁 ᠦᠰᠦᠭ ᠤᠨ ︽ᠬᠢᠳᠠᠳ ᠬᠡᠯᠡᠨ ᠤ ᠨᠣᠳᠤᠭ ᠤᠨ ᠠᠪᠢᠶᠠᠨ ᠤ ᠲᠣᠯᠢ︾ ᠳᠠᠬᠢ ᠠᠪᠢᠶ᠎ᠠ᠄ ᠮᠢᠨᠨᠠᠨ ᠬᠡᠯᠡᠨ  ᠳᠤ ᠯᠢᠶᠧ ᠪᠣᠯᠣᠨ ᠯᠣᠢ ᠭᠡᠵᠦ᠂ ᠶᠣᠸᠠᠢ ᠬᠡᠯᠡᠨ ᠳᠤ ᠯᠠᠢ ᠭᠡᠵᠦ᠂ ᠴᠣᠣᠵᠸᠥ ᠬᠡᠯᠡᠨ ᠳᠤ ᠯᠣᠢ ᠭᠡᠵᠦ᠂ ᠺᠧ ᠵᠢᠶᠠ ᠬᠡᠯᠡᠨ ᠳᠤ ᠯᠠᠢ ᠭᠡᠵᠡᠢ᠃ ⒂犁 ᠦᠰᠦᠭ ᠤᠨ ᠡᠷᠳᠡᠨ ᠤ ᠠᠪᠢᠶᠠᠨ ᠤ ᠬᠢᠨᠠᠨ ᠲᠣᠭᠳᠠᠭᠠᠯᠳᠠ᠄ ᠡᠷᠳᠡ ᠦᠶ᠎ᠡ ᠶᠢᠨ ᠷᠢ᠊ ︵riːl︶ ᠪᠣᠯᠣᠨ ᠬᠤᠵᠢᠮ ᠦᠶ᠎ᠡ ᠶᠢᠨ ᠯᠢ ︵li︶ ᠶᠢᠨ ᠲᠡᠷᠢᠭᠦᠨ ᠤ ᠬᠢ ᠨᠢ ᠵᠦᠪ ᠪᠣᠯᠣᠨ᠎ᠠ᠃ ᠡᠨᠡᠬᠦ ᠦᠰᠦᠭ ᠢᠶᠠᠷ ᠲᠡᠭᠷᠢ  ᠶᠢᠨ ︽ᠷᠢ︾ ᠶᠢ ᠠᠪᠢᠶᠠᠴᠢᠯᠠᠨ ᠭᠠᠯᠢᠭᠴᠢᠯᠠᠭᠰᠠᠨ ᠦᠰᠦᠭ ᠪᠣᠯᠣᠨ᠎ᠠ᠃ ᠪᠡᠯᠡᠳᠬᠡᠭᠰᠡᠨ ᠨᠢ᠄ ᠡᠷᠳᠡᠨᠢᠬᠦᠦᠨᠠᠶᠢᠷᠠᠭᠤᠯᠤᠭᠰᠠᠨ ᠨᠢ᠄ ᠨᠠᠮᠤᠷᠬᠢᠨᠠᠭᠰᠠᠨ ᠨᠢ᠄ ᠤᠷᠢᠬᠠᠨ
 
ᠢᠷᠡᠯᠲᠡ᠄ ᠲᠣᠰ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号