径路刀 ᠶᠢ ᠦᠯᠢᠭᠡᠷ ᠲᠠᠢ ᠨᠢ ᠬᠠᠮᠳᠣ ᠦᠬᠦᠯᠡᠶ᠎ᠡ
ᠨᠡᠶᠢᠲᠡᠯᠡᠭᠰᠡᠨ ᠴᠠᠭ᠄
2020/10/20
ᠣᠣᠬᠠᠨ · ᠬᠠᠭᠳᠠ ᠡᠷᠳᠡᠨ ᠤ ᠬᠢᠳᠠᠳ ᠲᠡᠣᠬᠡ ᠰᠣᠷᠪᠣᠯᠵᠢᠰ ᠲᠤ ᠬᠢᠳᠠᠳ ᠦᠰᠦᠭ ᠢᠶᠠᠷ ᠭᠠᠯᠢᠭᠴᠢᠯᠠᠨ ᠦᠯᠡᠳᠡᠭᠰᠡᠨ ᠾᠦᠩᠨᠦ ᠦᠭᠡ ᠮᠠᠰᠢ ᠣᠯᠠᠨ ᠪᠠᠶᠢᠭ᠎ᠠ ᠶᠣᠮ᠃ 径路刀 ᠶᠢᠨ 径路 ᠪᠣᠯ ᠲᠠᠷᠣᠢ ᠡᠶᠢᠮᠦ ᠾᠦᠩᠨᠦ ᠦᠭᠡ ᠶᠣᠮ᠃ 刀 ᠦᠰᠦᠭ ᠨᠢ ᠬᠢᠳᠤᠭ᠎ᠠ ᠭᠡᠳᠡᠭ ᠬᠢᠳᠠᠳ ᠦᠭᠡ ᠭᠡᠬᠦ ᠳᠤ ᠬᠦᠮᠦᠰ ᠶᠠᠮᠠᠷᠴᠣ ᠰᠠᠨᠠᠯ ᠪᠠᠶᠢᠬᠤ ᠦᠭᠡᠢ ᠲᠣᠯᠠ᠂ ᠲᠣᠣᠷ᠎ᠠ ᠵᠦᠪᠬᠡᠨ 径路 ᠬᠤᠶᠠᠷ ᠦᠰᠦᠭ ᠤᠨ ᠶᠠᠮᠠᠷ ᠲᠡᠣᠬᠡᠳᠦ ᠨᠦᠬᠦᠴᠡᠯ ᠳᠤ ᠢᠯᠡᠷᠡᠭᠰᠡᠨ ᠦᠯᠢᠭᠡᠷ ᠢ ᠨᠢ ᠶᠠᠷᠢᠭᠠᠳ᠂ ᠲᠠᠷᠠᠭ᠎ᠠ ᠨᠢ ᠲᠣᠰ ᠦᠰᠦᠭ ᠤᠨ ᠡᠷᠳᠡ ᠡᠳᠦᠬᠡ ᠶᠢᠨ ᠠᠪᠢᠶ᠎ᠠ ᠪᠠ ᠣᠳᠬ᠎ᠠ ᠶᠢ ᠨᠢ ᠲᠠᠶᠢᠯᠪᠣᠷᠢᠯᠠᠭᠠᠳ᠂ ᠬᠠᠮᠤᠭ ᠰᠡᠬᠦᠯ ᠳᠤ ᠾᠦᠩᠨᠦ ᠬᠡᠯᠡᠨ ᠳᠤ ᠶᠠᠭᠠᠬᠢᠵᠣ ᠰᠡᠷᠬᠦᠭᠡᠭᠰᠡᠨ ᠢᠶᠠᠨ ᠶᠠᠷᠢᠶ᠎ᠠ᠃ ᠨᠢᠭᠡ 径路刀 ᠶᠢᠨ ᠲᠡᠣᠬᠡᠳᠦ ᠦᠯᠢᠭᠡᠷ᠄ ︵ᠨᠢᠭᠡ︶ 径路刀 ᠭᠡᠳᠡᠭ ᠦᠭᠡ ᠶᠠᠮᠠᠷ ᠭᠠᠵᠠᠷ ᠢᠯᠡᠷᠡᠭᠰᠡᠨ ᠪᠣᠢ ᠭᠡᠪᠡᠯ᠄ ᠲᠡᠣᠬᠡᠨ ᠳᠤ ᠢᠯᠡᠷᠡᠭᠰᠡᠨ 径路刀 ᠭᠡᠳᠡᠭ ᠾᠦᠩᠨᠦ ᠦᠭᠡ ᠪᠣᠯ ᠬᠠᠮᠤᠭ ᠲᠲᠦᠷᠦᠭᠦᠥ ︽ᠬᠠᠨ ᠣᠯᠣᠰ ᠤᠨ ᠪᠢᠴᠢᠭ · ᠾᠦᠩᠨᠦ ᠶᠢᠨ ᠱᠠᠰᠳᠢᠷ · ᠲᠣᠣᠷᠠᠳᠣ ᠪᠣᠳᠢ︾ ᠳᠤ᠄ ︽ᠴᠠᠩ᠂ ᠮᠧᠩ ᠪᠣᠯᠣᠨ ᠴᠠᠨ ᠢᠥᠢ ᠵᠢᠴᠢ ᠲᠡᠭᠦᠨ ᠤ ᠶᠡᠬᠡᠰ ᠲᠦᠰᠢᠮᠡᠳ ᠬᠠᠮᠳᠣ ᠪᠠᠷ ᠾᠦᠩᠨᠦ ᠶᠢᠨ ᠨᠦᠸᠧ ᠱᠦᠢ ᠣᠰᠣᠨ ᠤ ᠵᠡᠭᠦᠨ ᠠᠭᠤᠯᠠᠨ ᠳᠤ ᠠᠪᠠᠷᠢᠨ᠂ ᠴᠠᠭᠠᠨ ᠮᠣᠷᠢᠨ ᠨᠢᠳᠣᠯᠵᠣ᠂ ᠴᠠᠨ ᠢᠥᠢ 径路刀 ᠁ ᠪᠠᠷ ᠢᠶᠠᠨ ᠠᠷᠢᠬᠢ ᠬᠤᠣᠬᠤᠵᠣ᠂ ᠯᠣᠣᠰ ᠤᠨ ︵老上︶ ᠴᠠᠨ ᠢᠥᠢ ᠶᠢᠨ ᠷᠸᠥᠽᠢ ᠠᠶᠢᠮᠠᠭ ᠢ ᠡᠪᠳᠡᠨ᠂ ᠲᠡᠭᠦᠨ ᠤ ᠸᠠᠩ ᠢ ᠠᠯᠠᠵᠣ ᠭᠠᠪᠠᠯᠠ ︵ ᠶᠢᠨ ᠶᠠᠰᠣ︶ ᠪᠠᠷ ᠨᠢ ᠬᠢᠭᠰᠡᠨ ᠠᠯᠳᠠᠨ ᠠᠶᠠᠭᠠᠨ ᠳᠤ ᠴᠢᠰᠣᠳᠣ ᠠᠷᠢᠬᠢ ᠬᠡᠮᠨᠡᠨ ᠣᠣᠭᠤᠯᠴᠠᠵᠣ ᠲᠠᠩᠭᠠᠷᠢᠭᠯᠠᠪᠠ︾ ᠭᠡᠵᠦ ᠲᠡᠣᠬᠡᠨ ᠳᠤ ᠢᠯᠡᠷᠡᠭᠰᠡᠨ ᠶᠣᠮ᠃ ︵ᠬᠤᠶᠠᠷ︶ ᠡᠨᠡᠬᠦ ᠲᠡᠣᠬᠡᠳᠦ ᠬᠡᠷᠡᠭ ᠤᠨ ᠠᠭᠤᠯᠭ᠎ᠠ ᠪᠠ ᠡᠭᠦᠰᠦᠭᠰᠡᠨ ᠴᠠᠭ ᠦᠶ᠎ᠡ ᠭᠡᠪᠡᠯ᠄ ᠠᠳᠡ ᠦᠬᠦᠯᠡᠨ ᠪᠦᠬᠦᠢ ᠴᠠᠨ ᠢᠥᠢ ᠭᠡᠳᠡᠭ ᠨᠢ ᠰᠣᠳᠣᠷ ᠲᠡᠮᠳᠡᠭᠯᠡᠯ ᠳᠤ ᠲᠡᠮᠳᠡᠭᠯᠡᠭᠳᠡᠭᠰᠡᠨ ᠾᠦᠩᠨᠦ ᠶᠢᠨ ᠬᠠᠮᠤᠭ ᠡᠷᠳᠡᠨ ᠤ ᠴᠠᠨ ᠢᠥᠢ ᠪᠣᠯᠬᠤ ᠲᠦᠮᠡᠨ ᠴᠠᠨ ᠢᠥᠢ ᠠᠴᠠ ᠡᠬᠢᠯᠡᠨ᠂ ᠲᠣᠷᠣᠭᠰᠢ ᠲᠡᠰ ᠲᠠᠷᠠᠭᠠᠯᠠᠨ ᠲᠣᠭᠠᠯᠠᠪᠠᠯ ᠠᠷᠪᠠᠨ ᠲᠦᠷᠪᠡᠳᠦᠭᠡᠷ ᠦᠶ᠎ᠡ ᠶᠢᠨ ᠴᠠᠨ ᠢᠥᠢ ᠪᠣᠯᠬᠤ ᠬᠣ᠋ ᠬᠠᠨ ᠶᠧ ᠴᠠᠨ ᠢᠥᠢ ᠮᠦᠨ᠃ ᠲᠡᠭᠦᠨ ᠤ ᠡᠴᠢᠭᠡ ᠨᠢ ᠬᠦᠯᠢᠴᠡᠩᠭᠦᠢ ︵虚闾权渠︶ ᠴᠠᠨ ᠢᠥᠢ ᠭᠡᠳᠡᠭ ᠶᠣᠮ᠃ ᠬᠦᠯᠢᠴᠡᠩᠭᠦᠢ ᠴᠠᠨ ᠢᠥᠢ ᠶᠢᠨ ᠰᠠᠭᠤᠷᠢᠨ  ᠳᠤ ᠰᠠᠭᠤᠵᠣ ᠪᠠᠶᠢᠭᠰᠠᠨ ᠴᠠᠭ ᠦᠶ᠎ᠡ ᠪᠣᠯ ᠨᠡᠶᠢᠳᠡ ᠶᠢᠨ ᠣᠨ ᠲᠣᠭᠠᠯᠠᠯ ᠠᠴᠠ ᠡᠮᠦᠨ᠎ᠡ 68 — ᠡᠮᠦᠨ᠎ᠡ 60 ᠣᠨ ᠶᠣᠮ᠃ ᠡᠨᠡᠬᠦ ᠴᠠᠨ ᠢᠥᠢ ᠰᠠᠭᠤᠷᠢᠨ ᠳᠤ ᠪᠠᠶᠢᠭ᠎ᠠ ᠬᠤᠭᠤᠴᠠᠭᠠᠨ ᠳᠠᠭᠠᠨ ᠣᠯᠣᠰ ᠤᠨ ᠲᠣᠲᠣᠭᠠᠳᠣ ᠶᠢᠨ ᠵᠦᠷᠢᠴᠡᠯ ᠢᠶᠠᠨ ᠰᠢᠢᠳᠪᠦᠷᠢᠯᠡᠵᠦ ᠴᠢᠳᠠᠭᠰᠠᠨ ᠦᠭᠡᠢ ᠪᠠᠷ ᠪᠠᠷᠠᠬᠤ᠂ ᠭᠠᠳᠠᠭᠠᠳᠣ ᠶᠢᠨ ᠲᠦᠷᠢᠮᠡᠬᠡᠶᠢᠯᠡᠯ ᠢ ᠴᠦ ᠠᠷᠠᠭᠠᠴᠠᠵᠣ ᠲᠡᠶᠢᠯᠦᠭᠰᠡᠨ ᠦᠭᠡᠢ ᠪᠣᠯᠬᠤᠷ᠂ ᠲᠣᠲᠣᠭᠠᠳᠣ ᠳᠤ ᠨᠢ ᠲᠠᠷᠣᠵᠣ ᠲᠡᠶᠢᠯᠦᠰᠢ ᠦᠭᠡᠢ ᠬᠠᠭᠠᠷᠠᠯ ᠪᠣᠳᠠᠷᠠᠯ ᠦᠷᠪᠢᠰᠦᠨ᠂ ᠭᠠᠳᠠᠭᠠᠳᠣ ᠳᠤ ᠨᠢ ᠬᠠᠨ ᠣᠯᠣᠰ ᠣᠳᠣᠬᠢ ᠰᠢ ᠢᠥᠢ ᠣᠷᠣᠨ ᠳᠤ ᠶᠡᠬᠡᠪᠡᠷ ᠴᠡᠷᠢᠭ ᠣᠷᠣᠭᠤᠯᠵᠣ᠂ ᠣᠣᠯ ᠳᠠᠭᠠᠨ ᠾᠦᠩᠨᠦ ᠳᠤ ᠲᠠᠭᠠᠵᠣ ᠪᠠᠶᠢᠭᠰᠠᠨ ᠰᠢ ᠢᠥᠢ ᠶᠢᠨ ᠨᠣᠭᠤᠭᠠᠨ ᠪᠦᠷᠢᠳᠦ ᠪᠠᠷ ᠲᠠᠷᠬᠠᠵᠣ ᠪᠠᠶᠢᠭᠰᠠᠨ ᠭᠤᠴᠢᠨ ᠬᠡᠳᠦᠨ ᠵᠢᠵᠢᠭ ᠣᠯᠣᠰ ᠢ ᠪᠦᠷ ᠦᠪᠡᠷ ᠤᠨ ᠬᠠᠷᠢᠶᠠᠳᠣ ᠣᠯᠣᠰ ᠪᠣᠯᠭᠠᠨ ᠠᠪᠣᠭᠠᠳ᠂ ᠲᠡᠨᠳᠡ ᠶᠡᠭᠡ ᠬᠡᠮᠵᠢᠶᠡᠨ ᠤ ᠲᠠᠷᠢᠶᠠᠯᠠᠬᠤ ᠴᠡᠷᠢᠭ ᠰᠠᠭᠤᠯᠭᠠᠨ ᠣᠷᠳᠣ ᠬᠤᠭᠤᠴᠠᠭ᠎ᠠ ᠪᠠᠷ ᠨᠣᠶᠠᠷᠬᠠᠬᠤ ᠠᠷᠭ᠎ᠠ ᠬᠡᠮᠵᠢᠶ᠎ᠡ ᠪᠣᠯᠭᠠᠵᠣ ᠪᠠᠶᠢᠳᠠᠯ᠎ᠠ᠂ ᠲᠡᠷᠡ ᠬᠠᠵᠠᠭᠤ ᠠᠴᠠ ᠨᠢ ᠬᠠᠷᠠᠬᠤ ᠶᠢᠨ ᠲᠡᠳᠦᠶᠢᠯᠡ ᠪᠠᠶᠢᠵᠣ ᠶᠠᠮᠠᠷᠴᠣ ᠲᠣᠬᠢᠳᠠᠢ ᠠᠷᠭ᠎ᠠ ᠬᠡᠮᠵᠢᠶ᠎ᠡ ᠠᠪᠣᠭᠰᠠᠨ ᠦᠭᠡᠢ᠃ ᠴᠢᠨᠠᠭᠰᠢᠯᠠᠪᠠᠯ ᠲᠡᠨᠳᠡᠬᠢ ᠠᠷᠠᠳ ᠢᠷᠭᠡᠳ ᠬᠠᠨ ᠣᠯᠣᠰ ᠤᠨ ᠵᠠᠬᠢᠷᠣᠭᠴᠢ ᠵᠠᠩᠵᠣᠨ ᠠᠴᠠ ᠣᠷᠪᠠᠵᠠᠭᠠᠨ᠂ ᠾᠦᠩᠨᠦ ᠶᠢᠨ ᠲᠡᠮᠵᠢᠯᠭᠡ ᠬᠠᠪᠰᠣᠷᠣᠯᠭ᠎ᠠ ᠶᠢ ᠬᠦᠰᠡᠵᠦ ᠪᠠᠶᠢᠭᠰᠠᠨ ᠰᠠᠨ ᠲᠣᠬᠢᠶᠠᠯ ᠢ ᠴᠦ ᠨᠢᠭᠡᠴᠦ ᠠᠰᠢᠭᠯᠠᠵᠣ ᠴᠢᠳᠠᠭᠰᠠᠨ ᠡᠶᠢᠮᠦ ᠨᠢᠭᠡᠨ ᠲᠣᠷᠣᠢ ᠨᠣᠮᠣᠢ ᠬᠠᠭᠠᠨ ᠡᠵᠡᠨ ᠢᠶᠠᠨ ᠾᠦᠩᠨᠦᠴᠦᠳ ᠬᠠᠷᠢᠨ ︽ᠬᠦᠯᠢᠴᠡᠩᠭᠦ︾ ︵虚闾权渠᠂ ᠬᠦᠯᠢᠴᠡᠩᠬᠦᠢ︶ ᠴᠣᠯᠠ ᠵᠡᠭᠦᠯᠭᠡᠵᠡᠢ᠃ ᠡᠨᠡᠬᠦ ᠴᠠᠨ ᠢᠥᠢ ᠨᠠᠰᠣ ᠪᠠᠷᠠᠭᠰᠠᠨ ᠤ ᠲᠠᠷᠠᠭ᠎ᠠ ᠬᠤᠶᠠᠷᠬᠠᠨ ᠵᠢᠯ ᠪᠣᠯᠣᠭᠠᠳ᠂ ᠨᠡᠶᠢᠳᠡ ᠶᠢᠨ ᠣᠨ ᠲᠣᠭᠠᠯᠠᠯ ᠤᠨ ᠡᠮᠦᠨ᠎ᠡ 58 ᠣᠨ ᠳᠤ ᠾᠦᠩᠨᠦ ᠶᠢᠨ ᠲᠣᠲᠣᠭᠠᠳᠣ ᠳᠤ ᠣᠷᠢᠳᠣ ᠡᠮᠦᠨ᠎ᠡ ᠦᠵᠡᠭᠳᠡᠭᠡ ᠦᠭᠡᠢ ᠶᠡᠭᠡ ᠰᠠᠮᠠᠭᠤᠷᠠᠯ ᠭᠠᠷᠴᠣ᠂ ᠨᠢᠭᠡᠨ ᠵᠡᠷᠭᠡᠳᠡ ᠲᠠᠪᠣᠨ ᠬᠦᠮᠦᠨ ᠲᠣᠰ ᠲᠣᠰ ᠦᠪᠡᠷ ᠢ ᠪᠠᠨ ᠴᠠᠨ ᠢᠥᠢ ᠡᠷᠬᠦᠮᠵᠢᠯᠡᠬᠦ ᠳᠤ ᠬᠦᠷᠴᠡᠢ᠃ ᠡᠨᠡ ᠦᠶ᠎ᠡ ᠪᠠᠷ ᠲᠡᠭᠦᠨ ᠤ ᠬᠦᠪᠡᠭᠦᠨ ᠬᠣ᠋ ᠬᠠᠨ ᠶᠧ ︵ᠴᠣᠬᠤᠮ ᠨᠡᠷ᠎ᠡ ᠨᠢ 稽侯㹪 ᠭᠡᠳᠡᠭ︶ ᠴᠦ ᠦᠪᠡᠷ ᠤᠨ ᠪᠡᠶ᠎ᠡ ᠪᠠᠨ ᠡᠴᠢᠬᠡ ᠴᠠᠨ ᠢᠥᠢ ᠶᠢᠨ ᠰᠠᠭᠤᠷᠢᠨ ᠳᠤ ᠰᠠᠭᠤᠬᠤ ᠶᠣᠰᠣᠳᠠᠢ ᠬᠦᠮᠦᠨ ᠬᠡᠮᠡᠨ ᠦᠵᠡᠵᠦ᠂ ᠦᠪᠡᠷ ᠢ ᠨᠢ ᠬᠦᠷᠢᠶᠡᠯᠡᠨ ᠪᠦᠬᠦᠢ ᠬᠦᠮᠦᠰ ᠤᠨ ᠲᠡᠮᠵᠢᠯᠭᠡ ᠪᠠᠷ ᠴᠠᠨ ᠢᠥᠢ ᠪᠣᠯᠵᠣ ᠬᠣ᠋ ᠬᠠᠨ ᠶᠧ ᠴᠠᠨ ᠢᠥᠢ ᠬᠡᠮᠡᠨ ᠴᠣᠯᠠ ᠠᠪᠣᠪᠠ᠃ ᠬᠣ᠋ ᠬᠠᠨ ᠶᠧ ︵呼韩邪︶ ᠭᠡᠮᠡᠭᠴᠢ ᠨᠢ ᠲᠠᠷᠣᠢ ᠬᠠᠭᠠᠨ ᠭᠡᠳᠡᠭ ᠦᠭᠡᠨ ᠤ ᠡᠷᠳᠡᠨ ᠤ ᠬᠡᠯᠪᠡᠷᠢ ᠪᠣᠯᠬᠤ ᠬᠠᠭᠠᠰ᠎ᠡ ᠭᠡᠳᠡᠭ ᠮᠣᠩᠭᠤᠯ ᠦᠭᠡ ᠶᠣᠮ ︵ᠡᠨᠡ ᠦᠭᠡ ᠶᠢ ᠨᠢᠭᠡᠨᠳᠡ ᠲᠠᠶᠢᠯᠪᠣᠷᠢᠯᠠᠵᠣ ᠦᠩᠭᠡᠷᠡᠪᠡ︶᠃ ᠡᠨᠡᠬᠦ ᠬᠠᠭᠠᠰ᠎ᠡ ᠴᠠᠨ ᠢᠥᠢ ᠬᠡᠳᠦᠶᠢᠪᠡᠷ ᠰᠠᠭᠤᠷᠢᠨ ᠡᠵᠡᠯᠡᠪᠡ ᠭᠡᠳᠡᠭ ᠪᠣᠯᠪᠠᠴᠣ᠂ ᠦᠪᠡᠷ ᠤᠨ ᠬᠦᠴᠦᠨ ᠴᠢᠳᠠᠯ ᠢᠶᠠᠷ ᠢᠶᠠᠨ ᠨᠦᠬᠦᠭᠡ ᠲᠦᠷᠪᠡᠨ ᠴᠠᠨ ᠢᠥᠢ ᠪᠠᠨ ᠲᠠᠶᠢᠯᠠᠨ ᠲᠠᠷᠣᠵᠣ ᠲᠡᠶᠢᠯᠦᠬᠦ ᠦᠭᠡᠢ ᠪᠣᠯᠬᠤᠷ᠂ ᠠᠷᠭ᠎ᠠ ᠪᠣᠰᠣ ᠠᠷᠠᠳ ᠢᠷᠭᠡᠳ ᠤᠨ ᠲᠣᠮᠳᠠ ᠲᠡᠨᠦᠭᠦᠴᠢᠯᠡᠨ ᠠᠮᠢᠳᠣᠷᠠᠵᠣ ᠪᠠᠶᠢᠭᠰᠠᠨ ᠦᠪᠡᠷ ᠤᠨ ᠠᠬ᠎ᠠ ᠬᠤᠲᠣᠬᠤᠰ ᠢᠶᠠᠨ ᠡᠷᠢᠨ ᠠᠪᠴᠢᠷᠠᠵᠣ᠂ ᠠᠷᠠᠳ ᠢᠷᠭᠡᠳ ᠠᠳᠣᠭᠤ ᠮᠠᠯ ᠴᠡᠷᠢᠭ ᠲᠠᠶᠢᠴᠢᠳ ᠦᠭᠴᠦ᠂ ᠠᠬ᠎ᠠ ᠲᠡᠭᠦᠥ ᠬᠤᠶᠠᠭᠤᠯᠠ ᠨᠢᠬᠳᠠᠷᠠᠨ ᠬᠠᠮᠵᠢᠯᠴᠠᠵᠣ ᠨᠦᠬᠦᠭᠡ ᠲᠦᠷᠪᠡᠨ ᠴᠠᠨ ᠢᠥᠢ ᠪᠠᠨ ᠲᠠᠷᠣᠵᠣ ᠨᠣᠮᠣᠳᠬᠠᠬᠤ ᠪᠠᠷ ᠴᠢᠷᠮᠠᠶᠢᠵᠠᠢ᠃ ᠡᠨᠡᠬᠦ ᠬᠠᠮᠵᠢᠯᠴᠠᠭ᠎ᠠ ᠴᠢᠷᠮᠠᠶᠢᠯᠳᠠ ᠲᠡᠭᠦᠨ ᠢ ᠭᠤᠮᠣᠳᠠᠭᠠᠭᠰᠠᠨ ᠦᠭᠡᠢ᠂ ᠣᠨᠴᠠᠭᠠᠶᠢᠯᠠᠨ ᠠᠬ᠎ᠠ ᠬᠤᠳᠣᠬᠤᠰ ᠤᠨ ᠢᠶᠠᠨ ᠮᠡᠷᠭᠡᠨ ᠪᠠᠭᠠᠳᠣᠷ ᠢᠶᠠᠷ ᠲᠠᠶᠢᠰᠣᠨ ᠨᠤᠭᠤᠳ ᠢᠶᠠᠨ ᠪᠦᠬᠦᠨ ᠢ ᠲᠠᠷᠣᠨ ᠨᠣᠮᠣᠳᠬᠠᠭᠰᠠᠨ ᠪᠣᠯᠪᠠᠴᠣ᠂ ᠠᠬ᠎ᠠ ᠬᠤᠲᠣᠬᠤᠰ ᠨᠢ ᠬᠠᠷᠢᠨ ᠡᠨᠡ ᠦᠶ᠎ᠡ ᠪᠠᠷ ᠨᠢᠭᠡᠨᠳᠡ ᠭᠠᠷ ᠲᠠᠭᠠᠨ ᠡᠵᠡᠮᠰᠢᠵᠣ ᠪᠠᠶᠢᠭ᠎ᠠ ᠴᠡᠷᠢᠭ ᠮᠣᠷᠢᠨ ᠤ ᠪᠠᠨ ᠰᠦᠷ ᠬᠦᠴᠦᠨ ᠤ ᠲᠠᠪᠠᠭᠤᠯᠢᠭ  ᠲᠤ ᠡᠷᠳᠦᠨ᠂ ᠮᠦᠨ ᠦᠪᠡᠷ ᠢᠶᠠᠨ ᠴᠠᠨ ᠢᠥᠢ ᠶᠢᠨ ᠰᠠᠭᠤᠷᠢᠨ ᠳᠤ ᠰᠠᠭᠤᠴᠢᠬᠠᠪᠠ᠃ ᠡᠨᠡ ᠦᠶ᠎ᠡ ᠳᠤ ᠬᠠᠭᠠᠰ᠎ᠡ ᠴᠠᠨ ᠢᠥᠢ ᠨᠢᠭᠡᠨᠳᠡ ᠬᠦᠴᠦᠨ ᠰᠦᠷ ᠪᠠᠭᠤᠷᠠᠨ᠂ ᠦᠪᠡᠷ ᠢᠶᠠᠨ ᠶᠠᠭᠠᠬᠢᠵᠣ ᠴᠢᠷᠮᠠᠶᠢᠨ ᠠᠬ᠎ᠠ ᠲᠠᠢ ᠪᠠᠨ ᠲᠡᠮᠡᠴᠡᠨ ᠪᠠᠶᠢᠯᠳᠣᠭᠰᠠᠨ ᠴᠦ ᠲᠠᠬᠢᠨ ᠲᠠᠪᠳᠠᠨ ᠴᠡᠷᠢᠭ ᠲᠠᠷᠣᠭᠳᠠᠵᠣ᠂ ᠨᠢᠭᠡᠮᠦᠰᠦᠨ ᠠᠬ᠎ᠠ ᠬᠤᠳᠣᠬᠤᠰ ᠢᠶᠠᠨ ᠠᠷᠭᠠᠯᠠᠵᠣ ᠲᠡᠶᠢᠯᠦᠬᠦ ᠦᠭᠡᠢ ᠪᠣᠯᠴᠢᠬᠠᠪᠠ᠃ ᠮᠦᠬᠦᠯ ᠤᠨ ᠢᠷᠮᠡᠭ ᠲᠤ ᠬᠦᠷᠦᠭᠰᠡᠨ ᠬᠠᠭᠠᠰ᠎ᠡ ᠴᠠᠨ ᠢᠥᠢ ᠠᠷᠭ᠎ᠠ ᠪᠣᠰᠣ ᠵᠠᠷᠢᠮ ᠨᠢᠭᠡᠨ ᠶᠡᠬᠡᠰ ᠲᠦᠰᠢᠮᠡᠯ ᠤᠨ ᠢᠳᠬᠠᠯ ᠢᠶᠠᠷ ᠬᠠᠨ ᠣᠯᠣᠰ ᠲᠤ ᠪᠠᠭᠤᠵᠣ ᠦᠭᠬᠦ ᠪᠠᠷ ᠨᠦᠬᠦᠴᠡᠯ ᠪᠣᠯᠭᠠᠨ᠂ ᠬᠠᠨ ᠣᠯᠣᠰ ᠤᠨ ᠲᠡᠮᠵᠢᠯᠭᠡ ᠳᠤ ᠲᠦᠰᠢᠭᠯᠡᠪᠡᠯ ᠦᠪᠡᠷ ᠢ ᠪᠠᠨ ᠠᠪᠣᠷᠠᠵᠣ ᠪᠣᠯᠣᠨ᠎ᠠ ᠭᠡᠵᠦ ᠪᠣᠳᠣᠭᠠᠳ᠂ ᠣᠯᠠᠨ ᠲᠦᠰᠢᠮᠡᠳ ᠲᠠᠢ ᠪᠠᠨ ᠵᠦᠪᠳᠡᠯᠴᠡᠵᠡᠢ᠃ ᠡᠭᠦᠨ ᠳᠤ ᠣᠯᠠᠩᠬᠢ ᠳᠦᠰᠢᠮᠡᠳ ᠨᠢ᠂ ᠲᠠᠨ ᠤ ᠠᠬ᠎ᠠ ᠲᠡᠭᠦᠥ ᠶᠢᠨ ᠬᠤᠭᠤᠷᠣᠨᠳᠣᠬᠢ ᠲᠡᠮᠡᠴᠡᠯ ᠳᠤ ᠬᠠᠭᠠᠨ ᠰᠠᠭᠤᠷᠢ ᠠᠬ᠎ᠠ ᠶᠢᠨ ᠴᠢᠨᠢ ᠪᠢᠰᠢ ᠪᠣᠯ ᠴᠢᠨᠦ ᠬᠢ᠂ ᠶᠠᠮᠠᠷ ᠪᠠᠶᠢᠭᠰᠠᠨ ᠴᠦ ᠪᠣᠰᠣᠳ ᠣᠭᠰᠠᠭᠠᠳᠠᠨ ᠤ ᠭᠠᠷ ᠲᠤ ᠣᠷᠣᠬᠤ ᠦᠭᠡᠢ ᠨᠢ ᠯᠠᠪ ᠪᠣᠯᠠᠢ᠃ ᠡᠷᠳᠡᠨ ᠠᠴᠠ ᠢᠨᠠᠭᠰᠢ ᠮᠠᠨ ᠤ ᠾᠦᠩᠨᠦ ᠣᠯᠣᠰ ᠲᠡᠯᠡᠬᠡᠢ ᠲᠠᠬᠢᠨ ᠳᠤ ︽ᠲᠦᠮᠡᠨ ᠣᠯᠣᠰ ᠤᠨ ᠲᠡᠷᠢᠭᠦᠨ᠂ ᠮᠢᠩᠭᠠᠨ ᠬᠦᠷᠦᠨ ᠤ ᠮᠠᠩᠯᠠᠢ︾ ᠬᠡᠮᠡᠨ ᠠᠯᠳᠠᠷ ᠴᠣᠣᠳᠠᠢ ᠶᠠᠪᠣᠵᠣ ᠪᠠᠶᠢᠭᠠᠳ᠂ ᠶᠠᠭᠤᠨ ᠳᠤ ᠬᠠᠨ ᠣᠯᠣᠰ ᠲᠤ ᠪᠠᠭᠤᠵᠣ ᠦᠭᠬᠦ ᠶᠣᠰᠣᠨ ᠪᠣᠢ ᠬᠡᠮᠡᠨ ᠡᠰᠡᠷᠭᠦ ᠰᠠᠨᠠᠯ ᠭᠠᠷᠭᠠᠵᠣ ᠪᠠᠶᠢᠵᠠᠢ᠃ ᠭᠡᠪᠡᠴᠦ ᠬᠠᠭᠠᠰ᠎ᠡ ᠴᠠᠨ ᠢᠥᠢ ᠶᠢᠨ ᠰᠡᠳᠬᠢᠯ ᠨᠢᠭᠡᠨᠳᠡ ᠰᠢᠭᠤᠳᠣᠭᠰᠠᠨ ᠪᠣᠯᠬᠤᠷ ᠣᠯᠠᠨ  ᠢᠶᠠᠷ ᠢᠶᠠᠨ ᠦᠭᠡᠷ᠎ᠡ ᠦᠭᠡ ᠦᠭᠡᠢ ᠪᠣᠯᠵᠣ᠂ ᠬᠠᠭᠠᠰ᠎ᠡ ᠴᠠᠨ ᠢᠥᠢ ᠬᠠᠨ ᠣᠯᠣᠰ ᠲᠤ ᠡᠯᠴᠢ ᠢᠯᠡᠭᠡᠨ ᠡᠨᠡᠬᠦ ᠰᠠᠨᠠᠯ  ᠢᠶᠠᠨ ᠲᠠᠮᠵᠢᠭᠤᠯᠵᠣ᠂ ᠬᠠᠨ ᠣᠯᠣᠰ ᠵᠦᠪᠰᠢᠶᠡᠷᠡᠪᠡᠯ ᠲᠠᠷᠠᠭ᠎ᠠ ᠵᠢᠯ ︵ᠨᠡᠶᠢᠳᠡ ᠶᠢᠨ ᠣᠨ ᠲᠣᠭᠠᠯᠠᠯ ᠠᠴᠠ ᠡᠮᠦᠨᠡᠬᠢ 56 ᠣᠨ ᠣᠷᠴᠢᠮ ᠢᠶᠠᠷ︶ ᠴᠠᠩ ᠠᠨ ᠬᠤᠳᠠᠨ᠎ᠠ ᠣᠷᠣᠵᠣ ᠬᠠᠨ ᠣᠯᠣᠰ ᠤᠨ ᠬᠠᠭᠠᠨ ᠳᠤ ᠪᠠᠷᠠᠭᠠᠳᠠᠨ᠎ᠠ ᠭᠡᠵᠦ ᠮᠡᠳᠡᠭᠳᠡᠵᠡᠢ᠃ ᠬᠠᠨ ᠣᠯᠣᠰ ᠪᠠᠶᠢᠭᠤᠯᠣᠭᠳᠠᠭᠰᠠᠨ ᠠᠴᠠ ᠢᠨᠠᠭᠰᠢ ᠵᠠᠭᠤ ᠲᠠᠪᠢᠭᠠᠳ ᠣᠨ ᠪᠣᠯᠳᠡᠯ᠎ᠡ᠂ ᠲᠡᠭᠦᠨ ᠤ ᠭᠠᠳᠠᠭᠰᠢ ᠲᠦᠷᠢᠬᠦ ᠲᠠᠶᠢᠨ ᠨᠢ ᠭᠠᠭᠴᠠᠬᠠᠨ ᠾᠦᠩᠨᠦ ᠶᠢ ᠭᠠᠷᠭᠠᠪᠠᠯ᠂ ᠡᠮᠦᠨᠡᠰᠢ ᠶᠣᠸᠠᠢ ᠣᠯᠣᠰ᠂ ᠵᠡᠭᠦᠨᠰᠢ ᠰᠣᠯᠣᠩᠭᠤᠰ ᠣᠯᠣᠰ᠂ ᠪᠠᠷᠠᠭᠤᠨ ᠡᠮᠦᠨᠡᠰᠢ ᠣᠯᠠᠨ ᠮᠠᠨ ᠵᠡᠷᠭᠡ ᠦᠨᠳᠦᠰᠦᠳᠡᠨ ᠤ ᠣᠯᠣᠰ ᠣᠷᠣᠨ ᠢ ᠲᠦᠷᠢᠮᠡᠬᠡᠶᠢᠯᠡᠬᠦ ᠲᠦᠪᠰᠢᠳᠭᠡᠬᠦ ᠳᠤ ᠣᠳᠠᠭᠠᠨ ᠳᠠᠭᠠᠨ ᠬᠠᠭᠠᠰ ᠵᠢᠯ ᠤᠨ ᠲᠠᠶᠢᠨ ᠢᠶᠠᠷ ᠰᠢᠢᠳᠪᠦᠷᠢᠯᠡᠵᠦ᠂ ᠬᠤᠷᠳᠣᠨ ᠨᠢ ᠬᠠᠭᠠᠰ ᠰᠠᠷ᠎ᠠ ᠴᠦ ᠬᠡᠷᠡᠭᠯᠡᠭᠰᠡᠨ ᠦᠭᠡᠢ ᠢᠯᠭᠤᠮ ᠰᠢᠯᠣᠭᠤᠨ ᠲᠦᠪᠰᠢᠳᠭᠡᠵᠦ ᠪᠠᠶᠢᠵᠠᠢ᠃ ᠭᠠᠭᠴᠠᠬᠠᠨ ᠾᠦᠩᠨᠦ ᠣᠯᠣᠰ ᠵᠠᠭᠤ ᠲᠠᠪᠢᠭᠠᠳ ᠣᠨ ᠪᠣᠯᠳᠠᠯ᠎ᠠ ᠬᠠᠨ ᠣᠯᠣᠰ ᠲᠤ ᠠᠮᠠᠷᠬᠠᠨ ᠲᠡᠶᠢᠯᠦᠭᠳᠡᠵᠦ ᠦᠭᠬᠦ ᠦᠭᠡᠢ ᠮᠦᠷᠳᠡᠭᠡᠨ ᠣᠣᠯ ᠬᠡᠪ  ᠢᠶᠠᠷ ᠨᠣᠴᠢᠳᠠᠢ ᠰᠦᠷᠳᠡᠭᠦᠯᠦᠯ ᠪᠣᠯᠣᠭᠰᠠᠭᠠᠷ ᠢᠷᠡᠵᠡᠢ᠃ ᠢᠩᠬᠢᠭᠡᠳ ᠡᠷᠳᠡ ᠦᠶ᠎ᠡ ᠳᠤ ᠬᠠᠨ ᠡᠣ ᠳ᠋ᠢ ᠬᠠᠭᠠᠨ ᠰᠠᠭᠤᠷᠢᠨ ᠳᠤ ᠪᠠᠶᠢᠭ᠎ᠠ ᠲᠠᠪᠢᠨ ᠬᠡᠳᠦᠨ ᠵᠢᠯ ︵ᠨᠡᠶᠢᠳᠡ ᠶᠢᠨ ᠣᠨ ᠲᠣᠭᠠᠯᠠᠯ ᠠᠴᠠ ᠡᠮᠦᠨ᠎ᠡ 141 — ᠡᠮᠦᠨ᠎ᠡ 87︶ ᠲᠣᠲᠣᠷ᠎ᠠ ᠣᠯᠣᠰ ᠤᠨ ᠬᠦᠷᠦᠩᠭᠡ ᠪᠠᠨ ᠬᠦᠨᠳᠦᠷᠴᠦ ᠪᠠᠶᠢᠭᠠᠳ ᠵᠠᠪᠠᠯ ᠾᠦᠩᠨᠦ ᠶᠢ ᠮᠦᠬᠦᠭᠡᠨ᠂ ᠡᠪᠦᠭᠡ ᠲᠡᠭᠡᠳᠦᠰ ᠤᠨ ᠦᠰᠢᠶ᠎ᠡ ᠬᠤᠷᠣᠰᠣᠯ ᠢ ᠴᠠᠭᠠᠳᠭᠠᠬᠤ ᠨᠡᠷ᠎ᠡ ᠪᠠᠷ ᠵᠢᠯ ᠦᠨᠵᠢᠯ ᠦᠭᠡᠢ ᠾᠦᠩᠨᠦ ᠳᠤ ᠲᠠᠶᠢᠨ ᠵᠠᠷᠯᠠᠨ ᠲᠠᠶᠢᠯᠠᠯᠳᠣᠵᠣ᠂ ᠴᠢᠨᠠᠭᠰᠢᠯᠠᠪᠠᠯ ᠵᠢᠯ ᠳᠤ ᠬᠡᠳᠦ ᠣᠳᠠᠭᠠᠨ ᠤ ᠶᠡᠭᠡ ᠴᠡᠷᠢᠭ ᠬᠦᠳᠡᠯᠭᠡᠵᠣ ᠪᠠᠶᠢᠪᠠᠴᠣ᠂ ᠲᠣᠣᠱᠳᠠᠢ ᠢᠯᠠᠯᠳᠠ ᠪᠠᠶᠢᠭᠤᠯᠵᠣ ᠾᠦᠩᠨᠦ ᠶᠢ ᠮᠦᠬᠦᠭᠡᠬᠦ ᠵᠣᠷᠢᠯᠭ᠎ᠠ ᠳᠠᠭᠠᠨ ᠬᠦᠷᠴᠦ ᠴᠢᠳᠠᠭᠰᠠᠨ ᠦᠭᠡᠢ ᠮᠦᠷᠳᠡᠭᠡᠨ᠂ ᠲᠡᠭᠦᠨ ᠤ ᠦᠳᠡᠯ᠎ᠡ ᠨᠠᠰᠣᠨ ᠳᠤ ᠢᠷᠡᠭᠡᠳ ᠶᠡᠭᠡ ᠵᠠᠩᠵᠣᠨ ᠨᠡᠷ ᠨᠢ ᠦᠷᠬᠦᠯᠵᠢ ᠾᠦᠩᠨᠦ ᠳᠤ ᠢᠯᠠᠭᠳᠠᠬᠤ ᠪᠣᠯᠵᠠᠢ ᠂ ᠣᠨᠴᠠᠭᠠᠶᠢᠯᠠᠨ ᠨᠡᠶᠢᠳᠡ ᠶᠢᠨ ᠣᠨ ᠲᠣᠭᠠᠯᠠᠯ ᠠᠴᠠ ᠡᠮᠦᠨ᠎ᠡ 90 ᠣᠨ ᠳᠤ᠂ ᠯᠢ ᠭᠤᠸᠠᠩ ᠯᠢ ᠪᠠᠷ ᠭᠤᠴᠢ ᠭᠠᠷᠣᠢ ᠲᠦᠮᠡᠨ ᠶᠡᠭᠡ ᠴᠡᠷᠢᠭ ᠲᠠᠶᠢᠴᠢᠯᠠᠭᠤᠯᠣᠨ᠂ ᠠᠷᠪᠠ ᠭᠠᠷᠣᠢ ᠠᠯᠳᠠᠷᠳᠣ ᠵᠠᠩᠵᠣᠨ ᠢᠶᠠᠨ ᠬᠠᠷᠢᠶᠠᠯᠠᠭᠤᠯᠵᠣ᠂ ᠾᠦᠩᠨᠦ ᠣᠯᠣᠰ ᠤᠨ ᠭᠦᠨ ᠵᠦᠭ ᠲᠤ ᠲᠠᠪᠣᠨ ᠵᠠᠮ ᠢᠶᠠᠷ ᠶᠡᠭᠡ ᠴᠡᠷᠢᠭ ᠣᠷᠣᠭᠤᠯᠵᠠᠢ᠃ ᠭᠡᠪᠡᠴᠦ ᠾᠦᠩᠨᠦ ᠶᠢᠨ ᠦᠯᠡᠭᠦᠥ ᠴᠠᠨ ᠢᠥᠢ ᠳᠤ ᠬᠢᠶᠠᠷ ᠬᠢᠳᠣᠭᠳᠠᠨ᠂ ᠡᠵᠡᠨ ᠵᠠᠩᠵᠣᠨ ᠯᠢ ᠭᠤᠸᠠᠩ ᠯᠢ ᠬᠦᠷᠳᠡᠯ᠎ᠡ ᠲᠠᠶᠢᠨ ᠳᠤ ᠣᠯᠵᠠᠯᠠᠭᠳᠠᠨ ᠾᠦᠩᠨᠦ ᠳᠤ ᠪᠠᠭᠤᠵᠣ ᠦᠭᠬᠦ ᠳᠤ ᠬᠦᠷᠴᠡᠢ᠃ ︽ᠡᠨᠡ ᠲᠠᠶᠢᠨ ᠠᠴᠠ ᠪᠣᠴᠠᠵᠣ ᠢᠷᠡᠭᠴᠢᠳ ᠠᠷᠠᠢ ᠮᠢᠩᠭᠠᠨ ᠤ ᠭᠤᠷᠪᠠ ᠲᠦᠷᠪᠡᠬᠡᠨ ᠪᠠᠶᠢᠯ᠎ᠠ︾ ᠭᠡᠵᠦ ︽ᠬᠠᠨ ᠣᠯᠣᠰ ᠤᠨ ᠪᠢᠴᠢᠭ︾ ᠲᠤ ᠲᠡᠮᠳᠡᠭᠯᠡᠭᠳᠡᠨ ᠦᠯᠡᠳᠡᠵᠡᠢ ᠃ ᠡᠶᠢᠮᠦ ᠠᠴᠠ ᠬᠠᠨ ᠡᠣ ᠳ᠋ᠢ ᠬᠠᠭᠠᠨ ᠴᠦ ᠵᠣᠷᠢᠭᠰᠠᠨ ᠲᠠᠭᠠᠨ ᠬᠦᠷᠴᠦ ᠴᠢᠳᠠᠭᠰᠠᠨ ᠦᠭᠡᠢ ᠭᠤᠷᠪᠠᠭ᠋ᠠᠨ ᠵᠢᠯ ᠤᠨ ᠲᠠᠷᠠᠭ᠎ᠠ ᠨᠢ ᠡᠪᠴᠢᠭᠦᠥ ᠲᠦᠭᠦᠷᠡᠩ ᠬᠠᠷᠠᠮᠰᠠᠯ ᠲᠠᠢ ᠦᠬᠦᠭᠰᠡᠨ ᠶᠣᠮ᠃ ᠢᠩᠬᠢᠭᠡᠳ ᠬᠡᠳᠦᠨ ᠵᠠᠭᠤᠨ ᠣᠨ ᠢᠶᠠᠷ ᠾᠦᠩᠨᠦ ᠶᠢ ᠮᠦᠬᠦᠭᠡᠬᠦ ᠠᠷᠭ᠎ᠠ ᠮᠡᠭᠡ ᠶᠢ ᠰᠣᠳᠣᠯᠣᠨ ᠰᠢᠨᠵᠢᠯᠡᠭᠰᠡᠨ ᠬᠠᠨ ᠣᠯᠣᠰ ᠤᠨ ᠮᠡᠷᠭᠡᠨ ᠲᠦᠰᠢᠮᠡᠳ ᠤᠨ ᠰᠢᠨᠵᠢᠯᠡᠵᠦ ᠰᠣᠳᠣᠯᠵᠣ ᠣᠯᠣᠭᠰᠠᠨ ᠭᠠᠭᠴᠠ ᠳ᠋ᠦᠩᠨᠡᠯᠳᠡ ᠨᠢ ︽ᠾᠦᠩᠨᠦ ᠶᠢᠨ ᠲᠡᠶᠢᠯᠦᠭᠳᠡᠰᠢ ᠦᠭᠡᠢ ᠰᠢᠯᠳᠠᠭᠠᠨ  ᠤ ᠭᠤᠣᠯ ᠨᠢ ᠾᠦᠩᠨᠦᠴᠦᠳ ᠬᠠᠨ ᠣᠯᠣᠰ ᠤᠨ ᠰᠠᠯᠬᠢᠨ ᠤ ᠲᠡᠭᠡᠷ᠎ᠡ ᠲᠠᠯ᠎ᠠ ᠳᠤ ᠪᠠᠶᠢᠭ᠎ᠠ ᠠᠴᠠ ᠪᠣᠯᠪᠠᠢ︾ ᠭᠡᠵᠦ ᠪᠠᠶᠢᠬᠠᠯᠢ ᠶᠢᠨ ᠨᠦᠬᠦᠴᠡᠯ ᠳᠤ ᠳᠦᠯᠬᠢᠬᠦ ᠱᠤᠭ ᠲᠠᠢ ᠦᠷ᠎ᠡ ᠳ᠋ᠦᠩ ᠳᠤ ᠬᠦᠷᠭᠡᠭᠰᠡᠨ ᠲᠡᠣᠬᠡᠨ ᠲᠡᠮᠳᠡᠭᠯᠡᠯ ᠦᠯᠡᠳᠡᠭᠡᠭᠰᠡᠨ ᠶᠣᠮ᠃ ᠡᠳᠦᠬᠡ ᠬᠡᠳᠦᠶᠢᠪᠡᠷ ᠾᠦᠩᠨᠦᠦᠴᠦᠳ ᠪᠦᠬᠦ ᠣᠯᠣᠰ ᠢᠶᠠᠷ ᠢᠶᠠᠨ ᠪᠠᠭᠤᠵᠣ ᠦᠭᠬᠦ ᠦᠭᠡᠢ ᠪᠣᠯᠪᠠᠴᠣ᠂ ᠬᠠᠭᠠᠰ᠎ᠡ ᠴᠠᠨ ᠢᠥᠢ ᠶᠢᠨ ᠲᠠᠭᠠᠭᠤᠯᠭ᠎ᠠ ᠲᠣᠣᠷᠠᠬᠢ ᠾᠦᠩᠨᠦᠴᠦᠳ ᠪᠠᠷᠤᠭ ᠭᠤᠷᠪᠠᠨ ᠤ ᠨᠢᠭᠡ ᠶᠢᠨ ᠲᠤᠭ᠎ᠠ ᠳᠤ ᠬᠦᠷᠴᠦ ᠪᠠᠶᠢᠭ᠎ᠠ ᠪᠣᠯᠬᠤᠷ᠂ ᠬᠠᠨ ᠣᠯᠣᠰ ᠲᠤ ᠠᠪᠴᠣ ᠬᠡᠯᠡᠪᠡᠯ ᠲᠡᠣᠬᠡᠨ ᠳᠤ ᠭᠠᠷᠣᠭᠠᠳᠦᠢ ᠬᠠᠮᠤᠭ ᠰᠠᠶᠢᠨ ᠵᠠᠪᠰᠢᠶᠠᠨ ᠪᠣᠯᠵᠠᠢ᠃ ᠲᠣᠬᠠᠢ ᠶᠢᠨ ᠦᠶ᠎ᠡ ᠳᠤ ᠬᠠᠨ ᠣᠯᠣᠰ ᠤᠨ ᠬᠠᠭᠠᠨ ᠳᠦᠰᠢᠮᠡᠳ ᠶᠡᠭᠡ ᠵᠦᠪᠯᠡᠯᠭᠡᠨ ᠪᠣᠯᠵᠣ ᠶᠠᠭᠠᠬᠢᠵᠣ ᠠᠷᠭᠠᠴᠠᠬᠤ ᠪᠠᠨ ᠰᠣᠳᠣᠯᠵᠠᠢ᠃ ᠬᠠᠭᠠᠰ᠎ᠡ ᠴᠠᠨ ᠢᠥᠢ ᠶᠢᠨ ᠴᠠᠭᠠᠨ᠎ᠠ ᠨᠢ ᠪᠠᠰᠠ ᠨᠡᠩ ᠣᠯᠠᠨ ᠬᠦᠮᠦᠨ ᠠᠮᠠ ᠲᠠᠢ ᠾᠦᠩᠨᠦᠴᠦᠳ ᠬᠤᠳᠣᠬᠤᠰ ᠴᠠᠨ ᠢᠥᠢ ᠶᠢ ᠬᠦᠷᠢᠶᠡᠯᠡᠨ ᠲᠠᠭᠠᠵᠣ ᠪᠠᠶᠢᠭ᠎ᠠ ᠲᠣᠯᠠ ᠬᠠᠭᠠᠰ᠎ᠡ ᠴᠠᠨ ᠢᠥᠢ ᠶᠢᠨ ᠲᠠᠭᠠᠭᠤᠯᠭ᠎ᠠ ᠲᠣᠣᠷᠠᠬᠢ ᠾᠦᠩᠨᠦᠴᠦᠳ ᠢ ᠨᠢᠭᠡᠯᠡ ᠲᠡᠭᠡᠷ᠎ᠡ ︽ᠵᠠᠯᠭᠢᠬᠤ︾ ᠨᠢ ᠠᠷᠠᠢ ᠪᠦᠳᠦᠮᠵᠢ ᠲᠠᠢ ᠰᠢᠢᠳᠪᠦᠷᠢ ᠪᠣᠯᠵᠣ ᠴᠢᠳᠠᠬᠤ ᠦᠭᠡᠢ ᠨᠢ ᠮᠡᠳᠡᠭᠡᠵᠢ ᠬᠡᠷᠡᠭ ᠲᠣᠯᠠ᠂ ᠬᠠᠷᠢᠨ ᠡᠨᠡ ᠠᠬ᠎ᠠ ᠲᠡᠭᠦᠥ ᠬᠤᠶᠠᠭᠤᠯᠠ ᠶᠢᠨ ᠬᠤᠭᠤᠷᠣᠨᠳᠣ ᠶᠠᠰᠣ ᠬᠠᠶᠠᠵᠣ᠂ ᠣᠷᠳᠣ ᠬᠤᠭᠤᠴᠠᠭ᠎ᠠ ᠪᠠᠷ ᠬᠠᠷᠢᠯᠴᠠᠨ ᠲᠡᠮᠡᠴᠡᠭᠦᠯᠦᠨ᠂ ᠬᠦᠴᠦ ᠶᠢ ᠨᠢ ᠬᠤᠷᠣᠭᠳᠠᠭᠤᠯᠬᠤ ᠪᠠ ᠵᠣᠬᠢᠰᠳᠠᠢ ᠴᠠᠭ ᠦᠶ᠎ᠡ ᠪᠣᠯᠣᠭᠰᠠᠭᠠᠷ ᠵᠠᠳᠠᠷᠠᠭᠤᠯᠣᠨ ᠪᠣᠳᠠᠷᠭᠠᠵᠣ ᠪᠠᠶᠢᠭᠠᠳ ᠠᠭᠠᠵᠢᠮ ᠢᠶᠠᠷ ᠮᠡᠷᠡᠨ ᠢᠳᠡᠬᠦ ᠨᠢ ᠬᠠᠷᠢᠨ ᠬᠠᠮᠤᠭ ᠲᠡᠭᠡᠳᠦ ᠮᠡᠷᠭᠡᠨ ᠪᠣᠳᠣᠯᠭ᠎ᠠ ᠬᠡᠮᠡᠨ ᠲᠣᠭᠳᠠᠵᠠᠢ᠃ ᠠᠳᠡ ᠬᠦᠷᠦᠭᠡᠳ᠂ ᠬᠠᠨ ᠣᠯᠣᠰ ᠬᠤᠶᠠᠷ ᠶᠡᠭᠡ ᠳᠦᠰᠢᠮᠡᠯ ᠬᠠᠨ ᠴᠠᠩ᠂ ᠵᠠᠩ ᠮᠧᠩ ᠢ ᠲᠣᠮᠢᠯᠠᠨ ᠬᠠᠭᠠᠰ᠎ᠡ ᠴᠠᠨ ᠢᠥᠢ ᠶᠢ ᠪᠠᠳᠣᠳᠠᠢ ᠨᠣᠭᠳᠣᠯᠬᠤ ᠠᠷᠭ᠎ᠠ ᠪᠠᠨ ᠲᠣᠣᠱᠯᠠᠭᠤᠯᠬᠤ ᠪᠠᠷ ᠡᠯᠴᠢᠭᠦᠯᠦᠨ ᠢᠷᠡᠭᠦᠯᠵᠡᠢ᠃ ᠬᠤᠶᠠᠷ ᠲᠠᠯ᠎ᠠ  ᠶᠢᠨ ᠬᠡᠯᠡᠯᠴᠡᠭᠡᠷ ᠤᠨ ᠪᠣᠳᠠᠳᠣ ᠠᠭᠤᠯᠭ᠎ᠠ ᠨᠢ ᠬᠡᠳᠦᠶᠢᠪᠡᠷ ᠲᠡᠣᠬᠡᠨ ᠳᠤ ᠲᠡᠮᠳᠡᠭᠯᠡᠨ ᠦᠯᠡᠳᠡᠭᠡᠭᠰᠡᠨ ᠵᠦᠢᠯ ᠦᠭᠡᠢ ᠪᠣᠯᠪᠠᠴᠣ᠂ ᠭᠠᠷᠴᠣ ᠦᠩᠭᠡᠷᠡᠭᠰᠡᠨ ᠲᠡᠣᠬᠡᠳᠦ ᠬᠡᠷᠡᠭ ᠠᠴᠠ ᠨᠢᠬᠳᠠᠯᠠᠨ ᠰᠢᠨᠵᠢᠬᠦᠯ᠎ᠡ᠂ ᠬᠠᠭᠠᠰ᠎ᠡ ᠴᠠᠨ ᠢᠥᠢ ᠶᠢᠨ ᠲᠣᠷᠠᠳᠣᠭᠰᠠᠨ ᠨᠦᠬᠦᠴᠡᠯ ᠶᠣᠰᠣᠭᠠᠷ ᠬᠠᠨ ᠣᠯᠣᠰ ᠠᠴᠠ ᠲᠡᠭᠦᠨ ᠳᠤ ᠠᠵᠣ ᠠᠬᠤᠢ ᠶᠢᠨ ᠲᠡᠮᠵᠢᠯᠭᠡ ᠦᠵᠡᠬᠦᠯᠬᠦ᠂ ᠠᠷᠠᠳ ᠢᠷᠭᠡᠳ ᠲᠤ ᠨᠢ ᠠᠮᠣ ᠬᠦᠨᠡᠰᠦᠨ ᠣᠯᠭᠤᠬᠤ᠂ ᠬᠡᠷᠡᠭᠴᠡᠭᠡ ᠲᠠᠢ ᠦᠶ᠎ᠡ ᠳᠤ ᠴᠡᠷᠢᠭ ᠤᠨ ᠲᠣᠰᠠᠯᠠᠮᠵᠢ ᠬᠠᠩᠭᠠᠬᠤ᠂ ᠲᠠᠶᠢᠰᠣᠨ ᠢᠷᠡᠪᠡᠯ ᠬᠠᠮᠳᠣᠷᠠᠨ ᠴᠡᠷᠢᠭ ᠭᠠᠷᠴᠣ ᠡᠰᠡᠷᠭᠦᠴᠡᠨ ᠪᠠᠶᠢᠯᠳᠣᠬᠤ᠂ ᠪᠠᠰᠠ ᠨᠢᠭᠡ ᠨᠢ ᠬᠡᠣᠬᠡᠨ  ᠢᠶᠠᠨ ᠪᠣᠭᠳᠣᠯᠣᠨ ᠦᠭᠬᠦ ᠵᠡᠷᠭᠡ ᠨᠦᠬᠦᠴᠡᠯ ᠢ ᠪᠦᠷ ᠵᠦᠪᠰᠢᠶᠡᠷᠡᠨ ᠬᠡᠷᠡᠭᠵᠢᠭᠦᠯᠵᠡᠢ᠃ ᠭᠡᠶ᠎ᠡ ᠬᠠᠭᠠᠰ᠎ᠡ ᠴᠠᠨ ᠢᠥᠢ ᠴᠦ ᠬᠠᠨ ᠣᠯᠣᠰ ᠤᠨ ᠬᠢᠯᠢ ᠣᠶᠢᠷᠬᠠᠨ ᠢᠷᠡᠵᠦ ᠰᠠᠭᠤᠨ ᠬᠠᠨ ᠣᠯᠣᠰ ᠤᠨ ᠬᠠᠮᠠᠭᠠᠯᠠᠯ ᠳᠤ ᠪᠠᠭᠳᠠᠬᠤ᠂ ᠲᠠᠬᠢᠵᠣ ᠬᠠᠨ ᠣᠯᠣᠰ ᠲᠤ ᠴᠡᠷᠢᠭ ᠣᠷᠣᠬᠤ ᠦᠭᠡᠢ ᠮᠦᠷᠳᠡᠭᠡᠨ ᠦᠷᠬᠦᠯᠵᠢ ᠬᠠᠨ ᠣᠯᠣᠰ ᠤᠨ ᠬᠢᠯᠢ ᠬᠢᠵᠠᠭᠠᠷ ᠢ ᠴᠠᠭᠳᠠᠨ ᠰᠠᠬᠢᠵᠣ ᠦᠭᠬᠦ ᠵᠡᠷᠭᠡ ᠠᠮᠠᠯᠠᠯ ᠦᠭᠴᠡᠢ᠃ ᠡᠳᠡᠭᠡᠷ ᠬᠡᠷᠡᠭ ᠢ ᠬᠡᠯᠡᠯᠴᠡᠨ ᠲᠣᠭᠳᠠᠭᠠᠳ ᠬᠠᠨ ᠴᠠᠩ᠂ ᠵᠠᠩ ᠮᠧᠩ ᠨᠡᠷ ᠬᠠᠭᠠᠰ᠎ᠡ ᠴᠠᠨ ᠢᠥᠢ ᠪᠠ ᠾᠦᠩᠨᠦ ᠶᠢᠨ ᠶᠡᠬᠡᠰ ᠳᠦᠰᠢᠮᠡᠳ ᠲᠠᠢ ᠬᠠᠮᠳᠣᠪᠠᠷ ᠾᠦᠩᠨᠦ ᠶᠢᠨ ᠨᠦᠸᠧ ᠱᠦᠢ ᠣᠰᠣᠨ ᠤ ᠵᠡᠭᠦᠨ ᠠᠭᠤᠯᠠᠨ ᠳᠤ ᠠᠪᠠᠷᠢᠨ ᠴᠠᠭᠠᠨ ᠮᠣᠷᠢᠨ ᠠᠯᠠᠵᠣ᠂ ᠴᠢᠰᠣᠳᠣ ᠠᠷᠢᠬᠢ ᠣᠣᠭᠤᠨ ᠲᠠᠩᠭᠠᠷᠢᠭ ᠬᠢᠭᠰᠡᠨ ᠨᠢ ᠡᠨᠡ ᠠᠵᠠᠢ᠃ ᠬᠠᠨ ᠣᠯᠣᠰ ᠤᠨ ᠲᠡᠣᠬᠡᠨ ᠳᠤ ᠲᠡᠮᠳᠡᠭᠯᠡᠭᠰᠡᠨ ᠢᠶᠠᠷ᠂ ᠡᠷᠳᠡ ᠴᠠᠭ ᠯᠣᠣᠰ ᠤᠨ ᠴᠠᠨ ᠢᠥᠢ ᠶᠢᠨ ᠦᠶ᠎ᠡ ᠳᠤ ᠷᠸᠥᠽᠢᠴᠦᠳ ᠢ ᠲᠠᠶᠢᠯᠠᠨ ᠲᠠᠷᠣᠵᠣ᠂ ᠲᠡᠬᠦᠨ ᠤ ᠸᠠᠩ ᠢ ᠠᠯᠠᠨ ᠭᠠᠪᠠᠯᠠ ᠪᠠᠷ ᠨᠢ ᠬᠢᠭᠰᠡᠨ ᠲᠡᠷᠡᠬᠦ ᠠᠯᠳᠠᠨ ᠠᠶᠠᠭᠠᠨ ᠳᠤ ᠲᠠᠩᠭᠠᠷᠢᠭᠯᠠᠬᠤ ᠳᠤ ᠬᠡᠷᠡᠭᠯᠡᠬᠦ ᠴᠢᠰᠣᠳᠣ ᠠᠷᠢᠬᠢ ᠪᠠᠨ ᠬᠡᠮᠨᠡᠨ᠂ ᠬᠠᠭᠠᠰ᠎ᠡ ᠴᠠᠨ ᠢᠥᠢ 径路刀 ᠪᠣᠯᠣᠨ 金留犁 ᠪᠠᠷ ᠡᠨᠡᠬᠦ ᠴᠢᠰᠣᠳᠣ ᠠᠷᠢᠬᠢ ᠪᠠᠨ ᠰᠠᠶᠢᠳᠣᠷ ᠬᠤᠣᠬᠤᠨ᠂ ᠬᠠᠨ ᠣᠯᠣᠰ  ᠤᠨ ᠡᠯᠴᠢ ᠲᠠᠢ ᠬᠠᠮᠳᠣᠪᠡᠷ ᠣᠣᠭᠤᠵᠣ ᠲᠠᠩᠭᠠᠷᠢᠭ ᠬᠢᠭᠰᠡᠨ ᠭᠡᠵᠦ ᠬᠠᠨ ᠣᠯᠣᠰ ᠤᠨ ᠪᠢᠴᠢᠭ ᠲᠤ ᠲᠡᠮᠳᠡᠭᠯᠡᠨ ᠦᠯᠡᠳᠡᠭᠡᠵᠡᠢ᠃ ︵ᠭᠤᠷᠪᠠ︶ 径路 ᠬᠤᠶᠠᠷ ᠦᠰᠦᠭ ᠤᠨ ᠲᠣᠬᠠᠢ ᠬᠢᠳᠠᠳ ᠲᠣᠯᠢ ᠪᠠ ᠲᠡᠣᠬᠡᠴᠢᠳ ᠤᠨ ᠲᠠᠶᠢᠯᠪᠣᠷᠢ᠄ 1 径路 ᠬᠤᠶᠠᠷ ᠬᠢᠳᠠᠳ ᠦᠰᠦᠭ ᠤᠨ ᠣᠳᠣ ᠦᠶ᠎ᠡ ᠶᠢᠨ ᠲᠣᠯᠢ ᠪᠢᠴᠢᠭ ᠳᠠᠬᠢ ᠲᠠᠶᠢᠯᠪᠣᠷᠢ ᠭᠡᠪᠡᠯ ︽ᠣᠯᠣᠰ ᠤᠨ ᠬᠡᠯᠡᠨ ᠤ ᠲᠣᠯᠢ︾ ᠭᠡᠳᠡᠭ ᠲᠣᠯᠢ ᠪᠢᠴᠢᠭ ᠲᠤ ᠲᠠᠶᠢᠯᠪᠣᠷᠢᠯᠠᠭᠰᠠᠨ ᠨᠢ ᠬᠠᠮᠤᠭ ᠨᠡᠶᠢᠳᠡᠯᠢᠭ ᠶᠣᠮ᠃ ᠲᠡᠭᠦᠨ ᠳᠤ ᠬᠡᠯᠡᠭᠰᠡᠨ ᠨᠢ᠂ 径路 ᠶᠢᠨ ᠠᠪᠢᠶ᠎ᠠ ᠨᠢ ᠵᠦᠪᠬᠡᠨ jìng lù ︵ᠵᠢᠩ ᠯᠣ᠋︶ ᠪᠠᠶᠢᠵᠣ᠂ ᠣᠳᠬ᠎ᠠ ᠨᠢ ᠬᠤᠶᠠᠷ ᠪᠣᠢ᠂ ᠨᠢᠭᠡ ᠨᠢ ᠬᠢᠳᠠᠳ ᠬᠡᠯᠡᠨ᠎ᠡ ᠵᠦᠷᠢᠭ ᠵᠠᠮ ︵ᠴᠣᠪᠣᠭ᠎ᠠ ᠵᠠᠮ︶ ᠬᠡᠬᠦ ᠣᠳᠬ᠎ᠠ ᠲᠠᠢ᠂ ᠨᠦᠬᠦᠭᠡ ᠨᠢ ᠡᠷᠳᠡᠨ ᠤ ᠾᠦᠩᠨᠦ ᠶᠢᠨ ᠰᠢᠳᠦᠳᠡᠭ ᠰᠠᠬᠢᠭᠤᠯᠰᠣᠨ ᠤ ᠨᠡᠷ᠎ᠡ ᠪᠣᠯᠣᠨ᠎ᠠ ᠭᠡᠵᠡᠢ᠃ 2 ᠡᠷᠳᠡᠨ ᠤ ᠬᠢᠳᠠᠳ ᠲᠡᠣᠬᠡᠴᠢᠳ ᠤᠨ ᠲᠠᠶᠢᠯᠪᠣᠷᠢ᠄ ᠶᠠᠨ ᠱᠢ ᠭᠦ᠋ ᠶᠢᠨ ᠲᠠᠶᠢᠯᠪᠣᠷᠢᠯᠠᠬᠤ ᠪᠠᠷ᠂ ᠲᠡᠷᠡ ᠲᠡᠭᠦᠨ  ᠠᠴᠠ ᠨᠡᠩ ᠡᠷᠳᠡᠨ ᠤ ᠬᠦᠮᠦᠨ ᠪᠣᠯᠬᠤ ᠶᠢᠩ ᠱᠣᠣ ᠶᠢᠨ ᠦᠭᠡ ᠶᠢ ᠡᠰᠢᠯᠡᠨ ᠶᠠᠲᠢᠭᠰᠠᠨ ᠨᠢ᠄ ︽径路 ᠬᠡᠮᠡᠭᠴᠢ ᠾᠦᠩᠨᠦ ᠶᠢᠨ ᠡᠷᠳᠡᠨᠢ ᠶᠢᠨ ᠬᠢᠳᠤᠭ᠎ᠠ ᠪᠣᠯᠠᠢ︾ ᠭᠡᠵᠡᠢ᠃ 3 ︽ᠬᠠᠨ ᠣᠯᠣᠰ ᠤᠨ ᠪᠢᠴᠢᠭ · ᠭᠠᠵᠠᠷ ᠵᠦᠢ ᠶᠢᠨ ᠴᠠᠳᠢᠭ ᠤᠨ ᠲᠡᠭᠡᠳᠦ ᠪᠣᠳᠢ · ᠽᠦᠸᠧ ᠫᠢᠩ ᠶᠢ ︵左馮翊︶︾ ᠭᠡᠳᠡᠭ ᠵᠣᠷᠪᠣᠰ ᠲᠤ ᠨᠦᠬᠦᠪᠦᠷᠢ ᠲᠠᠶᠢᠯᠠᠪᠣᠷᠢ ᠬᠢᠭᠰᠡᠨ ᠸᠠᠩ ᠰᠢᠶᠠᠨ ᠴᠢᠶᠠᠨ ᠭᠡᠳᠡᠭ ᠬᠦᠮᠦᠨ ᠤ ᠲᠠᠶᠢᠯᠪᠣᠷᠢᠯᠠᠨ ᠬᠡᠯᠡᠭᠰᠡᠨ ᠨᠢ᠄ ︽径路 ᠬᠡᠮᠡᠭᠴᠢ ᠣᠣᠯ ᠨᠢ ᠰᠢᠥ ᠲᠸᠥ ᠸᠠᠩ ᠤᠨ ᠨᠡᠷ᠎ᠡ ᠪᠦᠯᠦᠭᠡ᠂ ᠲᠡᠷᠡ ᠦᠬᠦᠭᠡᠳ ᠰᠠᠬᠢᠭᠤᠯᠰᠣᠨ ᠪᠣᠯᠪᠠᠢ᠃ ᠲᠡᠭᠦᠨ ᠤ ᠦᠯᠡᠳᠡᠭᠰᠡᠨ ᠬᠢᠳᠤᠭ᠎ᠠ ᠶᠢ ᠴᠦ 径路 ᠬᠢᠳᠤᠭ᠎ᠠ ᠬᠡᠮᠡᠳᠡᠭ ᠪᠣᠯᠪᠠᠢ︾ ᠭᠡᠵᠡᠢ᠃ ᠪᠣᠰᠣᠳ ᠲᠣᠯᠢ ᠪᠢᠴᠢᠭ ᠪᠣᠶᠣ ᠲᠡᠣᠬᠡᠴᠢᠳ ᠤᠨ ᠲᠠᠶᠢᠯᠪᠣᠷᠢ ᠲᠡᠭᠡᠷᠡᠬᠢ ᠲᠠᠢ ᠦᠨᠳᠦᠰᠦᠨ  ᠳᠡᠭᠡᠨ ᠠᠳᠠᠯᠢᠪᠳᠣᠷ ᠪᠣᠯᠬᠤᠷ ᠲᠡᠷᠡ ᠪᠦᠬᠦᠨ ᠢ ᠵᠢᠬᠰᠠᠭᠠᠨ ᠭᠠᠷᠭᠠᠬᠤ ᠦᠭᠡᠢ ᠣᠷᠬᠢᠶ᠎ᠠ᠃ ᠲᠡᠭᠡᠷᠡᠬᠢ 1᠂ 2᠂ 3 ᠳ᠋ᠣᠭᠠᠷ ᠵᠣᠷᠪᠣᠰ ᠲᠤ ᠦᠨᠳᠦᠰᠦᠨ ᠳᠡᠭᠡᠨ ᠣᠳᠣ ᠦᠶ᠎ᠡ ᠳᠤ ᠣᠯᠠᠮᠵᠢᠯᠠᠵᠣ ᠢᠷᠡᠭᠰᠡᠨ 径路 ᠶᠢᠨ ᠲᠣᠬᠠᠢ ᠨᠡᠶᠢᠳᠡᠯᠢᠭ ᠬᠡᠯᠡᠯᠭᠡ ᠪᠦᠬᠦᠨ ᠢᠶᠠᠷ ᠢᠶᠠᠨ ᠪᠠᠭᠳᠠᠵᠣ ᠪᠣᠢ᠃ ᠲᠠᠷᠣᠢ ᠾᠦᠩᠨᠦ ᠶᠢᠨ ᠡᠷᠳᠡᠨᠢ ᠶᠢᠨ ᠬᠢᠳᠤᠭ᠎ᠠ᠂ ᠰᠠᠬᠢᠭᠤᠯᠰᠣᠨ ᠬᠢᠳᠤᠭ᠎ᠠ᠂ ᠰᠢᠥ ᠲᠸᠥ ᠸᠠᠩ ᠤᠨ ᠨᠡᠷ᠎ᠡ᠂ ᠰᠢᠥ ᠲᠸᠥ ᠸᠠᠩ ᠤᠨ ᠦᠯᠡᠳᠡᠭᠡᠭᠰᠡᠨ ᠰᠠᠬᠢᠭᠤᠯᠰᠣᠨ ᠬᠢᠳᠤᠭ᠎ᠠ ᠭᠡᠬᠦ ᠮᠡᠳᠦ ᠪᠣᠯᠣᠨ᠎ᠠ᠃ ᠡᠭᠦᠨ ᠳᠤ ᠵᠦᠪᠬᠡᠨ ᠶᠠᠨ ᠱᠢ ᠭᠦ᠋ ᠶᠢᠨ ᠲᠠᠶᠢᠯᠪᠣᠷᠢ ︽ᠾᠦᠩᠨᠦ  ᠶᠢᠨ ᠡᠷᠳᠡᠨᠢ ᠶᠢᠨ ᠬᠢᠳᠤᠭ᠎ᠠ︾ ᠭᠡᠳᠡᠭ ᠲᠠᠶᠢᠯᠪᠣᠷᠢ ᠪᠣᠯ ᠲᠡᠣᠬᠡᠨ ᠦᠨᠡᠨ ᠠᠴᠠ ᠬᠠᠮᠤᠭ ᠣᠶᠢᠷ᠎ᠠ ᠲᠠᠶᠢᠯᠪᠣᠷᠢ ᠪᠣᠯᠬᠤ ᠶᠣᠮ᠃ ᠡᠭᠦᠨ ᠢ ᠲᠠᠪᠳᠠᠨ ᠨᠣᠳᠠᠯᠠᠬᠤ ᠠᠴᠠ ᠡᠮᠦᠨ᠎ᠡ ᠣᠷᠢᠳᠠᠪᠠᠷ ᠪᠣᠰᠣᠳ ᠵᠦᠢᠯ ᠤᠨ ᠬᠡᠯᠡᠯᠭᠡ ᠶᠢ ᠨᠢᠭᠡ ᠨᠢᠭᠡ  ᠪᠠᠷ ᠦᠵᠡᠶ᠎ᠡ᠄ ︵1︶ ᠰᠢᠥ ᠲᠸᠥ ᠸᠠᠩ ᠤᠨ ᠨᠡᠷ᠎ᠡ ᠭᠡᠬᠦ ᠬᠡᠯᠡᠯᠭᠡ ᠳᠤ ᠶᠠᠮᠠᠷᠴᠣ ᠲᠡᠣᠬᠡ ᠶᠢᠨ ᠬᠡᠷᠡᠴᠢ ᠪᠠᠷᠢᠮᠳᠠ ᠠᠯᠠᠭ᠎ᠠ ᠪᠣᠯᠬᠤᠷ ᠢᠳᠡᠭᠡᠮᠵᠢ ᠦᠭᠡᠢ ᠬᠡᠯᠡᠯᠭᠡ ᠮᠦᠨ᠃ ᠲᠡᠣᠬᠡ ᠰᠣᠳᠣᠷ ᠲᠤ ᠰᠢᠥ ᠲᠸᠥ ᠸᠠᠩ ᠭᠡᠬᠦ ᠨᠡᠷ᠎ᠡ ᠦᠭᠡ ᠵᠦᠪᠬᠡᠨ ᠬᠤᠶᠠᠷᠬᠠᠨ ᠣᠳᠠᠭ᠎ᠠ ᠢᠯᠡᠷᠡᠵᠡᠢ᠃ ᠲᠦᠷᠦᠭᠦᠥ ᠣᠳᠠᠭ᠎ᠠ ᠨᠢ ᠾᠦᠸᠧ ᠴᠢᠥᠢ ᠪᠢᠩ ᠲᠠᠶᠢᠨ ᠳᠤ ᠰᠢᠥ ᠲᠸᠥ ᠸᠠᠩ  ᠤᠨ ᠲᠡᠭᠷᠢ ᠲᠠᠬᠢᠬᠤ ᠠᠯᠳᠠᠨ ᠬᠦᠮᠦᠨ ᠢ ᠣᠯᠵᠠᠯᠠᠭᠰᠠᠨ ᠭᠡᠬᠦ ᠲᠡᠮᠳᠡᠭᠯᠡᠯ ᠲᠠᠢ᠂ ᠡᠨᠡᠬᠦ ᠰᠢᠥ ᠲᠸᠥ ᠸᠠᠩ ᠤᠨ ᠲᠡᠭᠷᠢ ᠲᠠᠬᠢᠬᠤ ᠠᠯᠳᠠᠨ ᠬᠦᠮᠦᠨ ᠭᠡᠳᠡᠭ ᠨᠢ ᠠᠯᠳᠠᠨ ᠪᠠᠷ ᠱᠣᠭᠤᠮᠯᠠᠨ ᠪᠦᠳᠦᠭᠡᠭᠰᠡᠨ ᠪᠣᠷᠬᠠᠨ ᠪᠠᠶᠢᠭ᠎ᠠ ᠨᠢ ᠦᠵᠡᠳᠡᠯ᠎ᠡ ᠢᠯᠡᠷᠬᠡᠢ ᠪᠠᠶᠢᠨ᠎ᠠ᠃ ᠬᠤᠶᠠᠳᠣᠭᠠᠷ ᠣᠳᠠᠭ᠎ᠠ ᠨᠢ ᠾᠦᠩᠨᠦ ᠶᠢᠨ ᠪᠠᠷᠠᠭᠤᠨ ᠭᠠᠷ ᠢ ᠲᠠᠷᠣᠩᠭᠤᠶᠢᠯᠠᠨ ᠰᠠᠭᠤᠵᠣ ᠪᠠᠶᠢᠭᠰᠠᠨ ᠬᠤᠨ ᠶᠧ ᠸᠠᠩ ᠪᠣᠯᠣᠨ ᠰᠢᠥ ᠲᠸᠥ ᠸᠠᠩ ᠠᠵᠢᠯ ᠳᠠᠭᠠᠨ ᠬᠦᠨᠳᠦ ᠨᠣᠴᠢᠳᠠᠢ ᠬᠠᠷᠢᠭᠤᠴᠠᠯᠭ᠎ᠠ ᠠᠯᠳᠠᠵᠣ ᠂ ᠴᠠᠨ ᠢᠥᠢ ᠳᠠᠭᠠᠨ ᠠᠯᠠᠭᠳᠠᠬᠤ ᠠᠴᠠ ᠠᠶᠣᠵᠣ ᠳᠠᠭᠠᠨ ᠬᠠᠨ ᠣᠯᠣᠰ ᠲᠤ ᠪᠠᠭᠤᠵᠣ ᠦᠭᠬᠦ ᠪᠠᠷ ᠬᠤᠣᠪᠢᠯᠳᠣᠵᠠᠢ᠂ ᠭᠡᠪᠡᠴᠦ ᠰᠢᠥ ᠲᠤ ᠸᠠᠩ ᠪᠠᠰᠠ ᠵᠢᠭᠠᠬᠠᠨ ᠡᠷᠡᠭᠡᠯᠵᠡᠭᠡ ᠲᠠᠢ ᠪᠠᠶᠢᠭᠰᠠᠨ ᠳᠤ ᠬᠤᠨ ᠶᠧ ᠸᠠᠩ ᠲᠡᠭᠦᠨ ᠢ ᠠᠯᠠᠵᠣ᠂ ᠬᠠᠳᠣᠳ ᠬᠦᠪᠡᠭᠦᠳ ᠠᠷᠠᠳ ᠢᠷᠭᠡᠳ ᠲᠠᠢ ᠪᠦᠬᠦᠨ ᠢ ᠣᠣᠯᠭᠠᠭᠤᠯᠣᠨ ᠠᠪᠴᠣ᠂ ᠨᠡᠶᠢᠳᠡ ᠲᠦᠷᠪᠡ ᠲᠠᠪᠣᠨ ᠲᠦᠮᠡᠨ ᠬᠦᠮᠦᠨ ᠬᠠᠨ ᠣᠯᠣᠰ ᠲᠤ ᠪᠠᠭᠤᠵᠣ ᠦᠭᠪᠡ᠃ ᠬᠠᠨ ᠣᠯᠣᠰ ᠲᠡᠭᠦᠨ ᠢ ᠠᠷᠪᠠᠨ ᠲᠦᠮᠡ ᠬᠡᠮᠡᠨ ᠠᠳᠠᠷᠰᠢᠭᠤᠯᠪᠠᠢ ᠭᠡᠳᠡᠭ ᠲᠡᠣᠬᠡᠨ ᠲᠡᠮᠳᠡᠭᠯᠡᠯ ᠪᠠᠶᠢᠭ᠎ᠠ ᠶᠣᠮ᠃ ᠡᠭᠦᠨ ᠠᠴᠠ ᠪᠣᠰᠣᠳ ᠲᠣᠰᠬᠠᠶᠢᠯᠠᠨ ᠰᠢᠥ ᠲᠸᠥ ᠸᠠᠩ ᠢ ᠦᠬᠦᠯᠡᠭᠰᠡᠨ ᠶᠠᠮᠠᠷᠴᠣ ᠲᠡᠮᠳᠡᠭᠯᠡᠯ ᠪᠠᠶᠢᠬᠤ ᠦᠭᠡᠢ ᠪᠦᠭᠡᠳ ᠲᠡᠭᠦᠨ ᠤ ᠣᠣᠯ ᠤᠨ ᠨᠡᠷ᠎ᠡ ᠨᠢ ᠵᠢᠩ ᠯᠣ᠋ ᠭᠡᠳᠡᠭ ᠲᠡᠮᠳᠡᠭᠯᠡᠯ ᠲᠡᠣᠬᠡ ᠰᠣᠳᠣᠷ ᠲᠤ ᠶᠡᠷᠦᠨᠢ ᠬᠠᠷᠠᠭᠳᠠᠭᠰᠠᠨ ᠦᠭᠡᠢ᠃ ︵2︶ ᠰᠢᠥ ᠲᠸᠥ ᠸᠠᠩ ᠦᠬᠦᠭᠡᠳ ᠰᠠᠬᠢᠭᠤᠯᠰᠣᠨ ᠪᠣᠯᠪᠠᠢ᠂ ︵ᠢᠩᠬᠢᠭᠡᠳ︶ ᠲᠡᠭᠦᠨ ᠤ ᠦᠯᠡᠳᠡᠭᠰᠡᠨ ᠬᠢᠳᠤᠭ᠎ᠠ  ᠶᠢ ᠰᠠᠬᠢᠭᠤᠯᠰᠣᠨ ᠬᠢᠳᠤᠭ᠎ᠠ ᠬᠡᠮᠡᠪᠡᠢ ᠭᠡᠳᠡᠭ ᠬᠡᠯᠡᠯᠭᠡ ᠴᠦ ᠬᠤᠵᠢᠮ ᠤᠨ ᠬᠦᠮᠦᠨ ᠤ ᠵᠣᠬᠢᠶᠠᠭᠰᠠᠨ ᠲᠣᠮᠤᠭ ᠶᠣᠮ᠃ ᠡᠭᠦᠨ ᠤ ᠲᠣᠬᠠᠢ ᠵᠢᠩᠬᠢᠨᠢ ᠲᠡᠣᠬᠡ ᠰᠣᠳᠣᠷ ᠲᠤ ᠶᠠᠮᠠᠷᠴᠣ ᠲᠡᠮᠳᠡᠭᠯᠡᠯ ᠪᠠᠶᠢᠬᠤ ᠦᠭᠡᠢ᠃ ᠵᠣᠬᠢᠶᠠᠭᠴᠢ ᠶᠢᠨ ᠦᠵᠡᠬᠦ  ᠪᠠᠷ ᠰᠢᠥ ᠲᠸᠥ ᠸᠠᠩ ᠤᠨ ᠬᠦᠪᠡᠭᠦᠨ ᠶᠢᠨ ᠮᠢ ᠳ᠋ᠢ ︵ᠬᠢᠮᠡᠭᠳᠡᠢ︶ ᠬᠡᠳᠦᠶᠢᠪᠡᠷ ᠠᠷᠪᠠᠨ ᠭᠤᠷᠪᠠ ᠲᠦᠷᠪᠡᠳᠡᠶᠢᠬᠡᠨ ᠬᠡᠣᠬᠡᠳ ᠨᠠᠰᠣᠨ ᠳᠠᠭᠠᠨ᠂ ᠬᠤᠨ ᠶᠧ ᠸᠠᠩ ᠳᠤ ᠣᠣᠯᠭᠠᠭᠤᠯᠣᠭᠳᠠᠨ᠂ ᠬᠠᠨ ᠣᠯᠣᠰ ᠤᠨ ᠲᠠᠶᠢᠨ ᠳᠤ ᠣᠯᠵᠠᠯᠠᠭᠳᠠᠭᠰᠠᠨ ᠪᠣᠭᠤᠯ ᠤᠨ ᠬᠤᠪᠢ ᠪᠠᠷ ᠬᠠᠨ ᠡᠣ ᠳ᠋ᠢ ᠬᠠᠭᠠᠨ ᠤ ᠠᠭᠳᠠ ᠶᠢ ᠲᠡᠵᠢᠭᠡᠵᠦ ᠠᠷᠠᠴᠢᠯᠠᠬᠤ ᠪᠣᠭᠤᠯ ᠪᠣᠯᠵᠠᠢ᠃ ᠭᠡᠪᠡᠴᠦ ᠲᠡᠷᠡ ᠠᠵᠢᠯ ᠲᠠᠭᠠᠨ ᠬᠢᠨᠠᠮᠭᠠᠢ ᠮᠦᠷᠳᠡᠭᠡᠨ ᠴᠢᠷᠮᠠᠶᠢᠯᠳᠠ ᠰᠠᠶᠢᠳᠠᠢ ᠪᠣᠯᠬᠤᠷ ᠬᠠᠨ ᠡᠣ ᠳ᠋ᠢ ᠬᠠᠭᠠᠨ ᠳᠤ ᠲᠣᠭᠤᠭᠳᠠᠨ ᠢᠳᠡᠭᠡᠨ ᠬᠡᠷᠡᠭᠯᠡᠵᠦ ᠠᠭᠠᠵᠢᠮ ᠢᠶᠠᠷ ᠵᠡᠷᠭᠡ ᠲᠡᠪᠰᠢᠭᠰᠡᠭᠡᠷ ᠪᠠᠶᠢᠵᠣ᠂ ᠬᠠᠨ ᠣᠯᠣᠰ ᠤᠨ ᠬᠠᠭᠠᠨ ᠲᠦᠷᠦ ᠶᠢᠨ ᠬᠠᠮᠤᠭ ᠦᠨᠳᠦᠷ ᠡᠷᠬᠢᠮ ᠲᠣᠰᠢᠶᠠᠯ ᠳᠤ ᠬᠦᠷᠦᠭᠰᠡᠨ ᠶᠣᠮ᠃ ᠡᠴᠦᠰ ᠲᠡᠭᠡᠨ ᠬᠠᠨ ᠡᠣ ᠳ᠋ᠢ ᠬᠠᠭᠠᠨ ᠦᠬᠦᠬᠦ ᠦᠶ᠎ᠡ ᠳᠤ ᠲᠡᠭᠦᠨ ᠢ ᠪᠠᠭᠳᠠᠭᠠᠭᠰᠠᠨ ᠲᠦᠷᠪᠡᠨ ᠶᠡᠬᠡᠰ ᠳᠦᠰᠢᠮᠡᠯ ᠲᠡᠭᠡᠨ ᠦᠪᠡᠷ ᠤᠨ ᠨᠠᠢᠮᠠᠬᠠᠨ ᠨᠠᠰᠣᠳᠠᠢ ᠦᠨᠦᠴᠢᠨ ᠬᠦᠪᠡᠭᠦᠨ ᠯᠢᠥ ᠹᠦ᠋ ᠯᠢᠩ ᠢ ᠲᠡᠮᠵᠢᠨ ᠬᠠᠭᠠᠨ ᠰᠢᠷᠡᠭᠡᠨ ᠳᠤ ᠰᠠᠭᠤᠯᠭᠠᠭᠳᠣᠨ ᠬᠡᠮᠡᠨ ᠨᠠᠶᠢᠳᠠᠨ ᠬᠡᠷᠢᠶᠡᠰᠦᠯᠡᠵᠡᠢ᠃ ᠶᠢᠨ ᠮᠢ ᠳ᠋ᠢ ᠶᠢᠨ ᠣᠨᠴᠠᠭᠠᠢ ᠲᠠᠯ᠎ᠠ ᠪᠣᠯ ᠲᠡᠷᠡ ᠬᠠᠨ ᠣᠯᠣᠰ ᠤᠨ ᠲᠦᠷᠦ ᠳᠤ ᠲᠦᠴᠢᠭᠡᠳ ᠵᠢᠯ ᠵᠢᠳᠬᠦᠬᠦ ᠳᠡᠭᠡᠨ ᠶᠠᠮᠠᠷᠴᠣ ᠠᠯᠳᠠᠭ᠎ᠠ ᠪᠣᠷᠣᠭᠤ ᠭᠠᠷᠭᠠᠭᠰᠠᠨ ᠦᠭᠡᠢ ᠪᠠᠷ ᠢᠶᠠᠨ ᠲᠡᠯᠡᠬᠡᠢ ᠲᠠᠬᠢᠨ ᠳᠤ ᠠᠯᠳᠠᠷ ᠮᠠᠨᠳᠣᠭᠰᠠᠨ ᠢ ᠬᠡᠯᠡᠬᠦ ᠦᠭᠡᠢ ᠪᠠᠰᠠ ᠣᠬᠠᠭᠠᠨ ᠪᠠᠭᠠᠳᠣᠷ ᠬᠤᠣᠰᠯᠠᠭᠰᠠᠨ ᠬᠦᠮᠦᠨ ᠶᠣᠮ᠃ ᠶᠠᠭ ᠡᠶᠢᠮᠦ ᠠᠴᠠ ᠬᠤᠵᠢᠮ ᠤᠨ ᠬᠢᠳᠠᠳ ᠲᠡᠣᠬᠡᠴᠢᠳ ᠦᠨᠡᠯᠡᠨ ᠪᠢᠴᠢᠭᠰᠡᠨ ᠨᠢ᠄ ︽ ᠶᠢᠨ ᠮᠢ ᠳ᠋ᠢ ᠶᠢᠨ ᠬᠤᠶᠢᠴᠢᠰ ᠲᠣᠯᠣᠭᠠᠨ ᠦᠶ᠎ᠡ ᠲᠣᠲᠣᠭᠠᠳᠣ ᠳᠦᠰᠢᠮᠡᠯ ᠪᠣᠯᠵᠣ ᠬᠠᠭᠠᠨ ᠤ ᠰᠢᠳᠠᠷ ᠶᠠᠪᠣᠵᠣ᠂ ᠶᠠᠮᠠᠷᠴᠣ ᠬᠡᠷᠡᠭ ᠵᠣᠷᠢᠭ ᠲᠤ ᠣᠷᠢᠶᠠᠯᠴᠠᠭᠰᠠᠨ ᠦᠭᠡᠢ  ᠨᠢ ᠲᠡᠭᠦᠨ ᠤ ᠭᠡᠷ ᠤᠨ ᠰᠣᠷᠭᠠᠯ ᠤᠨ ᠴᠢᠩᠭ᠎ᠠ ᠬᠢᠨᠠᠮᠭᠠᠢ ᠳᠤ ᠪᠠᠶᠢᠮᠣᠢ︾ ᠭᠡᠵᠦ ᠦᠨᠡᠯᠡᠵᠡᠭᠡᠵᠡᠢ᠃ ᠡᠶᠢᠮᠦᠷᠬᠦ ᠠᠯᠳᠠᠷ ᠮᠠᠨᠳᠣᠭᠰᠠᠨ ᠣᠬᠠᠭᠠᠨ ᠪᠠᠭᠠᠳᠣᠷ ᠬᠤᠣᠰᠯᠠᠨ ᠬᠦᠮᠦᠨ ᠢ ᠰᠠᠬᠢᠭᠤᠯᠰᠣᠨ ᠪᠣᠯᠪᠠ᠃ ᠲᠡᠭᠦᠨ ᠤ ᠬᠡᠷᠡᠭᠯᠡᠵᠦ ᠪᠠᠶᠢᠭᠰᠠᠨ ᠬᠢᠳᠤᠭ᠎ᠠ ᠨᠢ ᠰᠠᠬᠢᠭᠤᠯᠰᠣᠨ ᠬᠢᠳᠤᠭ᠎ᠠ ᠪᠣᠯᠪᠠ ᠭᠡᠳᠡᠭ ᠬᠡᠯᠡᠯᠭᠡ ᠪᠣᠯ ᠪᠦᠷ ᠠᠷᠠᠳ ᠢᠷᠭᠡᠳ ᠤᠨ ᠲᠣᠮᠳᠠᠬᠢ ᠢᠷᠭᠡᠨ ᠤ ᠰᠣᠶᠣᠯ ᠤᠨ ᠨᠢᠭᠡᠨ ᠦᠵᠡᠭᠳᠡᠯ ᠪᠣᠯᠬᠤ ᠲᠡᠳᠦᠢ ᠶᠣᠮ᠃ ᠠᠳᠡ ᠣᠨᠴᠠᠭᠠᠶᠢᠯᠠᠨ ᠬᠡᠯᠡᠬᠦ ᠨᠢ ᠰᠢᠥ ᠲᠸᠥ ᠸᠠᠩ ᠤᠨ ᠦᠯᠡᠳᠡᠭᠡᠭᠰᠡᠨ ᠰᠠᠬᠢᠭᠤᠯᠰᠣᠨ ᠬᠢᠳᠤᠭ᠎ᠠ ᠭᠡᠬᠦ ᠬᠡᠯᠡᠯᠭᠡ ᠪᠣᠯ ᠦᠨᠳᠦᠰᠦᠯᠡᠯ ᠦᠭᠡᠢ ᠮᠦᠷᠳᠡᠭᠡᠨ ᠪᠣᠯᠣᠮᠵᠢ ᠦᠭᠡᠢ ᠬᠡᠯᠡᠯᠭᠡ ᠶᠣᠮ᠃ ᠣᠴᠢᠷ ᠨᠢ ᠰᠢᠥ ᠲᠸᠥ ᠸᠠᠩ᠂ ᠬᠤᠨ ᠶᠧ ᠸᠠᠩ ᠳᠤ ᠠᠯᠠᠭᠳᠠᠭᠰᠠᠨ ᠬᠡᠷᠡᠭ ᠪᠣᠯ ᠪᠠᠷᠤᠭ ᠨᠡᠶᠢᠳᠡ ᠶᠢᠨ ᠣᠨ ᠲᠣᠭᠠᠯᠠᠯ ᠠᠴᠠ ᠡᠮᠦᠨ᠎ᠡ 121 ᠣᠨ ᠤ ᠣᠴᠢᠷ ᠪᠣᠯᠣᠨ᠎ᠠ᠃ ᠬᠠᠭᠠᠰ᠎ᠡ ᠴᠠᠨ ᠢᠥᠢ 径路 ᠬᠢᠳᠤᠭ᠎ᠠ ᠪᠠᠷ ᠢᠶᠠᠨ ᠴᠢᠰᠣᠳᠣ ᠠᠷᠢᠬᠢ ᠬᠤᠳᠬᠤᠭᠰᠠᠨ ᠬᠡᠷᠡᠭ ᠪᠣᠯ ᠨᠡᠶᠢᠳᠡ ᠶᠢᠨ ᠣᠨ ᠲᠣᠭᠠᠯᠠᠯ ᠠᠴᠠ ᠡᠮᠦᠨ᠎ᠡ 56 ᠣᠨ ᠣᠷᠴᠢᠮ ᠤᠨ ᠬᠡᠷᠡᠭ ᠪᠣᠯᠣᠨ᠎ᠠ᠃ ᠨᠢᠭᠡ ᠳᠤ ᠡᠨᠡ ᠬᠤᠶᠠᠭᠤᠯᠠ ᠶᠢᠨ ᠬᠤᠭᠤᠷᠣᠨᠳᠣ ᠪᠠᠨ ᠵᠢᠷᠠᠨ ᠬᠡᠳᠦᠨ ᠵᠢᠯ ᠤᠨ ᠵᠦᠷᠢᠶ᠎ᠡ ᠲᠠᠢ᠂ ᠬᠤᠶᠠᠷ ᠲᠤ ᠰᠢᠥ ᠲᠸᠥ ᠸᠠᠩ ᠤᠨ ᠬᠢᠳᠤᠭ᠎ᠠ ᠲᠣᠬᠠᠢ ᠶᠢᠨ ᠦᠶ᠎ᠡ ᠳᠤ ᠬᠡᠨ ᠤ ᠭᠠᠷ ᠲᠤ ᠣᠷᠣᠬᠤ ᠪᠣᠯᠣᠮᠵᠢ ᠲᠠᠢ ᠪᠣᠢ ᠭᠡᠪᠡᠯ ᠨᠢᠭᠡ ᠨᠢ ᠲᠡᠭᠦᠨ ᠤ ᠬᠦᠪᠡᠭᠦᠨ ᠶᠢᠨ ᠮᠢ ᠳ᠋ᠢ᠂ ᠨᠦᠭᠦᠭᠡ ᠨᠢ ᠲᠡᠭᠦᠨ  ᠢ ᠠᠯᠠᠭᠰᠠᠨ ᠬᠤᠨ ᠶᠧ ᠸᠠᠩ ᠪᠣᠯᠣᠨ᠎ᠠ᠃ ᠪᠣᠰᠣᠳ ᠬᠦᠮᠦᠨ ᠤ ᠭᠠᠷ ᠲᠤ ᠣᠷᠣᠬᠤ ᠪᠣᠯᠣᠮᠵᠢ ᠦᠭᠡᠢ ᠪᠣᠶᠣ ᠮᠠᠰᠢ ᠪᠠᠭ᠎ᠠ ᠶᠣᠮ᠃ ᠣᠴᠢᠷ ᠨᠢ ᠬᠤᠨ ᠶᠧ ᠸᠠᠩ ᠪᠣᠶᠣ ᠶᠢᠨ ᠮᠢ ᠳ᠋ᠢ ᠬᠤᠶᠠᠷ ᠬᠦᠮᠦᠨ ᠪᠦᠷ ᠬᠠᠨ ᠣᠯᠣᠰ ᠲᠤ ᠣᠷᠣᠭᠰᠠᠨ ᠤ ᠲᠠᠷᠠᠭ᠎ᠠ ᠲᠠᠬᠢᠵᠣ ᠾᠦᠩᠨᠦ ᠲᠠᠭᠠᠨ ᠪᠣᠴᠠᠵᠣ ᠴᠢᠳᠠᠭᠰᠠᠨ ᠦᠭᠡᠢ ᠲᠡᠨᠳᠡ ᠪᠠᠨ ᠨᠠᠰᠣ ᠪᠠᠷᠠᠵᠠᠢ᠃ ᠡᠶᠢᠮᠦ ᠠᠴᠠ ᠡᠨᠡᠬᠦ ᠬᠢᠳᠤᠭ᠎ᠠ ᠶᠠᠭᠠᠬᠢᠵᠣ ᠵᠢᠷᠠᠨ ᠬᠡᠳᠦᠨ ᠵᠢᠯ ᠤᠨ ᠰᠡᠭᠦᠯᠡᠷᠬᠢ ᠾᠦᠩᠨᠦ ᠲᠠᠭᠠᠨ ᠪᠠᠶᠢᠭ᠎ᠠ ᠬᠠᠭᠠᠰ᠎ᠡ ᠴᠠᠨ ᠢᠥᠢ ᠶᠢᠨ ᠭᠠᠷ ᠲᠤ ᠣᠷᠣᠬᠤ ᠪᠣᠯᠣᠮᠵᠢ ᠪᠠᠶᠢᠭ᠎ᠠ ᠪᠣᠢ᠃ ︵3︶ ᠶᠠᠨ ᠱᠢ ᠭᠦ᠋ ᠶᠢᠨ ᠬᠡᠯᠡᠭᠰᠡᠨ ︽ᠾᠦᠩᠨᠦ  ᠶᠢᠨ ᠡᠷᠳᠡᠨᠢ ᠶᠢᠨ ᠬᠢᠳᠤᠭ᠎ᠠ︾ ᠭᠡᠰᠡᠨ ᠦᠭᠡ ᠪᠣᠯ ᠬᠠᠮᠤᠭ ᠢᠳᠡᠭᠡᠮᠵᠢ ᠲᠠᠢ ᠦᠭᠡ ᠪᠣᠯᠣᠨ᠎ᠠ᠃ ᠲᠣᠬᠠᠢ ᠶᠢᠨ ᠦᠶ᠎ᠡ ᠶᠢᠨ ᠨᠡᠶᠢᠭᠡᠮ ᠨᠢᠭᠡᠨᠳᠡ ᠲᠡᠮᠦᠷᠯᠢᠭ ᠪᠠᠭᠠᠵᠢ ᠶᠢᠨ ᠦᠶ᠎ᠡ ᠳᠤ ᠣᠷᠣᠵᠣ ᠪᠠᠶᠢᠭ᠎ᠠ ᠲᠣᠯᠠ ᠲᠡᠮᠦᠷ ᠢ ︽ᠲᠠᠪᠳᠠᠨ ᠦᠢᠯᠡᠳᠬᠦ ᠮᠡᠷᠭᠡᠵᠢᠯ︾ ᠨᠢ ᠬᠦᠷᠡᠯ ᠢᠶᠠᠷ ︽ᠴᠢᠳᠬᠤᠨ ᠦᠢᠯᠡᠳᠬᠦ ᠮᠡᠷᠭᠡᠵᠢᠯ︾ ᠠᠴᠠ ᠬᠤᠯᠠ ᠲᠠᠪᠰᠢᠭᠰᠠᠨ ᠪᠣᠯᠬᠤᠷ ᠰᠠᠶᠢᠨ ᠬᠢᠳᠤᠭ᠎ᠠ ᠲᠠᠪᠳᠠᠨ ᠦᠢᠯᠡᠳᠬᠦ ᠪᠣᠯᠣᠮᠵᠢ ᠪᠠᠶᠢᠨ᠎ᠠ ᠭᠡᠵᠦ ᠪᠣᠳᠣᠨ᠎ᠠ᠃ ᠨᠦᠬᠦᠭᠡ ᠲᠠᠯ᠎ᠠ ᠠᠴᠠ ᠡᠵᠡᠳ ᠬᠠᠭᠠᠳ ᠮᠡᠳᠦ ᠬᠦᠮᠦᠰ ᠤᠨ ᠬᠡᠷᠡᠭᠯᠡᠳᠡᠭ ᠬᠢᠳᠤᠭ᠎ᠠ ᠪᠣᠶᠣ ᠬᠢᠳᠣᠭᠠᠨ ᠬᠤᠢ ᠳᠠᠭᠠᠨ ᠠᠯᠳᠠ ᠮᠦᠩᠭᠦ ᠡᠰᠡᠬᠦᠯ᠎ᠡ ᠰᠣᠪᠣᠳ ᠡᠷᠳᠡᠨᠢ ᠶᠢᠨ ᠴᠢᠮᠡᠭᠯᠡᠯ ᠬᠢᠬᠦ ᠨᠢ ᠣᠶᠢᠯᠭᠠᠮᠵᠢ ᠲᠠᠢ ᠬᠡᠷᠡᠭ ᠪᠢᠵᠡ᠃ ᠡᠶᠢᠮᠦ ᠠᠴᠠ ᠲᠣᠬᠠᠢ ᠶᠢᠨ ᠦᠶ᠎ᠡ ᠶᠢᠨ ᠬᠠᠨ ᠴᠠᠩ᠂ ᠵᠠᠩ ᠮᠧᠩ ᠮᠡᠳᠦ ᠶᠢᠨ ᠬᠢᠳᠠᠳ ᠬᠦᠮᠦᠰ ᠲᠡᠭᠦᠨ ᠢ ︽ᠡᠷᠳᠡᠨᠢ ᠶᠢᠨ ᠬᠢᠳᠤᠭ᠎ᠠ︾ ᠭᠡᠵᠦ ᠣᠶᠢᠯᠭᠠᠬᠤ ᠨᠢ ᠪᠣᠷᠣᠭᠤ ᠦᠭᠡᠢ ᠶᠣᠮ᠃ ᠬᠤᠶᠠᠷ 径路 ᠬᠤᠶᠠᠷ ᠦᠰᠦᠭ ᠤᠨ ᠡᠷᠳᠡᠨ ᠤ ᠠᠪᠢᠶ᠎ᠠ ᠠᠶᠠᠯᠭᠤ ᠵᠢᠴᠢ ᠲᠡᠭᠦᠨ ᠤ ᠾᠦᠩᠨᠦ ᠬᠡᠯᠡᠨ ᠳᠠᠬᠢ ᠰᠡᠷᠭᠦᠭᠡᠯᠳᠡ᠄ ︵ᠨᠢᠭᠡ︶ 径 ᠦᠰᠦᠭ᠄ ᠲᠡᠭᠡᠳᠦ ᠡᠷᠳᠡᠨ ᠤ ᠠᠪᠢᠶ᠎ᠠ᠄ keːŋs᠃ ᠴᠢᠨ ᠠᠴᠠ ᠡᠮᠦᠨᠡᠬᠢ ᠠᠪᠢᠶ᠎ᠠ᠄ kieŋ᠂ keŋ᠂ kingh᠃ ᠲᠣᠮᠳᠠ ᠡᠷᠳᠡᠨ ᠤ ᠠᠪᠢᠶ᠎ᠠ᠄ kieŋ᠂ keŋ᠂ kɛŋ᠃ ᠱᠦᠸᠧ ᠸᠧᠨ ᠵᠢᠶᠧ ᠽᠢ ᠲᠣᠯᠢ᠄ 从彳巠聲。居正切᠃ ᠭᠤᠸᠠᠩ ᠶᠦᠨ ᠲᠣᠯᠢ᠄ 古定切 ︵kieŋ︶᠃ ᠵᠢᠢ ᠶᠦᠨ ᠳᠤ᠄ 堅靈切᠂ kiɛŋ ᠪᠣᠯᠣᠨ 吉定切 ︵kiɛŋ︶᠃ ᠮᠣᠩᠭᠤᠯ ᠲᠦᠷᠪᠡᠯᠵᠢᠨ ᠪᠢᠴᠢᠭ ᠤᠨ ᠠᠶᠠᠯᠭᠤ ᠲᠤ᠄ ꡂꡦꡞꡃ ︵gÿing︶᠃ ᠶᠠᠫᠣᠨ ᠬᠡᠯᠡᠨ ᠤ 音読 ᠳᠤ᠄ けい᠃ ᠺᠣᠷᠢᠶ᠎ᠠ ᠬᠡᠯᠡᠨ ᠳᠤ᠄ KYENG᠃ ᠸᠢᠶᠧᠲᠨᠠᠮ ᠬᠡᠯᠡᠨ ᠳᠤ᠄ ᠡᠷᠢᠵᠣ ᠣᠯᠣᠭᠰᠠᠨ ᠦᠭᠡᠢ᠃ ᠣᠳᠣ ᠦᠶ᠎ᠡ ᠶᠢᠨ ᠨᠣᠳᠤᠭ ᠤᠨ ᠠᠪᠢᠶ᠎ᠠ ᠳᠤ᠄ ᠺᠧ ᠵᠢᠶᠠ ᠬᠡᠯᠡᠨ ᠳᠤ᠄ kiŋ᠂ kiaŋ᠂ kaŋ ᠵᠡᠷᠭᠡ ᠪᠣᠢ᠃ ᠮᠢᠨᠨᠠᠨ ᠬᠡᠯᠡᠨ ᠳᠤ᠄ kɛ̃᠂ kɛŋ᠂ kiŋ᠂ keŋ ᠵᠡᠷᠭᠡ ᠪᠣᠢ᠃ ᠶᠣᠸᠠᠢ ᠬᠡᠯᠡᠨ ᠳᠤ᠄ keŋ᠂ kɛŋ᠂ kiŋ ᠵᠡᠷᠭᠡ ᠪᠣᠢ᠃ ᠡᠣ ᠬᠡᠯᠡᠨ ᠳᠤ᠄ tɕiŋ᠂ tɕəŋ᠂ kɪŋ᠂ kiẽi ᠵᠡᠷᠭᠡ ᠪᠣᠢ ᠠᠯᠪᠠᠨ ᠬᠡᠯᠡᠨ ︵官话︶ ᠳᠤ᠄ tsin᠂ kien ︵ᠪᠠᠷᠠᠭᠤᠨ ᠡᠮᠦᠨᠡᠳᠦ ᠶᠢᠨ ᠠᠯᠪᠠᠨ ᠬᠡᠯᠡ︶᠃ ︵ᠬᠤᠶᠠᠷ︶ 路 ᠦᠰᠦᠭ᠄ ᠲᠡᠭᠡᠳᠦ ᠡᠷᠳᠡᠨ ᠤ ᠠᠪᠢᠶ᠎ᠠ᠄ ɡ·raːɡs᠃ ᠴᠢᠨ ᠠᠴᠠ ᠡᠮᠦᠨᠡᠬᠢ ᠠᠪᠢᠶ᠎ᠠ᠄ ɡlɑɡ᠂ lɑɡ᠂ ɡl agh᠃ ᠲᠣᠮᠳᠠ ᠡᠷᠳᠡᠨ ᠤ ᠠᠪᠢᠶ᠎ᠠ᠄ luo᠂ lo᠂ l u᠃ ᠱᠦᠸᠧ ᠸᠧᠨ ᠵᠢᠶᠧ ᠽᠢ ᠲᠣᠯᠢ᠄ 从足从各 ᠭᠡᠵᠡᠢ᠃ 各 ᠶᠢᠨ ᠲᠡᠭᠡᠳᠦ ᠡᠷᠳᠡᠨ ᠤ ᠠᠪᠢᠶ᠎ᠠ ᠨᠢ ᠮᠦᠨᠴᠣ klaːɡ ᠪᠠᠶᠢᠵᠣ᠂ ɡ·raːɡs ᠪᠣᠯᠣᠨ ɡlɑɡ ᠲᠠᠢ ᠲᠣᠩ ᠣᠶᠢᠷᠠᠯᠴᠠᠭ᠎ᠠ ᠠᠪᠢᠶ᠎ᠠ ᠲᠠᠢ ᠪᠠᠶᠢᠪᠠ ᠂ ᠪᠠᠰᠠ 洛故切 ᠭᠡᠪᠡ᠃ ᠲᠠᠩ ᠶᠦᠨ ᠳᠤ᠄ 洛故切᠃ ᠭᠤᠸᠠᠩ ᠶᠦᠨ ᠲᠣᠯᠢ᠄ 洛故切 ︵luo︶᠃ ᠵᠢᠢ ᠶᠦᠨ ᠳᠤ᠄ 魯故切 ︵lo︶ ᠪᠣᠯᠣᠨ 歷各切 ︵lɑk︶᠃ ᠮᠣᠩᠭᠤᠯ ᠲᠦᠷᠪᠡᠯᠵᠢᠨ ᠪᠢᠴᠢᠭ ᠤᠨ ᠠᠶᠠᠯᠭᠤ ᠲᠤ᠄ ꡙꡟ ︵lu︶᠃ ᠶᠠᠫᠣᠨ ᠬᠡᠯᠡᠨ ᠤ 音読 ᠳᠤ᠄ ろ᠃ ᠺᠣᠷᠢᠶ᠎ᠠ ᠬᠡᠯᠡᠨ ᠳᠤ᠄ LO᠃ ᠸᠢᠶᠧᠲᠨᠠᠮ ᠬᠡᠯᠡᠨ ᠳᠤ᠄ lộ᠃ ᠣᠳᠣ ᠦᠶ᠎ᠡ ᠶᠢᠨ ᠨᠣᠳᠤᠭ ᠤᠨ ᠠᠪᠢᠶ᠎ᠠ ᠳᠤ᠄ ᠺᠧ ᠵᠢᠶᠠ ᠬᠡᠯᠡᠨ ᠳᠤ᠄ lu᠂ luo᠂ lo ᠵᠡᠷᠭᠡ ᠪᠣᠢ᠃ ᠮᠢᠨᠨᠠᠨ ᠬᠡᠯᠡᠨ ᠳᠤ᠄ lɔ̃᠂ lɔu᠂ l ou᠂ l u ᠵᠡᠷᠭᠡ ᠪᠣᠢ᠃ ᠶᠣᠸᠠᠢ ᠬᠡᠯᠡᠨ ᠳᠤ᠄ lou᠂ lu᠂ læu ᠵᠡᠷᠭᠡ ᠪᠣᠢ᠃ ᠡᠣ ᠬᠡᠯᠡᠨ ᠳᠤ᠄ lʌɣ ︵lɑɡ︶᠂ lɜɣ ︵læɡ︶᠂ ləu᠂ lu ᠵᠡᠷᠭᠡ ᠪᠣᠢ᠃ ᠠᠯᠪᠠᠨ ᠬᠡᠯᠡᠨ ︵官话︶ ᠳᠤ᠄ lu᠂ ləu ︵ᠵᠦᠩ ᠶᠣᠸᠠᠨ ᠣᠷᠣᠨ ᠤ ᠠᠯᠪᠠᠨ ᠬᠡᠯᠡ︶᠃ ︵ᠭᠤᠷᠪᠠ︶ 径路 ᠶᠢᠨ ᠾᠦᠩᠨᠦ ᠬᠡᠯᠡᠨ ᠲᠠᠬᠢ ᠠᠪᠢᠶᠠᠨ ᠤ ᠰᠡᠷᠭᠦᠭᠡᠯᠳᠡ᠄ 1径 ᠦᠰᠦᠭ᠄ keːŋs᠂ kieŋ᠂ keŋ᠂ kiŋ ᠪᠣᠯᠬᠤ ᠨᠢ ᠲᠣᠲᠣᠷᠬᠠᠢ᠃ ᠡᠷᠳᠡᠨ ᠤ ᠬᠢᠳᠠᠳ ᠳᠣᠯᠢ ᠪᠢᠴᠢᠭ ᠨᠦᠭᠦᠳ ᠢᠶᠠᠷ 居正切᠂ 古定切᠂ 堅靈切 ᠪᠣᠯᠣᠨ 吉定切 ᠭᠡᠵᠦ ᠲᠠᠶᠢᠯᠪᠣᠷᠢᠯᠠᠵᠣ ᠪᠠᠶᠢᠭ᠎ᠠ ᠨᠢ ᠪᠦᠷ ᠣᠶᠢᠷᠠᠯᠴᠠᠭ᠎ᠠ ᠪᠠᠷ kiŋ ︵ging︶ ᠪᠣᠯᠣᠨ᠎ᠠ᠃ ᠡᠳᠡᠭᠡᠷ ᠨᠢ ᠬᠤᠵᠢᠮ  ᠤᠨ ᠮᠣᠩᠭᠤᠯ ᠲᠦᠷᠪᠡᠯᠵᠢᠨ ᠪᠢᠴᠢᠭ ᠤᠨ ᠠᠶᠠᠯᠭᠤ ᠳᠤ ꡂꡦꡞꡃ ︵gÿing︶ ᠠᠪᠢᠶ᠎ᠠ ᠪᠣᠯᠵᠣ᠂ ᠺᠣᠷᠢᠶ᠎ᠠ ᠬᠡᠯᠡᠨ ᠲᠠᠬᠢ KYENG ᠲᠠᠢ ᠴᠦ ᠨᠡᠶᠢᠴᠡᠵᠦ ᠪᠠᠶᠢᠨ᠎ᠠ᠃ ᠪᠠᠰᠠ ᠬᠢᠳᠠᠳ ᠬᠡᠯᠡᠨ ᠤ ᠦᠢ ᠣᠯᠠᠨ ᠨᠣᠳᠤᠭ ᠤᠨ ᠬᠡᠯᠡ ᠲᠠᠢ ᠴᠦ ᠲᠣᠩ ᠰᠠᠶᠢᠬᠠᠨ ᠨᠡᠶᠢᠴᠡᠵᠦ ᠪᠠᠶᠢᠭ᠎ᠠ ᠶᠣᠮ᠃ ᠡᠶᠢᠮᠦ ᠠᠴᠠ ᠲᠣᠰ ᠦᠰᠦᠭ ᠤᠨ ᠲᠣᠬᠠᠢ ᠶᠢᠨ ᠦᠶ᠎ᠡ ᠶᠢᠨ ᠠᠪᠢᠶ᠎ᠠ ᠶᠢ ᠺᠢᠩ ︵kiŋ︶ ᠭᠡᠵᠦ ᠰᠡᠷᠭᠦᠭᠡᠬᠦ ᠨᠢ ᠵᠦᠪ ᠪᠠᠶᠢᠨ᠎ᠠ᠃ 2路 ᠦᠰᠦᠭ᠄ ɡ·raːɡs᠂ ɡlɑɡ᠂ lɑɡ ᠪᠣᠯᠣᠨ᠎ᠠ᠃ ᠬᠢᠳᠠᠳ ᠳᠣᠯᠢ ᠪᠢᠴᠢᠭ ᠨᠦᠭᠦᠳ  ᠢᠶᠠᠷ 从足从各᠂ 洛故切᠂ 洛故切᠂ 洛故切᠂ 魯故切᠂ 歷各切 ᠭᠡᠵᠦ ᠭᠠᠯᠢᠭᠴᠢᠯᠠᠵᠣ ᠪᠠᠶᠢᠭ᠎ᠠ ᠪᠠᠶᠢᠳᠠᠯ ᠠᠴᠠ ᠦᠵᠡᠬᠦᠯ᠎ᠡ᠂ ᠱᠦᠸᠧ ᠸᠧᠨ ᠵᠢᠶᠧ ᠽᠢ ᠶᠢᠨ 从足从各 ᠭᠡᠳᠡᠭ ᠤᠨ 各 ᠶᠢᠨ ᠲᠡᠭᠡᠳᠦ ᠡᠷᠳᠡᠨ ᠤ ᠠᠪᠢᠶ᠎ᠠ ᠨᠢ ᠮᠦᠨᠴᠣ klaːɡ ᠪᠠᠶᠢᠵᠣ᠂ 路 ᠦᠰᠦᠭ ᠤᠨ ᠲᠡᠭᠡᠳᠦ ᠡᠷᠳᠡᠨ ᠤ ᠠᠪᠢᠶ᠎ᠠ ɡ·raːɡs ᠪᠣᠯᠣᠨ ᠴᠢᠨ ᠠᠴᠠ ᠡᠮᠦᠨᠡᠬᠢ ᠠᠪᠢᠶ᠎ᠠ ɡlɑɡ ᠲᠠᠢ ᠲᠣᠩ ᠣᠶᠢᠷᠠᠯᠴᠠᠭ᠎ᠠ ᠪᠠᠶᠢᠵᠣ᠂ ᠵᠦᠪᠬᠡᠨ ᠠᠶᠠᠯᠭᠤ ᠶᠢᠨ ᠲᠠᠯ᠎ᠠ ᠶᠢᠨ ᠵᠦᠷᠢᠶ᠎ᠡ ᠲᠠᠢ ᠪᠠᠶᠢᠭᠰᠠᠨ ᠮᠠᠭᠠᠳ᠃ ᠲᠡᠭᠡᠪᠡᠯ ᠲᠣᠰ ᠦᠰᠦᠭ ᠢ ᠵᠢᠢ ᠶᠦᠨ ᠲᠣᠯᠢ ᠳᠤ ᠮᠦᠨ 歷各切 ︵lak︶ ᠭᠡᠵᠦ ᠭᠠᠯᠢᠭᠴᠢᠯᠠᠵᠣ ᠪᠠᠶᠢᠭ᠎ᠠ ᠪᠠᠶᠢᠳᠠᠯ ᠠᠴᠠ ᠬᠠᠷᠠᠪᠠᠯ᠂ ᠨᠡᠶᠢᠳᠡ ᠶᠢᠨ ᠣᠨ ᠲᠣᠭᠠᠯᠠᠯ ᠤᠨ 1037 ᠣᠨ ᠤ ᠦᠶ᠎ᠡ ᠳᠤ ᠲᠣᠰ ᠦᠰᠦᠭ ᠢ ᠪᠠᠰᠠ laɡ ᠪᠣᠶᠣ lak ᠭᠡᠵᠦ ᠠᠪᠢᠶᠠᠯᠠᠵᠣ ᠪᠠᠶᠢᠭᠰᠠᠭᠠᠷ ᠪᠠᠶᠢᠨ᠎ᠠ᠃ ᠡᠬᠦᠨ ᠢ ᠬᠤᠷᠢᠶᠠᠩᠭᠤᠶᠢᠯᠠᠵᠣ ᠦᠵᠡᠪᠡᠯ 路 ᠦᠰᠦᠭ ᠤᠨ ᠠᠪᠢᠶᠠᠨ ᠤ ᠬᠤᠪᠢᠷᠠᠯ ᠲᠡᠭᠡᠳᠦ ᠡᠷᠳᠡᠨ ᠤ ᠦᠶ᠎ᠡ ᠳᠤ ɡ·raːɡs᠂ ᠴᠢᠨ ᠠᠴᠠ ᠡᠮᠦᠨᠡᠬᠢ ᠦᠶ᠎ᠡ ᠳᠤ ɡlɑɡ᠂ ᠵᠡᠭᠦᠨ ᠬᠠᠨ ᠤ ᠦᠶ᠎ᠡ ᠳᠤ 从足从各 ︵klaːɡ︶ ᠪᠠᠶᠢᠵᠣ ᠬᠤᠵᠢᠮ ᠰᠠᠶ᠋ᠢ ᠠᠭᠠᠵᠢᠮ ᠢᠶᠠᠷ lak,᠂ lok᠂ luk ᠠᠴᠠ lu ᠪᠣᠯᠣᠭᠰᠠᠨ ᠲᠦᠯᠦᠪᠳᠡᠢ ᠪᠠᠶᠢᠨ᠎ᠠ᠃ 3径路 ᠬᠤᠶᠠᠷ ᠦᠰᠦᠭ ᠤᠨ ᠠᠪᠢᠶᠠᠯᠯᠠᠭ᠎ᠠ ᠶᠢ ᠾᠦᠩᠨᠦ ᠬᠡᠯᠡᠨ ᠳᠤ ᠰᠡᠷᠭᠦᠭᠡᠪᠡᠯ᠄ kiŋ ︵ging︶᠂ ɡ·raːɡ ︵ɡlɑɡ︶ ᠪᠠᠶᠢᠵᠠᠢ᠃ ᠯᠠᠲ᠋ᠢᠨ ᠦᠰᠦᠭ ᠢᠶᠠᠷ ᠢᠯᠡᠳᠭᠡᠪᠡᠯ hing ga r-a ᠪᠣᠶᠣ hing ga rag ᠪᠣᠯᠣᠨ᠎ᠠ᠃ ᠡᠨᠡ ᠨᠢ ᠾᠦᠩᠨᠦ — ᠮᠣᠩᠭᠤᠯ ᠬᠡᠯᠡᠨ ᠳᠤ ᠺᠢᠩ ᠭᠠ ᠷᠠᠭ ᠭᠡᠵᠦ ᠠᠪᠢᠶᠠᠯᠠᠨ᠂ ᠮᠣᠩᠭᠤᠯ ᠬᠡᠯᠡᠨ ᠤ ᠬᠢᠩᠭᠠᠷᠠᠭ ᠪᠣᠯᠵᠣ ᠵᠢᠵᠢᠭ ᠬᠢᠳᠣᠭᠠᠨ ᠤ ᠨᠡᠷ᠎ᠡ ᠪᠣᠯᠪᠠ᠃ ᠺᠠ ᠬᠠ ᠭᠠ ᠴᠢᠨᠠᠭᠰᠢᠯᠠᠪᠠᠯ ᠠ ᠵᠡᠷᠭᠡ ᠶᠢ ᠰᠡᠯᠭᠦᠴᠡᠨ ᠬᠡᠷᠡᠭᠯᠡᠬᠦ ᠦᠵᠡᠭᠳᠡᠯ ᠡᠷᠳᠡ ᠡᠳᠦᠬᠡ ᠶᠢᠨ ᠮᠣᠩᠭᠤᠯ ᠬᠡᠯᠡᠨ ᠳᠤ ᠲᠣᠩ ᠲᠦᠭᠡᠮᠡᠯ ᠪᠠᠶᠢᠳᠠᠭ ᠶᠣᠮ᠃ ᠬᠢᠩᠭᠠᠷᠠᠭ ᠢ ᠣᠳᠣᠬᠢ ᠮᠣᠩᠭᠤᠯ ᠬᠡᠯᠡᠨ ᠳᠤ ᠬᠢᠩᠭᠠᠷ᠎ᠠ ︵xinggar-a︶ ᠭᠡᠵᠦ᠂ ᠺᠢᠷᠢᠯ ᠮᠣᠩᠭᠤᠯ  ᠢᠶᠠᠷ ︵хянгар︶ ᠭᠡᠳᠡᠭ ᠠᠵᠠᠢ᠃ ᠣᠳᠣ ᠦᠶ᠎ᠡ ᠶᠢᠨ ᠡᠯ᠎ᠡ ᠵᠦᠢᠯ ᠤᠨ ᠮᠣᠩᠭᠤᠯ ᠬᠡᠯᠡᠨ ᠤ ᠲᠣᠯᠢ ᠪᠢᠴᠢᠭ ᠲᠤ ᠪᠠᠶᠢᠭ᠎ᠠ ᠬᠢᠩᠭᠠᠷᠠᠭ ᠤᠨ ᠲᠣᠬᠠᠢ ᠠᠳᠠᠯᠢ ᠪᠣᠰᠣ ᠲᠠᠶᠢᠯᠪᠣᠷᠢ ᠶᠢ ᠵᠢᠬᠰᠠᠭᠠᠪᠠᠯ᠄ ᠨᠢᠭᠡ᠂ ᠵᠢᠵᠢᠭ ᠬᠢᠳᠤᠭ᠎ᠠ᠃ ᠬᠤᠶᠠᠷ᠂ ᠶᠠᠭᠤᠮ᠎ᠠ ᠬᠡᠣᠮ᠎ᠡ ᠶᠢ ᠬᠢᠷᠣᠵᠣ ᠬᠡᠷᠴᠢᠬᠦ ᠬᠢᠳᠤᠭ᠎ᠠ ᠭᠡᠬᠦ ᠪᠣᠶᠣ ᠶᠠᠭᠤᠮ᠎ᠠ ᠬᠡᠣᠮ᠎ᠡ ᠶᠢ ᠬᠢᠷᠣᠵᠣ ᠬᠡᠷᠴᠢᠬᠦ ᠦᠷᠭᠡᠨ ᠬᠢᠳᠤᠭ᠎ᠠ ᠭᠡᠬᠦ᠃ ᠭᠤᠷᠪᠠ ᠠᠷᠠᠰᠣ ᠡᠯᠳᠡᠬᠦ ᠳᠤ ᠬᠡᠷᠡᠭᠯᠡᠬᠦ ᠬᠠᠷᠣᠵᠣ ᠬᠤᠰᠣᠬᠤ ᠬᠢᠳᠤᠭ᠎ᠠ ᠭᠡᠬᠦ ᠪᠣᠶᠣ ᠰᠢᠭᠤᠳ ᠡᠯᠳᠡᠭᠦᠷ ᠶᠢᠨ ᠬᠢᠳᠤᠭ᠎ᠠ ᠭᠡᠬᠦ᠃ ᠲᠦᠷᠪᠡ᠂ ᠬᠢᠩᠭᠠᠷ᠎ᠠ ᠰᠢᠯᠪᠢ᠃ ᠲᠠᠪᠤ᠂ ᠬᠠᠮᠠᠷ ᠤᠨ ᠬᠢᠩᠭ᠎ᠠ᠂ ᠠᠭᠤᠯᠠᠨ ᠬᠢᠩᠭ᠎ᠠ ᠵᠡᠷᠭᠡ ᠪᠣᠢ᠃ ᠭᠤᠷᠪᠠ ᠲᠦᠭᠦᠮ ᠶᠠᠷᠢᠯᠴᠠᠭ᠎ᠠ᠄ 1 径路刀 ᠭᠡᠳᠡᠭ ᠡᠨᠡᠬᠦ ᠾᠦᠩᠨᠦ — ᠮᠣᠩᠭᠤᠯ ᠦᠭᠡ ᠶᠢᠨ ᠠᠯᠢ ᠡᠷᠳᠡᠨ ᠤ ᠠᠪᠢᠶ᠎ᠠ ᠨᠢ ᠲᠠᠷᠣᠢ kiŋ ɡ·raːɡ ᠪᠠᠶᠢᠵᠠᠢ᠃ ᠯᠠᠲ᠋ᠢᠨ ᠦᠰᠦᠭ ᠢᠶᠠᠷ ᠢᠯᠡᠳᠭᠡᠪᠡᠯ hing ga r-a ᠪᠣᠶᠣ hing ga rag ᠪᠣᠯᠣᠨ᠎ᠠ᠃ ᠲᠣᠬᠠᠢ ᠶᠢᠨ ᠣᠳᠬ᠎ᠠ ᠨᠢ ᠬᠤᠭᠤᠯᠠᠨ ᠤ ᠵᠢᠵᠢᠭ ᠬᠢᠳᠤᠭ᠎ᠠ ᠲᠠᠷᠣᠢ ᠮᠢᠬ᠎ᠠ ᠢᠳᠡᠳᠡᠭ ᠵᠢᠵᠢᠭ ᠬᠢᠳᠳᠤᠭ᠎ᠠ ᠪᠣᠯᠣᠨ᠎ᠠ᠃ ᠬᠢᠩᠭᠠᠷᠠᠭ᠎ᠠ ᠢ ᠵᠢᠵᠢᠭ ᠬᠢᠳᠤᠭ᠎ᠠ ᠭᠡᠪᠡᠯ ᠲᠡᠭᠦᠨ ᠲᠠᠢ ᠢᠵᠢᠯᠰᠢᠭ ᠪᠠᠰᠠ ᠨᠢᠭᠡᠨ ᠵᠢᠵᠢᠭ ᠬᠢᠳᠤᠭ᠎ᠠ ᠪᠣᠢ᠂ ᠲᠡᠭᠦᠨ ᠤ ᠨᠡᠷ᠎ᠡ ᠶᠢ ᠲᠣᠩᠭᠤᠷᠠᠭ ᠭᠡᠳᠡᠭ᠂ ᠲᠣᠩᠭᠤᠷᠠᠭ ᠪᠣᠯᠣᠨ ᠬᠢᠩᠭᠠᠷᠠᠭ ᠤᠨ ᠠᠳᠠᠯᠢ ᠪᠣᠰᠣ ᠲᠠᠯ᠎ᠠ ᠭᠡᠪᠡᠯ ᠲᠣᠩᠭᠤᠷᠠᠭ ᠪᠣᠯ ᠡᠪᠬᠡᠵᠦ ᠪᠣᠯᠳᠠᠭ ᠵᠢᠵᠢᠭ ᠬᠢᠳᠤᠭ᠎ᠠ᠂ ᠭᠤᠣᠯᠳᠠᠭᠤ ᠰᠠᠬᠠᠯ ᠦᠰᠦ ᠵᠠᠰᠠᠬᠤ ᠳᠤ ᠵᠣᠷᠢᠭᠤᠯᠣᠯᠳᠠ ᠲᠠᠢ ᠰᠢᠭ ᠡᠳ᠋ ᠶᠣᠮ᠃ ᠬᠠᠷᠢᠨ ᠬᠢᠩᠭᠠᠷᠠᠭ ᠪᠣᠯ ᠬᠤᠭᠤᠯᠠᠨ ᠤ ᠬᠢᠳᠤᠭ᠎ᠠ ᠮᠦᠨ᠂ ᠪᠠᠰᠠ ᠮᠣᠩᠭᠤᠯ ᠬᠦᠮᠦᠨ ᠤ ᠡᠳᠦᠷ ᠲᠣᠲᠣᠮ ᠤᠨ ᠠᠮᠢᠳᠣᠷᠠᠯ ᠲᠣᠮᠳᠠ ᠬᠡᠷᠡᠭᠯᠡᠬᠦ ᠭᠠᠷ ᠦᠵᠦᠬᠦᠷ ᠵᠠᠷᠣᠬᠤ ᠵᠢᠵᠢᠭ ᠪᠠᠭᠠᠵᠢ ᠴᠦ ᠮᠦᠨ ᠃ ᠲᠡᠭᠡᠷᠡᠬᠢ ᠪᠠᠶᠢᠳᠠᠯ ᠠᠴᠠ ᠦᠵᠡᠪᠡᠯ ᠬᠢᠩᠭᠠᠷᠠᠭ ᠪᠣᠯ ᠠᠯᠢ ᠡᠷᠳᠡ ᠦᠶ᠎ᠡ ᠳᠡᠭᠡᠨ ᠬᠤᠭᠤᠯᠠᠨ ᠤ ᠵᠢᠵᠢᠭ ᠬᠢᠳᠤᠭ᠎ᠠ ︵ᠭᠤᠣᠯᠳᠠᠭᠤ ᠮᠢᠬ᠎ᠠ ᠢᠳᠡᠬᠦ ᠳᠤ ᠵᠣᠷᠢᠭᠤᠯᠣᠯᠳᠠ ᠲᠠᠢ︶ ᠪᠠᠶᠢᠵᠠᠢ᠃ ᠨᠦᠬᠦᠭᠡ ᠲᠠᠯ᠎ᠠ ᠠᠴᠠ ᠦᠵᠡᠪᠡᠯ ᠲᠡᠭᠦᠨ  ᠢᠶᠠᠷ ᠴᠢᠰᠣᠳᠣ ᠠᠷᠢᠬᠢ ᠶᠢ ᠬᠤᠳᠬᠤᠵᠣ ᠪᠠᠶᠢᠭᠰᠠᠨ ᠪᠠᠶᠢᠳᠠᠯ ᠴᠦ ᠡᠨᠡᠬᠦ 径路刀 ᠪᠣᠯ ᠨᠢᠭᠡᠨ ᠵᠢᠵᠢᠭ ᠬᠢᠳᠤᠭ᠎ᠠ ᠭᠡᠳᠡᠭ ᠬᠡᠯᠡᠯᠭᠡ ᠶᠢ ᠭᠡᠷᠡᠴᠢᠯᠡᠵᠦ ᠪᠠᠶᠢᠨ᠎ᠠ᠃ 2 ᠠᠳᠡ ᠠᠴᠠ ᠪᠢᠳᠡ ᠲᠡᠷᠡᠬᠦ ᠬᠤᠯᠠ ᠶᠢᠨ ᠾᠦᠩᠨᠦ ᠦᠭᠡ ᠡᠳᠦᠬᠡ ᠶᠢᠨ ᠮᠣᠩᠭᠤᠯ ᠦᠭᠡ ᠲᠠᠢ ᠮᠠᠰᠢ ᠠᠳᠠᠯᠢᠬᠠᠨ ᠪᠠᠶᠢᠵᠣ᠂ ᠠᠪᠢᠶ᠎ᠠ ᠠᠶᠠᠯᠭᠤ ᠪᠠ ᠣᠳᠬ᠎ᠠ ᠶᠢᠨ ᠲᠠᠯ᠎ᠠ ᠪᠠᠷ ᠮᠠᠰᠢ ᠲᠣᠭᠳᠠᠪᠣᠷᠢ ᠲᠠᠢ ᠪᠠᠶᠢᠵᠣ᠂ ᠲᠡᠮᠡᠢ ᠶᠡᠭᠡ ᠬᠤᠪᠢᠷᠠᠯᠳᠠ ᠭᠠᠷᠣᠭᠰᠠᠨ ᠦᠭᠡᠢ ᠣᠯᠠᠮᠵᠢᠯᠠᠭᠳᠠᠵᠣ ᠢᠷᠡᠭᠰᠡᠨ ᠮᠡᠳᠦ ᠰᠠᠨᠠᠭᠳᠠᠬᠤ ᠨᠢ ᠲᠣᠩ ᠰᠣᠨᠢᠷᠬᠠᠯ ᠲᠠᠢ ᠪᠠᠶᠢᠨ᠎ᠠ᠃ ᠬᠠᠷᠢᠴᠠᠭᠤᠯᠪᠠᠯ᠂ ᠬᠢᠳᠠᠳ ᠬᠡᠯᠡ ᠪᠣᠯ ᠠᠪᠢᠶ᠎ᠠ ᠠᠶᠠᠯᠭᠤ ᠪᠠ ᠣᠳᠬ᠎ᠠ ᠶᠢᠨ ᠲᠠᠯ᠎ᠠ ᠪᠠᠷ ᠴᠢᠨᠠᠭᠰᠢᠯᠠᠪᠠᠯ ᠪᠢᠴᠢᠯᠭᠡ ᠵᠢᠷᠣᠯᠭ᠎ᠠ ᠶᠢᠨ ᠲᠠᠯ᠎ᠠ ᠪᠠᠷ ᠪᠦᠷ ᠲᠣᠩ ᠶᠡᠭᠡ ᠬᠤᠪᠢᠷᠠᠯᠳᠠ ᠲᠠᠢ ᠶᠣᠮ᠃ 3 ᠲᠣᠬᠠᠢ ᠶᠢᠨ ᠦᠶ᠎ᠡ ᠶᠢᠨ ᠪᠠᠨ ᠭᠦ᠋ ᠮᠡᠳᠦ ᠶᠢᠨ ᠲᠡᠣᠬᠡᠴᠢᠳ ᠬᠠᠷᠢ ᠬᠡᠯᠡ ᠪᠣᠯᠬᠤ ᠾᠦᠩᠨᠦ ᠦᠭᠡ ᠶᠢ ᠵᠦᠪ ᠭᠦᠢᠴᠡᠳ ᠠᠪᠢᠶᠠᠯᠠᠨ ᠲᠡᠮᠳᠡᠭᠯᠡᠬᠦ ᠪᠠᠷ ᠮᠠᠰᠢ ᠮᠡᠷᠡᠶᠢᠵᠦ ᠪᠠᠶᠢᠭᠰᠠᠨ ᠨᠢ ᠲᠣᠲᠣᠷᠬᠠᠢ ᠪᠠᠶᠢᠨ᠎ᠠ᠃ ᠬᠡᠳᠦᠶᠢᠪᠡᠷ ᠪᠠᠨ ᠭᠦ᠋ ᠶᠢᠨ ᠴᠠᠭ ᠦᠶ᠎ᠡ ᠳᠤ 路 ᠦᠰᠦᠭ ᠢ ɡ·raːɡ ᠭᠡᠵᠦ ᠠᠪᠢᠶᠠᠯᠠᠬᠤ ᠦᠭᠡᠢ ᠪᠣᠯᠣᠭᠰᠠᠨ ᠪᠣᠯᠪᠠᠴᠣ᠂ ᠲᠡᠷᠡ ᠡᠨᠡᠬᠦ ᠠᠪᠢᠶᠠᠯᠯᠠᠭ᠎ᠠ ᠠᠴᠠ ᠨᠡᠩ ᠣᠶᠢᠷᠬᠠᠨ ᠬᠡᠯᠪᠡᠷᠢ ᠪᠣᠯᠬᠤ ɡ·laːɡ ᠢ ᠰᠣᠩᠭᠤᠨ ᠬᠡᠷᠡᠭᠯᠡᠵᠦ ᠪᠠᠶᠢᠭᠰᠠᠨ ᠪᠣᠯᠣᠯᠴᠠᠭ᠎ᠠ ᠲᠠᠢ ᠪᠠᠶᠢᠨ᠎ᠠ᠃ ᠨᠢᠭᠡᠯᠡ ᠦᠭᠡ ᠪᠠᠷ ᠢᠯᠡᠳᠭᠡᠪᠡᠯ ᠡᠷᠳᠡᠨ ᠤ ᠬᠢᠳᠠᠳ ᠲᠡᠣᠬᠡᠴᠢᠳ ᠴᠦ ᠬᠠᠷᠢ ᠦᠭᠡ ᠶᠢ ᠵᠦᠪ ᠠᠪᠢᠶᠠᠯᠠᠨ ᠲᠡᠮᠳᠡᠭᠯᠡᠬᠦ ᠶᠢᠨ ᠲᠦᠯᠦᠭᠡ ᠨᠡᠩ ᠡᠷᠳᠡᠨ ᠤ ᠬᠢᠳᠠᠳ ᠦᠰᠦᠭ ᠤᠨ ᠠᠪᠢᠶ᠎ᠠ ᠠᠶᠠᠯᠭᠤ ᠶᠢ ᠬᠦᠷᠳᠡᠯ᠎ᠡ ᠭᠦᠢᠴᠡᠳ ᠠᠰᠢᠭᠯᠠᠵᠣ ᠪᠠᠶᠢᠭᠰᠠᠨ ᠨᠢ ᠲᠣᠲᠣᠷᠬᠠᠢ ᠮᠡᠳᠡᠭᠳᠡᠵᠦ ᠪᠠᠶᠢᠨ᠎ᠠ᠃ 4 ᠲᠡᠭᠡᠪᠡᠯ ᠲᠡᠷᠡᠬᠦ ᠬᠤᠯᠠ ᠶᠢᠨ ᠾᠦᠩᠨᠦ ᠶᠢᠨ ᠴᠠᠭ ᠦᠶ᠎ᠡ ᠳᠤ ᠬᠢᠩᠭᠠᠷᠠᠭ ︵хянгар︶ ᠢ ᠺᠢᠩᠭᠠᠷᠠᠭ ᠭᠡᠵᠦ ᠠᠪᠢᠶᠠᠯᠠᠵᠣ ᠪᠠᠶᠢᠭᠰᠠᠨ ᠪᠣᠯᠣᠯᠴᠠᠭ᠎ᠠ ᠲᠠᠢ᠂ ᠡᠨᠡ ᠨᠢ ᠾᠦᠩᠨᠦ — ᠮᠣᠩᠭᠤᠯ ᠬᠡᠯᠡᠨ ᠳᠤ ᠺᠠ ᠭᠠ ᠬᠠ ᠶᠢᠨ ᠠᠶᠢᠮᠠᠭ ᠴᠢᠨᠠᠭᠰᠢᠯᠠᠪᠠᠯ ᠠ ᠶᠢᠨ ᠠᠶᠢᠮᠠᠭ ᠢ ᠬᠦᠷᠳᠡᠯ᠎ᠡ ᠰᠡᠯᠭᠦᠴᠡᠨ ᠬᠡᠷᠡᠭᠯᠡᠬᠦ ᠦᠵᠡᠭᠳᠡᠯ ᠲᠡᠷᠡ ᠬᠤᠯᠠ ᠴᠠᠭ ᠦᠶ᠎ᠡ ᠠᠴᠠ ᠣᠳᠣ ᠦᠶ᠎ᠡ ᠳᠤ ᠢᠷᠡᠳᠡᠯ᠎ᠡ ᠨᠡᠶᠢᠳᠡᠮ ᠲᠦᠭᠡᠮᠡᠯ ᠪᠠᠶᠢᠭᠰᠠᠨ ᠬᠠᠷᠠᠭᠤᠯᠵᠣ ᠪᠠᠶᠢᠨ᠎ᠠ᠂ ᠦᠨᠡᠨᠳᠡᠭᠡᠨ ᠣᠳᠣ ᠪᠠᠷ ᠮᠠᠨ ᠤ ᠮᠡᠳᠡᠵᠦ ᠪᠠᠶᠢᠭ᠎ᠠ ︽ᠮᠣᠩᠭᠤᠯ ᠤᠨ ᠨᠢᠭᠤᠴᠠ ᠲᠣᠪᠴᠢᠶᠠᠨ︾ ᠲᠠᠬᠢ ᠮᠣᠩᠭᠤᠯ ᠬᠡᠯᠡ ᠶᠢ ᠲᠣᠬᠠᠢ ᠶᠢᠨ ᠦᠶ᠎ᠡ ᠶᠢᠨ ᠮᠣᠩᠭᠤᠯ ᠣᠪᠣᠭ ᠠᠶᠢᠮᠠᠭ ᠲᠣᠲᠣᠷᠠᠬᠢ ᠨᠣᠳᠤᠭ ᠤᠨ ᠠᠶᠠᠯᠭᠤ ᠭᠡᠵᠦ ᠣᠶᠢᠯᠭᠠᠪᠠᠯ᠂ ᠪᠢᠳᠡᠨ ᠳᠤ ᠨᠡᠩ ᠡᠷᠳᠡᠨ ᠤ ᠮᠣᠩᠭᠤᠯ ᠬᠡᠯᠡ ᠶᠢ ᠰᠣᠳᠣᠯᠬᠤ ᠳᠤ ᠣᠯᠠᠮ ᠰᠠᠷᠠᠭᠤᠯ ᠲᠠᠷᠳᠠᠩ ᠭᠠᠷᠬᠤ ᠵᠠᠮ ᠲᠠᠢ ᠪᠣᠯᠬᠤ ᠨᠢ ᠯᠠᠪᠳᠠᠢ ᠶᠣᠮ᠃ ᠴᠡᠯᠡᠭᠡᠷ ᠭᠡᠳᠡᠭ ᠰᠦᠯᠵᠢᠶᠡᠨ ᠨᠠᠶᠢᠵᠠ ︽ᠬᠦᠢᠰᠦ ᠲᠣᠯᠣᠭᠠᠢ ᠶᠢᠨ ᠪᠢᠴᠢᠭᠡᠰᠦ︾ ᠶᠢ ᠨᠢᠬᠳᠠᠯᠠᠨ ᠰᠣᠳᠣᠯᠣᠭᠠᠳ ᠪᠢᠴᠢᠭᠰᠡᠨ ᠦᠬᠦᠯᠡᠯ ᠳᠡᠭᠡᠨ ᠲᠣᠬᠠᠢ ᠶᠢᠨ ᠦᠶ᠎ᠡ ᠶᠢᠨ ᠮᠣᠩᠭᠤᠯ ᠬᠡᠯᠡᠨ ᠳᠤ ᠦᠬᠡᠷ ᠢ ︽ᠫᠦᠬᠡᠷ︾᠂ ᠦᠨᠡᠭᠡ ᠶᠢ ︽ᠫᠦᠨᠡᠭᠡ︾ ᠭᠡᠵᠦ ᠠᠪᠢᠶᠠᠯᠠᠳᠠᠭ ᠭᠡᠰᠡᠨ ᠢ ᠢᠯᠡᠷᠡᠭᠦᠯᠵᠡᠢ᠃ ᠦᠩᠭᠡᠷᠡᠭᠰᠡᠨ ᠳᠤ ᠪᠢᠳᠡ ᠵᠦᠪᠬᠡᠨ ︽ᠮᠣᠩᠭᠤᠯ ᠤᠨ ᠨᠢᠭᠤᠴᠠ ᠲᠣᠪᠴᠢᠶᠠᠨ︾ ᠠᠴᠠ ᠦᠬᠡᠷ ᠢ ᠬᠦᠬᠡᠷ᠂ ᠣᠯᠠᠭᠠᠨ ᠢ ᠬᠤᠯᠠᠭᠠᠨ᠂ ᠡᠯᠢᠭᠡ ᠶᠢ ᠬᠡᠯᠢᠭᠡ ᠵᠡᠷᠭᠡ ᠪᠠᠷ ᠠᠪᠢᠶᠠᠯᠠᠳᠠᠭ ᠢ ᠮᠡᠳᠡᠵᠦ ᠪᠠᠶᠢᠵᠠᠢ᠃ ᠴᠡᠯᠡᠭᠡᠷ ᠨᠠᠶᠢᠵᠠ ᠶᠢᠨ ᠬᠡᠯᠡᠬᠦ ᠪᠠᠷ ︽ᠫᠦᠬᠡᠷ︾ ︽ᠫᠦᠨᠡᠭᠡ︾ ᠭᠡᠳᠡᠭ ᠨᠢ ᠲᠣᠬᠠᠢ ᠶᠢᠨ ᠦᠶ᠎ᠡ ᠶᠢᠨ ᠷᠸᠥᠷᠠᠨ — ᠮᠣᠩᠭᠤᠯ ᠤᠨ ᠬᠡᠯᠡ ᠭᠡᠳᠡᠭ ᠨᠢ ᠨᠡᠩ ᠰᠣᠨᠢᠷᠬᠠᠯ ᠲᠠᠢ ᠰᠡᠳᠦᠪ ᠪᠣᠯᠣᠭᠰᠠᠨ ᠶᠣᠮ᠃ ᠶᠠᠭᠤ ᠶᠢ ᠶᠠᠷᠢᠬᠤ ᠭᠡ ᠪᠣᠢ ᠭᠡᠪᠡᠯ᠂ ᠴᠠᠭ ᠦᠶ᠎ᠡ ᠦᠩᠭᠡᠷᠡᠬᠦ ᠪᠠ ᠰᠢᠨ᠎ᠡ ᠬᠡᠷᠡᠭ ᠪᠣᠳᠠᠰ ᠤᠨ ᠢᠯᠡᠷᠡᠬᠦ ᠶᠢ ᠲᠠᠭᠠᠯᠳᠣᠨ ᠪᠢᠳᠡᠨ ᠤ ᠣᠶᠢᠯᠭᠠᠯᠳᠠ ᠪᠠ ᠣᠬᠠᠭᠳᠠᠬᠤᠨ ᠬᠦᠷᠳᠡᠯ᠎ᠡ ᠰᠢᠨᠡᠴᠢᠯᠡᠭᠳᠡᠬᠦ ᠶᠣᠰᠣᠳᠠᠢ ᠪᠣᠯᠵᠠᠢ ᠭᠡᠰᠡᠨ ᠢ ᠦᠭᠦᠯᠡᠶ᠎ᠡ ᠭᠡᠰᠡᠨ ᠶᠣᠮ᠃ ᠪᠡᠯᠡᠳᠬᠡᠭᠰᠡᠨ ᠨᠢ᠄ ᠡᠷᠳᠡᠨᠢᠬᠦᠦᠨᠠᠶᠢᠷᠠᠭᠤᠯᠤᠭᠰᠠᠨ ᠨᠢ᠄ ᠨᠠᠮᠤᠷᠬᠢᠨᠠᠭᠰᠠᠨ ᠨᠢ᠄ ᠤᠷᠢᠬᠠᠨ
 
ᠢᠷᠡᠯᠲᠡ᠄ ᠲᠣᠰ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号