| | ᠣᠣᠬᠠᠨ · ᠬᠠᠭᠳᠠ | 日逐 ︵ᠿᠢ ᠵᠦ᠋︶ ᠭᠡᠳᠡᠭ ᠾᠦᠩᠨᠦ ᠦᠭᠡ ᠶᠢ ᠵᠣᠬᠢᠶᠠᠭᠴᠢ ᠠᠴᠠ ︽ᠢᠯᠳᠦᠨ︾ ︵Ildun︶ ᠭᠡᠳᠡᠭ | ᠮᠣᠩᠭᠤᠯ ᠦᠭᠡ ᠭᠡᠵᠦ ᠲᠠᠶᠢᠯᠪᠣᠷᠢᠯᠠᠵᠣ ᠦᠩᠭᠡᠷᠡᠭᠰᠡᠨ ᠶᠣᠮ᠃ ᠲᠡᠭᠡᠪᠡᠯ ᠢᠯᠳᠦᠨ ᠴᠣᠬᠤᠮ ᠶᠠᠮᠠᠷ ᠣᠳᠬ᠎ᠠ ᠲᠠᠢ | ᠦᠭᠡ ᠪᠣᠢ︖ ᠡᠭᠦᠨ ᠢ ᠲᠣᠣᠯᠢ ︽ᠵᠢᠩᠭᠠᠷ︾ ᠢ ᠣᠩᠰᠢᠭᠰᠠᠨ ᠬᠦᠮᠦᠰ ᠯᠠᠪ ᠲᠣᠲᠣᠷᠬᠠᠢ ᠶᠣᠮ᠃ ᠪᠣᠳᠠᠳᠠᠢ | ᠶᠠᠷᠢᠪᠠᠯ ︽ᠵᠢᠩᠭᠠᠷ︾ ᠲᠤ ᠭᠠᠷᠳᠠᠭ ᠪᠠᠭᠠᠳᠣᠷᠴᠣᠳ ᠢ ᠶᠡᠭᠡ ᠲᠦᠯᠦᠪ ᠭᠤᠷᠪᠠᠨ ᠲᠡᠰ ᠬᠤᠪᠢᠶᠠᠨ᠎ᠠ᠃ ᠨᠢᠭᠡᠳᠦᠭᠡᠷ | ᠲᠡᠰ ᠲᠤ ᠵᠢᠬᠰᠠᠭᠠᠭᠳᠠᠭᠰᠠᠨ ᠭᠤᠣᠯ ᠪᠠᠭᠠᠳᠣᠷᠴᠣᠳ ᠪᠣᠯ ᠨᠡᠷ᠎ᠡ ᠲᠠᠢ ᠣᠪᠣᠭ ᠲᠠᠢ᠂ ᠬᠤᠴᠢ ᠲᠠᠢ ᠴᠣᠯᠠ ᠲᠠᠢ | ᠮᠦᠷᠳᠡᠭᠡᠨ᠂ ᠣᠨᠣᠭᠰᠠᠨ ᠮᠣᠷᠢ ᠡᠮᠦᠰᠦᠭᠰᠡᠨ ᠬᠤᠶᠠᠭ ᠲᠣᠭᠤᠯᠭ᠎ᠠ᠂ ᠠᠭᠠᠰᠢ ᠵᠠᠩ᠂ ᠠᠳᠬᠤᠭᠰᠠᠨ ᠵᠡᠪᠰᠡᠭ | ᠬᠦᠷᠳᠡᠯ᠎ᠡ ᠨᠠᠷᠢᠨ ᠲᠣᠲᠣᠷᠬᠠᠢ ᠲᠦᠷᠰᠦᠯᠡᠨ ᠦᠭᠦᠯᠡᠭᠰᠡᠨ ᠪᠠᠶᠢᠳᠠᠭ᠃ ᠲᠡᠭᠡᠭᠡᠳ ᠲᠡᠳᠡ ᠵᠦᠪᠬᠡᠨ ᠠᠷᠠᠭ ᠣᠯᠠᠭᠠᠨ | ᠬᠤᠩᠭᠤᠷ ᠮᠡᠳᠦ ᠶᠢᠨ ᠠᠷᠪᠠᠭᠠᠳᠬᠠᠨ ᠬᠦᠮᠦᠰ ᠢᠶᠠᠷ ᠪᠦᠷᠢᠯᠳᠦᠭᠰᠡᠨ ᠮᠦᠷᠳᠡᠭᠡᠨ ᠲᠡᠳᠡᠨᠡᠷ ᠲᠤ ᠶᠡᠷᠦᠩᠬᠡᠢ ᠨᠡᠷᠡᠶᠢᠳᠦᠯ | ᠭᠡᠵᠦ ᠪᠠᠶᠢᠬᠤ ᠦᠭᠡᠢ ᠶᠣᠮ᠃ ᠬᠤᠶᠠᠳᠣᠭᠠᠷ ᠲᠡᠰ ᠲᠤ ᠵᠢᠬᠰᠠᠭᠠᠭᠳᠠᠬᠤ ᠪᠠᠭᠠᠳᠣᠷᠴᠣᠳ ᠤᠨ ᠶᠡᠷᠦᠩᠬᠡᠢ ᠨᠡᠷᠡᠶᠢᠳᠦᠯ | ᠨᠢ ︽ᠪᠣᠳᠣᠩ︾ ᠭᠡᠵᠦ᠂ ᠬᠡ ᠵᠢᠯᠠᠭᠠᠨ ᠮᠡᠳᠦ ᠴᠦᠬᠡᠨ ᠨᠢᠭᠡ ᠬᠤᠶᠠᠷᠬᠠᠨ ᠬᠦᠮᠦᠨ ᠳᠤᠨᠢ ᠣᠪᠣᠭ ᠨᠡᠷ᠎ᠡ ᠲᠠᠢ | ᠪᠠᠶᠢᠬᠤ ᠳᠤ᠂ ᠪᠣᠰᠣᠳ ᠶᠡᠬᠡᠩᠬᠢ ᠨᠢ ᠪᠦᠷ ᠣᠪᠣᠭ ᠨᠡᠷ᠎ᠡ ᠴᠦ ᠦᠭᠡᠢ᠂ ᠵᠦᠪᠬᠡᠨ ᠭᠤᠷᠪᠠᠨ ᠵᠠᠭᠤᠨ ᠪᠣᠳᠣᠩ᠂ | ᠨᠠᠢᠮᠠᠨ ᠮᠢᠩᠭᠠᠨ ᠪᠣᠳᠣᠩ ᠭᠡᠳᠡᠭ ᠶᠡᠷᠦᠩᠬᠡᠢ ᠲᠤᠭ᠎ᠠ ᠯᠠ ᠪᠠᠶᠢᠳᠠᠭ᠃ ᠭᠤᠷᠪᠠᠳᠣᠭᠠᠷ ᠲᠡᠰ ᠲᠤ ᠵᠢᠬᠰᠠᠭᠠᠭᠳᠠᠬᠤ | ᠪᠠᠭᠠᠳᠣᠷᠴᠣᠳ ᠤᠨ ᠶᠡᠷᠦᠩᠬᠡᠢ ᠨᠡᠷᠡᠶᠢᠳᠦᠯ ᠨᠢ ᠢᠯᠳᠣᠨ ᠭᠡᠳᠡᠭ᠂ ᠲᠡᠳᠡᠨᠡᠷ ᠤᠨ ᠬᠤᠪᠢ ᠬᠦᠮᠦᠨ ᠳᠤ ᠶᠡᠷᠦ ᠨᠢ | ᠣᠪᠣᠭ ᠨᠡᠷ᠎ᠡ ᠴᠦ ᠦᠭᠡᠢ ᠶᠡᠷᠦᠩᠬᠡᠢ ᠲᠤᠭ᠎ᠠ ᠴᠦ ᠦᠭᠡᠢ᠂ ᠵᠦᠪᠬᠡᠨ ᠨᠢᠭᠡᠳᠦᠭᠡᠷ ᠲᠡᠰ ᠤᠨ ᠪᠠᠭᠠᠳᠣᠷᠴᠣᠳ ᠲᠠᠶᠢᠨ | ᠳᠤ ᠮᠣᠷᠳᠠᠬᠤ ᠦᠶ᠎ᠡ ᠳᠤ᠂ ᠲᠡᠳᠡᠨᠡᠷ ᠤᠨ ᠪᠠᠭᠠᠳᠣᠷ ᠬᠦᠴᠦ ᠪᠠᠷᠳᠠᠮ ᠵᠣᠷᠢᠭ ᠢ ᠮᠠᠭᠳᠠᠬᠤ ᠡᠭᠦᠳᠡᠨ ᠠᠴᠠ ᠬᠡᠨ ᠬᠡᠨ | ᠵᠦᠪᠬᠡᠨ ᠠᠷᠪᠠᠨ ᠲᠠᠪᠣᠨ ᠢᠯᠳᠦᠨ ᠲᠠᠭᠠᠭᠤᠯᠵᠣ ᠮᠣᠷᠳᠠᠨ ᠭᠠᠷᠣᠯ᠎ᠠ ᠭᠡᠬᠦ ᠪᠣᠶᠣ ᠬᠤᠷᠢᠬᠠᠨ ᠢᠯᠳᠦᠨ ᠲᠠᠭᠠᠭᠤᠯᠣᠨ | ᠲᠠᠶᠢᠨ ᠳᠤ ᠮᠣᠷᠳᠠᠯ᠎ᠠ ᠭᠡᠵᠦ ᠦᠬᠦᠯᠡᠳᠡᠭ ᠶᠣᠮ᠃ ᠡᠨᠡᠬᠦ ᠢᠯᠳᠦᠨ ᠪᠣᠯ ᠲᠠᠷᠣᠢ ᠵᠣᠬᠢᠶᠠᠭᠴᠢ ᠶᠢᠨ ᠰᠣᠳᠣᠯᠣᠭᠰᠠᠨ | ᠢᠶᠠᠷ ᠾᠦᠩᠨᠦ ᠶᠢᠨ ᠲᠡᠣᠬᠡᠨ ᠳᠤ ᠭᠠᠷᠳᠠᠭ ᠿᠢ ᠵᠦ᠋ ᠪᠣᠯᠣᠨ᠎ᠠ᠃ ᠢᠯᠳᠦᠨ ᠭᠡᠳᠡᠭ ᠦᠭᠡ ᠲᠣᠣᠯᠢ ᠵᠢᠩᠭᠠᠷ ᠲᠤ | ᠮᠦᠨ ︽ᠢᠯᠳᠦᠨ︾ ᠬᠡᠪ ᠢᠶᠠᠷ ᠪᠠᠶᠢᠬᠤ ᠪᠠᠷ ᠪᠠᠷᠠᠬᠤ ᠦᠭᠡᠢ᠂ ᠲᠣᠣᠷ᠎ᠠ ᠲᠡᠰ ᠤᠨ ᠴᠡᠷᠢᠭ ᠤᠨ ᠨᠣᠶᠠᠳ ᠢ | ᠵᠢᠭᠠᠭᠰᠠᠨ ᠨᠢ ᠮᠠᠰᠢ ᠲᠣᠲᠣᠷᠬᠠᠢ ᠬᠠᠷᠠᠭᠳᠠᠵᠣ ᠪᠠᠶᠢᠭ᠎ᠠ᠃ ᠭᠡᠪᠡᠴᠦ ᠢᠯᠳᠣᠨ ᠭᠡᠳᠡᠭ ᠦᠭᠡ ᠠᠷᠪᠠᠨ ᠲᠠᠪᠣᠳᠣᠭᠠᠷ | ᠵᠠᠭᠤᠨ ᠤ ᠨᠡᠶᠢᠳᠡ ᠮᠣᠩᠭᠤᠯ ᠬᠡᠯᠡᠨ ᠳᠤ ᠨᠢᠭᠡᠨᠳᠡ ︽ᠢᠯᠳᠡᠩ︾ ᠪᠣᠯᠣᠭᠠᠳ ᠪᠠᠶᠢᠵᠠᠢ᠃ ᠲᠡᠭᠡᠭᠡᠳ ᠣᠳᠬ᠎ᠠ ᠨᠢ | ᠵᠢᠭᠠᠬᠠᠨ ᠰᠢᠯᠵᠢᠵᠦ᠂ ᠢᠯᠳᠡᠩ ᠭᠡᠳᠡᠭ ᠨᠢ ᠲᠠᠶᠢᠴᠢᠩ᠂ ᠣᠶᠢᠵᠢᠩ᠂ ᠢᠯᠳᠡᠩ ᠭᠡᠵᠦ ᠪᠦᠷ ᠴᠡᠷᠢᠭ ᠪᠠᠭᠠᠳᠣᠷ ᠤᠨ | ᠬᠡᠷᠭᠢᠮ ᠴᠣᠯᠠ ᠪᠣᠯᠵᠣ ᠬᠤᠪᠢᠷᠠᠵᠠᠢ᠃ ᠡᠬᠦᠨ ᠢ ︽ᠮᠣᠩᠭᠤᠯ ᠬᠡᠯᠡᠨ ᠤ ᠶᠡᠭᠡ ᠲᠠᠶᠢᠯᠪᠣᠷᠢ ᠳᠣᠯᠢ︾ ᠳᠤ | ᠲᠠᠶᠢᠯᠪᠣᠷᠢᠯᠠᠵᠣ ᠪᠠᠶᠢᠭ᠎ᠠ ᠪᠠᠶᠢᠳᠠᠯ ᠢ ᠲᠣᠪᠴᠢᠯᠠᠨ ᠦᠬᠦᠯᠡᠪᠡᠯ ᠲᠣᠣᠷᠠᠬᠢ ᠮᠡᠳᠦ ᠭᠤᠷᠪᠠᠨ ᠵᠦᠢᠯ ᠤᠨ ᠠᠭᠤᠯᠭ᠎ᠠ | ᠲᠠᠢ ᠪᠠᠶᠢᠭ᠎ᠠ᠄ ᠨᠢᠭᠡ илдэн Хэргэм цол. ︵ᠢᠯᠳᠡᠩ ᠬᠡᠷᠬᠡᠮ ᠴᠣᠯᠠ︶᠃ | ᠬᠤᠶᠠᠷ илдэн арт ︵ардаа илд мэт | чандартай нэг төрлийн бөднө шувуу. | ᠢᠯᠳᠡᠩ ᠠᠷᠲᠣ ᠠᠷᠣ ᠳᠠᠭᠠᠨ ᠢᠯᠳᠦ ᠮᠡᠳᠦ ᠠᠷ ᠲᠠᠢ ︵ᠴᠠᠩᠳᠠᠷᠳᠠᠢ︶ ᠢᠭᠡ ᠲᠦᠷᠦᠯ ᠤᠨ ᠪᠦᠳᠦᠨ᠎ᠡ ᠰᠢᠪᠠᠭᠤ︶ | ᠃ ᠭᠤᠷᠪᠠ илдэн нохой ︵нэгэн зүйлийн | гөрөөс. ᠢᠯᠳᠡᠩ ᠨᠣᠬᠠᠢ ᠨᠢᠭᠡ ᠵᠦᠢᠯ ᠤᠨ ᠭᠦᠷᠦᠭᠡᠰᠦ︶ ᠭᠡᠵᠡᠢ᠃ | 日逐 ᠭᠡᠳᠡᠭ ᠾᠦᠩᠨᠦ ᠦᠭᠡ ᠶᠢ ᠬᠢᠳᠠᠳ ᠳᠣᠯᠢ ᠪᠢᠴᠢᠭ ᠨᠦᠭᠦᠳ ᠢᠶᠠᠷ ᠲᠠᠶᠢᠯᠪᠣᠷᠢᠯᠠᠵᠣ ᠪᠠᠶᠢᠭ᠎ᠠ ᠪᠠᠶᠢᠳᠠᠯ | ᠶᠡᠭᠡ ᠲᠦᠯᠦᠪ ᠲᠣᠣᠷᠠᠬᠢ ᠮᠡᠳᠦ᠄ ᠣᠳᠣ ᠦᠶ᠎ᠡ ᠶᠢᠨ ᠬᠢᠳᠠᠳ ᠦᠰᠦᠭ ᠤᠨ ᠯᠠᠲ᠋ᠢᠨ ᠭᠠᠯᠢᠭ ᠨᠢ rì zhú ︵ | ᠿᠢ ᠵᠦ᠋︶ ᠭᠡᠵᠦ ᠣᠩᠰᠢᠨ᠂ ᠡᠷᠳᠡᠨ ᠤ ᠾᠦᠩᠨᠦ ᠬᠦᠮᠦᠨ ᠤ ᠸᠠᠩ ᠤᠨ ᠬᠡᠷᠭᠢᠮ ᠴᠣᠯᠠ ᠮᠦᠨ ᠭᠡᠵᠦ | ᠲᠠᠶᠢᠯᠪᠣᠷᠢᠯᠠᠵᠠᠢ᠃ ᠣᠳᠣ ᠦᠵᠡᠪᠡᠯ ᠡᠨᠡᠬᠦ ᠲᠠᠶᠢᠯᠪᠣᠷᠢ ᠭᠦᠢᠴᠡᠳ ᠪᠣᠯᠵᠣ ᠴᠢᠳᠠᠭᠰᠠᠨ ᠦᠭᠡᠢ᠃ ᠣᠴᠢᠷ ᠨᠢ | ᠾᠦᠩᠨᠦ ᠬᠡᠯᠡᠨ ᠳᠤ 日逐王 ︵ᠿᠢ ᠵᠦ᠋ ᠸᠠᠩ︶ ᠭᠡᠪᠡᠯ ᠰᠠᠶ᠋ᠢ ᠾᠦᠩᠨᠦ ᠬᠠᠭᠠᠳ ᠤᠨ ᠭᠦᠪᠡᠭᠦᠳ | ᠲᠡᠭᠦᠦᠨᠡᠷ ᠢᠶᠠᠷ ᠪᠦᠷᠢᠯᠳᠦᠭᠰᠡᠨ ᠬᠠᠨ ᠬᠦᠪᠡᠭᠦᠳ ︵ᠸᠠᠩ︶ ᠤᠨ ᠬᠡᠷᠭᠢᠮ ᠵᠡᠷᠭᠡ ᠶᠢᠨ ᠨᠡᠷᠡᠶᠢᠳᠦᠯ ᠪᠣᠯᠣᠨ᠎ᠠ᠃ | ᠬᠡᠷᠪᠡ ᠵᠦᠪᠬᠡᠨ 日逐 ︵ᠿᠢ ᠵᠦ᠋︶ ᠭᠡᠪᠡᠯ ᠬᠠᠷᠢᠨ ᠪᠣᠰᠣᠳ ᠣᠪᠣᠭᠳᠠᠨ ᠤ ᠢᠵᠠᠭᠤᠷᠳᠠᠨ ᠨᠡᠷ ᠠᠴᠠ | ᠪᠦᠷᠢᠯᠳᠦᠭᠰᠡᠨ ᠾᠦᠩᠨᠦ ᠲᠦᠷᠦ ᠶᠢᠨ ᠰᠠᠶᠢᠳ ᠳᠦᠰᠢᠮᠡᠳ ᠤᠨ ᠵᠡᠷᠭᠡ ᠲᠣᠰᠢᠶᠠᠯ ᠤᠨ ᠨᠡᠷ᠎ᠡ ᠪᠣᠯᠣᠨ᠎ᠠ᠃ | ᠲᠡᠭᠡᠭᠡᠳ ᠸᠠᠩ ᠨᠡᠷ ᠨᠢ ᠪᠠᠰᠠ ᠲᠦᠪ ᠤᠨ ᠪᠠ ᠣᠷᠣᠨ ᠨᠣᠳᠤᠭ ᠲᠤ ᠠᠵᠢᠯᠯᠠᠳᠠᠭ ᠸᠠᠩ ᠭᠡᠵᠦ ᠣᠯᠠᠨ ᠠᠷᠪᠢᠨ | ᠲᠠᠰ ᠬᠤᠪᠢᠶᠠᠳᠠᠭ ᠪᠠᠶᠢᠭ᠎ᠠ᠃ ᠮᠠᠨ ᠤ ᠠᠳᠡ ᠶᠠᠷᠢᠯᠴᠠᠬᠤ ᠭᠡᠵᠦ ᠪᠠᠶᠢᠭ᠎ᠠ ᠿᠢ ᠵᠦ᠋ ᠸᠠᠩ ᠨᠢ ᠬᠡᠳᠦᠶᠢᠪᠡᠷ ︽ᠲᠦᠷᠦ | ᠶᠢᠨ ᠲᠦᠷᠪᠡᠨ ᠲᠣᠯᠭᠠᠭᠤᠷᠢ︾ ︵国之四角︶ ᠳᠤ ᠪᠠᠭᠳᠠᠬᠤ ᠦᠭᠡᠢ ᠪᠣᠯᠪᠠᠴᠣ᠂ ᠮᠦᠨ ᠪᠠᠰᠠ ︽ | ᠲᠦᠷᠦ ᠶᠢᠨ ᠵᠢᠷᠭᠤᠭᠠᠨ ᠵᠣᠪᠬᠢᠰ︾ ︵国之六角︶ ᠢ ᠡᠵᠡᠮᠳᠡᠭᠰᠡᠨ ᠡᠷᠬᠡᠳᠡᠨ ᠬᠡᠷᠭᠢᠮᠳᠡᠨ ᠪᠠᠶᠢᠵᠠᠢ᠃ | ᠲᠦᠷᠦ ᠶᠢᠨ ᠲᠦᠷᠪᠡᠨ ᠲᠣᠯᠭᠠᠭᠤᠷᠢ ᠨᠡᠷ ᠪᠣᠯ ᠬᠤᠶᠢᠨ᠎ᠠ ᠬᠤᠶᠢᠨ᠎ᠠ ᠠᠴᠠ ᠪᠠᠨ ᠲᠡᠰ ᠲᠠᠷᠠᠭᠠᠯᠠᠨ ᠡᠵᠡᠨ ᠬᠠᠭᠠᠨ ᠤ | ᠡᠷᠳᠡᠨᠢ ᠶᠢᠨ ᠰᠠᠭᠤᠷᠢᠨ ᠢ ᠡᠵᠡᠯᠡᠬᠦ ᠬᠢᠷᠢ ᠬᠡᠮ ᠲᠠᠢ ᠬᠦᠮᠦᠰ ᠮᠦᠷᠳᠡᠭᠡᠨ ᠣᠯᠣᠰ ᠭᠡᠷ ᠤᠨ ᠬᠦᠨᠳᠦ ᠴᠢᠬᠤᠯᠠ | ᠦᠢᠯᠡ ᠬᠡᠷᠡᠭ ᠢ ᠰᠢᠢᠳᠬᠦ ᠡᠷᠬᠡᠳᠦ ᠬᠡᠷᠭᠢᠮᠳᠡᠳ ᠪᠠᠶᠢᠬᠤ ᠳᠤ᠂ ᠲᠦᠷᠦ ᠶᠢᠨ ᠵᠢᠷᠭᠤᠭᠠᠨ ᠲᠣᠯᠭᠠᠭᠤᠷᠢ ᠨᠢ ᠬᠠᠷᠢᠨ | ᠵᠦᠪᠬᠡᠨ ᠬᠠᠷᠢ ᠭᠠᠳᠠᠭᠠᠳᠣ ᠠᠶᠢᠮᠠᠭ ᠪᠦᠯᠦᠭ ᠢᠶᠠᠨ ᠵᠠᠰᠠᠨ ᠵᠠᠬᠢᠷᠬᠤ ᠣᠷᠣᠨ ᠨᠣᠳᠤᠭ ᠤᠨ ᠬᠠᠭᠠᠨ ᠢᠵᠠᠭᠤᠷᠳᠠᠨ ᠤ | ᠬᠡᠷᠬᠢᠮᠳᠡᠳ ᠪᠠᠶᠢᠭᠰᠠᠨ ᠠᠵᠠᠢ᠂ ᠲᠣᠬᠠᠢ ᠶᠢᠨ ᠦᠶ᠎ᠡ ᠶᠢᠨ ᠬᠢᠳᠠᠳ ᠲᠦᠷᠦ ᠶᠢᠨ ᠲᠣᠭᠳᠠᠯᠴᠠᠭ᠎ᠠ ᠲᠠᠢ | ᠠᠳᠠᠯᠢᠳᠬᠠᠪᠠᠯ ᠮᠣᠵᠢ ᠶᠢᠨ ᠡᠵᠡᠳ ᠲᠠᠢ ᠲᠡᠩᠴᠡᠭᠦ᠂ ᠢᠵᠠᠭᠤᠷᠳᠠᠨ ᠢᠶᠠᠷ ᠪᠦᠷᠢᠯᠳᠦᠭᠰᠡᠨ ᠨᠣᠶᠠᠳ ᠳᠣᠰᠢᠶᠠᠯᠳᠠᠨ | ᠪᠣᠯᠣᠨ᠎ᠠ᠃ ᠶᠠᠭ ᠡᠶᠢᠮᠦ ᠠᠴᠠ ︽ᠬᠠᠨ ᠣᠯᠣᠰ ᠤᠨ ᠪᠢᠴᠢᠭ︾ ᠪᠣᠶᠣ ︽ᠬᠤᠶᠢᠳᠣ ᠬᠠᠨ ᠣᠯᠣᠰ ᠤᠨ ᠪᠢᠴᠢᠭ︾ | ᠲᠤ ᠿᠢ ᠵᠦ᠋ ᠸᠠᠩ ᠪᠣᠯ ᠾᠦᠩᠨᠦ ᠶᠢᠨ ᠨᠢᠭᠡᠨ ᠲᠣᠣᠷᠠᠳᠣ ᠲᠡᠰ ᠤᠨ ᠸᠠᠩ ᠤᠨ ᠬᠡᠷᠭᠢᠮ ᠪᠣᠯᠣᠨ᠎ᠠ ᠭᠡᠵᠦ | ᠦᠬᠦᠯᠡᠭᠰᠡᠨ ᠶᠣᠮ᠃ ᠪᠣᠳᠠᠳᠣ ᠵᠢᠱᠢᠶ᠎ᠡ ᠪᠠᠷ ᠶᠠᠷᠢᠪᠠᠯ᠂ ᠬᠠᠨ ᠣᠯᠣᠰ ᠲᠤ ᠪᠠᠭᠤᠵᠣ ᠦᠭᠭᠦᠭᠡᠳ ︽ᠡᠮᠦᠨᠡᠳᠦ | ᠾᠦᠩᠨᠦ︾ ᠪᠣᠯᠣᠭᠰᠠᠨ ᠢᠥᠢ ᠵᠢᠶᠠᠨ ᠿᠢ ᠵᠦ᠋ ᠸᠠᠩ ᠬᠡᠷᠬᠢᠮ ᠲᠠᠢ ᠪᠢᠢ ︵比︶ ᠭᠡᠳᠡᠭ ᠭᠠᠭᠴᠠ ᠬᠢᠳᠠᠳ | ᠦᠰᠦᠭ ᠤᠨ ᠨᠡᠷ᠎ᠡ ᠪᠠᠨ ᠲᠡᠣᠬᠡᠨ ᠳᠤ ᠦᠯᠡᠳᠡᠭᠡᠭᠰᠡᠨ ᠾᠦᠩᠨᠦ ᠢᠵᠠᠭᠤᠷᠳᠠᠨ ᠪᠣᠯ ᠲᠠᠷᠣᠢ ᠾᠦᠩᠨᠦ ᠶᠢᠨ | ᠡᠮᠦᠨᠡᠳᠦ ᠬᠡᠰᠡᠭ ᠤᠨ ᠠᠶᠢᠮᠠᠭ ᠪᠦᠯᠦᠭ ᠪᠣᠯᠣᠨ ᠡᠣ ᠬᠤᠸᠠᠨ ᠠᠶᠢᠮᠠᠭ ᠢ ᠵᠠᠬᠢᠷᠴᠣ ᠪᠠᠶᠢᠭᠰᠠᠨ ᠿᠢ ᠵᠦ᠋ ᠸᠠᠩ ᠪᠣᠯᠬᠤ | ᠶᠣᠮ᠃ | 日逐 ᠬᠤᠶᠠᠷ ᠦᠰᠦᠭ ᠤᠨ ᠬᠢᠳᠠᠳ ᠬᠡᠯᠡᠨ ᠳᠠᠬᠢ ᠡᠷᠳᠡᠨ ᠡᠳᠦᠬᠡ ᠶᠢᠨ ᠠᠪᠢᠶ᠎ᠠ ᠠᠶᠠᠯᠭᠤ᠄ | 日 ᠦᠰᠦᠭ᠄ | ⑴日 ᠦᠰᠦᠭ ᠤᠨ ᠣᠳᠣ ᠦᠶ᠎ᠡ ᠶᠢᠨ ᠯᠠᠲ᠋ᠢᠨ ᠭᠠᠯᠢᠭ᠄ rì ︵ᠿᠢ︶᠃ | ⑵日 ᠦᠰᠦᠭ ᠤᠨ ᠬᠢᠳᠠᠳ ︽ᠣᠯᠣᠰ ᠤᠨ ᠬᠡᠯᠡᠨ ᠤ ᠦᠭᠡᠰ ᠤᠨ ᠲᠣᠯᠢ︾ ᠲᠠᠬᠢ ᠣᠳᠬ᠎ᠠ ᠶᠢᠨ | ᠲᠠᠶᠢᠯᠪᠣᠷᠢ᠄ 日 ᠦᠰᠦᠭ ᠪᠣᠯ ᠬᠢᠳᠠᠳ ᠬᠡᠯᠡᠨ ᠳᠤ ᠨᠠᠷᠠ ᠪᠣᠯᠣᠨ ᠡᠳᠦᠷ ᠢ ᠪᠦᠷ 日 ᠭᠡᠳᠡᠭ᠂ ᠪᠠᠰᠠ | ᠲᠣᠰᠬᠠᠶᠢᠯᠠᠨ ᠶᠠᠫᠣᠨ ᠣᠯᠣᠰ ᠢ ᠵᠢᠭᠠᠨ᠎ᠠ ᠭᠡᠪᠡ᠃ ᠪᠠᠰᠠ ᠵᠠᠷᠢᠮ ᠴᠦᠬᠡᠨ ᠲᠣᠬᠢᠶᠠᠯᠳᠣᠯ ᠳᠤ ᠡᠨᠡᠬᠦ ᠦᠰᠦᠭ ᠢ ᠮᠢ | ᠬᠡᠮᠡᠨ ᠣᠩᠰᠢᠵᠣ᠂ ᠬᠦᠮᠦᠨ ᠤ ᠨᠡᠷ᠎ᠡ ᠳᠤ ᠬᠡᠷᠡᠭᠯᠡᠨ᠎ᠡ᠂ ᠵᠢᠱᠢᠶᠡᠯᠡᠪᠡᠯ ᠶᠢᠨ ᠮᠢ ᠳ᠋ᠢ ︵金日磾︶ ᠭᠡᠳᠡᠭ | ᠬᠦᠮᠦᠨ ᠤ ᠨᠡᠷ᠎ᠡ ᠳᠤ ᠡᠨᠡᠬᠦ ᠦᠰᠦᠭ ᠢ ᠮᠢ ᠭᠡᠵᠦ ᠣᠩᠰᠢᠨ᠎ᠠ ᠭᠡᠵᠡᠢ᠃ | ⑶日 ᠦᠰᠦᠭ ᠤᠨ ᠲᠡᠭᠡᠳᠦ ᠡᠷᠳᠡᠨ ᠤ ᠠᠪᠢᠶ᠎ᠠ ᠠᠶᠠᠯᠭᠤ᠄ njig ᠭᠡᠵᠦ ᠭᠠᠭᠴᠠ ᠣᠩᠰᠢᠯᠭ᠎ᠠ ᠶᠢ | ᠰᠡᠷᠭᠦᠭᠡᠵᠡᠢ᠃ ᠬᠡᠷᠪᠡ ᠬᠢᠳᠠᠳ ᠬᠡᠯᠡᠨ ᠤ ᠨᠣᠳᠤᠭ ᠤᠨ ᠠᠪᠢᠶᠠᠨ ᠠᠴᠠ ᠦᠵᠡᠪᠡᠯ ᠡᠨᠡᠬᠦ 日 ᠦᠰᠦᠭ ᠤᠨ | ᠲᠡᠭᠡᠳᠦ ᠡᠷᠳᠡᠨ ᠤ ᠠᠪᠢᠶ᠎ᠠ ᠳᠤ ᠠᠳᠠᠭ ᠨᠢ ᠬᠡᠳᠦᠨ ᠠᠷᠪᠠᠨ ᠵᠦᠢᠯ ᠤᠨ ᠠᠪᠢᠶᠠᠯᠠᠯᠭ᠎ᠠ ᠪᠠᠶᠢᠳᠠᠭ ᠶᠣᠮ᠃ ᠶᠠᠭ | ᠡᠶᠢᠮᠦ ᠠᠴᠠ ︽ᠦᠰᠦᠭ ᠪᠢᠴᠢᠭ ᠤᠨ ᠲᠠᠶᠢᠯᠪᠣᠷᠢ︾ ᠲᠣᠯᠢ ᠳᠤ ᠲᠡᠭᠦᠨ ᠤ ᠠᠪᠢᠶᠠᠨ ᠤ ᠲᠣᠬᠠᠢ ᠶᠠᠭᠤ ᠴᠦ | ᠬᠡᠯᠡᠭᠰᠡᠨ ᠦᠭᠡᠢ᠂ ᠵᠦᠪᠬᠡᠨ ᠣᠳᠬ᠎ᠠ ᠶᠢ ᠨᠢ ᠲᠠᠶᠢᠯᠪᠣᠷᠢᠯᠠᠰᠠᠨ ᠠᠵᠠᠢ᠃ | ⑷日 ᠦᠰᠦᠭ ᠤᠨ ᠴᠢᠨ ᠣᠯᠣᠰ ᠠᠴᠠ ᠡᠮᠦᠨᠡᠬᠢ ᠠᠪᠢᠶ᠎ᠠ ᠠᠶᠠᠯᠭᠤ᠄ ȵi̯ĕt᠂ njiet ᠵᠡᠷᠭᠡ ᠪᠠᠷ | ᠰᠡᠷᠭᠦᠭᠡᠵᠡᠢ᠃ | ⑸日 ᠦᠰᠦᠭ ᠤᠨ ᠬᠠᠨ ᠣᠯᠣᠰ ᠤᠨ ᠦᠶ᠎ᠡ ᠶᠢᠨ ᠲᠣᠯᠢ ᠪᠢᠴᠢᠭ ︽ᠦᠰᠦᠭ ᠪᠢᠴᠢᠭ ᠤᠨ ᠲᠠᠶᠢᠯᠪᠣᠷᠢ︾ | ᠳᠠᠬᠢ ᠠᠪᠢᠶ᠎ᠠ ᠠᠶᠠᠯᠭᠤ : ᠲᠣᠰ ᠳᠣᠯᠢ ᠳᠤ ᠲᠡᠭᠦᠨ ᠤ ᠠᠪᠢᠶ᠎ᠠ ᠠᠶᠠᠯᠭᠤ ᠶᠢ ᠲᠠᠶᠢᠯᠪᠣᠷᠢᠯᠠᠭᠰᠠᠨ ᠦᠭᠡᠢ᠂ ᠵᠦᠪᠬᠡᠨ | ᠣᠳᠬ᠎ᠠ ᠶᠢ ᠨᠢ ᠲᠠᠶᠢᠯᠪᠣᠷᠢᠯᠠᠵᠠᠢ᠃ | ⑹日 ᠦᠰᠦᠭ ᠤᠨ ᠲᠠᠩ ᠶᠦᠨ ᠭᠤᠸᠠᠩ ᠶᠦᠨ᠂ ᠵᠢᠢ ᠶᠦᠨ᠂ ᠶᠦᠨ ᠾᠦᠢ᠂ ᠵᠧᠩ ᠶᠦᠨ ᠵᠡᠷᠭᠡ ᠲᠣᠯᠢ | ᠪᠢᠴᠢᠭ ᠳᠠᠬᠢ ᠠᠪᠢᠶ᠎ᠠ ᠠᠶᠠᠯᠭᠤ᠄ ᠲᠠᠩ ᠶᠦᠨ ᠪᠣᠯᠣᠨ ᠵᠧᠩ ᠶᠦᠨ ᠳᠤ ᠪᠣᠯ 人質切 ᠭᠡᠵᠦ᠂ ᠵᠢᠢ ᠶᠦᠨ | ᠪᠣᠯᠣᠨ ᠶᠦᠨ ᠾᠦᠢ ᠳᠤ 入質切 ᠭᠡᠪᠡ᠃ ᠪᠠᠰᠠ ᠵᠶᠢᠢ ᠶᠦ᠋ᠨ ᠳᠤ 而力切 ᠭᠡᠪᠡ᠃ | ⑺日 ᠦᠰᠦᠭ ᠤᠨ ᠲᠠᠩ ᠣᠯᠣᠰ ᠤᠨ ᠦᠶ᠎ᠡ ᠶᠢᠨ ᠠᠪᠢᠶ᠎ᠠ ᠨᠢ᠄ *njit ᠭᠡᠵᠡᠢ᠃ | ⑻日 ᠦᠰᠦᠭ ᠤᠨ ᠶᠠᠫᠣᠨ ᠬᠡᠯᠡᠨ ᠳᠠᠬᠢ ᠣᠩᠰᠢᠯᠭ᠎ᠠ᠄ [にち] [nichi] ᠭᠡᠪᠡ᠃ にち ᠪᠣᠯ ᠲᠠᠷᠣᠢ 日 | ᠦᠰᠦᠭ ᠤᠨ ᠲᠣᠮᠳᠠᠳᠣ ᠡᠷᠳᠡᠨ ᠤ ᠠᠪᠢᠶ᠎ᠠ ᠪᠣᠯᠬᠤ *njit ᠤᠨ ᠶᠠᠫᠣᠨ ᠬᠡᠯᠡᠨ ᠳᠠᠬᠢ ᠠᠪᠢᠶᠠᠯᠠᠪᠣᠷᠢ (音読) | ᠪᠣᠯᠣᠨ᠎ᠠ᠃ | ⑼日 ᠦᠰᠦᠭ ᠤᠨ ᠺᠣᠷᠢᠶᠠ ᠬᠡᠯᠡᠨ ᠳᠠᠬᠢ ᠣᠩᠰᠢᠯᠭ᠎ᠠ᠄ IL ︵ᠢᠯ︶ ᠭᠡᠪᠡ᠃ IL ᠭᠡᠳᠡᠭ ᠨᠢ ᠵᠣᠬᠢᠶᠠᠭᠴᠢ | ᠶᠢᠨ ᠦᠵᠡᠬᠦ ᠪᠠᠷ ᠦᠨᠡᠨᠳᠡᠭᠡᠨ ᠲᠣᠬᠠᠢ ᠶᠢᠨ ᠦᠶ᠎ᠡ ᠶᠢᠨ ᠣᠮᠠᠷᠠᠳᠣ ᠬᠢᠳᠠᠳ ᠤᠨ ᠨᠢᠭᠡ ᠬᠡᠰᠡᠭ ᠨᠣᠳᠤᠭ ᠤᠨ | ᠠᠪᠢᠶ᠎ᠠ ᠶᠢ ᠲᠦᠯᠦᠭᠡᠯᠡᠵᠦ ᠪᠠᠶᠢᠨ᠎ᠠ᠃ ᠡᠳᠦᠬᠡ ᠪᠣᠯᠳᠠᠯ᠎ᠠ ᠱᠠᠨᠳᠦᠩ ᠾᠧᠪᠸᠢ ᠵᠢᠴᠢ ᠱᠠᠨᠳᠦᠩ ᠾᠧᠪᠸᠢ ᠠᠴᠠ | ᠨᠡᠭᠦᠳᠡᠯᠯᠡᠨ ᠢᠷᠡᠭᠰᠡᠨ ᠵᠡᠭᠦᠨ ᠬᠤᠶᠢᠳᠦ ᠶᠢᠨ ᠭᠤᠷᠪᠠᠨ ᠮᠣᠵᠢ ᠶᠢᠨ ᠬᠢᠳᠠᠳᠴᠣᠳ ᠪᠣᠯ ᠲᠣᠰ ᠦᠭᠡ ᠶᠢ ᠮᠦᠨ ᠶᠢ | ︵yì︶ ᠭᠡᠵᠦ ᠣᠩᠰᠢᠭᠰᠠᠭᠠᠷ ᠪᠠᠶᠢᠭ᠎ᠠ ᠶᠣᠮ᠃ ᠣᠨᠴᠠᠭᠠᠶᠢᠯᠠᠨ ᠯᠢᠶᠥᠥᠶᠠᠩ ᠣᠷᠴᠢᠮ ᠤᠨ ᠨᠣᠳᠤᠭ ᠤᠨ ᠬᠡᠯᠡᠨ | ᠳᠤ ᠨᠡᠩ ᠢᠯᠡᠷᠬᠡᠢ ᠪᠠᠶᠢᠳᠠᠭ᠃ ᠡᠭᠦᠨ ᠠᠴᠠ ᠦᠵᠡᠪᠡᠯ ᠲᠡᠭᠡᠳᠦ ᠡᠷᠳᠡ ᠦᠶ᠎ᠡ ᠶᠢᠨ ᠣᠮᠠᠷᠠᠳᠣ ᠬᠢᠳᠠᠳ ᠲᠤ ᠲᠣᠰ | ᠦᠰᠦᠭ ᠢ IL ︵ᠢᠯ︶ ᠭᠡᠵᠦ ᠣᠩᠰᠢᠵᠣ ᠪᠠᠶᠢᠭᠰᠠᠨ ᠠᠴᠠ ᠪᠠᠨ ᠠᠭᠠᠵᠢᠮ ᠢᠶᠠᠷ ᠬᠤᠪᠢᠷᠠᠵᠣ yì ᠪᠣᠯᠣᠭᠰᠠᠨ | ᠪᠣᠯᠣᠯᠴᠠᠭ᠎ᠠ ᠲᠠᠢ᠂ ᠶᠠᠭ ᠡᠶᠢᠮᠦ ᠠᠴᠠ ᠲᠡᠭᠡᠷ᠎ᠡ ᠲᠣᠷᠠᠳᠣᠭᠰᠠᠨ ᠨᠣᠳᠤᠭ ᠤᠨ ᠨᠠᠰᠣ ᠶᠠᠪᠣᠭᠰᠠᠨ ᠬᠦᠮᠦᠰ ᠤᠦᠰᠦᠭ | ᠢ ᠮᠦᠨ yì ᠭᠡᠵᠦ ᠠᠪᠢᠶᠠᠯᠠᠭᠰᠠᠭᠠᠷ ᠪᠠᠶᠢᠭ᠎ᠠ᠃ ᠬᠡᠯᠡᠯᠭᠡᠨ ᠦᠭᠡᠢ ᠣᠳᠣ ᠶᠢᠨ ᠵᠠᠯᠠᠭᠤᠴᠣᠳ ᠪᠣᠯ ᠨᠡᠶᠢᠳᠡ ᠶᠢᠨ | ᠬᠡᠷᠡᠭᠯᠡᠭᠡᠨ ᠳᠤ ᠪᠦᠷ rì ︵ᠿᠢ︶ ᠭᠡᠵᠦ ᠠᠪᠢᠶᠠᠯᠠᠬᠤ ᠪᠣᠯᠵᠠᠢ᠃ | ⑽日 ᠦᠰᠦᠭ ᠤᠨ ᠸᠢᠶᠧᠲᠨᠠᠮ ᠬᠡᠯᠡᠨ ᠳᠠᠬᠢ ᠣᠩᠰᠢᠯᠭ᠎ᠠ᠄ nhật ᠭᠡᠪᠡ᠃ nhật ᠭᠡᠳᠡᠭ ᠨᠢ ᠲᠣᠰ | ᠦᠭᠡᠨ ᠤ ᠡᠮᠦᠨᠡᠳᠦ ᠬᠢᠳᠠᠳ ᠤᠨ ᠨᠣᠳᠤᠭ ᠤᠨ ᠠᠪᠢᠶ᠎ᠠ ᠠᠶᠠᠯᠭᠤ ᠶᠢ ᠲᠦᠯᠦᠭᠡᠯᠡᠵᠦ ᠪᠠᠶᠢᠬ᠎ᠠ᠃ | ⑾日 ᠦᠰᠦᠭ ᠤᠨ ᠬᠢᠳᠠᠳ ᠤᠨ ᠲᠣᠲᠣᠭᠠᠳᠣ ᠭᠠᠳᠠᠭᠠᠳᠣ ᠶᠢᠨ ᠬᠢᠳᠠᠳᠴᠢ ᠡᠷᠳᠡᠮᠳᠡᠳ ᠤᠨ ᠰᠡᠷᠭᠦᠭᠡᠭᠰᠡᠨ | ᠲᠣᠮᠳᠠᠳᠣ ᠡᠷᠳᠡᠨ ᠤ ᠠᠪᠢᠶ᠎ᠠ ᠠᠶᠠᠯᠭᠤ᠄ ȵʑi̯ĕt᠂ ȵʑĭĕt᠂ ȵiĕt᠂ ȵʑjet᠂ | ȵiɪt᠂ ȵit ᠵᠡᠷᠭᠡ ᠪᠠᠷ ᠰᠡᠷᠭᠦᠭᠡᠵᠡᠢ᠃ ᠲᠡᠭᠡᠷᠡᠬᠢ ᠡᠳᠡᠭᠡᠷ ᠣᠩᠰᠢᠯᠭ᠎ᠠ ᠨᠢ ᠦᠨᠡᠨᠳᠡᠭᠡᠨ ᠪᠦᠷ ᠲᠠᠩ ᠣᠯᠣᠰ | ᠤᠨ ᠦᠶ᠎ᠡ ᠶᠢᠨ ᠣᠩᠰᠢᠯᠭ᠎ᠠ *njit ᠲᠠᠢ ᠣᠶᠢᠷᠠᠯᠴᠠᠭ᠎ᠠ ᠪᠠᠶᠢᠭ᠎ᠠ ᠨᠢ ᠢᠯᠡᠬᠡᠨ ᠪᠠᠶᠢᠨ᠎ᠠ᠃ | ⑿日 ᠦᠰᠦᠭ ᠤᠨ ᠮᠣᠩᠭᠤᠯ ᠫᠠᠭᠰᠪᠠ ᠦᠰᠦᠭ ᠳᠠᠬᠢ ᠣᠩᠰᠢᠯᠭ᠎ᠠ᠄ ꡔꡞ ︵ri︶ ᠭᠡᠪᠡ᠃ | ⒀日 ᠦᠰᠦᠭ ᠤᠨ ᠬᠢᠳᠠᠳ ᠬᠡᠯᠡᠨ ᠤ ᠣᠯᠠᠨ ᠨᠣᠳᠤᠭ ᠤᠨ ᠠᠪᠢᠶᠠᠨ ᠳᠠᠬᠢ ᠠᠪᠢᠶ᠎ᠠ᠄ ᠺᠧ ᠵᠢᠶᠠ ᠬᠡᠯᠡᠨ ᠳᠤ | ȵit᠂ ŋit᠂ git᠂ niʔ᠂ lie ᠵᠡᠷᠭᠡ ᠪᠠᠶᠢᠵᠣ᠂ ᠶᠣᠸᠠᠢ ᠬᠡᠯᠡᠨ ᠳᠤ 0iɐt᠂ jɐt᠂ ȵɐt᠂ jat᠂ | kɐk᠂ jɐk᠂ ŋiɐt᠂ ᵑgæt᠂ jiʔ ᠪᠣᠯᠣᠨ iək ᠵᠡᠷᠭᠡ ᠪᠠᠶᠢᠵᠣ᠂ ᠮᠢᠨᠨᠠᠨ ᠬᠡᠯᠡᠨ ᠳᠤ lit᠂ | dzit᠂ zik᠂ zil᠂ nik᠂ ŋ i᠂ m/ni ᠪᠣᠯᠣᠨ l/tsiʔ ᠪᠠ t/tsiʔ ᠵᠡᠷᠭᠡ ᠪᠠᠶᠢᠵᠣ᠂ ᠡᠣ ᠬᠡᠯᠡᠨ | ᠳᠤ d/ɲaʔ/iʔ ᠵᠡᠷᠭᠡ ᠣᠨᠴᠠᠭᠠᠢ ᠠᠪᠢᠶ᠎ᠠ ᠴᠦ ᠪᠠᠶᠢᠳᠠᠭ ᠠᠵᠠᠢ᠃ ᠪᠣᠰᠣᠳ ᠢ ᠨᠢ ᠲᠣᠪᠴᠢᠯᠠᠪᠠ᠃ | ⒁日 ᠦᠰᠦᠭ ᠤᠨ ︽ᠬᠢᠳᠠᠳ ᠬᠡᠯᠡᠨ ᠤ ᠨᠣᠳᠤᠭ ᠤᠨ ᠠᠪᠢᠶᠠᠨ ᠤ ᠲᠣᠯᠢ︾ ᠳᠠᠬᠢ ᠠᠪᠢᠶ᠎ᠠ᠄ ᠭᠤᠸᠠᠩ | ᠶᠦᠨ ᠠᠪᠢᠶᠠᠨ ᠳᠤ [nit]᠂ ᠮᠮᠢᠨᠨᠠᠨ ᠬᠡᠯᠡᠨ ᠳᠤ [lit8]᠂ ᠭᠤᠸᠠᠩ ᠵᠸᠥ ᠬᠡᠯᠡᠨ ᠳᠤ [jat6]᠂ ᠴᠣᠣᠵᠸᠥ ᠬᠡᠯᠡᠨ | ᠳᠤ [rig8]᠂ ᠺᠧ ᠵᠢᠶᠠ ᠬᠡᠯᠡᠨ ᠳᠤ [ngit5]᠂ ᠸᠧᠢᠲᠸᠥ ᠬᠡᠯᠡᠨ ᠳᠤ [yäk6] ᠭᠡᠵᠡᠢ᠃ ⒂日 | ᠦᠰᠦᠭ ᠤᠨ ᠡᠷᠳᠡᠨ ᠤ ᠠᠪᠢᠶᠠᠨ ᠤ ᠬᠢᠨᠠᠨ ᠲᠣᠭᠳᠠᠭᠠᠯᠳᠠ᠄ 日 ᠦᠰᠦᠭ ᠪᠣᠯ ᠬᠢᠳᠠᠳ ᠬᠡᠯᠡᠨ ᠳᠤ ᠲᠦᠭᠡᠮᠡᠯ | ᠬᠡᠷᠡᠭᠯᠡᠭᠳᠡᠬᠦ ᠦᠭᠡ ᠪᠣᠯᠬᠤᠷ ᠡᠯ᠎ᠡ ᠨᠣᠳᠤᠭ ᠤᠨ ᠠᠶᠠᠯᠭᠤᠨ ᠳᠤ ᠵᠦᠢᠯ ᠵᠢᠰᠣᠮ ᠤᠨ ᠠᠪᠢᠶ᠎ᠠ ᠠᠶᠠᠯᠭᠤ ᠪᠠᠶᠢᠳᠠᠭ | ᠠᠵᠠᠢ᠃ ᠲᠡᠭᠡᠷᠡᠬᠢ ᠠᠪᠢᠶ᠎ᠠ ᠠᠶᠠᠯᠭᠤ ᠶᠢ ᠬᠤᠷᠢᠶᠠᠩᠭᠤᠶᠢᠯᠠᠪᠠᠯ᠂ ᠾᠦᠩᠨᠦ ᠶᠢᠨ ᠦᠶ᠎ᠡ ᠳᠤ ᠲᠣᠰ ᠦᠰᠦᠭ ᠤᠨ | ᠠᠪᠢᠶ᠎ᠠ ᠭᠡᠪᠡᠯ ᠨᠠᠭᠠᠳᠣ ᠵᠠᠬ᠎ᠠ ᠲᠠᠭᠠᠨ ᠠᠷᠪᠠᠨ ᠬᠡᠳᠦ ᠪᠠᠶᠢᠭᠰᠠᠨ ᠲᠦᠯᠦᠪᠳᠡᠢ᠂ ᠪᠣᠳᠠᠳᠠᠢ ᠶᠠᠷᠢᠪᠠᠯ njig᠂ ŋjig | ᠂ njit᠂ ljit᠂ dzit᠂ jiʔ᠂ jɐk᠂ mi᠂ miʔ᠂ zik᠂ zil ᠪᠣᠶᠣ mig ᠵᠡᠷᠭᠡ ᠪᠦᠷ ᠪᠠᠶᠢᠵᠣ | ᠪᠣᠯᠣᠨ᠎ᠠ᠃ ᠴᠢᠨᠠᠭᠰᠢᠯᠠᠪᠠᠯ rig᠂ yig᠂ lig᠂ nig ᠪᠣᠯᠣᠨ ŋit᠂ git᠂ niʔ ᠵᠡᠷᠭᠡ ᠪᠠᠶᠢᠬᠤ ᠨᠢ ᠡᠩ | ᠤᠨ ᠬᠡᠷᠡᠭ ᠮᠦᠨ᠃ ᠵᠣᠬᠢᠶᠠᠭᠴᠢ ᠶᠢᠨ ᠠᠩᠬᠠᠷᠣᠭᠰᠠᠨ ᠢᠶᠠᠷ 日 ᠦᠰᠦᠭ ᠢ ᠨᠠᠭᠠᠳᠣ ᠵᠠᠬ᠎ᠠ ᠨᠢ ᠾᠦᠩᠨᠦ ᠬᠡᠯᠡᠨ | ᠤ ᠲᠣᠣᠷᠠᠬᠢ ᠮᠡᠳᠦ ᠬᠡᠳᠦᠨ ᠠᠪᠢᠶ᠎ᠠ ᠶᠢ ᠣᠷᠴᠢᠭᠤᠯᠬᠤ ᠳᠤ ᠬᠡᠷᠡᠭᠯᠡᠵᠦ ᠪᠠᠶᠢᠪᠠ᠃ ᠨᠢᠭᠡ ᠢᠯ il᠂ ᠬᠤᠶᠠᠷ ᠢᠭ | ig᠂ ᠭᠤᠷᠪᠠ ᠮᠢᠭ mig᠂ ᠲᠣᠮᠳᠠᠳᠣ ᠡᠷᠳᠡᠨ ᠦᠶ᠎ᠡ ᠳᠤ ᠪᠣᠯᠬᠤ ᠳᠤ ᠨᠢᠲ nit, ᠨᠢᠺ nik᠂ ᠯᠢᠺ lik ᠵᠡᠷᠭᠡ | ᠪᠠᠷ ᠴᠦ ᠬᠡᠷᠡᠭᠯᠡᠵᠦ ᠪᠠᠶᠢᠵᠠᠢ᠃ ᠨᠣᠳᠤᠭ ᠤᠨ ᠠᠶᠠᠯᠭᠤᠨ ᠠᠴᠠ ᠦᠵᠡᠪᠡᠯ ᠲᠣᠰ ᠦᠰᠦᠭ ᠤᠨ ᠠᠪᠢᠶᠠᠨ ᠤ ᠰᠡᠬᠦᠯ | ︵韵尾︶ ᠨᠢ ᠨᠡᠩ ᠣᠯᠠᠨ ᠪᠠᠶᠢᠭᠰᠠᠨ ᠨᠢ ᠲᠣᠲᠣᠷᠬᠠᠢ᠂ ᠨᠠᠭᠠᠳᠣ ᠵᠠᠬ᠎ᠠ ᠨᠢ t᠂ d᠂ k᠂ g᠂ h᠂ l | ᠵᠢᠴᠢ ᠲᠦᠪᠦᠩᠭᠡᠢ ᠶᠢᠨ ᠠᠪᠢᠶ᠎ᠠ ᠪᠣᠯᠬᠤ ʔ ᠵᠡᠷᠭᠡ ᠪᠦᠷ ᠠᠪᠢᠶᠠᠨ ᠰᠡᠬᠦᠯ ᠪᠣᠯᠵᠣ ᠪᠠᠶᠢᠭᠰᠠᠨ ᠶᠣᠮ᠃ | ᠣᠨᠴᠠᠭᠠᠶᠢᠯᠠᠨ ᠠᠩᠬᠠᠷᠬᠤ ᠨᠢ R ᠭᠡᠶᠢᠭᠦᠯᠦᠭᠴᠢ ᠪᠠᠷ ᠡᠬᠢᠯᠡᠳᠡᠭ ᠦᠭᠡ ᠶᠢ ᠬᠢᠳᠠᠳ ᠬᠡᠯᠡᠨ ᠳᠤ L᠂ N᠂ Y | ᠵᠡᠷᠭᠡ ᠲᠠᠢ ᠰᠡᠯᠬᠦᠴᠡᠨ ᠬᠡᠷᠡᠭᠯᠡᠵᠦ ᠪᠠᠶᠢᠵᠠᠢ᠃ ᠶᠠᠭ ᠮᠠᠨ ᠤ ᠮᠣᠩᠭᠤᠯ ᠬᠡᠯᠡᠨ ᠳᠤ ᠠ ᠬᠠ ᠭᠠ ᠺᠠ ᠵᠡᠷᠭᠡ ᠶᠢ | ᠰᠡᠯᠭᠦᠴᠡᠨ ᠬᠡᠷᠡᠭᠯᠡᠬᠦ ᠲᠠᠢ ᠢᠵᠢᠯᠬᠡᠨ ᠦᠵᠡᠭᠳᠡᠯ ᠣᠷᠣᠰᠢᠵᠣ ᠪᠠᠶᠢᠪᠠ᠃ ᠡᠳᠡᠭᠡᠷ ᠢ ᠦᠨᠳᠦᠰᠦᠯᠡᠵᠦ ᠲᠣᠬᠠᠢ ᠶᠢᠨ | ᠦᠶ᠎ᠡ ᠳᠤ ᠿᠢ ᠦᠰᠦᠭ ᠢᠶᠠᠷ ᠾᠦᠩᠨᠦ ᠬᠡᠯᠡᠨ ᠤ ᠢᠯ il᠂ ᠢᠭ ig᠂ ᠮᠢᠭ mig ᠵᠡᠷᠭᠡ ᠭᠤᠷᠪᠠᠨ ᠠᠪᠢᠶ᠎ᠠ ᠶᠢ | ᠠᠪᠢᠶᠠᠴᠢᠯᠠᠨ ᠣᠷᠴᠢᠭᠤᠯᠬᠤ ᠳᠤ ᠬᠡᠷᠡᠭᠯᠡᠵᠦ ᠪᠠᠶᠢᠪᠠ ᠭᠡᠵᠦ ᠵᠣᠬᠢᠶᠠᠭᠴᠢ ᠠᠴᠠ ᠦᠵᠡᠵᠦ ᠪᠠᠶᠢᠨ᠎ᠠ᠃ ᠲᠣᠰ | ᠦᠰᠦᠭ ᠢ ᠢᠯ ᠭᠡᠵᠦ ᠣᠩᠰᠢᠬᠤ ᠶᠢᠨ ᠪᠠᠰᠠ ᠨᠢᠭᠡ ᠬᠠᠵᠠᠭᠤ ᠶᠢᠨ ᠭᠡᠷᠡᠴᠢ ᠭᠡᠪᠡᠯ ᠬᠢᠳᠠᠨ ᠬᠡᠯᠡᠨ ᠳᠤ ᠡᠨᠡᠬᠦ 日 | ᠦᠰᠦᠭ ᠢ ᠲᠠᠷᠣᠢ ︽ᠢᠯ︾ ᠭᠡᠵᠦ ᠣᠩᠰᠢᠵᠣ ᠪᠠᠶᠢᠵᠠᠢ᠃ ᠵᠢᠱᠢᠶᠡᠯᠡᠪᠡᠯ ᠬᠠᠮᠤᠭ ᠡᠷᠳᠡ ᠬᠢᠳᠠᠨ ᠤ ᠨᠠᠢᠮᠠᠨ ᠶᠡᠭᠡ | ᠠᠶᠢᠮᠠᠭ ᠭᠡᠵᠦ ᠲᠡᠣᠬᠡᠨ ᠳᠤ ᠢᠯᠡᠷᠡᠬᠦ ᠳᠤ ᠲᠡᠭᠦᠨ ᠤ ᠲᠣᠲᠣᠷ᠎ᠠ ᠨᠢᠭᠡ ᠠᠶᠢᠮᠠᠭ ᠨᠢ 日连 ᠭᠡᠳᠡᠭ ᠨᠡᠷ᠎ᠡ ᠲᠠᠢ | ᠪᠠᠶᠢᠭᠰᠠᠨ ᠶᠣᠮ᠃ ᠬᠤᠵᠢᠮ ᠣᠳᠠᠯ ᠦᠭᠡᠢ ᠡᠨᠡᠬᠦ ᠨᠡᠷ᠎ᠡ ᠲᠡᠣᠬᠡᠨ ᠠᠴᠠ ᠨᠢᠭᠡᠮᠦᠰᠦᠨ ᠣᠰᠠᠳᠴᠠᠢ᠃ ᠰᠢᠯᠳᠠᠭᠠᠨ | ᠨᠢ ᠲᠣᠰ ᠠᠶᠢᠮᠠᠭ ᠦᠪᠡᠷ ᠤᠨ ᠠᠶᠢᠮᠠᠭ ᠤᠨ ᠨᠡᠷ᠎ᠡ ᠪᠠᠨ ᠠᠪᠢᠶ᠎ᠠ ᠨᠢ ᠨᠡᠩ ᠣᠶᠢᠷᠠᠯᠴᠠᠭ᠎ᠠ ᠬᠢᠳᠠᠳ ᠦᠰᠦᠭ 耶律 | ᠶᠢ ᠰᠣᠩᠭᠤᠨ ᠬᠡᠷᠡᠭᠯᠡᠭᠰᠡᠨ ᠠᠴᠠ ᠪᠣᠯᠵᠠᠢ᠃ 日连 ᠭᠡᠪᠡᠯ ᠢᠯ + ᠯᠢᠶᠠᠨ ︵ᠡᠯᠢᠶᠡᠨ ᠤ ᠠᠮᠠᠨ ᠶᠠᠷᠢᠶᠠᠨ ᠤ | ᠬᠡᠯᠪᠡᠷᠢ︶ ᠭᠡᠵᠦ᠂ 耶律 ᠭᠡᠪᠡᠯ ᠲᠡᠭᠦᠨ ᠤ ᠣᠯᠠᠨ ᠲᠣᠭᠠᠨ ᠤ ᠬᠡᠯᠪᠡᠷᠢ ᠶᠢ ᠢᠯᠡᠳᠭᠡᠵᠦ ᠪᠠᠶᠢᠭ᠎ᠠ ᠦᠭᠡ | ᠪᠣᠯᠬᠤ ᠶᠢᠯᠢᠶᠧᠲ ︵ᠡᠯᠢᠶᠡᠳ︶ ᠪᠣᠯᠣᠨ᠎ᠠ᠃ ᠡᠯᠢᠶᠡᠨ᠂ ᠡᠯᠢᠶᠠᠳ ᠣᠪᠣᠭ ᠣᠳᠣ ᠴᠦ ᠮᠣᠩᠭᠤᠯᠴᠣᠳ ᠲᠣᠲᠣᠷ᠎ᠠ | ᠪᠠᠶᠢᠭᠰᠠᠭᠠᠷ ᠶᠣᠮ᠃ | 逐 ᠦᠰᠦᠭ᠄ | ⑴逐 ᠦᠰᠦᠭ ᠤᠨ ᠣᠳᠣ ᠦᠶ᠎ᠡ ᠶᠢᠨ ᠯᠠᠲ᠋ᠢᠨ ᠭᠠᠯᠢᠭ᠄ zhú ᠭᠡᠵᠡᠢ᠃ | ⑵逐 ᠦᠰᠦᠭ ᠤᠨ ᠬᠢᠳᠠᠳ ︽ᠣᠯᠣᠰ ᠤᠨ ᠬᠡᠯᠡᠨ ᠤ ᠦᠭᠡᠰ ᠤᠨ ᠲᠣᠯᠢ︾ ᠲᠠᠬᠢ ᠣᠳᠬ᠎ᠠ ᠶᠢᠨ | ᠲᠠᠶᠢᠯᠪᠣᠷᠢ᠄ ᠲᠣᠪᠴᠢᠯᠠᠨ ᠦᠬᠦᠯᠡᠪᠡᠯ ᠲᠣᠣᠷᠠᠬᠢ ᠮᠡᠳᠦ ᠭᠤᠷᠪᠠᠨ ᠵᠦᠢᠯ ᠤᠨ ᠲᠠᠶᠢᠯᠪᠣᠷᠢ ᠲᠠᠢ᠂ ᠨᠢᠭᠡ ᠬᠦᠭᠡᠭᠡᠬᠦ | ᠦᠯᠳᠡᠬᠦ᠂ ᠬᠤᠶᠠᠷ ᠲᠡᠰ ᠲᠠᠷᠠᠭᠠᠯᠠᠬᠤ᠂ ᠭᠤᠷᠪᠠ ᠮᠦᠴᠡᠷᠬᠡᠨ ᠲᠡᠮᠡᠴᠡᠯᠳᠦᠬᠦ ᠵᠡᠷᠭᠡ ᠪᠣᠢ᠃ | ⑶逐 ᠦᠰᠦᠭ ᠤᠨ ᠲᠡᠭᠡᠳᠦ ᠡᠷᠳᠡᠨ ᠤ ᠠᠪᠢᠶ᠎ᠠ ᠠᠶᠠᠯᠭᠤ᠄ l'ɯwɢ ᠭᠡᠵᠦ ᠰᠡᠷᠭᠦᠭᠡᠵᠡᠢ᠃ | ⑷逐 ᠦᠰᠦᠭ ᠤᠨ ᠴᠢᠨ ᠣᠯᠣᠰ ᠠᠴᠠ ᠡᠮᠦᠨᠡᠬᠢ ᠠᠪᠢᠶ᠎ᠠ ᠠᠶᠠᠯᠭᠤ᠄ dǐuk ᠪᠣᠶᠣ dʰjok ᠡᠰᠡᠬᠦᠯ᠎ᠡ | drjəkw ᠵᠡᠷᠭᠡ ᠪᠠᠷ ᠰᠡᠷᠭᠦᠭᠡᠵᠡᠢ᠃ | ⑸逐 ᠦᠰᠦᠭ ᠤᠨ ᠬᠠᠨ ᠣᠯᠣᠰ ᠤᠨ ᠦᠶ᠎ᠡ ᠶᠢᠨ ᠲᠣᠯᠢ ᠪᠢᠴᠢᠭ ︽ᠦᠰᠦᠭ ᠪᠢᠴᠢᠭ ᠤᠨ ᠲᠠᠶᠢᠯᠪᠣᠷᠢ︾ | ᠳᠠᠬᠢ ᠠᠪᠢᠶ᠎ᠠ ᠠᠶᠠᠯᠭᠤ᠄ ᠁ 豚省聲 ᠭᠡᠵᠦ᠂ ᠬᠤᠵᠢᠮ ᠤᠨ ᠬᠦᠮᠦᠰ 直六切 ᠭᠡᠵᠦ ᠬᠡᠷᠴᠢᠨ | ᠭᠠᠯᠢᠭᠴᠢᠯᠠᠨ᠎ᠠ ᠭᠡᠪᠡ᠃ ᠱᠠᠨ ᠬᠠᠢ ᠵᠢᠩ ᠪᠢᠴᠢᠭ ᠲᠤ ᠲᠣᠰ ᠦᠰᠦᠭ ᠢ ᠲᠦᠨ ︵豚︶ ᠭᠡᠵᠦ ᠣᠩᠰᠢᠮᠣᠢ | ᠭᠡᠵᠡᠢ᠃ ᠲᠡᠭᠦᠨ ᠤ ᠣᠣᠯ ᠦᠭᠡ ᠨᠢ ︽᠁ 苦山,有兽焉,名曰山膏,其状 | 如逐︾ ᠭᠡᠵᠡᠢ᠂ ᠠᠳᠡ ᠡᠨᠡᠬᠦ 逐 ᠦᠰᠦᠭ ᠢ ᠭᠠᠭ᠋ᠠᠢ ᠭᠡᠳᠡᠭ ᠬᠢᠳᠠᠳ ᠦᠰᠦᠭ 豚 ᠲᠠᠢ ᠣᠩᠰᠢᠯᠭ᠎ᠠ | ᠣᠳᠭ᠎ᠠ ᠪᠦᠷ ᠠᠳᠠᠯᠢ ᠭᠡᠵᠦ ᠲᠠᠶᠢᠯᠪᠣᠷᠢᠯᠠᠵᠠᠢ᠃ ᠡᠶᠢᠮᠦ ᠠᠴᠠ ᠽᠢ ᠾᠦᠢ ᠪᠦ᠋ ᠭᠡᠳᠡᠭ ᠬᠢᠳᠠᠳ ᠲᠣᠯᠢ ᠪᠢᠴᠢᠭ ᠲᠤ | 逐 ᠦᠰᠦᠭ ᠢ ᠪᠠᠰᠠ 豚 ︵ᠲᠦᠨ︶ ᠭᠡᠵᠦ ᠣᠩᠰᠢᠮᠣᠢ᠂ ᠣᠳᠬ᠎ᠠ ᠨᠢ ᠴᠦ 豚 ᠲᠠᠢ ᠨᠢᠭᠡᠨ ᠠᠳᠠᠯᠢ ᠭᠡᠵᠦ | ᠲᠠᠶᠢᠯᠪᠣᠷᠢᠯᠠᠵᠠᠢ᠃ | ⑹逐 ᠦᠰᠦᠭ ᠤᠨ ᠲᠠᠩ ᠶᠦᠨ ᠭᠤᠸᠠᠩ ᠶᠦᠨ᠂ ᠵᠢᠢ ᠶᠦᠨ᠂ ᠶᠦᠨ ᠾᠦᠢ᠂ ᠵᠧᠩ ᠶᠦᠨ ᠵᠡᠷᠭᠡ ᠲᠣᠯᠢ | ᠪᠢᠴᠢᠭ ᠳᠠᠬᠢ ᠠᠪᠢᠶ᠎ᠠ ᠠᠶᠠᠯᠭᠤ᠄ ᠲᠠᠩ ᠶᠦᠨ ᠪᠣᠯᠣᠨ ᠵᠧᠩ ᠶᠦᠨ ᠳᠤ ᠪᠦᠷ 直六切 ᠭᠡᠵᠦ᠂ ᠵᠢᠢ ᠶᠦᠨ | ᠪᠣᠯᠣᠨ ᠶᠦᠨ ᠾᠦᠢ ᠳᠤ ᠪᠦᠷ 仲六切 ᠭᠡᠵᠦ ᠬᠡᠷᠴᠢᠨ ᠭᠠᠯᠢᠭᠴᠢᠯᠠᠨ ᠠᠪᠢᠶ᠎ᠠ ᠨᠢ 軸 ᠪᠣᠯᠣᠨ᠎ᠠ ᠭᠡᠵᠡᠢ᠃ | ᠪᠠᠰᠠ ᠽᠢ ᠾᠦᠢ ᠪᠦ᠋ ᠲᠣᠯᠢ ᠳᠤ 同門切 ᠭᠡᠵᠦ ᠬᠡᠷᠴᠢᠨ ᠭᠠᠯᠢᠭᠴᠢᠯᠠᠵᠣ 豚 ᠭᠡᠳᠡᠭ ᠦᠰᠦᠭ ᠲᠠᠢ | ᠣᠩᠰᠢᠯᠭ᠎ᠠ ᠪᠠ ᠣᠳᠬ᠎ᠠ ᠨᠢ ᠨᠢᠭᠡᠨ ᠠᠳᠠᠯᠢ ᠬᠡᠮᠡᠵᠡᠢ᠃ ᠭᠡᠪᠡᠴᠦ ᠪᠢᠳᠡ ᠠᠩᠬᠠᠷᠬᠤ ᠨᠢ 豚 ᠦᠰᠦᠭ ᠬᠡᠳᠦᠶᠢᠪᠡᠷ | ᠣᠳᠣ ᠪᠣᠯ tún ᠭᠡᠵᠦ ᠠᠪᠢᠶᠠᠯᠠᠬᠤ ᠪᠣᠯᠪᠠᠴᠣ᠂ ᠲᠡᠭᠡᠳᠦ ᠡᠷᠳᠡᠨ ᠦᠶ᠎ᠡ᠂ ᠲᠠᠷᠣᠢ ᠾᠦᠩᠨᠦ ᠶᠢᠨ ᠦᠶ᠎ᠡ ᠳᠤ | duːn ︵ᠳ᠋ᠦᠨ︶ ᠭᠡᠵᠦ ᠣᠩᠰᠢᠳᠠᠭ ᠪᠠᠶᠢᠵᠠᠢ᠃ | ⑺逐 ᠦᠰᠦᠭ ᠤᠨ ᠲᠠᠩ ᠣᠯᠣᠰ ᠤᠨ ᠦᠶ᠎ᠡ ᠶᠢᠨ ᠠᠪᠢᠶ᠎ᠠ ᠨᠢ᠄ *djhiuk ᠭᠡᠪᠡ᠃ | ⑻逐 ᠦᠰᠦᠭ ᠤᠨ ᠶᠠᠫᠣᠨ ᠬᠡᠯᠡᠨ ᠳᠠᠬᠢ ᠣᠩᠰᠢᠯᠭ᠎ᠠ᠄ ちく(音読)᠃ | ⑼逐 ᠦᠰᠦᠭ ᠤᠨ ᠺᠣᠷᠢᠶᠠ ᠬᠡᠯᠡᠨ ᠳᠠᠬᠢ ᠣᠩᠰᠢᠯᠭ᠎ᠠ᠄ CHWUK ᠪᠣᠶᠣ CEK ᠭᠡᠪᠡ᠃ | ⑽逐 ᠦᠰᠦᠭ ᠤᠨ ᠸᠢᠶᠧᠲᠨᠠᠮ ᠬᠡᠯᠡᠨ ᠳᠠᠬᠢ ᠣᠩᠰᠢᠯᠭ᠎ᠠ᠄ trục ᠭᠡᠵᠡᠢ᠃ | ⑾逐 ᠦᠰᠦᠭ ᠤᠨ ᠬᠢᠳᠠᠳ ᠤᠨ ᠲᠣᠲᠣᠭᠠᠳᠣ ᠭᠠᠳᠠᠭᠠᠳᠣ ᠶᠢᠨ ᠬᠢᠳᠠᠳᠴᠢ ᠡᠷᠳᠡᠮᠳᠡᠳ ᠤᠨ ᠰᠡᠷᠭᠦᠭᠡᠭᠰᠡᠨ | ᠲᠣᠮᠳᠠᠳᠣ ᠡᠷᠳᠡᠨ ᠤ ᠠᠪᠢᠶ᠎ᠠ ᠠᠶᠠᠯᠭᠤ᠄ ȡʱi̯uk᠂ ȡĭuk᠂ ɖuwk ᠭᠡᠵᠦ ᠰᠡᠷᠭᠦᠭᠡᠵᠡᠢ᠃ | ᠡᠳᠡᠭᠡᠷ ᠠᠪᠢᠶ᠎ᠠ ᠬᠠᠷᠢᠨ ᠲᠣᠰ ᠦᠰᠦᠭ ᠤᠨ ᠲᠠᠩ ᠣᠯᠣᠰ ᠤᠨ ᠦᠶ᠎ᠡ ᠶᠢᠨ ᠠᠪᠢᠶ᠎ᠠ ᠲᠠᠢ ᠣᠶᠢᠷᠠᠯᠴᠠᠭ᠎ᠠ ᠪᠠᠶᠢᠨ᠎ᠠ᠃ | | ⑿逐 ᠦᠰᠦᠭ ᠤᠨ ᠮᠣᠩᠭᠤᠯ ᠫᠠᠭᠰᠪᠠ ᠦᠰᠦᠭ ᠳᠠᠬᠢ ᠣᠩᠰᠢᠯᠭ᠎ᠠ᠄ ꡅꡦꡟ ᠪᠣᠯᠣᠨ ꡄꡦꡟ ᠭᠡᠵᠦ᠂ | ᠡᠮᠦᠨᠡᠬᠢ ᠶᠢ ᠨᠢ tʂʼy ᠭᠡᠵᠦ᠂ ᠬᠤᠶᠢᠨᠠᠬᠢ ᠶᠢ ᠨᠢ dʐy ᠭᠡᠵᠦ ᠣᠯᠠᠨ ᠣᠯᠣᠰ ᠤᠨ ᠭᠠᠯᠢᠭ ᠬᠠᠳᠠᠵᠠᠢ᠃ | ⒀逐 ᠦᠰᠦᠭ ᠤᠨ ᠬᠢᠳᠠᠳ ᠬᠡᠯᠡᠨ ᠤ ᠣᠯᠠᠨ ᠨᠣᠳᠤᠭ ᠤᠨ ᠠᠪᠢᠶᠠᠨ ᠳᠠᠬᠢ ᠠᠪᠢᠶ᠎ᠠ᠄ ᠺᠧ ᠵᠢᠶᠠ ᠬᠡᠯᠡᠨ ᠳᠤ | tsʰuk᠂ tʃʰuk᠂ tsuk ᠭᠡᠳᠡᠭ᠂ ᠶᠣᠸᠠᠢ ᠬᠡᠯᠡᠨ ᠳᠤ ᠪᠣᠯ ᠺᠧ ᠵᠢᠶᠠ ᠬᠡᠯᠡ ᠲᠠᠢ ᠠᠳᠠᠯᠢ ᠦᠭᠡᠢ | ᠲᠠᠯ᠎ᠠ ᠨᠢ ᠡᠬᠢᠨ ᠤ ᠠᠪᠢᠶ᠎ᠠ ᠨᠢ ts ᠪᠠ tʃ ᠪᠠᠷ ᠭᠤᠣᠯᠳᠠᠵᠣ᠂ ᠠᠶᠠᠯᠭᠤ ᠨᠢ uk ᠪᠢᠰᠢ ᠬᠠᠷᠢᠨ ok ᠢᠶᠠᠷ | ᠭᠤᠣᠯᠳᠠᠵᠠᠢ᠃ ᠮᠢᠨᠨᠠᠨ ᠬᠡᠯᠡᠨ ᠳᠤ ᠡᠬᠢᠨ ᠤ ᠠᠪᠢᠶ᠎ᠠ ᠨᠢ ᠭᠤᠣᠯᠳᠠᠭᠤ t ︵ᠲᠡᠯᠡᠬᠡᠢ ᠨᠡᠶᠢᠳᠡ ᠶᠢᠨ ᠠᠪᠢᠶᠠᠨ ᠭᠠᠯᠢᠭ | ᠪᠣᠯᠬᠤᠷ d ᠪᠠᠷ ᠣᠩᠰᠢᠨ᠎ᠠ︶ ᠪᠠᠷ ᠭᠤᠣᠯᠳᠠᠵᠣ᠂ ᠬᠠᠶᠠ ᠵᠠᠷᠢᠮ ᠨᠢ h ᠴᠦ ᠪᠠᠶᠢᠨ᠎ᠠ᠃ ᠬᠠᠷᠢᠨ ᠬᠤᠶᠢᠨᠠᠬᠢ | ᠠᠶᠠᠯᠭᠤ ᠨᠢ ᠶᠣᠸᠠᠢ ᠬᠡᠯᠡ ᠲᠠᠢ ᠠᠳᠠᠯᠢᠪᠳᠣᠷ ᠠᠵᠠᠢ᠃ | ⒁逐 ᠦᠰᠦᠭ ᠤᠨ ︽ᠬᠢᠳᠠᠳ ᠬᠡᠯᠡᠨ ᠤ ᠨᠣᠳᠤᠭ ᠤᠨ ᠠᠪᠢᠶᠠᠨ ᠤ ᠲᠣᠯᠢ︾ ᠳᠠᠬᠢ ᠠᠪᠢᠶ᠎ᠠ᠄ ᠭᠤᠸᠠᠩ | ᠶᠦᠨ ᠠᠶᠠᠯᠭᠤ ᠳᠤ [driuk]᠂ ᠮᠢᠨᠨᠠᠨ ᠬᠡᠯᠡᠨ ᠳᠤ [dak8] ᠪᠣᠯᠣᠨ [diok8]᠂ ᠭᠤᠸᠠᠩᠵᠸᠥ ᠬᠡᠯᠡᠨ ᠳᠤ | [zuk6]᠂ ᠴᠣᠣᠵᠸᠥ ᠬᠡᠯᠡᠨ ᠳᠤ [dog8]᠂ ᠺᠧ ᠵᠢᠶᠠ ᠬᠡᠯᠡᠨ ᠳᠤ [cuk6]᠂ ᠸᠧᠢᠲᠸᠥ ᠬᠡᠯᠡᠨ ᠳᠤ | [zuk6] ᠭᠡᠵᠡᠢ᠃ | ⒂逐 ᠦᠰᠦᠭ ᠤᠨ ᠡᠷᠳᠡᠨ ᠤ ᠠᠪᠢᠶᠠᠨ ᠤ ᠬᠢᠨᠠᠨ ᠲᠣᠭᠳᠠᠭᠠᠯᠳᠠ᠄ 逐 ᠦᠰᠦᠭ ᠤᠨ ᠡᠷᠳᠡᠨ ᠤ ᠠᠪᠢᠶ᠎ᠠ | ᠣᠨᠴᠠ ᠪᠣᠳᠣᠯᠢᠶᠠᠨ ᠲᠠᠢ ᠪᠢᠰᠢ᠂ ᠲᠡᠭᠡᠳᠦ ᠡᠷᠳᠡᠨ ᠤ ᠦᠶ᠎ᠡ ᠳᠤ duːn ᠭᠡᠵᠦ᠂ ᠲᠣᠮᠳᠠᠳᠣ ᠡᠷᠳᠡᠨ ᠤ ᠦᠶ᠎ᠡ | ᠳᠤ *djhiuk ᠪᠣᠯᠵᠣ᠂ ᠶᠣᠸᠠᠨ ᠣᠯᠣᠰ ᠤᠨ ᠦᠶ᠎ᠡ ᠳᠤ ᠨᠢᠭᠡᠨᠳᠡ ꡅꡦꡟ ︵tʂʼy︶ ᠪᠣᠯᠣᠨ | ꡄꡦꡟ ︵dʐy︶ ᠪᠣᠯᠵᠠᠢ᠃ ᠡᠶᠢᠮᠦ ᠠᠴᠠ ᠠᠳᠡ ᠲᠣᠰ ᠦᠰᠦᠭ ᠢ duːn ᠢᠶᠠᠷ ᠣᠩᠰᠢᠬᠤ ᠨᠢ | ᠣᠳᠬ᠎ᠠ ᠶᠢᠨ ᠲᠠᠯ᠎ᠠ ᠠᠴᠠ ᠦᠵᠡᠪᠡᠯ ᠭᠠᠭ᠋ᠠᠢ ᠭᠡᠵᠦ ᠲᠣᠷᠣᠮᠵᠢᠯᠠᠨ ᠬᠠᠷᠢᠶᠠᠵᠣ ᠪᠠᠶᠢᠭ᠎ᠠ ᠦᠭᠡ ᠪᠣᠯᠪᠠᠴᠣ᠂ ᠠᠪᠢᠶᠠᠨ | ᠤ ᠲᠠᠯ᠎ᠠ ᠠᠴᠠ ᠦᠵᠡᠪᠡᠯ ᠬᠠᠷᠢᠨ ᠵᠦᠪ ᠣᠨᠣᠪᠴᠢᠳᠠᠢ ᠪᠠᠶᠢᠨ᠎ᠠ᠃ ᠣᠴᠢᠷ ᠨᠢ 日逐 ᠭᠡᠳᠡᠭ ᠬᠢᠳᠠᠳ | ᠦᠰᠦᠭ ᠪᠣᠯ ︽ᠢᠯᠳᠣᠨ︾ ︵Ildun︶ ᠭᠡᠳᠡᠭ ᠾᠦᠩᠨᠦ — ᠮᠣᠩᠭᠤᠯ ᠦᠭᠡ ᠶᠢ ᠠᠪᠢᠶᠠᠴᠢᠯᠠᠨ | ᠣᠷᠴᠢᠭᠤᠯᠣᠭᠰᠠᠨ ᠦᠰᠦᠭ ᠪᠣᠯᠣᠨ᠎ᠠ᠃ 日逐 ᠤ ᠲᠠᠶᠢᠯᠪᠣᠷᠢ᠄ 日逐 ᠪᠣᠯ ᠵᠢᠩᠭᠠᠷ ᠲᠤ ᠭᠠᠷᠳᠠᠭ | ᠢᠯᠳᠣᠨ ᠮᠦᠨ᠂ ᠮᠦᠨᠴᠦ ᠾᠦᠩᠨᠦ ᠶᠢᠨ ᠦᠶ᠎ᠡ ᠶᠢᠨ ᠸᠠᠩ ᠤᠨ ᠬᠡᠷᠭᠢᠮ ᠪᠣᠯᠣᠨ ᠨᠣᠶᠠᠳ ᠳᠣᠰᠢᠶᠠᠯᠳᠠᠨ ᠤ ᠨᠡᠷ᠎ᠡ | ᠴᠣᠯᠠ ᠪᠣᠯᠣᠨ᠎ᠠ᠃ ᠲᠡᠬᠦᠨ ᠤ 日 ᠦᠰᠦᠭ ᠢ ᠡᠷᠳᠡ ᠦᠶ᠎ᠡ ᠳᠤ njiɡ᠂ njit᠂ Il᠂ ɡit᠂ zit᠂ ŋit᠂ | jiʔ᠂ mi ᠪᠣᠶᠣ miʔ ᠵᠡᠷᠭᠡ ᠪᠠᠷ ᠪᠦᠷ ᠣᠩᠰᠢᠵᠣ ᠪᠠᠶᠢᠵᠠᠢ᠃ ᠡᠭᠦᠨ ᠢ ᠶᠠᠷᠢᠵᠣ ᠪᠠᠶᠢᠬᠤ ᠨᠢ ᠬᠤᠵᠢᠮ 金 | 日磾 ᠭᠡᠳᠡᠭ ᠾᠦᠩᠨᠦ ᠬᠦᠮᠦᠨ ᠤ ᠨᠡᠷ᠎ᠡ ᠶᠢ ᠲᠠᠶᠢᠯᠪᠣᠷᠢᠯᠠᠬᠤ ᠳᠤ ᠪᠠᠰᠠ ᠲᠠᠬᠢᠨ ᠲᠣᠷᠠᠳᠬᠤ ᠪᠣᠯᠣᠨ᠎ᠠ᠃ 金 | 日磾 ᠶᠢᠨ ᠨᠡᠷ᠎ᠡ ᠲᠣᠲᠣᠷᠠᠬᠢ 日 ᠶᠢ ᠲᠠᠷᠣᠢ miʔ ᠭᠡᠵᠦ ᠣᠩᠰᠢᠨ᠂ ᠺᠢᠮᠢᠭᠳᠡᠢ ᠪᠣᠶᠣ ᠺᠢᠮᠡᠭᠳᠡᠢ ᠭᠡᠵᠦ | ᠲᠠᠶᠢᠯᠪᠣᠷᠢᠯᠠᠨ᠎ᠠ᠃ ᠺᠢᠮᠡᠭᠳᠡᠢ ᠲᠠᠷᠣᠢ ᠣᠳᠣᠬᠢ ᠮᠣᠩᠭᠤᠯ ᠬᠡᠯᠡᠨ ᠤ ᠬᠢᠮᠡᠭᠳᠡᠢ ︵Himegdei︶ ᠮᠦᠨ᠃ | ᠬᠢᠮᠡᠭᠳᠡᠢ ᠶᠢᠨ ᠬᠢᠮᠡᠭ ᠭᠡᠳᠡᠭ ᠦᠭᠡ ᠨᠢ ᠨᠠᠭᠤᠷ ᠲᠠᠩᠬᠢᠰ ᠮᠡᠳᠦ ᠶᠡᠭᠡ ᠣᠰᠣᠨ ᠤ ᠲᠣᠯᠬᠢᠶᠠᠨ ᠢᠶᠠᠷ ᠡᠷᠬᠢ ᠳᠤ | ᠬᠠᠶᠠᠭᠳᠠᠵᠣ ᠭᠠᠷᠣᠭᠰᠠᠨ ᠣᠷᠭᠤᠮᠠᠯ ᠤᠨ ᠶᠠᠯᠵᠠᠮᠠᠭ ᠢ ᠬᠡᠯᠡᠨ᠎ᠡ᠃ ᠡᠶᠢᠮᠦ ᠠᠴᠠ ᠬᠢᠮᠡᠭ ᠭᠡᠳᠡᠭ ᠢ ᠰᠢᠭᠤᠳ ᠶᠠᠷᠢᠪᠠᠯ | ᠶᠡᠭᠡ ᠣᠰᠣᠨ ᠤ ᠬᠤᠭ ᠭᠡᠳᠡᠭ ᠦᠭᠡ ᠪᠣᠯᠣᠨ᠎ᠠ᠃ ᠬᠢᠮᠡᠭᠳᠡᠢ ᠪᠣᠯ ᠪᠦᠬᠡᠴᠡᠶᠢᠭᠦᠯᠵᠦ ᠦᠭᠭᠰᠡᠨ ᠨᠡᠷ᠎ᠡ ᠪᠣᠯᠣᠨ᠎ᠠ᠃ | ᠶᠠᠭ ᠣᠳᠣ ᠦᠶ᠎ᠡ ᠶᠢᠨ ᠬᠡᠣᠬᠡᠳ ᠢᠶᠠᠨ ᠮᠠᠭᠤᠨᠣᠬᠠᠢ ᠭᠡᠵᠦ ᠨᠡᠷ᠎ᠡ ᠦᠭᠭᠦ ᠲᠠᠢ ᠠᠳᠠᠯᠢ ᠦᠢᠯᠡ ᠠᠵᠠᠢ᠃ | | | | ᠪᠡᠯᠡᠳᠬᠡᠭᠰᠡᠨ ᠨᠢ᠄ ᠡᠷᠳᠡᠨᠢᠬᠦᠦ | ᠨᠠᠶᠢᠷᠠᠭᠤᠯᠤᠭᠰᠠᠨ ᠨᠢ᠄ ᠨᠠᠮᠤᠷ | ᠬᠢᠨᠠᠭᠰᠠᠨ ᠨᠢ᠄ ᠤᠷᠢᠬᠠᠨ |