ᠾᠦᠩᠨᠦ ᠸᠠᠩ ᠤᠨ ᠴᠣᠯᠠ ᠶᠢᠨ ︽ᠸᠠᠩ︾ ᠦᠰᠦᠭ ᠠᠴᠠ ᠲᠡᠭᠦᠨ ᠤ ᠬᠡᠯᠡᠨ ᠤ ᠬᠠᠷᠢᠶᠠᠯᠠᠯ ᠢ ᠰᠢᠨᠵᠢᠬᠦ ᠨᠢ
ᠨᠡᠶᠢᠲᠡᠯᠡᠭᠰᠡᠨ ᠴᠠᠭ᠄
2020/10/20
ᠣᠣᠬᠠᠨ · ᠬᠠᠭᠳᠠ — ᠾᠦᠩᠨᠦ ᠬᠡᠯᠡᠨ ᠤ ᠬᠠᠷᠢᠶᠠᠯᠠᠯ ᠢ ᠰᠢᠨᠵᠢᠬᠦ ᠰᠢᠷᠢᠰ ᠦᠭᠦᠯᠡᠯ ᠠᠳᠡ ᠶᠠᠷᠢᠯᠴᠠᠨ ᠪᠦᠬᠦᠢ ᠾᠦᠩᠨᠦ ᠦᠭᠡ ᠬᠡᠯᠡ ᠪᠦᠷ ᠡᠷᠳᠡᠨ ᠤ ᠬᠢᠳᠠᠳ ᠲᠡᠣᠬᠡ ᠠᠴᠠ ᠢᠷᠡᠯᠳᠡ ᠶᠣᠮ᠃ ᠲᠣᠲᠣᠷᠠᠭᠤᠯᠣᠨ ᠶᠠᠷᠢᠪᠠᠯ ᠰᠧ ᠮᠠ ᠴᠢᠶᠠᠨ ᠤ ᠵᠣᠬᠢᠶᠠᠭᠰᠠᠨ ︽ᠰᠣᠳᠣᠷ ᠲᠡᠮᠳᠡᠭᠯᠡᠯ · ᠾᠦᠩᠨᠦ ᠶᠢᠨ ᠱᠠᠰᠳᠢᠷ︾᠂  ᠪᠠᠨ ᠭᠦ᠋ ᠶᠢᠨ ᠵᠣᠬᠢᠶᠠᠭᠰᠠᠨ ︽ᠬᠠᠨ ᠣᠯᠣᠰ ᠤᠨ ᠪᠢᠴᠢᠭ · ᠾᠦᠩᠨᠦ ᠶᠢᠨ ᠱᠠᠰᠳᠢᠷ︾᠂ ᠹᠠᠨ ᠶᠧ ᠶᠢᠨ ᠵᠣᠬᠢᠶᠠᠭᠰᠠᠨ ︽ᠬᠤᠶᠢᠳᠣ ᠬᠠᠨ ᠣᠯᠣᠰ ᠤᠨ ᠪᠢᠴᠢᠭ · ᠾᠦᠩᠨᠦ ᠶᠢᠨ ᠱᠠᠰᠳᠢᠷ︾ ᠵᠢᠴᠢ ᠪᠠᠰᠠ ᠴᠧᠨ ᠱᠸᠥ ᠶᠢᠨ ᠵᠣᠬᠢᠶᠠᠭᠰᠠᠨ ︽ᠭᠤᠷᠪᠠᠨ ᠣᠯᠣᠰ ᠤᠨ ᠴᠠᠳᠢᠭ︾ ᠲᠣᠲᠣᠷᠠᠬᠢ ᠾᠦᠩᠨᠦ ᠲᠠᠢ ᠬᠤᠯᠪᠣᠭᠳᠠᠯ ᠪᠦᠬᠦᠢ ᠠᠭᠤᠯᠭ᠎ᠠ ᠪᠣᠯᠣᠨ ᠹᠠᠩ ᠰᠢᠥᠸᠠᠨ ᠯᠢᠩ ᠨᠡᠷ ᠤᠨ ᠵᠣᠬᠢᠶᠠᠭᠰᠠᠨ ︽ ᠶᠢᠨ ᠣᠯᠣᠰ ᠤᠨ ᠪᠢᠴᠢᠭ︾ ᠲᠣᠲᠣᠷᠠᠬᠢ ᠾᠦᠩᠨᠦ ᠶᠢᠨ ᠲᠣᠬᠠᠢ ᠠᠭᠤᠯᠭ᠎ᠠ ᠵᠡᠷᠭᠡ ᠪᠠᠶᠢᠳᠠᠭ ᠶᠣᠮ᠃ ᠲᠡᠭᠡᠷᠡᠬᠢ ᠡᠳᠡᠭᠡᠷ ᠲᠡᠣᠬᠡᠴᠢᠳ ᠾᠦᠩᠨᠦ ᠶᠢᠨ ᠲᠡᠣᠬᠡ ᠱᠠᠰᠳᠢᠷ ᠲᠣᠲᠣᠷ᠎ᠠ ᠮᠢᠩᠭ᠎ᠠ ᠪᠠᠷ ᠲᠣᠭᠠᠯᠠᠭᠳᠠᠬᠤ ᠶᠡᠭᠡ ᠬᠡᠮᠵᠢᠶᠡᠨ ᠤ ᠾᠦᠩᠨᠦ ᠦᠭᠡ ᠬᠡᠯᠡ ᠶᠢ ᠡᠷᠳᠡᠨ ᠤ ᠬᠢᠳᠠᠳ ᠦᠰᠦᠭ  ᠤᠨ ᠠᠪᠢᠶ᠎ᠠ ᠠᠶᠠᠯᠭᠤ ᠪᠠᠷ ᠢᠶᠠᠨ ᠠᠪᠢᠶᠠᠴᠢᠯᠠᠨ ᠣᠷᠴᠢᠭᠤᠯᠵᠣ ᠲᠡᠮᠳᠡᠭᠯᠡᠨ ᠦᠯᠡᠳᠡᠭᠡᠵᠡᠢ᠃ ᠡᠶᠢᠮᠦᠷᠬᠦ ᠾᠦᠩᠨᠦ ᠦᠭᠡ ᠬᠡᠯᠡ ᠲᠣᠲᠣᠷ᠎ᠠ ᠠᠴᠠ ᠵᠣᠬᠢᠶᠠᠭᠴᠢ ᠵᠦᠪᠬᠡᠨ ᠲᠦᠷᠪᠡᠨ ᠵᠠᠭᠤ ᠭᠠᠷᠣᠢ ᠵᠣᠷᠪᠣᠰ ᠦᠭᠡ ᠶᠢ ᠰᠣᠩᠭᠤᠵᠣ ᠦᠪᠡᠷ ᠤᠨ ᠰᠣᠳᠣᠯᠣᠯᠭᠠᠨ ᠳᠠᠭᠠᠨ ᠬᠠᠮᠣᠷᠣᠭᠤᠯᠣᠨ ᠬᠡᠷᠡᠭᠯᠡᠵᠡᠢ᠃ ᠲᠡᠭᠡᠭᠡᠳ ᠲᠡᠭᠦᠨ ᠢᠶᠠᠨ ᠲᠣᠣᠷᠠᠬᠢ ᠮᠡᠳᠦ ᠾᠦᠩᠨᠦ ᠬᠠᠭᠠᠳ ᠤᠨ ᠬᠦᠨᠳᠦᠳᠭᠡᠯᠳᠦ ᠴᠣᠯᠠ᠂ ᠾᠦᠩᠨᠦ ᠸᠠᠩ ᠤᠨ ᠴᠣᠯᠠ ᠨᠡᠷᠡᠶᠢᠳᠦᠯ᠂ ᠾᠦᠩᠨᠦ ᠶᠢᠨ ᠰᠠᠶᠢᠳ ᠳᠦᠰᠢᠮᠡᠯ ᠤᠨ ᠵᠡᠷᠭᠡ ᠭᠡᠷᠭᠢᠮ ᠤᠨ ᠨᠡᠷᠡᠶᠢᠳᠦᠯ᠂ ᠾᠦᠩᠨᠦ ᠬᠦᠮᠦᠨ ᠤ ᠣᠪᠣᠭ ᠨᠡᠷ᠎ᠡ᠂ ᠾᠦᠩᠨᠦ ᠶᠢᠨ ᠠᠶᠢᠮᠠᠭ ᠣᠭᠰᠠᠭ᠎ᠠ ᠶᠢᠨ ᠨᠡᠷᠡᠶᠢᠳᠦᠯ᠂ ᠾᠦᠩᠨᠦ ᠶᠢᠨ ᠭᠠᠵᠠᠷ ᠣᠰᠣᠨ ᠤ ᠨᠡᠷᠡᠰ ᠵᠢᠴᠢ ᠪᠠᠰᠠ ᠴᠦᠬᠡᠨ ᠬᠡᠮᠵᠢᠶᠡᠨ  ᠤ ᠾᠦᠩᠨᠦ ᠬᠦᠮᠦᠰ ᠤᠨ ᠰᠠᠪᠠ ᠰᠠᠭᠠᠯᠢ ᠶᠢᠨ ᠨᠡᠷᠡᠰ ᠪᠣᠯᠣᠨ ᠵᠠᠩ ᠢᠷᠭᠡᠨᠰᠢᠯ ᠲᠠᠢ ᠬᠤᠯᠪᠣᠭᠳᠠᠯ ᠲᠠᠢ ᠨᠡᠷᠡᠰ ᠦᠭᠡ ᠵᠡᠷᠭᠡ ᠵᠢᠷᠭᠤᠭ᠎ᠠ ᠲᠣᠯᠣᠭᠠᠨ ᠶᠡᠭᠡ ᠲᠦᠷᠦᠯ ᠵᠦᠢᠯ ᠢᠶᠠᠷ ᠢᠯᠭᠠᠨ ᠰᠠᠯᠭᠠᠨ ᠬᠤᠪᠢᠶᠠᠷᠯᠠᠨ ᠰᠣᠳᠣᠯᠵᠠᠢ᠃ ᠲᠣᠰ ᠦᠭᠦᠯᠡᠯ ᠳᠤ ᠶᠠᠷᠢᠯᠴᠠᠬᠤ ᠠᠭᠤᠯᠭ᠎ᠠ ᠭᠡᠪᠡᠯ ᠾᠦᠩᠨᠦ ᠶᠢᠨ ︽ᠸᠠᠩ︾ ᠴᠣᠯᠠ ᠶᠢᠨ ᠢᠷᠡᠯ ᠭᠠᠷᠣᠯ ᠠᠴᠠ ᠴᠣᠯᠠ ᠮᠢᠨᠳᠠᠭ ᠤᠨ ᠬᠡᠯᠡᠨ ᠤ ᠬᠠᠷᠢᠶᠠᠯᠠᠯ ᠢ ᠶᠠᠷᠢᠯᠴᠠᠬᠤ ᠪᠣᠯᠬᠤᠷ᠂ ᠣᠷᠢᠳᠠᠪᠠᠷ ᠪᠢᠳᠡ ᠾᠦᠩᠨᠦ ᠶᠢᠨ ᠣᠯᠣᠰ ᠤᠨ ᠲᠣᠭᠳᠠᠯᠴᠠᠭ᠎ᠠ ᠲᠣᠲᠣᠷᠠᠬᠢ ᠡᠵᠡᠳ ᠬᠠᠭᠠᠳ ᠸᠠᠩ ᠨᠡᠷ ᠤᠨ ᠨᠡᠷᠡᠶᠢᠳᠦᠯ ᠤᠨ ᠲᠣᠬᠠᠢ ᠡᠷᠳᠡᠨ ᠤ ᠬᠢᠳᠠᠳ ᠲᠡᠣᠬᠡᠴᠢᠳ ᠤᠨ ᠣᠣᠯ ᠬᠢᠳᠠᠳ ᠦᠰᠦᠭ ᠢᠶᠠᠷ ᠢᠶᠠᠨ ᠠᠪᠢᠶᠠᠴᠢᠯᠠᠭᠰᠠᠨ ᠣᠷᠴᠢᠭᠤᠯᠭ᠎ᠠ ᠶᠠᠮᠠᠷ ᠪᠠᠶᠢᠭᠰᠠᠨ ᠢ ᠣᠶᠢᠯᠭᠠᠬᠤ ᠴᠢᠬᠤᠯᠠ ᠲᠠᠢ ᠶᠣᠮ᠃ ᠾᠦᠩᠨᠦ ᠶᠢᠨ ᠡᠵᠡᠳ ᠬᠠᠭᠠᠳ ᠢ ᠬᠢᠳᠠᠳ ᠲᠡᠣᠬᠡᠴᠢᠳ ᠪᠦᠷ ᠴᠠᠨ ᠢᠥᠢ ᠭᠡᠳᠡᠭ ᠬᠤᠶᠠᠷ ᠬᠢᠳᠠᠳ ᠦᠰᠦᠭ ᠢᠶᠠᠷ ᠮᠠᠰᠢ ᠨᠢᠭᠡᠳᠦᠯ ᠲᠠᠢ ᠠᠪᠢᠶᠠᠴᠢᠯᠠᠨ ᠣᠷᠴᠢᠭᠤᠯᠵᠠᠢ᠃ ᠲᠡᠭᠡᠭᠡᠳ ᠬᠤᠵᠢᠮ  ᠤᠨ ᠲᠡᠣᠬᠡᠴᠢᠳ ᠨᠢ ᠴᠦ ᠶᠠᠮᠠᠷ ᠴᠦ ᠲᠠᠶᠢᠯᠪᠣᠷᠢ ᠪᠠ ᠵᠠᠰᠠᠪᠣᠷᠢᠯᠠᠭᠰᠠᠨ ᠵᠦᠢᠯᠡᠰ ᠦᠭᠡᠢ᠃ ︽ᠴᠠᠨ ᠢᠥᠢ︾ ᠭᠡᠳᠡᠭ ᠦᠭᠡ ᠶᠢ ᠡᠷᠳᠡᠮᠳᠡᠳ ᠴᠢᠩᠬᠢᠰ ᠭᠡᠵᠦ ᠲᠠᠶᠢᠯᠪᠣᠷᠢᠯᠠᠭᠰᠠᠨ ᠢ ᠵᠣᠬᠢᠶᠠᠭᠴᠢ ᠠᠴᠠ ᠵᠦᠪ ᠭᠡᠵᠦ ᠦᠵᠡᠭᠰᠡᠨ ᠪᠦᠭᠡᠳ ᠲᠡᠭᠦᠨ ᠳᠤ ᠨᠦᠬᠦᠪᠦᠷᠢ ᠯᠠᠪᠯᠠᠯᠳᠠ ᠪᠣᠶᠣ ᠨᠦᠬᠦᠪᠦᠷᠢ ᠭᠡᠷᠡᠴᠢ ᠪᠣᠯᠭᠠᠮᠠᠷ ᠰᠠᠨᠠᠯ ᠢᠶᠠᠨ ᠲᠡᠪᠰᠢᠭᠦᠯᠵᠦ ᠦᠩᠭᠡᠷᠡᠭᠰᠡᠨ ᠪᠣᠯᠬᠤᠷ ᠠᠳᠡ ᠲᠠᠬᠢᠨ ᠲᠠᠪᠳᠠᠬᠤ ᠦᠭᠡᠢ ᠲᠠᠯᠪᠢᠶ᠎ᠠ᠃ ᠲᠡᠭᠡᠪᠡᠯ ᠾᠦᠩᠨᠦ ᠶᠢᠨ ︽ᠸᠠᠩ︾ ᠭᠡᠳᠡᠭ ᠭᠡᠷᠭᠢᠮ ᠳᠤ ᠬᠢᠳᠠᠳ ᠲᠡᠣᠬᠡᠴᠢᠳ ᠪᠦᠬᠦᠨ ᠰᠢᠭᠤᠳ ᠬᠢᠳᠠᠳ ᠦᠭᠡᠨ ᠤ ︽王︾ ︵ᠸᠠᠩ︶ ᠭᠡᠳᠡᠭ ᠦᠰᠦᠭ  ᠢᠶᠠᠨ ᠬᠡᠷᠡᠭᠯᠡᠭᠰᠡᠨ ᠮᠦᠷᠳᠡᠭᠡᠨ᠂ ᠾᠦᠩᠨᠦ ᠶᠢᠨ ᠸᠠᠩ ᠨᠡᠷ ᠪᠣᠯ ᠵᠠᠪᠠᠯ ᠴᠠᠨ ᠢᠥᠢ ᠶᠢᠨ ᠬᠦᠪᠡᠭᠦᠳ ᠲᠡᠭᠦᠥ ᠨᠡᠷ  ᠢᠶᠠᠷ ᠪᠦᠷᠢᠯᠳᠦᠬᠦ ᠬᠠᠳᠠᠭᠤ ᠴᠢᠩᠭ᠎ᠠ ᠲᠢᠭᠯᠢᠮ ᠲᠠᠢ ᠭᠡᠵᠦ ᠮᠠᠰᠢ ᠢᠵᠢᠯᠬᠡᠨ ᠳ᠋ᠦᠩᠨᠡᠯᠳᠡ ᠦᠭᠴᠠᠭᠡᠵᠡᠢ᠃ ᠡᠭᠦᠨ  ᠠᠴᠠ ᠦᠵᠡᠪᠡᠯ ᠬᠢᠳᠠᠳ ᠲᠡᠣᠬᠡᠴᠢᠳ ᠾᠦᠩᠨᠦ ᠡᠵᠡᠳ ᠬᠠᠭᠠᠳ ᠤᠨ ᠨᠡᠷ᠎ᠡ ᠴᠣᠯᠠ ᠶᠢ ᠡᠷᠳᠡᠨ ᠤ ᠬᠢᠳᠠᠳ ᠦᠰᠦᠭ ᠢᠶᠠᠷ ᠢᠶᠠᠨ ᠠᠪᠢᠶᠠᠴᠢᠯᠠᠨ ᠣᠷᠴᠢᠭᠤᠯᠣᠭᠠᠳ᠂ ᠾᠦᠩᠨᠦ ᠸᠠᠩ ᠤᠨ ᠴᠣᠯᠠ ᠶᠢ ᠬᠠᠷᠢᠨ ᠬᠢᠳᠠᠳ ᠦᠰᠦᠭ  ᠢᠶᠠᠷ ᠠᠪᠢᠶᠠᠴᠢᠯᠠᠨ ᠣᠷᠴᠢᠭᠤᠯᠣᠭᠰᠠᠨ ᠦᠭᠡᠢ᠂ ᠰᠢᠭᠤᠳ ᠬᠢᠳᠠᠳ ᠬᠡᠯᠡ ᠪᠠᠷ ᠢᠶᠠᠨ ᠨᠡᠷᠡᠶᠢᠳᠦᠭᠰᠡᠨ ᠮᠡᠳᠦ ᠪᠣᠯᠵᠠᠢ᠃ ᠭᠡᠶ᠎ᠡ ᠪᠢᠳᠡ ᠾᠦᠩᠨᠦ ᠡᠵᠡᠳ ᠬᠠᠭᠠᠳ ᠤᠨ ᠬᠦᠪᠡᠭᠦᠳ ᠸᠠᠩ ᠨᠡᠷ ᠢᠶᠠᠨ ᠾᠦᠩᠨᠦ ᠬᠡᠯᠡᠨ ᠳᠤ ᠶᠠᠭᠠᠬᠢᠵᠣ ᠲᠠᠭᠤᠳᠠᠳᠠᠭ ᠢ ᠣᠳᠣ ᠪᠠᠷ ᠶᠠᠭᠤ ᠴᠦ ᠮᠡᠳᠡᠬᠦ ᠦᠭᠡᠢ᠂ ᠵᠦᠪᠬᠡᠨ ᠮᠡᠳᠡᠬᠦ ᠠᠴᠠ ᠮᠣᠩᠭᠤᠯᠴᠣᠳ ᠪᠣᠯ ᠬᠠᠨ᠂ ᠬᠠᠨ ᠬᠦᠪᠡᠭᠦᠳ᠂ ᠦᠴᠦᠬᠡᠨ ᠬᠠᠳ ᠭᠡᠵᠦ ᠲᠠᠭᠤᠳᠠᠨ᠎ᠡ᠃ ᠵᠣᠬᠢᠶᠠᠭᠴᠢ ᠶᠢᠨ ᠰᠣᠳᠣᠯᠣᠭᠰᠠᠨ ᠳ᠋ᠦᠩ ᠢᠶᠠᠷ ᠾᠦᠩᠨᠦᠴᠦᠳ ᠴᠦ ᠮᠣᠩᠭᠤᠯ ᠲᠠᠢ ᠠᠳᠠᠯᠢ ᠪᠠᠷ ᠬᠠᠨ ᠪᠣᠶᠣ ᠬᠠᠩ ᠭᠡᠵᠦ ᠲᠠᠭᠤᠳᠠᠳᠠᠭ ᠪᠠᠶᠢᠵᠠᠢ᠃ ᠦᠨᠳᠦᠰᠦᠯᠡᠯ  ᠨᠢ ᠮᠠᠨ ᠤ ᠠᠳᠡ ᠶᠠᠷᠢᠯᠴᠠᠵᠣ ᠪᠠᠶᠢᠭ᠎ᠠ ᠬᠢᠳᠠᠳ ᠦᠭᠡᠨ ᠤ ᠸᠠᠩ ᠦᠰᠦᠭ ᠤᠨ ᠡᠷᠳᠡᠨ ᠤ ᠠᠪᠢᠶ᠎ᠠ ᠴᠦ ᠮᠦᠨ ᠣᠶᠢᠷᠠᠯᠴᠠᠭ᠎ᠠ ᠪᠠᠷ ᠬᠠᠨ ᠪᠣᠶᠣ ᠬᠠᠩ ᠪᠠᠶᠢᠵᠠᠢ᠃ ᠲᠣᠣᠷ᠎ᠠ ᠪᠢᠳᠡ 王 ︵ᠸᠠᠩ︶ ᠦᠰᠦᠭ ᠤᠨ ᠡᠷᠳᠡᠨ ᠡᠳᠦᠬᠡ  ᠶᠢᠨ ᠠᠪᠢᠶ᠎ᠠ ᠠᠴᠠ ᠦᠵᠡᠶ᠎ᠡ᠃ ᠨᠢᠭᠡ ᠬᠢᠳᠠᠳ ᠤᠨ ᠣᠳᠣ ᠦᠶ᠎ᠡ ᠶᠢᠨ ᠪᠠᠷᠢᠮᠵᠢᠶᠠᠳᠣ ᠠᠪᠢᠶ᠎ᠠ᠄ wáng ᠪᠣᠯᠣᠨ wàng ᠭᠡᠵᠦ ᠬᠤᠶᠠᠷ ᠪᠠᠶᠢᠵᠣ᠂ ᠲᠦᠭᠦᠮᠴᠢᠯᠡᠨ ᠲᠠᠶᠢᠯᠪᠣᠷᠢᠯᠠᠪᠠᠯ ᠡᠮᠦᠨᠡᠬᠢ ᠨᠢ ᠨᠡᠷ᠎ᠡ ᠦᠭᠡ ᠪᠠᠷ ᠬᠡᠷᠡᠭᠯᠡᠨ᠂ ᠬᠠᠮᠤᠭ ᠠᠩᠬᠠᠨ ᠳᠠᠭᠠᠨ ᠣᠯᠣᠰ ᠤᠨ ᠬᠠᠭᠠᠨ ᠭᠡᠳᠡᠭ ᠣᠳᠬ᠎ᠠ ᠲᠠᠢ ᠬᠡᠷᠡᠭᠯᠡᠵᠦ ᠪᠠᠶᠢᠭᠰᠠᠨ ᠠᠴᠠ ᠪᠠᠨ ᠬᠤᠵᠢᠮ ᠨᠢ ᠬᠠᠭᠠᠨ ᠡᠵᠡᠨ ᠠᠴᠠ ᠨᠢᠭᠡᠯ᠎ᠡ ᠲᠡᠰ ᠲᠣᠣᠷ᠎ᠠ ᠡᠷᠬᠢᠮ ᠭᠡᠷᠬᠢᠮ ᠪᠣᠯᠬᠤ ᠸᠠᠩ ᠳᠤ ᠬᠡᠷᠡᠭᠯᠡᠬᠦ ᠪᠠ ᠪᠠᠰᠠ ᠣᠪᠣᠭ ᠲᠤ ᠬᠡᠷᠡᠭᠯᠡᠬᠦ ᠪᠣᠯᠵᠠᠢ᠃ ᠬᠤᠶᠢᠨᠠᠬᠢ ᠨᠢ ᠦᠢᠯᠡ ᠦᠭᠡ ᠪᠠᠷ ᠬᠡᠷᠡᠭᠯᠡᠵᠦ᠂ ᠬᠠᠭᠠᠨᠴᠢᠯᠠᠪᠠ ︵ᠬᠠᠭᠠᠨ ᠪᠣᠯᠪᠠ︶᠂ ᠡᠵᠡᠨ ᠪᠣᠯᠪᠠ ︵ᠣᠯᠣᠰ ᠤᠨ ᠡᠵᠡᠨ ᠪᠣᠯᠪᠠ︶ ᠭᠡᠳᠡᠭ ᠣᠳᠬ᠎ᠠ ᠪᠠᠷ ᠬᠡᠷᠡᠭᠯᠡᠬᠦ ᠪᠣᠯᠵᠠᠢ᠃ ᠭᠡᠪᠡᠴᠦ ᠬᠤᠶᠢᠨᠠᠬᠢ ᠣᠳᠬ᠎ᠠ  ᠪᠠᠷ ᠬᠡᠷᠡᠭᠯᠡᠬᠦ ᠨᠢ ᠣᠷᠴᠢᠨ ᠦᠶ᠎ᠡ ᠳᠤ ᠢᠷᠡᠭᠡᠳ ᠲᠡᠮᠡᠢ ᠬᠡᠷᠡᠭᠯᠡᠭᠳᠡᠬᠦ ᠦᠭᠡᠢ ᠪᠣᠯᠵᠠᠢ᠃ ᠬᠤᠶᠠᠷ ᠬᠢᠳᠠᠳ ᠲᠣᠯᠢ ᠪᠢᠴᠢᠭ ᠳᠠᠬᠢ ᠠᠪᠢᠶ᠎ᠠ᠄ ︽ᠦᠰᠦᠭ ᠪᠢᠴᠢᠭ ᠤᠨ ᠲᠠᠶᠢᠯᠪᠣᠷᠢ︾ ᠵᠢᠴᠢ ︽ᠭᠤᠸᠠᠩ ᠶᠦᠨ︾᠂ ︽ᠵᠢᠢ ᠶᠦᠨ︾᠂ ︽ᠶᠦᠨ ᠾᠦᠢ︾ ᠵᠡᠷᠭᠡ ᠡᠷᠳᠡᠨ ᠤ ᠲᠣᠯᠢ ᠪᠢᠴᠢᠭ ᠪᠦᠷ 雨方切 ᠪᠣᠶᠣ 于放切 ᠭᠡᠵᠦ ᠠᠪᠢᠶᠠᠯᠠᠨ᠎ᠠ ᠭᠡᠵᠦ ᠲᠠᠶᠢᠯᠪᠣᠷᠢᠯᠠᠵᠠᠢ᠃ ᠠᠳᠡ ᠪᠢᠳᠡ ᠮᠡᠳᠡᠬᠦ ᠴᠢᠬᠤᠯᠠ ᠲᠠᠢ ᠨᠢ 雨 ᠪᠣᠯᠣᠨ 于 ᠶᠢᠨ ᠡᠷᠳᠡᠨ ᠤ ᠠᠪᠢᠶ᠎ᠠ ᠨᠢ ᠪᠦᠷ hiu ᠪᠠᠶᠢᠵᠣ᠂ ᠠᠳᠠᠯᠢᠬᠠᠨ ᠢᠶᠠᠷ h ︵x︶ ᠪᠠᠷ ᠡᠬᠢᠯᠡᠨ ᠠᠪᠢᠶᠠᠯᠠᠳᠠᠭ ᠪᠠᠶᠢᠵᠠᠢ᠂ ᠡᠶᠢᠮᠦ ᠠᠴᠠ hiuɑng᠂ xwang ᠭᠡᠵᠦ ᠠᠪᠢᠶᠠᠯᠠᠳᠠᠭ ᠨᠢ ᠵᠦᠪ ᠪᠠᠶᠢᠵᠠᠢ᠃ ᠭᠤᠷᠪᠠ ᠡᠷᠳᠡᠨ ᠤ ᠠᠪᠢᠶ᠎ᠠ᠄ 1 ᠲᠡᠭᠡᠳᠦ ᠡᠷᠳᠡᠨ ᠤ ᠠᠪᠢᠶ᠎ᠠ᠄ ɢʷaŋ᠂ ɢʷaŋs ᠭᠡᠵᠦ ᠮᠦᠨ ᠲᠡᠭᠡᠷᠡᠬᠢ ᠲᠠᠢ ᠪᠠᠨ ᠠᠳᠠᠯᠢ ᠪᠠᠷ ᠨᠡᠷ᠎ᠡ ᠦᠭᠡ ᠪᠠ ᠦᠢᠯᠡ ᠦᠭᠡ ᠪᠠᠷ ᠬᠡᠷᠡᠭᠯᠡᠭᠰᠡᠨ ᠵᠢᠱᠢᠶ᠎ᠡ ᠲᠠᠢ ᠠᠳᠠᠯᠢ ᠪᠠᠷ ᠬᠡᠷᠡᠭᠯᠡᠭᠰᠡᠨ ᠪᠠᠶᠢᠨ᠎ᠠ᠃ 2 ᠴᠢᠨ ᠠᠴᠠ ᠡᠮᠦᠨᠡᠬᠢ ᠠᠪᠢᠶ᠎ᠠ᠄ ᠡᠬᠢᠯᠡᠪᠪᠦᠷᠢ ᠨᠢ ɡ᠂ ɣ ᠪᠣᠶᠣ gw ᠪᠠᠶᠢᠵᠣ᠂ ᠠᠶᠠᠯᠭᠤ ᠨᠢ ǐwaŋ᠂ juaŋ᠂ jwaŋ ᠪᠣᠶᠣ jang ᠪᠠᠶᠢᠵᠠᠢ ᠭᠡᠳᠡᠭ᠃ 3 ᠲᠣᠲᠣᠭᠠᠳᠣ ᠭᠠᠳᠠᠭᠠᠳᠣ ᠶᠢᠨ ᠬᠢᠳᠠᠳ ᠬᠡᠯᠡᠨ ᠤ ᠡᠷᠳᠡᠨ ᠤ ᠠᠪᠢᠶ᠎ᠠ ᠠᠶᠠᠯᠭᠤ ᠶᠢᠨ ᠡᠷᠳᠡᠮᠳᠡᠳ ᠤᠨ ᠰᠡᠷᠭᠦᠭᠡᠭᠰᠡᠨ ᠡᠷᠳᠡᠨ ᠤ ᠠᠪᠢᠶ᠎ᠠ᠄ ɣĭwaŋ᠂ ɣiuaŋ ᠪᠣᠶᠣ hvang ᠪᠣᠯᠣᠨ᠎ᠠ᠃ 4 ᠲᠠᠩ ᠣᠯᠣᠰ ᠤᠨ ᠦᠶ᠎ᠡ ᠶᠢᠨ ᠠᠪᠢᠶ᠎ᠠ᠄ *hiuɑng᠂ hiuɑ̀ng ᠪᠠᠶᠢᠵᠣ᠂ ᠮᠦᠨ ᠲᠣᠰ ᠵᠣᠷᠪᠣᠰ  ᠤᠨ 1 ᠪᠠ 2 ᠲᠠᠢ ᠦᠨᠳᠦᠰᠦᠨ ᠳᠡᠭᠡᠨ ᠠᠳᠠᠯᠢ ᠠᠵᠠᠢ᠃ 5 ᠫᠠᠭᠪᠠ ᠦᠰᠦᠭ ᠲᠤ᠄ ꡑꡧꡃ ᠪᠠ ꡝꡧꡃ ︵xwang︶ ᠪᠠᠶᠢᠵᠣ᠂ ᠯᠠᠲ᠋ᠢᠨ ᠦᠰᠦᠭ ᠢᠶᠠᠷ ɦwaŋ ᠭᠡᠵᠦ ᠲᠣᠳᠣᠳᠬᠠᠵᠠᠢ᠃ 6 ᠮᠢᠩ ᠣᠯᠣᠰ ᠤᠨ ᠦᠶ᠎ᠡ ᠪᠣᠯᠬᠤ ᠳᠤ ᠮᠦᠨ uaŋ ᠭᠡᠵᠦ ᠣᠩᠰᠢᠳᠠᠭ ᠪᠠᠶᠢᠵᠠᠢ᠃ 7 ᠺᠣᠷᠢᠶ᠎ᠠ ᠬᠡᠯᠡᠨ ᠳᠤ WANG ᠭᠡᠵᠦ ᠠᠪᠢᠶᠠᠯᠠᠨ᠎ᠠ᠃ 8 ᠸᠢᠶᠧᠲᠨᠠᠮ ᠬᠡᠯᠡᠨ ᠳᠤ vương ᠭᠡᠳᠡᠭ ᠠᠵᠠᠢ᠃ 9 ᠬᠢᠳᠠᠳ ᠬᠡᠯᠡᠨ ᠤ ᠣᠯᠠᠨ ᠨᠣᠳᠤᠭ ᠤᠨ ᠠᠪᠢᠶ᠎ᠠ᠄ ᠺᠧ ᠵᠢᠶᠠ ᠬᠡᠯᠡ ᠪᠣᠯᠣᠨ ᠶᠣᠸᠠᠢ ᠬᠡᠯᠡᠨ ᠳᠤ wong ︵vɔŋ︶ ᠭᠡᠵᠦ ᠠᠪᠢᠶᠠᠯᠠᠬᠤ ᠨᠢ ᠭᠤᠣᠯᠳᠠᠵᠣ ᠪᠠᠶᠢᠬᠤ ᠳᠤ ᠴᠣᠣᠵᠸᠥ ᠬᠡᠯᠡᠨ ᠳᠤ ᠬᠠᠷᠢᠨ hêng ᠭᠡᠵᠦ ᠠᠪᠢᠶᠠᠯᠠᠬᠤ ᠨᠢ ᠣᠯᠠᠨ ᠭᠡᠳᠡᠭ ᠶᠣᠮ᠃ ᠭᠡᠳᠡᠯ᠎ᠡ ᠮᠢᠨᠨᠠᠨ ᠬᠡᠯᠡᠨ ᠳᠤ 0eŋ ᠪᠣᠯᠣᠨ huaŋ ᠪᠣᠶᠣ hioŋ  ᠢᠶᠠᠷ ᠠᠪᠢᠶᠠᠯᠠᠬᠤ ᠨᠢ ᠣᠯᠠᠨ ᠪᠠᠶᠢᠳᠠᠭ ᠭᠡᠵᠡᠢ᠃ ᠲᠦᠷᠪᠡ ᠸᠠᠩ ︵王︶ ᠦᠰᠦᠭ ᠤᠨ ᠠᠪᠢᠶᠠᠨ ᠤ ᠬᠤᠪᠢᠷᠠᠯ ᠤᠨ ᠶᠠᠪᠣᠴᠠ᠄ ɢʷaŋ᠂ ɡǐwaŋ ᠂ ɣǐwaŋ᠂ hiuɑng᠂ hvang᠂ xwang᠂ uaŋ ᠠᠴᠠ ᠪᠠᠨ wáng ᠵᠦᠭ ᠲᠤ ᠲᠣᠭᠳᠠᠪᠣᠷᠢᠵᠢᠨ ᠲᠦᠯᠦᠪᠰᠢᠵᠡᠢ᠃ ᠡᠭᠦᠨ ᠳᠤ ᠡᠷᠳᠡᠨ ᠤ ᠠᠪᠢᠶ᠎ᠠ ᠶᠢᠨ ᠦᠯᠡᠳᠡᠭᠳᠡᠯ huaŋ ᠪᠠ hioŋ ᠮᠦᠨ ᠨᠣᠳᠤᠭ ᠤᠨ ᠠᠶᠠᠯᠭᠤᠨ ᠳᠤ ᠬᠡᠪ ᠢᠶᠠᠷ ᠣᠷᠣᠰᠢᠭᠰᠠᠭᠠᠷ ᠪᠠᠶᠢᠨ᠎ᠠ᠃ ᠲᠠᠪᠤ ᠸᠠᠩ ᠦᠰᠦᠭ ᠤᠨ ᠠᠪᠢᠶᠠᠨ ᠤ ᠲᠠᠶᠢᠯᠪᠣᠷᠢ᠄ ᠵᠣᠬᠢᠶᠠᠭᠴᠢ ᠶᠢᠨ ᠰᠣᠳᠣᠯᠭᠠᠨ ᠤ ᠪᠠᠶᠢᠳᠠᠯ ᠠᠴᠠ ᠦᠵᠡᠬᠦ ᠳᠤ᠂ ᠬᠢᠳᠠᠳ 王 ᠦᠰᠦᠭ ᠤᠨ ᠡᠷᠳᠡᠨ ᠤ ᠠᠪᠢᠶ᠎ᠠ᠂ ᠣᠨᠴᠠᠭᠠᠶᠢᠯᠠᠨ ᠰᠧ ᠮᠠ ᠴᠢᠶᠠᠨ ᠤ ᠠᠮᠢᠳᠣᠷᠠᠵᠣ ᠠᠭᠰᠠᠨ ᠦᠶ᠎ᠡ ᠶᠢᠨ ᠠᠪᠢᠶ᠎ᠠ ᠨᠢ ᠬᠠᠨ ᠪᠣᠶᠣ ᠬᠠᠩ ︵han᠂ haŋ᠂ hian᠂ hiaŋ︶ ᠠᠴᠠ ᠮᠠᠰᠢ ᠣᠶᠢᠷᠬᠠᠨ ᠠᠪᠢᠶᠠᠯᠠᠵᠣ ᠪᠠᠶᠢᠭᠰᠠᠨ ᠮᠦᠷᠳᠡᠭᠡᠨ ᠡᠨᠡᠬᠦ ᠠᠪᠢᠶ᠎ᠠ ᠨᠢ ᠾᠦᠩᠨᠦ ᠶᠢᠨ ᠸᠠᠩ ᠭᠡᠳᠡᠭ ᠦᠭᠡ ᠲᠠᠢ ᠮᠠᠰᠢ ᠣᠶᠢᠷᠬᠠᠨ ᠠᠪᠢᠶ᠎ᠠ ᠲᠠᠢ ᠪᠣᠯᠣᠯᠴᠠᠭ᠎ᠠ ᠲᠠᠢ ᠪᠣᠯᠬᠤᠷ ᠰᠢᠭᠤᠳ ᠲᠣᠰ ᠦᠰᠦᠭ ᠢ ᠬᠡᠷᠡᠭᠯᠡᠭᠰᠡᠨ ᠮᠠᠭᠠᠳᠯᠠᠯ ᠲᠠᠢ᠂ ᠨᠦᠬᠦᠭᠡ ᠲᠠᠯ᠎ᠠ ᠪᠠᠷ ᠾᠦᠩᠨᠦ ᠬᠦᠮᠦᠰ ᠸᠠᠩ ᠨᠡᠷ ︵ᠬᠠᠭᠠᠳ ᠡᠵᠡᠳ  ᠤᠨ ᠬᠦᠪᠡᠭᠦᠳ ᠲᠡᠭᠦᠥ ᠨᠡᠷ︶ ᠢᠶᠠᠨ ᠶᠠᠭᠠᠬᠢᠵᠣ ᠨᠡᠷᠡᠶᠢᠳᠦᠬᠦ ᠶᠢ ᠪᠢᠳᠡ ᠨᠢᠭᠡᠨᠳᠡ ᠮᠡᠳᠡᠵᠦ ᠴᠢᠳᠠᠬᠤ ᠦᠭᠡᠢ ᠪᠣᠯᠵᠠᠢ ᠃ ᠵᠦᠪᠬᠡᠨ ᠮᠡᠳᠡᠬᠦ ᠠᠴᠠ ᠮᠣᠩᠭᠤᠯᠴᠣᠳ ᠪᠣᠯ ᠬᠠᠨ᠂ ᠬᠠᠨ ᠬᠦᠪᠡᠭᠦᠨ᠂ ᠬᠠᠨ ᠬᠦᠪᠡᠭᠦᠳ᠂ ᠦᠴᠦᠬᠡᠨ ᠬᠠᠳ ᠵᠡᠷᠭᠡ ᠪᠠᠷ ᠨᠡᠷᠡᠶᠢᠳᠦᠬᠦ ᠶᠢ ᠯᠠ ᠮᠡᠳᠡᠨ᠎ᠡ᠃ ᠡᠭᠦᠨ ᠠᠴᠠ ᠴᠢᠨᠠᠭᠰᠢ ᠲᠦᠯᠬᠢᠵᠦ ᠪᠣᠳᠣᠪᠠᠯ ᠲᠣᠬᠠᠢ ᠶᠢᠨ ᠦᠶ᠎ᠡ ᠳᠤ ᠾᠦᠩᠨᠦᠴᠦᠳ ᠲᠠᠷᠣᠢ ᠸᠠᠩ ᠨᠡᠷ ᠢᠶᠠᠨ ᠮᠣᠩᠭᠤᠯᠴᠣᠳ ᠲᠠᠢ ᠠᠳᠠᠯᠢ ᠪᠠᠷ ᠬᠠᠨ᠂ ᠬᠠᠨ ᠬᠦᠪᠡᠭᠦᠳ ᠵᠡᠷᠭᠡ ᠪᠠᠷ ᠨᠡᠷᠡᠶᠢᠳᠦᠵᠦ ᠪᠠᠶᠢᠭᠰᠠᠨ ᠮᠠᠭᠠᠳ᠂ ᠭᠡᠶ᠎ᠡ ᠠᠪᠢᠶᠠᠨ ᠤ ᠲᠠᠯ᠎ᠠ ᠪᠠᠷ ᠣᠶᠢᠷᠠᠯᠴᠠᠭ᠎ᠠ ᠪᠠᠷ haŋ᠂ hiaŋ ᠪᠠᠶᠢᠵᠣ ᠬᠢᠳᠠᠳ 王 ᠦᠰᠦᠭ ᠤᠨ ᠡᠷᠳᠡᠨ ᠤ ᠠᠪᠢᠶ᠎ᠠ ᠲᠠᠢ ᠣᠶᠢᠷᠠᠳᠴᠣ ᠪᠠᠶᠢᠭᠰᠠᠨ ᠲᠦᠯᠦᠪᠳᠡᠢ ᠶᠣᠮ᠃ ᠶᠠᠭ ᠡᠶᠢᠮᠦ  ᠠᠴᠠ ᠬᠢᠳᠠᠳ ᠲᠡᠣᠬᠡᠴᠢᠳ ᠡᠨᠡᠬᠦ haŋ᠂ hiaŋ ᠢ ᠰᠢᠭᠤᠳ 王 ᠦᠰᠦᠭ ᠤᠨ ᠡᠷᠳᠡᠨ ᠤ ᠠᠪᠢᠶ᠎ᠠ ᠠᠶᠠᠯᠭᠤ ᠪᠣᠯᠬᠤ hiuɑng᠂ xwang ᠢ ᠬᠡᠷᠡᠭᠯᠡᠭᠰᠡᠨ ᠪᠠᠶᠢᠨ᠎ᠠ ᠭᠡᠵᠦ ᠦᠵᠡᠵᠦ ᠪᠣᠢ᠃ ᠪᠡᠯᠡᠳᠬᠡᠭᠰᠡᠨ ᠨᠢ᠄ ᠡᠷᠳᠡᠨᠢᠬᠦᠦᠨᠠᠶᠢᠷᠠᠭᠤᠯᠤᠭᠰᠠᠨ ᠨᠢ᠄ ᠨᠠᠮᠤᠷᠬᠢᠨᠠᠭᠰᠠᠨ ᠨᠢ᠄ ᠤᠷᠢᠬᠠᠨ  
 
ᠢᠷᠡᠯᠲᠡ᠄ ᠲᠣᠰ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号