孤 ᠭᠡᠳᠡᠭ ᠾᠦᠩᠨᠦ ᠦᠭᠡ ᠶᠢ ᠲᠠᠶᠢᠯᠪᠣᠷᠢᠯᠠᠬᠤ ᠨᠢ
ᠨᠡᠶᠢᠲᠡᠯᠡᠭᠰᠡᠨ ᠴᠠᠭ᠄
2020/10/20
ᠣᠣᠬᠠᠨ · ᠬᠠᠭᠳᠠ 撐 犁孤 塗᠄ ᠣᠳᠣ ᠦᠶ᠎ᠡ ᠶᠢᠨ ᠠᠪᠢᠶ᠎ᠠ ᠨᠢ chēng lí gū tú᠂ ᠲᠣᠰ ᠦᠭᠡ ᠶᠢ ᠵᠦᠪᠬᠡᠨ ︽ᠬᠠᠨ ᠣᠯᠣᠰ ᠤᠨ ᠪᠢᠴᠢᠭ · ᠾᠦᠩᠨᠦ ᠶᠢᠨ ᠱᠠᠰᠳᠢᠷ︾ ᠤᠨ ᠲᠡᠭᠡᠳᠦ ᠪᠣᠳᠢ ᠳᠤ ᠲᠡᠮᠳᠡᠭᠯᠡᠭᠳᠡᠵᠡᠢ᠃ ᠲᠡᠭᠦᠨ ᠳᠤ ᠦᠬᠦᠯᠡᠭᠰᠡᠨ ᠨᠢ᠂ ᠴᠠᠨ ᠢᠥᠢ ᠪᠣᠯᠪᠠᠰᠣ 攣鞮 ︵ᠣᠳᠣ ᠦᠶ᠎ᠡ ᠶᠢᠨ ᠠᠪᠢᠶ᠎ᠠ ᠨᠢ luán dī︶ ᠣᠪᠣᠭ ᠲᠠᠢ᠂ ᠲᠡᠭᠦᠨ ᠤ ᠣᠯᠣᠰ ᠤᠨ ᠬᠦᠮᠦᠰ ᠨᠢ ᠲᠡᠭᠦᠨ ᠢ 撐犁孤塗單于 ᠴᠠᠨ ᠢᠥᠢ ᠬᠡᠮᠡᠮᠣᠢ᠃ ᠾᠦᠩᠨᠦ ᠬᠡᠯᠡᠨ ᠳᠤ ᠲᠡᠭᠷᠢ ᠶᠢ ︽撐犁︾ ᠬᠡᠮᠡᠨ ᠬᠦᠪᠡᠭᠦᠨ ᠢ ︽孤塗︾ ᠬᠡᠮᠡᠮᠣᠢ᠃ ᠴᠠᠨ ᠢᠥᠢ ᠭᠡᠰᠡᠨ ᠦᠭᠡ ᠪᠣᠯ ᠲᠠᠷᠣᠢ ᠲᠡᠭᠷᠢ ᠮᠡᠳᠦ ᠠᠭᠤᠳᠠᠮ ᠭᠡᠳᠡᠭ ᠣᠳᠬ᠎ᠠ ᠪᠦᠬᠦᠢ ᠦᠭᠡ ᠪᠣᠯᠣᠨ᠎ᠠ ᠭᠡᠵᠦ ᠲᠡᠮᠳᠡᠭᠯᠡᠵᠡᠢ᠃ 孤 ᠦᠰᠦᠭ᠄ ⑴孤 ᠦᠰᠦᠭ ᠤᠨ ᠣᠳᠣ ᠦᠶ᠎ᠡ ᠶᠢᠨ ᠯᠠᠲ᠋ᠢᠨ ᠭᠠᠯᠢᠭ᠄ gū᠃ ⑵孤 ᠦᠰᠦᠭ ᠤᠨ ᠬᠢᠳᠠᠳ ᠤᠨ ︽ᠣᠯᠣᠰ ᠤᠨ ᠬᠡᠯᠡᠨ ᠤ ᠦᠭᠡᠰ ᠤᠨ ᠲᠣᠯᠢ︾ ᠲᠠᠬᠢ ᠣᠳᠬ᠎ᠠ ᠶᠢᠨ ᠲᠠᠶᠢᠯᠪᠣᠷᠢ᠄ ᠲᠣᠣᠷᠠᠬᠢ ᠮᠡᠳᠦ ᠬᠡᠳᠦᠨ ᠵᠦᠢᠯ ᠢᠶᠠᠷ ᠬᠡᠷᠡᠭᠯᠡᠨ᠎ᠡ᠃ ᠲᠡᠮᠳᠡᠭ ᠦᠭᠡ ᠪᠠᠷ ᠬᠡᠷᠡᠭᠯᠡᠬᠦ᠂ ᠦᠨᠦᠴᠢᠨ᠂ ᠭᠠᠭᠴᠠᠷᠳᠠᠮᠠᠯ᠂ ᠡᠳᠡᠭᠡᠳ ᠵᠠᠩ ᠵᠡᠷᠭᠡ᠃ ᠨᠡᠷᠡᠰ ᠦᠭᠡ ᠪᠠᠷ ᠬᠡᠷᠡᠭᠯᠡᠬᠦ᠂ ᠡᠷᠳᠡᠨ ᠤ ᠬᠢᠳᠠᠳ ᠵᠦᠴᠦᠭᠡ ᠲᠣᠲᠣᠷᠠᠬᠢ ᠲᠣᠭᠳᠠᠮᠠᠯ ᠨᠣᠶᠠᠳ ᠢ ᠲᠣᠭᠯᠠᠬᠤ ᠲᠣᠭᠯᠠᠭᠴᠢ ᠶᠢ ᠵᠢᠭᠠᠳᠠᠭ ᠭᠡᠵᠡᠢ᠃ ᠡᠷᠳᠡᠨ ᠦᠶ᠎ᠡ ᠳᠤ ᠪᠠᠰᠠ ᠣᠪᠣᠭ ᠢᠶᠠᠷ ᠬᠡᠷᠡᠭᠯᠡᠳᠡᠭ ᠪᠠᠶᠢᠵᠠᠢ᠃ ᠲᠦᠯᠦᠭᠡᠨ ᠤ ᠦᠭᠡ ᠪᠠᠷ ᠬᠡᠷᠡᠭᠯᠡᠬᠦ᠂ ᠡᠷᠳᠡᠨ ᠤ ᠬᠢᠳᠠᠳ ᠨᠡᠶᠢᠭᠡᠮ ᠤᠨ ᠸᠠᠩ ᠾᠸᠥ ᠮᠡᠳᠦ  ᠶᠢᠨ ᠬᠡᠷᠬᠢᠮᠳᠡᠳ ᠤᠨ ᠦᠪᠡᠷ ᠤᠨ ᠪᠡᠶ᠎ᠡ ᠪᠠᠨ ᠵᠢᠭᠠᠬᠤ ᠲᠦᠯᠦᠭᠡᠨ ᠤ ᠦᠭᠡ᠃ ᠦᠢᠯᠡ ᠦᠭᠡ ᠪᠠᠷ ᠬᠡᠷᠡᠭᠯᠡᠬᠦ᠂ ᠦᠳᠡᠭᠡᠷᠡᠬᠦ ᠭᠡᠳᠡᠭ ᠣᠳᠬ᠎ᠠ ᠪᠦᠬᠦᠢ ᠦᠭᠡ ᠪᠣᠯᠣᠨ᠎ᠠ ᠭᠡᠵᠡᠢ᠃ ⑶孤 ᠦᠰᠦᠭ ᠤᠨ ᠲᠡᠭᠡᠳᠦ ᠡᠷᠳᠡᠨ ᠤ ᠠᠪᠢᠶ᠎ᠠ ᠠᠶᠠᠯᠭᠤ᠄ kʷaː ᠭᠡᠵᠡᠢ᠃ ⑷孤 ᠦᠰᠦᠭ ᠤᠨ ᠴᠢᠨ ᠠᠴᠠ ᠡᠮᠦᠨᠡᠬᠢ ᠠᠪᠢᠶ᠎ᠠ ᠠᠶᠠᠯᠭᠤ᠄ ᠠᠪᠢᠶ᠎ᠠ ᠨᠢ k ᠪᠣᠶᠣ kw᠂ ᠠᠶᠠᠯᠭᠤ ᠨᠢ wo᠂ a᠂ uɑɡ᠂ waɣ᠂ ag ᠵᠡᠷᠭᠡ ᠪᠣᠢ ᠭᠡᠵᠡᠢ᠃ ᠭᠡᠪᠡᠴᠦ w ᠪᠣᠯ ᠠᠪᠢᠶ᠎ᠠ ᠶᠢᠨ ᠨᠢᠭᠡ ᠬᠡᠰᠡᠭ ᠪᠣᠯᠬᠤ ᠲᠦᠯᠦᠪᠳᠡᠢ ᠪᠣᠯᠬᠤᠷ o᠂ a᠂ uɑɡ᠂ aɣ᠂ ag ᠪᠣᠯ ᠠᠶᠠᠯᠭᠤ ᠪᠠᠶᠢᠵᠣ ᠲᠠᠭᠠᠷᠠᠨ᠎ᠠ᠃ ᠰᠢᠯᠳᠠᠭᠠᠨ ᠨᠢ kʷ ᠪᠣᠯ ᠠᠪᠢᠶ᠎ᠠ ᠶᠣᠮ᠃ ᠡᠶᠢᠮᠦ ᠠᠴᠠ w ᠪᠣᠯ ᠦᠨᠡᠨᠳᠡᠭᠡᠨ ᠲᠡᠭᠡᠳᠦ ᠡᠷᠳᠡᠨ ᠤ ᠦᠶ᠎ᠡ ᠶᠢᠨ kʷ ᠶᠢᠨ ᠲᠡᠷᠡᠬᠦ ᠵᠢᠵᠢᠭ ʷ ᠨᠢ ᠪᠣᠯᠣᠨ᠎ᠠ᠃ ⑸孤 ᠦᠰᠦᠭ ᠤᠨ ᠬᠠᠨ ᠣᠯᠣᠰ ᠤᠨ ᠦᠶ᠎ᠡ ᠶᠢᠨ ᠲᠣᠯᠢ ᠪᠢᠴᠢᠭ ︽ᠦᠰᠦᠭ ᠪᠢᠴᠢᠭ ᠤᠨ ᠲᠠᠶᠢᠯᠪᠣᠷᠢ︾  ᠳᠠᠬᠢ ᠠᠪᠢᠶ᠎ᠠ ᠠᠶᠠᠯᠭᠤ᠄ 从子瓜聲 ᠭᠡᠵᠡᠢ᠃ ᠲᠠᠷᠣᠢ 孤 ᠶᠢᠨ ᠡᠷᠳᠡᠨ ᠤ ᠠᠪᠢᠶ᠎ᠠ ᠨᠢ 瓜 ᠠᠴᠠ ᠣᠶᠢᠷᠬᠠᠨ ᠠᠪᠢᠶᠠᠯᠠᠳᠠᠭ ᠪᠠᠶᠢᠵᠠᠢ ᠭᠡᠰᠡᠨ ᠦᠭᠡ ᠶᠣᠮ᠃ 瓜 ᠦᠰᠦᠭ ᠤᠨ ᠶᠢᠨ ᠲᠡᠭᠡᠳᠦ ᠡᠷᠳᠡᠨ ᠤ ᠣᠩᠰᠢᠯᠭ᠎ᠠ  ᠨᠢ kʷraː ᠪᠠᠶᠢᠵᠠᠢ᠃ ᠲᠠᠷᠣᠢ 孤 ᠶᠢᠨ ᠣᠩᠰᠢᠯᠭ᠎ᠠ kʷaː ᠲᠠᠢ ᠦᠨᠳᠦᠰᠦᠨ ᠳᠡᠭᠡᠨ ᠠᠳᠠᠯᠢ᠂ ᠵᠦᠪᠬᠡᠨ ᠠᠪᠢᠶ᠎ᠠ ᠨᠢ ᠵᠢᠭᠠᠬᠠᠨ ᠠᠳᠠᠯᠢ ᠦᠭᠡᠢ᠂ ᠠᠶᠠᠯᠭᠤ ᠨᠢ ᠪᠦᠷᠢᠮᠦᠰᠦᠨ ᠠᠳᠠᠯᠢ ᠪᠠᠶᠢᠵᠠᠢ᠃ ⑹孤 ᠦᠰᠦᠭ ᠤᠨ ᠲᠠᠩ ᠶᠦᠨ ᠭᠤᠸᠠᠩ ᠶᠦᠨ᠂ ᠵᠢᠢ ᠶᠦᠨ᠂ ᠶᠦᠨ ᠾᠦᠢ᠂ ᠵᠧᠩ ᠶᠦᠨ ᠵᠡᠷᠭᠡ ᠲᠣᠯᠢ ᠪᠢᠴᠢᠭ ᠳᠠᠬᠢ ᠠᠪᠢᠶ᠎ᠠ ᠠᠶᠠᠯᠭᠤ᠄ ᠲᠠᠩ ᠶᠦᠨ 古乎切᠂ ᠵᠢᠢ ᠶᠦᠨ᠂ ᠶᠦᠨ ᠾᠦᠢ ᠪᠣᠯᠣᠨ ᠵᠧᠩ ᠶᠦᠨ ᠪᠦᠷ 攻乎切 ᠭᠡᠵᠦ ᠨᠢᠭᠡᠳᠦᠯ ᠲᠠᠢ ᠪᠠᠷ 音姑 ᠭᠡᠵᠦ ᠲᠠᠶᠢᠯᠪᠣᠷᠢᠯᠠᠵᠠᠢ᠃ ⑺孤 ᠦᠰᠦᠭ ᠤᠨ ᠲᠠᠩ ᠣᠯᠣᠰ ᠤᠨ ᠦᠶ᠎ᠡ ᠶᠢᠨ ᠠᠪᠢᠶ᠎ᠠ ᠨᠢ᠄ *go ᠭᠡᠪᠡ᠃ ⑻孤 ᠦᠰᠦᠭ ᠤᠨ ᠶᠠᠫᠣᠨ ᠬᠡᠯᠡᠨ ᠳᠠᠬᠢ ᠣᠩᠰᠢᠯᠭ᠎ᠠ᠄ こ ᠭᠡᠪᠡ᠃ ⑼孤 ᠦᠰᠦᠭ ᠤᠨ ᠺᠣᠷᠢᠶ᠎ᠠ ᠬᠡᠯᠡᠨ ᠳᠠᠬᠢ ᠣᠩᠰᠢᠯᠭ᠎ᠠ᠄ KO ᠭᠡᠵᠡᠢ᠃ ⑽孤 ᠦᠰᠦᠭ ᠤᠨ ᠸᠢᠶᠧᠲᠨᠠᠮ ᠬᠡᠯᠡᠨ ᠳᠠᠬᠢ ᠣᠩᠰᠢᠯᠭ᠎ᠠ᠄ cô ᠭᠡᠵᠡᠢ᠃ ᠶᠠᠫᠣᠨ ᠰᠣᠯᠣᠩᠭᠤᠰ ᠬᠡᠯᠡ ᠪᠠ ᠸᠢᠶᠧᠲᠨᠠᠮ ᠬᠡᠯᠡᠨ ᠳᠠᠬᠢ ᠠᠪᠢᠶ᠎ᠠ ᠨᠢ ᠦᠨᠳᠦᠰᠦᠨ ᠳᠡᠭᠡᠨ ᠠᠳᠠᠯᠢ ᠪᠠᠶᠢᠨ᠎ᠠ᠃ ⑾孤 ᠦᠰᠦᠭ ᠤᠨ ᠬᠢᠳᠠᠳ ᠤᠨ ᠲᠣᠲᠣᠭᠠᠳᠣ ᠭᠠᠳᠠᠭᠠᠳᠣ ᠶᠢᠨ ᠬᠢᠳᠠᠳᠴᠢ ᠡᠷᠳᠡᠮᠳᠡᠳ ᠤᠨ ᠰᠡᠷᠭᠦᠭᠡᠭᠰᠡᠨ ᠲᠣᠮᠳᠠᠳᠣ ᠡᠷᠳᠡᠨ ᠤ ᠠᠪᠢᠶ᠎ᠠ ᠠᠶᠠᠯᠭᠤ᠄ kwa᠂ kua᠂ kɣua᠂ kʷɯa᠂ kwaɨ ᠭᠡᠵᠡᠢ᠃ ⑿孤 ᠦᠰᠦᠭ ᠤᠨ ᠮᠣᠩᠭᠤᠯ ᠫᠠᠭᠰᠪᠠ ᠦᠰᠦᠭ ᠳᠠᠬᠢ ᠣᠩᠰᠢᠯᠭ᠎ᠠ᠄ ꡂꡧ᠂ gwa ᠭᠡᠵᠡᠢ᠃ ⒀孤 ᠦᠰᠦᠭ ᠤᠨ ᠬᠢᠳᠠᠳ ᠬᠡᠯᠡᠨ ᠤ ᠣᠯᠠᠨ ᠨᠣᠳᠤᠭ ᠤᠨ ᠠᠪᠢᠶᠠᠨ ᠳᠠᠬᠢ ᠠᠪᠢᠶ᠎ᠠ᠄ ᠺᠧ ᠵᠢᠶᠠ ᠬᠡᠯᠡ ᠪᠣᠯ ᠮᠠᠰᠢ ᠨᠢᠭᠡᠳᠦᠯ ᠲᠠᠢ ᠪᠠᠷ ᠪᠦᠷ ku ᠭᠡᠵᠡᠢ᠃ ᠲᠠᠷᠣᠢ gū ᠭᠡᠳᠡᠭ ᠠᠪᠢᠶ᠎ᠠ ᠪᠣᠯᠬᠤ ᠶᠣᠮ᠃ ᠠᠳᠡ ku ᠨᠢ ᠲᠡᠯᠡᠬᠡᠢ ᠨᠡᠶᠢᠳᠡ ᠶᠢᠨ ᠠᠪᠢᠶᠠᠨ ᠭᠠᠯᠢᠭ᠂ ᠬᠠᠷᠢᠨ gū ᠨᠢ ᠬᠢᠳᠠᠳ ᠦᠰᠦᠭ ᠤᠨ ᠯᠠᠲ᠋ᠢᠨ ᠭᠠᠯᠢᠭ ᠪᠣᠯᠣᠨ᠎ᠠ᠃ ᠶᠣᠸᠠᠢ ᠬᠡᠯᠡᠨ ᠳᠤ ᠠᠪᠢᠶ᠎ᠠ ᠠᠶᠠᠯᠭᠤ ᠨᠢ ᠮᠦᠨ ᠠᠳᠠᠯᠢᠬᠠᠨ ᠪᠠᠶᠢᠨ᠎ᠠ᠃ ᠭᠡᠪᠡᠴᠦ ᠮᠢᠨᠨᠠᠨ ᠬᠡᠯᠡᠨ ᠳᠤ ᠵᠢᠭᠠᠬᠠᠨ ᠵᠦᠷᠢᠶ᠎ᠡ ᠲᠠᠢ᠃ ᠲᠠᠷᠣᠢ ᠠᠶᠠᠯᠭᠤ ᠨᠢ u ᠪᠣᠯᠣᠨ ou ᠪᠠᠶᠢᠳᠠᠭ᠃ ᠣᠨᠴᠠ ᠵᠠᠷᠢᠮ ᠭᠠᠵᠠᠷ ᠲᠤ ᠪᠠᠰᠠ ɔ ᠴᠦ ᠪᠠᠶᠢᠳᠠᠭ᠃ ᠪᠣᠰᠣᠳ ᠢ ᠨᠢ ᠲᠣᠪᠴᠢᠯᠠᠪᠠ᠃ ⒁孤 ᠦᠰᠦᠭ ᠤᠨ ︽ᠬᠢᠳᠠᠳ ᠬᠡᠯᠡᠨ ᠤ ᠨᠣᠳᠤᠭ ᠤᠨ ᠠᠪᠢᠶᠠᠨ ᠤ ᠲᠣᠯᠢ︾ ᠳᠠᠬᠢ ᠠᠪᠢᠶ᠎ᠠ᠄ ᠭᠤᠸᠠᠩ ᠶᠦᠨ ᠤ ᠠᠪᠢᠶ᠎ᠠ ᠨᠢ ᠮᠠᠰᠢ ᠲᠣᠲᠣᠷᠬᠠᠢ ᠪᠠᠷ ko ᠭᠡᠵᠦ ᠲᠦᠷᠪᠡᠳᠦᠭᠡᠷ ᠡᠬᠡᠰᠢᠭ ᠢᠶᠠᠷ ᠣᠩᠰᠢᠵᠣ ᠪᠠᠶᠢᠨ᠎ᠠ᠃ ᠺᠧ ᠵᠢᠶᠠ ᠬᠡᠯᠡ ᠪᠡ ᠶᠣᠸᠠᠢ ᠬᠡᠯᠡᠨ ᠳᠤ ᠪᠦᠷ gu ᠭᠡᠵᠦ ᠲᠣᠯᠣᠳᠣᠭᠠᠷ ᠡᠬᠡᠰᠢᠭ ᠢᠶᠠᠷ ᠣᠩᠰᠢᠵᠣ᠂ ᠪᠣᠰᠣᠳ ᠨᠢ ᠪᠦᠷ ᠲᠦᠷᠪᠡᠳᠦᠭᠡᠷ ᠡᠬᠡᠰᠢᠭ ᠢᠶᠠᠷ ᠣᠩᠰᠢᠵᠣ ᠪᠠᠶᠢᠨ᠎ᠠ᠃ ᠡᠭᠦᠨ ᠠᠴᠠ ᠦᠵᠡᠪᠡᠯ 孤 ᠦᠰᠦᠭ ᠤᠨ ᠠᠪᠢᠶ᠎ᠠ ᠶᠢ k ᠪᠣᠶᠣ g ᠪᠠᠷ ᠪᠦᠷ ᠣᠩᠰᠢᠵᠣ ᠪᠣᠯᠳᠠᠭ ᠠᠵᠠᠢ᠃ ⒂孤 ᠦᠰᠦᠭ ᠤᠨ ᠡᠷᠳᠡᠨ ᠤ ᠠᠪᠢᠶᠠᠨ ᠤ ᠬᠢᠨᠠᠨ ᠲᠣᠭᠳᠠᠭᠠᠯᠳᠠ᠄ gu ᠭᠡᠵᠦ ᠣᠩᠰᠢᠬᠤ ᠨᠢ ᠵᠦᠪ ᠪᠠᠶᠢᠨ᠎ᠠ᠃ ᠬᠤᠳᠤᠭ ᠭᠡᠳᠡᠭ ᠦᠭᠡᠨ ᠤ ᠡᠬᠢᠨ ᠤ ᠦᠶ᠎ᠡ ︽ᠬᠣ︾ ᠶᠢ ᠠᠪᠢᠶᠠᠯᠠᠨ ᠣᠷᠴᠢᠭᠤᠯᠣᠭᠰᠠᠨ ᠦᠰᠦᠭ ᠪᠣᠯᠣᠨ᠎ᠠ᠃ ᠠᠳᠡ ᠠᠩᠬᠠᠷᠬᠤ ᠨᠢ ᠮᠣᠩᠭᠤᠯ ᠲᠦᠷᠦᠯ ᠬᠡᠯᠡᠨ ᠳᠤ ᠬᠠ ᠭᠠ ᠺᠠ ᠶᠢ ᠰᠡᠯᠭᠦᠴᠡᠨ ᠬᠡᠷᠡᠭᠯᠡᠬᠦ ᠦᠵᠡᠭᠳᠡᠯ ᠮᠠᠰᠢ ᠲᠦᠭᠡᠮᠡᠯ ᠣᠷᠣᠰᠢᠬᠤ ᠶᠣᠮ᠃ ᠡᠶᠢᠮᠦ ᠠᠴᠠ ᠠᠳᠠᠯᠢ ᠪᠣᠰᠣ ᠨᠣᠳᠤᠭ ᠤᠨ ᠠᠪᠢᠶᠠᠨ ᠳᠤ ᠡᠨᠡᠬᠦ ︽ᠬᠣ︾ ᠶᠢ ᠺᠤ ᠪᠣᠶᠣ ᠭᠣ ᠭᠡᠵᠦ ᠠᠪᠢᠶᠠᠯᠠᠬᠤ ᠨᠢ ᠰᠣᠨᠢᠨ ᠣᠴᠢᠷ ᠪᠢᠰᠢ ᠶᠣᠮ᠃ ᠪᠡᠯᠡᠳᠬᠡᠭᠰᠡᠨ ᠨᠢ᠄ ᠡᠷᠳᠡᠨᠢᠬᠦᠦᠨᠠᠶᠢᠷᠠᠭᠤᠯᠤᠭᠰᠠᠨ ᠨᠢ᠄ ᠨᠠᠮᠤᠷᠬᠢᠨᠠᠭᠰᠠᠨ ᠨᠢ᠄ ᠤᠷᠢᠬᠠᠨ
 
ᠢᠷᠡᠯᠲᠡ᠄ ᠲᠣᠰ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号