ᠾᠦᠩᠨᠦ ᠶᠢᠨ ᠴᠠᠨ ᠢᠥᠢ ᠨᠠᠷ ᠤᠨ ᠣᠪᠣᠭ ᠭᠠᠷᠪᠠᠯᠢ ᠶᠢ ᠰᠢᠨᠵᠢᠬᠦ ᠨᠢ
ᠨᠡᠶᠢᠲᠡᠯᠡᠭᠰᠡᠨ ᠴᠠᠭ᠄
2020/10/20
ᠣᠣᠬᠠᠨ · ᠬᠠᠭᠳᠠ ᠾᠦᠩᠨᠦ ᠶᠢᠨ ᠴᠠᠨ ᠢᠥᠥᠢ ᠨᠡᠷ ᠤᠨ ᠣᠪᠣᠭ ᠤᠨ ᠲᠣᠬᠠᠢ ᠬᠢᠳᠠᠳ ᠲᠡᠣᠬᠡᠨ ᠨᠣᠮ ᠲᠠᠬᠢ ᠲᠡᠮᠳᠡᠭᠯᠡᠯ ᠭᠡᠪᠡᠯ ᠲᠣᠣᠷᠠᠬᠢ ᠮᠡᠳᠦ ᠭᠤᠷᠪᠠᠨ ᠵᠦᠢᠯ ᠪᠠᠶᠢᠨ᠎ᠠ᠃ ᠨᠢᠭᠡᠳᠦᠭᠡᠷ ᠵᠦᠢᠯ ᠨᠢ᠂ ᠶᠡᠭᠡ ᠲᠡᠣᠬᠡᠴᠢᠨ ᠰᠧ ᠮᠠ ᠴᠢᠶᠠᠨ ︵ᠡᠮᠦᠨ᠎ᠡ 145 ᠣᠨ ᠠᠴᠠ ᠡᠮᠦᠨ᠎ᠡ 90 ᠣᠨ︶ ︽ᠰᠣᠳᠣᠷ ᠲᠡᠮᠳᠡᠭᠯᠡᠯ︾ ᠭᠡᠳᠡᠭ ᠠᠪᠣᠷᠭᠤ ᠪᠦᠳᠦᠭᠡᠯ ᠳᠡᠭᠡᠨ ᠾᠦᠩᠨᠦ ᠶᠢᠨ ᠴᠠᠨ ᠢᠥᠢ ᠨᠡᠷ ᠪᠣᠯ ᠯᠣᠸᠠᠨ ᠳ᠋ᠢ ︵攣鞮︶ ᠣᠪᠣᠭ ᠲᠠᠢ ᠭᠡᠵᠦ ᠲᠡᠮᠳᠡᠭᠯᠡᠵᠡᠢ᠃ ᠪᠠᠨ ᠭᠦ᠋ ︵32 ᠣᠨ ᠠᠴᠠ 92 ᠣᠨ︶ ︽ᠬᠠᠨ ᠣᠯᠣᠰ ᠤᠨ ᠪᠢᠴᠢᠭ︾ ᠭᠡᠳᠡᠭ ᠲᠡᠣᠭᠡᠨ ᠨᠣᠮ ᠳᠠᠭᠠᠨ ᠾᠦᠩᠨᠦ ᠶᠢᠨ ᠴᠠᠨ ᠢᠥᠢ ᠨᠡᠷ ᠪᠣᠯ ᠯᠣᠸᠠᠨ ᠳ᠋ᠢ ᠣᠪᠣᠭ ᠲᠠᠢ ᠭᠡᠵᠦ᠂ ︽ᠰᠣᠳᠣᠷ ᠲᠡᠮᠳᠡᠭᠯᠡᠯ︾ ᠤᠨ ᠬᠡᠯᠡᠯᠭᠡ ᠶᠢ ᠮᠦᠷᠳᠡᠵᠦ ᠪᠢᠴᠢᠵᠡᠢ᠃ ᠬᠤᠶᠠᠳᠣᠭᠠᠷ ᠵᠦᠢᠯ ᠨᠢ᠂ ︽ᠬᠤᠶᠢᠳᠣ ᠬᠠᠨ ᠣᠯᠣᠰ ᠤᠨ ᠪᠢᠴᠢᠭ · ᠡᠮᠦᠨᠡᠳᠦ ᠾᠦᠩᠨᠦ ᠶᠢᠨ ᠱᠠᠰᠳᠢᠷ︾ ᠢ ᠵᠣᠬᠢᠶᠠᠭᠰᠠᠨ ᠹᠠᠨ ᠶᠧ ︵398 — 445︶ ᠭᠡᠭᠴᠢ ᠬᠦᠮᠦᠨ ᠪᠣᠯ ᠾᠦᠩᠨᠦ ᠶᠢᠨ ᠴᠠᠨ ᠢᠥᠢ ᠨᠡᠷ ᠰᠢᠥᠢ ᠯᠢᠠᠨ ᠳ᠋ᠢ ︵虛連鞮︶ ᠣᠪᠣᠭ ᠲᠠᠢ ᠭᠡᠵᠦ ᠲᠡᠮᠳᠡᠭᠯᠡᠪᠡ᠃ ᠭᠤᠷᠪᠠᠳᠣᠭᠠᠷ ᠵᠦᠢᠯ ᠨᠢ᠂ ᠡᠮᠦᠨᠡᠳᠦ ᠾᠦᠩᠨᠦ ᠶᠢᠨ ᠡᠴᠦᠰ ᠤᠨ ᠴᠠᠨ ᠢᠥᠢ ᠶᠢᠨ ᠬᠤᠶᠢᠴᠢᠰ ᠪᠣᠯᠬᠤ ᠯᠢᠦ ᠪᠦᠸᠧ ᠪᠦᠸᠧ ︵381 ᠣᠨ  ᠠᠴᠠ 425 ᠣᠨ︶ ᠭᠡᠭᠴᠢ ᠬᠦᠮᠦᠨ ᠨᠡᠶᠢᠳᠡ ᠶᠢᠨ ᠣᠨ ᠲᠣᠭᠠᠯᠠᠯ ᠤᠨ 407 ᠣᠨ ᠳᠤ ᠶᠡᠭᠡ ᠰᠢᠶᠠ ᠣᠯᠣᠰ ᠢ ᠪᠠᠶᠢᠭᠤᠯᠣᠨ ᠬᠠᠭᠠᠨ ᠰᠠᠭᠤᠭᠠᠳ᠂ 413 ᠣᠨ ᠳᠤ ᠦᠪᠡᠷ ᠤᠨ ᠾᠦᠩᠨᠦ ᠣᠪᠣᠭ ᠢᠶᠠᠨ ᠰᠡᠷᠭᠦᠭᠡᠨ ᠬᠡᠷᠡᠭᠯᠡᠬᠦ ᠪᠠᠷ ᠵᠠᠷᠯᠠᠵᠣ᠂ ᠲᠡᠭᠦᠨ ᠤ ᠲᠡᠭᠡᠳᠦᠰ ᠠᠴᠠ ᠨᠢᠭᠡᠨᠳᠡ ᠬᠡᠳᠦᠨ ᠦᠶ᠎ᠡ ᠬᠠᠨ ᠣᠯᠣᠰ ᠤᠨ ᠬᠠᠭᠠᠨ ᠤ ᠣᠪᠣᠭ ᠯᠢᠥ ᠪᠠᠷ ᠦᠪᠡᠷ ᠢ ᠪᠠᠨ ᠣᠪᠣᠭᠯᠠᠭᠰᠠᠨ ᠲᠡᠣᠬᠡ ᠶᠢ ᠡᠴᠦᠰᠯᠡᠭᠦᠯᠵᠦ᠂ ᠦᠪᠡᠷ ᠤᠨ 赫連 ︵ᠾᠧ ᠯᠢᠶᠠᠨ︶ ᠭᠡᠳᠡᠭ ᠾᠦᠩᠨᠦ ᠣᠪᠣᠭ ᠢᠶᠠᠨ ᠰᠡᠷᠭᠦᠭᠡᠵᠡᠢ᠃ ᠠᠳᠡ ᠡᠨᠡᠬᠦ ᠯᠢᠥ ᠪᠦᠸᠧ ᠪᠦᠸᠧ ᠪᠣᠶᠣ ᠾᠧ ᠯᠢᠶᠠᠨ ᠪᠦᠸᠧ ᠪᠦᠸᠧ ᠭᠡᠳᠡᠭ ᠬᠦᠮᠦᠨ ᠢ ᠣᠨᠴᠠᠯᠠᠨ ᠲᠠᠨᠢᠯᠴᠠᠭᠤᠯᠣᠶ᠎ᠠ᠄ ᠾᠧ ᠯᠢᠶᠠᠨ ᠪᠦᠸᠧ ᠪᠦᠸᠧ ᠶᠢᠨ ᠨᠦᠭᠦᠭᠡ ᠨᠡᠷ᠎ᠡ ᠨᠢ ᠯᠢᠦ ᠪᠦᠸᠧ ᠪᠦᠸᠧ ᠭᠡᠳᠡᠭ᠂ ᠡᠷᠭᠦᠭᠰᠡᠨ ᠨᠡᠷ᠎ᠡ ᠣᠣ ᠶᠦᠨ ︵敖云︶ ᠭᠡᠵᠦ᠂ ᠪᠠᠭ᠎ᠠ ᠶᠢᠨ ᠨᠡᠷ᠎ᠡ ︵ᠾᠦᠩᠨᠦ ᠬᠡᠯᠡᠨ ᠤ ᠨᠡᠷ᠎ᠡ︶ ᠨᠢ ᠬᠦᠭᠡ ︵屈孑︶ ᠭᠡᠳᠡᠭ ᠶᠣᠮ᠃ ᠡᠨᠡᠬᠦ ᠬᠦᠬᠡ ᠭᠡᠳᠡᠭ ᠨᠡᠷ᠎ᠡ ᠶᠢ ᠣᠣᠯ ᠲᠠᠭᠠᠨ ᠲᠡᠷᠡ ᠦᠪᠡᠷ ᠢᠶᠠᠨ ᠶᠠᠮᠠᠷ ᠬᠢᠳᠠᠳ ᠦᠰᠦᠭ  ᠢᠶᠠᠷ ᠢᠯᠡᠳᠭᠡᠵᠦ ᠪᠠᠶᠢᠭᠰᠠᠨ ᠲᠡᠮᠳᠡᠭᠯᠡᠯ ᠨᠢ ᠨᠢᠭᠡᠨᠳᠡ ᠣᠯᠳᠠᠬᠤ ᠦᠭᠡᠢ ᠪᠣᠯᠵᠠᠢ᠃ ᠣᠳᠣ ᠮᠠᠨ ᠤ ᠮᠡᠳᠡᠵᠦ ᠪᠠᠶᠢᠭ᠎ᠠ ᠡᠨᠡ 屈孑 ᠬᠤᠶᠠᠷ ᠬᠢᠳᠠᠳ ᠦᠰᠦᠭ ᠪᠣᠯ ᠣᠮᠠᠷᠠᠳᠣ ᠸᠧᠢ ᠣᠯᠣᠰ ᠤᠨ ᠬᠠᠭᠠᠨ ᠲᠦᠸᠧ ᠪᠠ ᠰᠧ 拓跋嗣 ᠠᠴᠠ ᠲᠡᠭᠦᠨ ᠤ ᠨᠡᠷ᠎ᠡ ᠶᠢ ᠲᠣᠷᠣᠮᠵᠢᠯᠠᠬᠤ ᠦᠰᠦᠭ 屈孑 ᠪᠠᠷ ᠨᠡᠷᠡᠶᠢᠳᠦᠪᠡ ᠭᠡᠳᠡᠭ ᠶᠣᠮ᠃ ᠪᠣᠳᠣᠪᠠᠰᠣ ᠲᠡᠭᠦᠨ ᠤ ᠨᠡᠷ᠎ᠡ ᠶᠢᠨ ᠣᠣᠯ ᠠᠪᠢᠶ᠎ᠠ ᠶᠢ ᠲᠠᠭᠠᠭᠤᠯᠵᠣ ᠲᠣᠷᠣᠮᠵᠢᠯᠠᠬᠤ ᠣᠳᠬ᠎ᠠ ᠪᠦᠬᠦᠢ 屈孑 ᠬᠤᠶᠠᠷ ᠦᠰᠦᠭ ᠢ ᠬᠡᠷᠡᠭᠯᠡᠭᠰᠡᠨ ᠪᠣᠶ᠎ᠠ᠃ 屈孑 ᠶᠢᠨ ᠬᠢᠳᠠᠳ ᠦᠰᠦᠭ ᠤᠨ ᠣᠳᠬ᠎ᠠ ᠨᠢ ᠪᠣᠯ ᠬᠤᠷᠣᠬᠠᠢ ᠰᠢᠪᠠᠵᠢ  ᠶᠢᠨ ᠠᠪᠠᠭᠠᠯᠳᠠᠢ ᠶᠢ ᠵᠢᠭᠠᠳᠠᠭ ᠦᠭᠡ ᠪᠣᠯᠬᠤᠷ ᠬᠡᠯᠡᠯᠭᠡᠨ ᠦᠭᠡᠢ ᠲᠣᠷᠣᠮᠵᠢᠯᠠᠬᠤ ᠣᠳᠬ᠎ᠠ ᠲᠠᠢ ᠦᠭᠡ ᠪᠣᠯᠣᠨ᠎ᠠ᠃ ᠭᠡᠶ᠎ᠡ 屈孑 ᠶᠢᠨ ᠡᠷᠳᠡᠨ ᠤ ᠠᠪᠢᠶ᠎ᠠ ᠨᠢ ᠺᠦ᠋ ᠺᠸᠢ ᠭᠡᠵᠦ᠂ ᠮᠦᠨ ᠺᠦᠺᠧ ᠪᠣᠶᠣ ᠬᠦᠬᠡ ᠭᠡᠳᠡᠭ ᠦᠭᠡᠨ ᠤ ᠡᠷᠳᠡᠨ ᠤ ᠠᠪᠢᠶ᠎ᠠ ᠲᠠᠢ ᠮᠠᠰᠢ ᠵᠣᠬᠢᠴᠠᠵᠣ ᠪᠠᠶᠢᠨ᠎ᠠ᠂ ᠡᠶᠢᠮᠦ ᠠᠴᠠ ᠵᠣᠬᠢᠶᠠᠭᠴᠢ ᠠᠴᠠ ᠬᠦᠭᠡ ᠭᠡᠵᠦ ᠰᠡᠷᠭᠦᠭᠡᠵᠡᠢ᠃ ᠬᠦᠬᠡ ᠪᠣᠯ ᠡᠮᠦᠨᠡᠳᠦ ᠾᠦᠩᠨᠦ ᠶᠢᠨ ᠬᠠᠮᠤᠭ ᠡᠴᠦᠰ ᠤᠨ ᠴᠠᠨ ᠢᠥᠢ ᠶᠢᠨ ᠬᠤᠶᠢᠴᠢᠰ ᠪᠣᠯᠣᠨ᠎ᠠ᠃ ᠲᠡᠭᠦᠨ ᠤ ᠦᠶ᠎ᠡ ᠵᠠᠯᠭᠠᠮᠵᠢ ᠶᠢ ᠲᠣᠷᠠᠳᠣᠪᠠᠯ᠂ ᠯᠢᠦ ᠪᠣᠣ ᠯᠢᠦ ᠬᠡᠪᠡᠭ ︵去卑︶ ᠭᠡᠳᠡᠭ ᠲᠦᠷᠦᠭᠰᠡᠨ ᠦᠶᠡᠯᠢᠳ ᠠᠬ᠎ᠠ ᠲᠡᠭᠦᠥ ᠬᠤᠶᠠᠭᠤᠯᠠ ᠲᠠᠢ ᠬᠤᠯᠪᠣᠭ᠎ᠠ ᠲᠠᠢ ᠶᠣᠮ᠃ ᠯᠢᠦ ᠪᠦᠸᠧ ᠪᠦᠸᠧ ᠶᠢᠨ ᠲᠡᠭᠡᠳᠦ ᠡᠪᠦᠭᠡ ᠨᠢ ᠡᠮᠦᠨᠡᠳᠦ ᠾᠦᠩᠨᠦ ᠶᠢᠨ ᠴᠠᠨ ᠢᠥᠢ ᠪᠠᠶᠢᠭᠰᠠᠨ ᠢᠥᠢ ᠹᠦ᠋ ᠯᠦᠸᠧ ︵於夫罗︶ ᠭᠡᠳᠡᠭ ᠬᠦᠮᠦᠨ ᠪᠣᠯᠣᠨ᠎ᠠ᠃ ᠢᠥᠢ ᠹᠦ᠋ ᠯᠦᠸᠧ ᠨᠡᠶᠢᠳᠡ ᠶᠢᠨ ᠣᠨ ᠲᠣᠭᠠᠯᠠᠯ ᠤᠨ 195 ᠣᠨ ᠳᠤ ᠦᠬᠦᠭᠡᠳ᠂ ᠲᠡᠭᠦᠨ ᠤ ᠲᠡᠭᠦᠥ ᠨᠢ ᠾᠣ᠋ ᠴᠦ᠋ ᠴᠢᠥᠸᠠᠨ ᠴᠠᠨ ᠢᠥᠢ ᠶᠢᠨ ᠰᠠᠭᠤᠷᠢᠨ ᠢ ᠵᠠᠯᠭᠠᠮᠵᠢᠯᠠᠨ᠂ ᠲᠣᠬᠠᠢ ᠶᠢᠨ ᠦᠶ᠎ᠡ ᠳᠤ ᠡᠮᠦᠨᠡᠳᠦ ᠾᠦᠩᠨᠦ ᠶᠢᠨ ᠵᠡᠭᠦᠨ ᠠᠶᠢᠮᠠᠭ ᠤᠨ ᠲᠦᠷᠦᠭᠦᠥ ᠪᠠᠶᠢᠭᠰᠠᠨ ᠢᠥᠢ ᠹᠦ᠋ ᠯᠦᠸᠧ ᠶᠢᠨ ᠠᠬᠠᠮᠠᠳ ᠬᠦᠪᠡᠭᠦᠨ ᠯᠢᠣ ᠪᠣᠥ ᠶᠢ ᠵᠡᠭᠦᠨ ᠮᠡᠷᠭᠡᠨ ᠸᠠᠩ ᠡᠷᠭᠦᠮᠵᠢᠯᠡᠪᠡ᠃ 207 ᠣᠨ ᠳᠤ ᠵᠡᠭᠦᠨ ᠬᠠᠨ ᠣᠯᠣᠰ ᠤᠨ ᠠᠯᠳᠠᠷᠳᠣ ᠪᠢᠴᠢᠭ ᠤᠨ ᠡᠷᠳᠡᠮᠳᠡᠨ ᠪᠦᠭᠡᠳ ᠶᠡᠭᠡ ᠲᠦᠰᠢᠮᠡᠯ ᠪᠠᠶᠢᠭᠰᠠᠨ ᠼᠠᠢ ᠶᠦᠩ ᠬᠠᠨ ᠣᠯᠣᠰ ᠤᠨ ᠲᠣᠲᠣᠭᠠᠳᠣ ᠶᠢᠨ ᠣᠷᠪᠠᠯᠭᠠᠨ ᠪᠣᠯᠬᠤ ᠳ᠋ᠦᠩ ᠵᠦᠸᠧ  ᠶᠢᠨ ᠰᠠᠮᠠᠭᠤᠷᠠᠯ ᠳᠤ ᠠᠯᠠᠭᠳᠠᠵᠣ᠂ ᠲᠡᠭᠦᠨ ᠤ ᠡᠷᠳᠡᠮ ᠨᠣᠮ ᠢᠶᠠᠷ ᠠᠯᠳᠠᠷᠰᠢᠭᠰᠠᠨ ᠬᠡᠣᠬᠡᠨ ᠼᠠᠢ ᠸᠧᠨ ᠵᠢᠢ ᠲᠠᠶᠢᠨ  ᠠᠴᠠ ᠵᠠᠶᠢᠯᠠᠨ ᠲᠡᠷᠪᠡᠵᠦ ᠡᠮᠦᠨᠡᠳᠦ ᠾᠦᠩᠨᠦ ᠳᠤ ᠣᠷᠣᠭᠠᠳ᠂ ᠯᠢᠦ ᠪᠣᠣ ᠲᠠᠢ ᠦᠰᠦ ᠬᠤᠯᠪᠣᠭᠠᠳ ᠠᠮᠢᠳᠣᠷᠠᠵᠣ ᠪᠠᠶᠢᠭᠰᠠᠨ ᠪᠣᠯᠪᠠᠴᠣ᠂ ᠼᠤᠤ ᠼᠣᠤ ᠠᠴᠠ ᠼᠠᠢ ᠸᠧᠨ ᠵᠢᠢ ᠶᠢᠨ ᠡᠴᠢᠭᠡ ᠲᠠᠢ ᠨᠠᠶᠢᠷ ᠲᠠᠢ ᠪᠠᠶᠢᠭᠰᠠᠨ ᠭᠡᠳᠡᠭ ᠨᠡᠷ᠎ᠡ  ᠪᠠᠷ ᠼᠠᠢ ᠸᠧᠨ ᠵᠢᠢ ᠶᠢ ᠬᠦᠴᠦ ᠪᠠᠷ ᠰᠠᠯᠭᠠᠨ ᠠᠪᠣᠭᠠᠳ ᠬᠠᠨ ᠣᠯᠣᠰ ᠤᠨ ᠲᠦᠷᠦ ᠳᠡᠭᠡᠨ ᠠᠪᠠᠴᠢᠭᠰᠠᠨ ᠶᠣᠮ᠃ 216 ᠣᠨ ᠤ ᠦᠶ᠎ᠡ ᠪᠠᠷ ᠮᠦᠨ ᠼᠣᠤ ᠼᠣᠤ ᠡᠮᠦᠨᠡᠳᠦ ᠾᠦᠩᠨᠦ ᠶᠢᠨ ᠬᠦᠴᠦ ᠶᠢ ᠵᠠᠳᠠᠷᠠᠭᠤᠯᠣᠨ ᠰᠠᠯᠭᠠᠬᠤ ᠵᠣᠷᠢᠯᠭ᠎ᠠ ᠪᠠᠷ ᠾᠣ᠋ ᠴᠣ᠋ ᠴᠢᠥᠸᠠᠨ ᠴᠠᠨ ᠢᠥᠢ ᠶᠢ ᠬᠠᠨ ᠣᠯᠣᠰ ᠤᠨ ᠲᠦᠷᠦ ᠳᠤ ᠪᠠᠷᠠᠭᠠᠯᠠᠬᠤ ᠲᠠᠰᠢᠷᠠᠮ ᠢᠶᠠᠷ ᠨᠡᠶᠢᠰᠯᠡᠯ ᠬᠤᠳᠠᠨ ᠲᠠᠭᠠᠨ ᠦᠯᠡᠳᠡᠭᠡᠨ ᠰᠣᠯᠠ ᠬᠤᠷᠢᠵᠣ᠂ ᠲᠠᠬᠢᠵᠣ ᠣᠯᠣᠰ ᠲᠤᠨᠢ ᠪᠣᠴᠠᠭᠠᠭᠰᠠᠨ ᠦᠭᠡᠢ᠂ ᠬᠠᠷᠢᠨ ᠲᠡᠭᠦᠨ ᠤ ᠬᠦᠪᠡᠭᠦᠨ ᠯᠢᠦ ᠬᠡᠪᠡᠭ ᠢ ᠶᠠᠪᠣᠭᠤᠯᠣᠨ᠂ ᠡᠮᠦᠨᠡᠳᠦ ᠾᠦᠩᠨᠦ ᠶᠢᠨ ᠬᠡᠷᠡᠭ ᠢ ᠮᠡᠳᠡᠭᠦᠯᠵᠦ᠂ ᠵᠢᠯ ᠪᠣᠯᠭᠠᠨ ᠬᠠᠨ ᠣᠯᠣᠰ ᠤᠨ ᠨᠡᠶᠢᠰᠯᠡᠯ ᠳᠤ ᠨᠢᠭᠡᠨ ᠣᠳᠠᠭ᠎ᠠ ᠣᠷᠣᠵᠣ ᠡᠴᠢᠬᠡ ᠬᠠᠭᠠᠨ ᠲᠠᠢ ᠪᠠᠨ ᠠᠭᠤᠯᠵᠠᠵᠣ ᠪᠣᠯᠣᠨ᠎ᠠ ᠬᠡᠮᠡᠨ ᠲᠣᠭᠳᠠᠭᠠᠵᠠᠢ᠃ ᠡᠭᠦᠨ ᠠᠴᠠ ᠯᠢᠦ ᠪᠣᠣ ᠪᠣᠯᠣᠨ ᠯᠢᠦ ᠬᠡᠪᠡᠭ ᠪᠣᠯ ᠲᠦᠷᠦᠭᠰᠡᠨ ᠦᠶᠡᠯᠢᠳ ᠠᠬ᠎ᠠ ᠲᠡᠭᠦᠥ ᠭᠡᠳᠡᠭ ᠢ ᠮᠡᠳᠡᠵᠦ ᠪᠣᠯᠣᠨ᠎ᠠ᠃ ᠯᠢᠦ ᠬᠡᠪᠡᠭ ᠬᠡᠳᠦᠶᠢᠪᠡᠷ ᠬᠠᠨ ᠣᠯᠣᠰ ᠤᠨ ᠲᠦᠷᠦ ᠶᠢᠨ ᠵᠠᠷᠯᠢᠭ ᠢᠶᠠᠷ ᠡᠮᠦᠨᠡᠳᠦ ᠾᠦᠩᠨᠦ ᠶᠢᠨ ᠬᠡᠷᠡᠭ ᠣᠴᠢᠷ ᠢ ᠮᠡᠳᠡᠵᠦ ᠪᠠᠶᠢᠨ᠎ᠠ ᠬᠡᠪᠡᠴᠦ᠂ ᠾᠦᠩᠨᠦᠴᠦᠳ ᠤᠨ ᠲᠣᠲᠣᠷᠠᠬᠢ ᠲᠦᠷᠢᠮ ᠭᠤᠷᠢᠮ  ᠢᠶᠠᠷ ᠯᠢᠦ ᠪᠣᠣ ᠬᠠᠷᠢᠨ ᠲᠣᠲᠣᠭᠠᠳᠣ ᠶᠢᠨ ᠬᠡᠷᠡᠭ ᠣᠴᠢᠷ ᠲᠠᠭᠠᠨ ᠨᠡᠩ ᠶᠡᠭᠡ ᠡᠷᠬᠡ ᠬᠦᠨᠳᠦᠳᠡᠢ ᠪᠠᠶᠢᠭᠰᠠᠨ ᠨᠢ ᠲᠠᠮᠵᠢᠭ ᠦᠭᠡᠢ᠂ ᠰᠢᠯᠳᠠᠭᠠᠨ ᠨᠢ ᠯᠢᠦ ᠪᠣᠣ ᠪᠣᠯ ᠵᠡᠭᠦᠨ ᠮᠡᠷᠭᠡᠨ ᠸᠠᠩ ᠪᠠᠶᠢᠵᠣ᠂ ᠴᠠᠨ ᠢᠥᠢ ᠶᠢᠨ ᠰᠠᠭᠤᠷᠢᠨ ᠵᠠᠯᠭᠠᠮᠵᠢᠯᠠᠬᠤ ᠡᠷᠬᠡ ᠪᠦᠬᠦᠢ ᠬᠦᠮᠦᠨ ᠪᠠᠶᠢᠵᠠᠢ᠂ ᠬᠠᠷᠢᠨ ᠯᠢᠦ ᠬᠡᠪᠡᠭ ᠪᠣᠯ ᠵᠦᠪᠬᠡᠨ ᠪᠠᠷᠠᠭᠤᠨ ᠮᠡᠷᠭᠡᠨ ᠸᠠᠩ ᠪᠠᠶᠢᠵᠣ᠂ ᠵᠡᠭᠦᠨ ᠮᠡᠷᠭᠡᠨ ᠸᠠᠩ ᠠᠴᠠ ᠪᠠᠨ ᠨᠢᠭᠡᠨ ᠲᠡᠰ ᠲᠣᠣᠷ᠎ᠠ ᠶᠣᠮ᠃ ᠡᠨᠡᠬᠦ ᠯᠢᠦ ᠪᠣᠣ ᠭᠡᠳᠡᠭ ᠬᠦᠮᠦᠨ ᠤ ᠲᠦᠷᠦᠭᠰᠡᠨ ᠣᠨ ᠰᠠᠷ᠎ᠠ ᠲᠣᠲᠣᠷᠬᠠᠢ ᠦᠭᠡᠢ ᠪᠣᠯᠪᠠᠴᠣ᠂ ᠲᠡᠭᠦᠨ ᠤ ᠡᠴᠢᠬᠡ  ᠶᠢᠨ ᠦᠬᠦᠭᠰᠡᠨ ᠣᠨ ᠵᠢᠯ ᠪᠠ ᠲᠡᠭᠦᠨ ᠤ ᠠᠪᠠᠭ᠎ᠠ ᠾᠣ᠋ ᠴᠣ᠋ ᠴᠢᠥᠸᠠᠨ ᠴᠠᠨ ᠢᠥᠢ ᠶᠢᠨ ᠰᠠᠭᠤᠷᠢᠨ ᠳᠤ ᠰᠠᠭᠤᠭᠠᠳ ᠂ ᠲᠡᠭᠦᠨ ᠢ ᠵᠡᠭᠦᠨ ᠮᠡᠷᠭᠡᠨ ᠸᠠᠩ ᠡᠷᠭᠦᠮᠵᠢᠯᠡᠭᠰᠡᠨ ᠦᠩᠭᠡᠷᠡᠯᠳᠡ ᠪᠠᠷ ᠲᠦᠯᠬᠢᠵᠦ ᠪᠣᠳᠣᠪᠠᠯ ᠲᠡᠷᠡ ᠯᠠᠪᠳᠠᠢ 180 ‍ᠭᠠᠳ ᠣᠨ ᠠᠴᠠ ᠡᠮᠦᠨ᠎ᠡ ᠲᠦᠷᠦᠭᠰᠡᠨ ᠪᠠᠶᠢᠬᠤ ᠶᠣᠰᠣᠳᠠᠢ᠂ ᠲᠡᠭᠦᠨ ᠤ ᠦᠬᠦᠭᠰᠡᠨ ᠣᠨ ᠵᠢᠯ ᠢ ᠶᠢᠨ ᠣᠯᠣᠰ ᠤᠨ ᠲᠡᠣᠬᠡᠨ ᠳᠤ ᠱᠢ ᠽᠤ᠋ ᠡᠣ ᠬᠤᠸᠠᠩ ᠳ᠋ᠢ ᠰᠧ ᠮᠠ ᠶᠠᠨ ᠤ ᠰᠢᠶᠠᠨ ᠨᠢᠩ ᠤᠨ ᠲᠠᠪᠣᠳᠣᠭᠠᠷ ᠣᠨ ︵279 ᠣᠨ︶ ᠭᠡᠵᠦ ᠲᠣᠲᠣᠷᠬᠠᠢ ᠲᠡᠮᠳᠡᠭᠯᠡᠵᠦ ᠪᠠᠶᠢᠭ᠎ᠠ ᠪᠠᠷ ᠦᠵᠡᠪᠡᠯ᠂ ᠲᠡᠷᠡ ᠨᠠᠭᠠᠳᠣ ᠵᠠᠬ᠎ᠠ ᠲᠠᠭᠠᠨ ᠨᠠᠰᠣᠨ ᠬᠤᠳᠤᠭ ᠵᠠᠭᠤ ᠬᠦᠷᠴᠡᠢ᠃ ᠣᠯᠠᠩᠬᠢ ᠨᠣᠮ ᠳᠤ ᠲᠡᠭᠦᠨ ᠢ ᠪᠦᠷ ᠵᠠᠭᠤ ᠢᠯᠡᠭᠦᠥ ᠨᠠᠰᠣᠯᠠᠪᠠ ᠭᠡᠵᠦ ᠲᠡᠮᠳᠡᠭᠯᠡᠵᠦ ᠪᠠᠶᠢᠭ᠎ᠠ ᠶᠣᠮ᠃ ᠲᠡᠣᠬᠡᠨ ᠲᠡᠮᠳᠡᠭᠯᠡᠯ ᠢ ᠦᠨᠳᠦᠰᠦᠯᠡᠪᠡᠯ ᠯᠢᠦ ᠪᠣᠣ᠂ ᠼᠣᠤ ᠣᠪᠣᠭᠳᠣ ᠶᠢᠨ ᠪᠠᠶᠢᠭᠤᠯᠣᠭᠰᠠᠨ ᠸᠧᠢ ᠣᠯᠣᠰ ᠤᠨ ᠵᠢᠶᠠ ᠫᠢᠩ ᠤᠨ ᠣᠨ ︵249 — 254︶ ᠢᠶᠠᠷ ᠬᠦᠬᠡᠶᠢᠳ ︵呼延︶ ᠣᠪᠣᠭᠳᠣ ᠬᠠᠳᠣᠨ ᠢᠶᠠᠨ ᠲᠠᠭᠠᠭᠤᠯᠵᠣ᠂ ᠯᠦᠩ ᠮᠧᠨ ᠭᠠᠵᠠᠷ ᠲᠤ ᠬᠦᠷᠴᠦ ᠦᠷ᠎ᠡ ᠶᠢᠨ ᠬᠤᠳᠤᠭ ᠭᠤᠶᠣᠵᠣ ᠣᠯᠣᠭᠰᠠᠨ ᠬᠦᠪᠡᠭᠦᠨ ᠪᠣᠯ ᠯᠢᠦ ᠶᠣᠸᠠᠨ ᠭᠡᠳᠡᠭ ᠨᠡᠷ᠎ᠡ ᠲᠠᠢ᠂ ᠯᠢᠦ ᠶᠣᠸᠠᠨ ︵刘渊᠂ ?~310 ᠣᠨ︶ ᠬᠤᠵᠢᠮ ᠶᠢᠨ ᠣᠯᠤᠰ ᠢ ᠮᠦᠬᠦᠭᠡᠬᠦ ᠦᠢᠯᠡ  ᠶᠢ ᠦᠨᠳᠦᠰᠦᠯᠡᠨ᠂ 304 ᠣᠨ ᠳᠤ ᠲᠡᠷᠡ ᠲᠡᠣᠬᠡᠨ ᠳᠤ ᠠᠯᠳᠠᠷᠰᠢᠭᠰᠠᠨ ᠲᠠᠪᠣᠨ ᠾᠣ᠋ ᠶᠢᠨ ᠠᠷᠪᠠᠨ ᠵᠢᠷᠭᠤᠭᠠᠨ ᠣᠯᠣᠰ ᠤᠨ ᠠᠩᠬᠠᠨ ᠤ ᠨᠢᠭᠡᠨ ᠲᠦᠷᠦᠳᠦ ᠣᠯᠣᠰ ᠪᠣᠯᠬᠤ ᠡᠮᠦᠨ᠎ᠡ ᠵᠣᠣ ᠣᠯᠣᠰ ᠭᠡᠬᠦ ᠪᠣᠶᠣ ᠪᠠᠰᠠ ᠬᠠᠨ ᠣᠯᠣᠰ ᠭᠡᠳᠡᠭ ᠣᠯᠣᠰ ᠢ ᠪᠠᠶᠢᠭᠤᠯᠵᠦ ᠬᠠᠭᠠᠨ ᠰᠠᠭᠤᠵᠠᠢ᠃ ᠲᠡᠭᠦᠨ ᠤ ᠪᠠᠶᠢᠭᠤᠯᠣᠭᠰᠠᠨ ᠡᠨᠡᠬᠦ ᠣᠯᠣᠰ ᠢ ᠲᠡᠣᠬᠡᠨ ᠳᠤ ᠪᠠᠰᠠ ᠬᠠᠨ ᠵᠣᠣ ᠣᠯᠣᠰ ᠴᠦ ᠭᠡᠳᠡᠭ ᠶᠣᠮ᠃ ᠯᠢᠦ ᠶᠣᠸᠠᠨ 310 ᠣᠨ ᠳᠤ ᠦᠬᠦᠵᠡᠢ᠃ ᠲᠡᠭᠦᠨ ᠤ ᠬᠤᠶᠢᠨ᠎ᠠ  ᠠᠴᠠ ᠠᠬᠠᠮᠠᠳ ᠬᠦᠪᠡᠭᠦᠨ ᠯᠢᠦ ᠾᠧ ᠬᠠᠭᠠᠨ ᠣᠷᠣ ᠵᠠᠯᠭᠠᠮᠵᠢᠯᠠᠵᠣ᠂ ᠲᠠᠬᠢᠨ ᠲᠦᠷᠪᠡᠳᠦᠭᠡᠷ ᠭᠦᠪᠡᠭᠦᠨ ᠯᠢᠦ ᠽᠦᠩ ᠬᠠᠭᠠᠨ ᠰᠠᠭᠤᠭᠠᠳ 318 ᠣᠨ ᠳᠤ ᠦᠬᠦᠵᠡᠢ᠃ ᠲᠡᠭᠦᠨ ᠤ ᠬᠤᠶᠢᠨ᠎ᠠ ᠠᠴᠠ ᠯᠢᠦ ᠽᠦᠩ ᠤᠨ ᠬᠦᠪᠡᠭᠦᠨ ᠯᠢᠥ ᠼᠠᠨ ᠬᠠᠭᠠᠨ ᠰᠢᠷᠡᠭᠡ ᠡᠵᠡᠯᠡᠭᠡᠳ᠂ ᠲᠡᠷᠡ ᠵᠢᠯ ᠳᠡᠭᠡᠨ ᠡᠷᠬᠡᠳᠡᠨ ᠳᠦᠰᠢᠮᠡᠯ ᠶᠢᠨ ᠽᠦᠨ ᠳᠤ ᠠᠯᠠᠭᠳᠠᠵᠣ᠂ ᠲᠡᠭᠦᠨ ᠤ ᠲᠠᠶᠢᠽᠢ ᠬᠦᠪᠡᠭᠦᠨ ᠯᠢᠦ ᠶᠣᠸᠠᠨ ᠭᠦᠩ ᠵᠢᠴᠢ ᠪᠣᠰᠣᠳ ᠣᠯᠠᠨ ᠬᠦᠪᠡᠭᠦᠳ ᠨᠢ ᠪᠦᠷ ᠬᠠᠮᠳᠣ ᠪᠠᠷ ᠬᠤᠣᠷᠯᠠᠭᠳᠠᠵᠠᠢ᠃ ᠲᠡᠭᠡᠭᠡᠳ ᠲᠦᠷᠦᠯ ᠤᠨ ᠬᠦᠮᠦᠨ ᠯᠢᠦ ᠶᠣᠣ᠂ ᠶᠢᠨ ᠽᠦᠨ ᠨᠡᠷ ᠢ ᠠᠯᠠᠵᠣ ᠬᠠᠭᠠᠨ ᠰᠢᠷᠡᠭᠡ ᠶᠢ ᠡᠵᠡᠯᠡᠪᠡ᠃ ᠯᠢᠦ ᠶᠣᠣ ᠶᠢ ᠲᠡᠣᠬᠡᠨ ᠳᠤ ᠯᠢᠦ ᠶᠣᠸᠠᠨ ᠤ ᠲᠡᠵᠢᠭᠡᠭᠰᠡᠨ ᠬᠦᠪᠡᠭᠦᠨ ᠭᠡᠵᠦ ᠬᠡᠯᠡᠳᠡᠭ ᠶᠣᠮ᠃ ᠦᠨᠡᠨᠳᠡᠭᠡᠨ ᠮᠦᠨ ᠡᠨᠡᠬᠦ ᠾᠦᠩᠨᠦ ᠢᠵᠠᠭᠤᠷᠳᠠᠨ ᠤ ᠴᠢᠰᠦᠨ ᠲᠦᠷᠦᠯ ᠤᠨ ᠨᠢᠭᠡᠨ ᠬᠦᠪᠡᠭᠦᠨ ᠪᠣᠯᠣᠨ᠎ᠠ᠃ ᠯᠢᠦ ᠶᠣᠸᠠᠨ ᠲᠡᠭᠦᠨ ᠲᠠᠢ ᠠᠩᠬ᠎ᠠ ᠠᠭᠤᠯᠵᠠᠭᠠᠳ ᠬᠡᠯᠡᠭᠰᠡᠨ ᠦᠭᠡᠨ ᠳᠤ᠄ ︽ᠡᠨᠡ ᠬᠦᠪᠡᠭᠦᠨ ᠮᠠᠨ ᠤ ᠭᠡᠷ ᠤᠨ ᠠᠵᠢᠨᠠᠢ ᠪᠠᠶᠢᠨ᠎ᠠ︾ ᠭᠡᠳᠡᠭ ᠦᠭᠡᠨ ᠠᠴᠠ ᠦᠵᠡᠪᠡᠯ ᠯᠢᠦ ᠶᠣᠣ ᠪᠣᠯ ᠯᠢᠦ ᠶᠣᠸᠠᠨ ᠤ ᠲᠦᠷᠦᠯ ᠤᠨ ᠬᠦᠪᠡᠭᠦᠨ ᠮᠦᠨ ᠭᠡᠳᠡᠭ  ᠢ ᠭᠡᠷᠡᠴᠢᠯᠡᠵᠦ ᠪᠣᠯᠣᠨ᠎ᠠ᠃ ᠯᠢᠦ ᠶᠣᠣ ᠬᠠᠭᠠᠨ ᠰᠠᠭᠤᠭᠠᠳ ᠬᠦᠪᠡᠭᠦᠨ ᠯᠢᠦ ᠰᠢ ᠶᠢ ᠲᠠᠶᠢᠽᠢ ᠡᠷᠭᠦᠮᠵᠢᠯᠡᠵᠡᠢ᠃ 329 ᠣᠨ ᠳᠤ ᠱᠢ ᠾᠣ᠋ ᠶᠢᠨ ᠣᠷᠪᠠᠯᠭᠠᠨ ᠰᠠᠮᠠᠭᠤᠷᠠᠯ ᠳᠤ ᠯᠢᠦ ᠶᠣᠣ ᠴᠡᠷᠢᠭ ᠲᠠᠷᠣᠭᠳᠠᠨ ᠱᠢ ᠾᠣ᠋ ᠳᠤ ᠪᠠᠷᠢᠭᠳᠠᠵᠣ ᠠᠯᠠᠭᠳᠠᠪᠠ᠂ ᠣᠳᠠᠯ ᠦᠭᠡᠢ ᠲᠡᠭᠦᠨ ᠤ ᠬᠦᠪᠡᠭᠦᠨ ᠯᠢᠦ ᠰᠢ ᠴᠦ ᠱᠢ ᠾᠣ᠋ ᠳᠤ ᠴᠡᠷᠢᠭ ᠲᠠᠷᠣᠭᠳᠠᠨ ᠲᠠᠶᠢᠨ ᠳᠤ ᠦᠬᠦᠭᠡᠳ ᠬᠠᠨ ᠵᠣᠣ ᠣᠯᠣᠰ ᠮᠦᠬᠦᠵᠡᠢ᠃ ᠲᠣᠰ ᠣᠯᠣᠰ ᠲᠡᠣᠬᠡᠨ ᠳᠤ ᠨᠡᠶᠢᠳᠡ ᠬᠤᠷᠢᠨ ᠲᠠᠪᠣᠬᠠᠨ ᠵᠢᠯ ᠲᠣᠭᠳᠠᠨᠢᠭᠰᠠᠨ ᠶᠣᠮ᠃ ᠭᠡᠪᠡᠴᠦ᠂ ᠾᠦᠩᠨᠦᠴᠦᠳ ᠤᠨ ᠡᠯ᠎ᠡ ᠠᠶᠢᠮᠠᠭ ᠪᠦᠯᠦᠭ ᠤᠨ ᠲᠦᠷᠦᠭᠦᠴᠦᠳ ᠤᠨ ᠬᠦᠭᠵᠢᠯ ᠬᠠᠶᠢᠬᠤ ᠡᠬᠢᠯᠡᠯᠳᠡ ᠪᠣᠯᠵᠣ᠂ ᠲᠠᠪᠣᠨ ᠾᠣ᠋ ᠶᠢᠨ ᠠᠷᠪᠠᠨ ᠵᠢᠷᠭᠤᠭᠠᠨ ᠣᠯᠣᠰ ᠤᠨ ᠡᠭᠦᠰᠦᠯ ᠪᠣᠯᠵᠠᠢ᠃ ᠯᠢᠦ ᠶᠣᠣ ᠶᠢᠨ ᠮᠦᠬᠦᠯ ᠢᠶᠠᠷ ᠮᠠᠨ ᠤ ᠠᠳᠡ ᠬᠡᠯᠡᠵᠦ ᠪᠠᠶᠢᠭ᠎ᠠ ᠡᠮᠦᠨᠡᠳᠦ ᠾᠦᠩᠨᠦ ᠶᠢᠨ ᠵᠡᠭᠦᠨ ᠮᠡᠷᠭᠡᠨ ᠸᠠᠩ ᠯᠢᠦ ᠪᠣᠣ ᠶᠢᠨ ᠭᠡᠷ ᠪᠦᠯᠢ ᠶᠢᠨ ᠬᠤᠶᠢᠴᠢᠰ ᠤᠨ ᠡᠮᠦᠨᠡᠳᠦ ᠾᠦᠩᠨᠦ ᠶᠢ ᠡᠵᠡᠮᠰᠢᠬᠦ ᠶᠡᠭᠡ ᠡᠷᠬᠡ ᠰᠢᠯᠵᠢᠵᠦ᠂ ᠪᠠᠷᠠᠭᠤᠨ ᠮᠡᠷᠭᠡᠨ ᠸᠠᠩ ᠪᠠᠶᠢᠭᠰᠠᠨ ᠯᠢᠦ ᠬᠡᠪᠡᠭ ᠤᠨ ᠬᠤᠶᠢᠴᠢᠰ ᠤᠨ ᠭᠠᠷ ᠲᠤ ᠣᠷᠣᠵᠠᠢ᠃ ᠲᠡᠭᠡᠷ᠎ᠡ ᠯᠢᠦ ᠪᠣᠣ ᠪᠣᠯᠣᠨ ᠯᠢᠦ ᠬᠡᠪᠡᠭ ᠪᠣᠯ ᠲᠦᠷᠦᠭᠰᠡᠨ ᠦᠶᠡᠯᠢᠳ ᠠᠬ᠎ᠠ ᠲᠡᠬᠦᠥ ᠪᠣᠯᠣᠨ᠎ᠠ ᠭᠡᠵᠦ ᠬᠡᠯᠡᠵᠦ ᠦᠩᠭᠡᠷᠡᠵᠡᠢ᠃ ᠡᠶᠢᠮᠦ ᠠᠴᠠ ᠡᠮᠦᠨᠡᠳᠦ ᠾᠦᠩᠨᠦ ᠶᠢᠨ ᠶᠡᠭᠡ ᠡᠷᠬᠡ ᠡᠬᠢᠯᠡᠩᠭᠦᠳᠡ ᠠᠬᠠᠮᠠᠳ ᠮᠦᠷᠳᠡᠭᠡᠨ ᠵᠡᠭᠦᠨ ᠮᠡᠷᠭᠡᠨ ᠸᠠᠩ ᠪᠣᠯᠬᠤ ᠯᠢᠦ ᠪᠣᠣ ᠶᠢᠨ ᠭᠠᠷ  ᠲᠤ ᠲᠦᠪᠯᠡᠷᠡᠵᠦ ᠪᠠᠶᠢᠪᠠ᠃ ᠯᠢᠦ ᠪᠣᠣ ᠶᠢᠨ ᠨᠢᠭᠡᠨ ᠰᠠᠯᠠᠭ᠎ᠠ ᠵᠡᠭᠦᠨ ᠮᠡᠷᠭᠡᠨ ᠸᠠᠩ ᠤᠨ ᠪᠠᠶᠢᠷᠢ ᠰᠠᠭᠤᠷᠢ ᠶᠢ ᠡᠵᠡᠯᠡᠵᠦ᠂ ᠯᠢᠦ ᠬᠡᠪᠡᠭ ᠤᠨ ᠨᠢᠭᠡᠨ ᠰᠠᠯᠠᠭ᠎ᠠ ᠨᠢ ᠾᠦᠩᠨᠦ ᠶᠢᠨ ᠪᠠᠷᠠᠭᠤᠨ ᠮᠡᠷᠭᠡᠨ ᠸᠠᠩ ᠤᠨ ᠪᠠᠶᠢᠷᠢ ᠰᠠᠭᠤᠷᠢᠨ  ᠳᠤ ᠪᠠᠶᠢᠵᠠᠢ᠃ ᠡᠶᠢᠮᠦ ᠠᠴᠠ ᠾᠦᠩᠨᠦ ᠶᠢᠨ ᠲᠠᠳᠬᠠᠯ ᠢᠶᠠᠷ ᠵᠡᠭᠦᠨ ᠮᠡᠷᠭᠡᠨ ᠸᠠᠩ ᠨᠢ ᠪᠠᠷᠠᠭᠤᠨ ᠮᠡᠷᠭᠡᠨ ᠸᠠᠩ  ᠠᠴᠠ ᠪᠠᠨ ᠬᠠᠪᠢ ᠦᠭᠡᠢ ᠡᠷᠬᠢᠮ ᠦᠨᠳᠦᠷ ᠪᠠᠶᠢᠳᠠᠭ ᠪᠣᠯᠬᠤᠷ᠂ ᠯᠢᠦ ᠪᠣᠣ ᠶᠢᠨ ᠠᠶᠢᠮᠠᠭ ᠾᠦᠩᠨᠦᠴᠦᠳ ᠲᠣᠲᠣᠷ᠎ᠠ  ᠪᠠᠨ ᠬᠠᠮᠤᠭ ᠡᠷᠬᠢᠮ ᠪᠠᠶᠢᠭᠰᠠᠨ ᠠᠵᠠᠢ᠃ ᠬᠤᠵᠢᠮ ᠯᠢᠦ ᠶᠣᠣ ᠡᠴᠢᠭᠡ ᠬᠦᠪᠡᠭᠦᠨ ᠤ ᠢᠯᠠᠭᠳᠠᠯ ᠠᠴᠠ ᠪᠣᠯᠵᠣ᠂ ᠣᠯᠣᠰ ᠭᠡᠷ ᠨᠢ ᠮᠦᠬᠦᠭᠰᠡᠨ ᠠᠴᠠ᠂ ᠾᠦᠩᠨᠦ ᠶᠢᠨ ᠶᠡᠭᠡ ᠡᠷᠬᠡ ᠠᠶᠠᠨᠳᠠᠭᠠᠨ ᠯᠢᠦ ᠬᠡᠪᠡᠭ ᠤᠨ ᠬᠤᠶᠢᠴᠢᠰ ᠪᠣᠯᠬᠤ ᠯᠢᠦ ᠡᠣ ᠬᠤᠸᠠᠨ ᠤ ᠭᠠᠷ ᠲᠤ ᠲᠦᠪᠯᠡᠷᠡᠵᠦ ᠢᠷᠡᠵᠡᠢ᠃ ᠯᠢᠦ ᠬᠡᠪᠡᠭ ᠤᠨ ᠰᠠᠭᠤᠷᠢᠨ ᠢ ᠭᠦᠪᠡᠭᠦᠨ ᠯᠢᠦ ᠮᠧᠩ ᠪᠣᠯᠣᠨ ᠯᠢᠦ ᠭᠤᠣ ᠱᠧᠩ ᠶᠣᠸᠠᠨ ︵刘诰升爰 ᠪᠠᠰᠠ 刘训兜 ᠭᠡᠳᠡᠭ︶ ᠬᠤᠶᠢᠨ᠎ᠠ ᠬᠤᠶᠢᠨ᠎ᠠ  ᠠᠴᠠ ᠪᠠᠨ ᠵᠡᠯᠭᠠᠮᠵᠢᠯᠠᠨ᠂ ᠲᠡᠭᠦᠨ ᠤ ᠬᠤᠶᠢᠨ᠎ᠠ ᠯᠢᠦ ᠭᠤᠣ ᠱᠧᠩ ᠶᠣᠸᠠᠨ ᠤ ᠬᠦᠪᠡᠭᠦᠨ ᠯᠢᠦ ᠾᠣ᠋ ᠵᠠᠯᠭᠠᠮᠵᠢᠯᠠᠨ᠂ ᠯᠢᠦ ᠾᠣ᠋ ᠶᠢ ᠬᠦᠪᠡᠭᠦᠨ ᠯᠢᠦ ᠡᠣ ᠬᠤᠸᠠᠨ ᠵᠠᠯᠭᠠᠮᠵᠢᠯᠠᠵᠠᠢ᠃ ᠯᠢᠦ ᠡᠣ ᠬᠤᠸᠠᠨ ᠢ ᠬᠦᠪᠡᠭᠦᠨ ᠯᠢᠦ ᠸᠧᠢ ᠴᠧᠨ ᠵᠠᠯᠭᠠᠮᠵᠢᠯᠠᠵᠠᠢ᠃ ᠯᠢᠦ ᠸᠧᠢ ᠴᠧᠨ ᠪᠣᠯ ᠲᠠᠷᠣᠢ ᠮᠠᠨ ᠤ ᠠᠳᠡ ᠶᠠᠷᠢᠯᠴᠠᠵᠣ ᠪᠠᠶᠢᠭ᠎ᠠ ᠾᠧ ᠯᠢᠶᠠᠨ ᠪᠦᠸᠧ ᠪᠦᠸᠧ  ᠶᠢᠨ ᠡᠴᠢᠭᠡ ᠨᠢ ᠮᠦᠨ᠃ ᠵᠠ ᠡᠳᠡᠭᠡᠷ ᠢ ᠲᠣᠪᠴᠢᠯᠠᠨ ᠶᠠᠷᠢᠪᠠᠯ᠂ ᠯᠢᠥ ᠪᠣᠣ ᠯᠢᠥ ᠬᠡᠪᠡᠭ ᠪᠣᠯ ᠠᠬ᠎ᠠ ᠲᠡᠭᠦᠥ ᠬᠤᠶᠠᠭᠤᠯᠠ ᠶᠢᠨ ᠬᠦᠪᠡᠭᠦᠳ ᠪᠣᠯᠬᠤᠷ ᠲᠦᠷᠦᠭᠰᠡᠨ ᠦᠶᠡᠯᠢᠳ ᠠᠬ᠎ᠠ ᠲᠡᠭᠦᠥ ᠪᠣᠯᠣᠨ᠎ᠠ᠃ ᠪᠦᠷ ᠣᠣᠯ ᠤᠨ ᠾᠦᠩᠨᠦ ᠶᠢᠨ ᠴᠠᠨ ᠢᠥᠢ ᠨᠡᠷ ᠤᠨ ᠢᠵᠠᠭᠤᠷᠳᠠᠨ ᠤ ᠬᠤᠶᠢᠴᠢᠰ ᠶᠣᠮ᠃ ᠡᠳᠡ ᠬᠤᠶᠠᠭᠤᠯᠠ ᠶᠢᠨ ᠲᠡᠭᠡᠳᠦᠰ ᠨᠢ ᠬᠣ᠋ ᠬᠠᠨ ᠶᠧ ᠴᠠᠨ ᠢᠥᠢ ︵呼韩᠂ ᠬᠠᠭᠠᠰ᠎ᠡ ᠴᠠᠨ ᠢᠥᠢ︶ ᠶᠢᠨ ᠬᠤᠶᠢᠴᠢᠰ ᠶᠣᠮ᠃ ᠬᠠᠭᠠᠰ᠎ᠡ ᠴᠠᠨ ᠢᠥᠢ ᠶᠢᠨ ᠠᠬᠠᠮᠠᠳ ᠬᠦᠪᠡᠭᠦᠨ ᠲᠣᠭᠳᠤᠭ᠎ᠠ ᠪᠣᠬ᠎ᠠ ᠡᠴᠢᠭᠡ ᠶᠢᠨ ᠢᠶᠠᠨ ᠴᠠᠨ ᠢᠥᠢ ᠶᠢᠨ ᠰᠠᠭᠤᠷᠢᠨ ᠢ ᠵᠠᠯᠭᠠᠮᠵᠢᠯᠠᠬᠤ ᠳᠠᠭᠠᠨ᠂ ᠡᠬᠡ ᠬᠠᠳᠣᠨ ᠤ ᠪᠠᠨ ᠵᠠᠷᠯᠢᠭ ᠶᠣᠰᠣᠭᠠᠷ ᠦᠪᠡᠷ ᠤᠨ ᠰᠠᠭᠤᠷᠢᠨ ᠢᠶᠠᠨ ᠵᠠᠪᠠᠯ ᠲᠡᠭᠦᠥ ᠨᠠᠷ ᠤᠨ ᠢᠶᠠᠨ ᠶᠡᠭᠡ ᠠᠴᠠ ᠪᠠᠭ᠎ᠠ ᠵᠦᠭ ᠲᠤ ᠲᠠᠷᠠᠭᠠᠯᠠᠨ ᠬᠤᠶᠢᠨ᠎ᠠ ᠬᠤᠶᠢᠨ᠎ᠠ ᠠᠴᠠ ᠪᠠ ᠴᠠᠨ ᠢᠥᠢ ᠶᠢᠨ ᠰᠠᠭᠤᠷᠢᠨ ᠵᠠᠯᠭᠠᠮᠵᠢᠯᠠᠭᠤᠯᠬᠤ ᠪᠠᠷ ᠲᠣᠭᠳᠠᠭᠰᠠᠨ ᠠᠴᠠ ᠪᠣᠯᠵᠣ᠂ ᠲᠡᠭᠦᠨ ᠤ ᠬᠦᠪᠡᠭᠦᠨ ᠪᠢᠢ ᠭᠡᠳᠡᠭ ᠨᠡᠷ᠎ᠡ ᠲᠠᠢ ᠬᠦᠮᠦᠨ ᠴᠠᠨ ᠢᠥᠢ ᠶᠢᠨ ᠰᠠᠭᠤᠷᠢᠨ ᠵᠠᠯᠭᠠᠮᠵᠢᠯᠠᠵᠣ ᠴᠢᠳᠠᠭᠰᠠᠨ ᠦᠭᠡᠢ ᠪᠣᠯᠬᠤᠷ᠂ ᠲᠡᠷᠡ ᠬᠤᠵᠢᠮ ᠠᠪᠠᠭ᠎ᠠ ᠴᠠᠨ ᠢᠥᠢ ᠲᠠᠢ ᠪᠠᠨ ᠮᠠᠭᠤᠳᠠᠯᠴᠠᠵᠣ᠂ ᠬᠠᠨ ᠣᠯᠣᠰ ᠲᠤ ᠪᠠᠭᠤᠵᠣ ᠦᠭᠭᠦᠭᠡᠳ ᠡᠮᠦᠨᠡᠳᠦ ᠾᠦᠩᠨᠦ ᠭᠡᠭᠴᠢ ᠶᠢ ᠪᠠᠶᠢᠭᠤᠯᠣᠨ ᠴᠠᠨ ᠢᠥᠢ ᠪᠣᠯᠵᠠᠢ᠃ ᠡᠨᠡ ᠬᠡᠷᠡᠭ ᠨᠡᠶᠢᠳᠡ ᠶᠢᠨ ᠣᠨ ᠲᠣᠭᠠᠯᠠᠯ ᠤᠨ ᠲᠦᠴᠢᠨ ᠨᠠᠢᠮᠠᠨ ᠣᠨ ᠳᠤ ᠡᠭᠦᠰᠴᠡᠢ᠃ ᠮᠠᠨ ᠤ ᠠᠳᠡ ᠦᠬᠦᠯᠡᠨ ᠪᠦᠬᠦᠢ ᠯᠢᠦ ᠪᠣᠣ᠂ ᠯᠢᠦ ᠬᠡᠪᠡᠭ ᠦᠶᠡᠯᠢᠳ ᠠᠬ᠎ᠠ ᠲᠡᠭᠦᠥ ᠬᠤᠶᠠᠭᠤᠯᠠ᠂ ᠲᠠᠷᠣᠢ ᠪᠢᠢ ᠶᠢᠨ ᠬᠤᠶᠢᠴᠢᠰ ᠮᠦᠷᠳᠡᠭᠡᠨ ᠡᠮᠦᠨᠡᠳᠦ ᠾᠦᠩᠨᠦ ᠶᠢᠨ ᠬᠠᠮᠤᠭ ᠡᠴᠦᠰ ᠤᠨ ᠠᠬ᠎ᠠ ᠲᠡᠭᠦᠥ ᠬᠤᠶᠠᠷ ᠴᠠᠨ ᠢᠥᠢ ᠪᠣᠯᠬᠤ ᠢᠥᠢ ᠹᠦ᠋ ᠯᠦᠸᠧ᠂ ᠾᠣ᠋ ᠴᠣ᠋ ᠴᠢᠥᠸᠠᠨ ᠤ ᠬᠦᠪᠡᠭᠦᠳ ᠮᠦᠨ᠃ ᠡᠶᠢᠮᠦ ᠠᠴᠠ ᠾᠧ ᠯᠢᠶᠠᠨ ᠪᠦᠸᠧ ᠪᠦᠸᠧ ᠪᠣᠯ ᠵᠢᠩᠬᠢᠨᠢ ᠾᠦᠩᠨᠦ ᠶᠢᠨ ᠴᠠᠨ ᠢᠥᠢ ᠨᠡᠷ ᠤᠨ ᠴᠢᠰᠣᠨ ᠣᠳᠣᠮ ᠤᠨ ᠬᠤᠶᠢᠴᠢᠰ ᠪᠣᠯᠬᠤ ᠨᠢ ᠭᠠᠷᠴᠠᠭ᠎ᠠ ᠦᠭᠡᠢ᠃ ᠬᠡᠳᠦᠶᠢᠪᠡᠷ ᠰᠧ ᠮᠠ ᠴᠢᠶᠠᠨ᠂ ᠪᠠᠨ ᠭᠦ᠋ ᠮᠡᠳᠦ ᠬᠦᠮᠦᠰ ᠴᠠᠨ ᠢᠥᠢ ᠨᠡᠷ ᠢ ︽ᠯᠣᠸᠠᠨ ᠳ᠋ᠢ︾ ᠣᠪᠣᠭ ᠲᠠᠢ ᠭᠡᠵᠦ᠂ ᠹᠠᠨ ᠶᠧ ᠪᠣᠯ ︽ᠰᠢᠥᠢ ᠯᠢᠶᠠᠨ ᠳ᠋ᠢ︾ ᠣᠪᠣᠭ ᠲᠠᠢ ᠬᠡᠯᠡᠵᠦ ᠪᠠᠶᠢᠪᠠᠴᠣ᠂ ᠾᠧ ᠯᠢᠶᠠᠨ ᠪᠦᠸᠧ ᠪᠦᠸᠧ ᠦᠪᠡᠷ ᠤᠨ ᠣᠪᠣᠭ ᠢᠶᠠᠨ ︽ᠾᠧ ᠯᠢᠶᠠᠨ︾ ᠭᠡᠵᠦ ᠰᠡᠷᠭᠦᠭᠡᠭᠰᠡᠨ ᠨᠢ ᠨᠡᠩ ᠦᠨᠡᠮᠰᠢᠯ ᠶᠡᠬᠡᠳᠡᠢ ᠬᠡᠷᠡᠭ ᠪᠠᠶᠢᠵᠣ ᠲᠠᠭᠠᠷᠠᠨ᠎ᠠ᠃ ᠨᠦᠭᠦᠭᠡ ᠲᠠᠯ᠎ᠠ ᠪᠠᠷ ᠾᠧ ᠯᠢᠶᠠᠨ ᠪᠦᠸᠧ ᠪᠦᠸᠧ ᠬᠡᠳᠦᠶᠢᠪᠡᠷ ᠨᠡᠶᠢᠳᠡ ᠶᠢᠨ ᠣᠨ ᠲᠣᠭᠠᠯᠠᠯ ᠤᠨ 381 — 425 ᠣᠨ ᠤ ᠬᠦᠮᠦᠨ ᠪᠣᠯᠪᠠᠴᠣ᠂ ᠲᠣᠬᠠᠢ  ᠶᠢᠨ ᠦᠶ᠎ᠡ ᠶᠢᠨ ᠪᠠᠶᠢᠳᠠᠯ ᠢᠶᠠᠷ ᠦᠵᠡᠪᠡᠯ ᠲᠡᠳᠡ ᠪᠦᠷ ᠦᠪᠡᠷ ᠤᠨ ᠾᠦᠩᠨᠦ ᠬᠡᠯᠡ ᠪᠠᠷ ᠨᠡᠷᠡᠶᠢᠳᠦᠭᠰᠡᠨ ᠪᠠᠭ᠎ᠠ ᠶᠢᠨ ᠨᠠᠷ᠎ᠠ ᠲᠠᠢ ᠪᠠᠶᠢᠭᠰᠠᠨ ᠪᠣᠯᠬᠤᠷ᠂ ᠲᠡᠳᠡ ᠦᠪᠡᠷ ᠤᠨ ᠬᠡᠯᠡ ᠪᠠ ᠣᠣᠯ ᠣᠪᠣᠭ ᠢᠶᠠᠨ ᠮᠠᠷᠳᠠᠬᠤ ᠬᠡᠮᠵᠢᠶᠡᠨ ᠳᠤ ᠬᠦᠷᠬᠦ ᠦᠭᠡᠢ ᠮᠦᠷᠳᠡᠭᠡᠨ ᠪᠣᠷᠣᠭᠤ ᠰᠡᠷᠭᠦᠭᠡᠬᠦ ᠪᠣᠯᠣᠮᠵᠢ ᠨᠡᠩ ᠦᠭᠡᠢ ᠶᠣᠮ᠃ ᠡᠳᠡᠭᠡᠷ ᠠᠴᠠ ᠨᠢᠬᠳᠠᠯᠠᠵᠣ ᠦᠵᠡᠪᠡᠯ᠂ ᠬᠢᠳᠠᠳ ᠲᠡᠣᠬᠡᠴᠢᠳ ᠤᠨ ᠲᠡᠮᠳᠡᠭᠯᠡᠭᠰᠡᠨ ᠾᠦᠩᠨᠦ ᠬᠠᠭᠠᠳ ᠤᠨ ᠣᠪᠣᠭ ᠯᠣᠸᠠᠨ ᠳ᠋ᠢ ᠪᠣᠶᠣ ᠰᠢᠥᠢ ᠯᠢᠶᠠᠨ ᠳ᠋ᠢ ᠲᠠᠢ ᠬᠠᠷᠢᠴᠠᠭᠤᠯᠪᠠᠯ᠂ ᠾᠧ ᠯᠢᠶᠠᠨ ︵赫連︶ ᠭᠡᠳᠡᠭ ᠦᠭᠡ ᠶᠢᠨ ᠠᠪᠢᠶ᠎ᠠ ᠨᠢ ᠾᠦᠩᠨᠦ ᠨᠡᠷ᠎ᠡ ᠦᠭᠡᠨ ᠤ ᠣᠣᠯ ᠠᠪᠢᠶ᠎ᠠ ᠲᠠᠢ ᠪᠠᠨ ᠨᠡᠩ ᠣᠶᠢᠷᠬᠠᠨ ᠪᠠᠶᠢᠭ᠎ᠠ ᠨᠢ ᠲᠠᠮᠵᠢᠭ ᠦᠭᠡᠢ ᠬᠡᠷᠡᠭ ᠶᠣᠮ᠃ ᠲᠣᠣᠷ᠎ᠠ ᠲᠡᠣᠬᠡᠨ ᠳᠤ ᠲᠡᠮᠳᠡᠭᠯᠡᠯ ᠲᠠᠢ ᠾᠦᠩᠨᠦ ᠬᠠᠭᠠᠳ ᠤᠨ ᠣᠪᠣᠭ ᠤᠨ ᠡᠳᠡᠭᠡᠷ ᠠᠪᠢᠶᠠᠯᠠᠯᠭ᠎ᠠ ᠪᠣᠯᠣᠨ ᠬᠡᠯᠡᠨ ᠤ ᠬᠠᠷᠢᠶᠠᠯᠠᠯ ᠤᠨ ᠲᠣᠬᠠᠢ ᠲᠦᠭᠦᠮ ᠶᠠᠷᠢᠶ᠎ᠠ᠃ ᠾᠦᠩᠨᠦ ᠬᠠᠭᠠᠳ 攣鞮 ᠣᠪᠣᠭ ᠲᠠᠢ᠂ 虛連鞮 ᠣᠪᠣᠭ ᠲᠠᠢ ᠭᠡᠬᠦ ᠪᠣᠶᠣ 赫連 ᠣᠪᠣᠭ ᠲᠠᠢ ᠭᠡᠵᠦ ᠲᠡᠣᠬᠡᠨ ᠳᠤ ᠠᠳᠠᠯᠢ ᠪᠣᠰᠣ ᠦᠰᠦᠭ ᠢᠶᠠᠷ ᠲᠡᠮᠳᠡᠭᠯᠡᠭᠰᠡᠨ ᠪᠣᠯᠪᠠᠴᠣ᠂ ᠦᠨᠡᠨᠳᠡᠭᠡᠨ ᠨᠢᠭᠡᠯᠡ ᠨᠡᠷ᠎ᠡ ᠦᠭᠡ ᠬᠡᠷᠢᠶᠡᠨ ᠪᠣᠶᠣ ᠬᠡᠷᠢᠶᠡᠨᠳᠡᠢ ᠶᠢᠨ ᠠᠳᠠᠯᠢ ᠪᠣᠰᠣ ᠬᠢᠳᠠᠳ ᠦᠰᠦᠭ ᠤᠨ ᠭᠠᠯᠢᠭᠴᠢᠯᠠᠯ ᠶᠣᠮ᠃ ᠠᠳᠡ 鞮᠂ 連 ᠬᠤᠶᠠᠷ ᠦᠰᠦᠭ ᠢ ᠲᠣᠪᠴᠢᠯᠠᠨ ᠶᠠᠷᠢᠶ᠎ᠠ᠃ ᠰᠢᠯᠳᠠᠭᠠᠨ ᠨᠢ ᠡᠨᠡ ᠬᠤᠶᠠᠷ ᠬᠢᠳᠠᠳ ᠦᠰᠦᠭ ᠤᠨ ᠡᠷᠳᠡ ᠡᠳᠦᠬᠡ  ᠶᠢᠨ ᠠᠪᠢᠶᠠᠨ ᠤ ᠬᠤᠪᠢᠷᠠᠯᠳᠠ ᠣᠨᠴᠠ ᠶᠡᠭᠡ ᠪᠢᠰᠢ᠃ 鞮 ᠦᠰᠦᠭ ᠢ ᠡᠷᠳᠡ ᠦᠶ᠎ᠡ ᠳᠤ ᠣᠶᠢᠷᠠᠯᠴᠠᠭ᠎ᠠ ᠪᠠᠷ Daa᠂ Dee ᠪᠣᠶᠣ Dai᠂ Dei ᠪᠠᠷ ᠣᠩᠰᠢᠵᠣ ᠾᠦᠩᠨᠦ ᠬᠡᠯᠡᠨ ᠤ ᠲᠠᠭᠠᠪᠣᠷᠢ ᠦᠰᠦᠭ ᠲᠠᠢ ᠳ᠋ᠠᠢ ︵ᠴᠢᠩᠭ᠎ᠠ ᠬᠦᠨᠳᠡᠢ ᠶᠢ ᠪᠦᠷ ᠪᠠᠭᠳᠠᠭᠠᠵᠣ ᠪᠣᠢ︶ ᠶᠢ ᠲᠡᠮᠳᠡᠭᠯᠡᠵᠦ ᠪᠠᠶᠢᠵᠠᠢ᠃ ᠬᠡᠯᠡᠯᠭᠡᠨ ᠦᠭᠡᠢ ᠬᠢᠳᠠᠳ ᠦᠰᠦᠭ ᠤᠨ ᠣᠳᠬ᠎ᠠ ᠨᠢ ᠠᠷᠠᠰᠣᠨ ᠭᠤᠳᠣᠯ ᠢ ᠬᠡᠯᠡᠬᠦ ᠪᠠᠷ ᠪᠠᠷᠠᠬᠤ ᠦᠭᠡᠢ ᠪᠠᠰᠠ 鞮鞻氏 ᠭᠡᠳᠡᠭ ᠨᠡᠷ᠎ᠡ ᠦᠭᠡᠨ ᠳᠤ ᠬᠡᠷᠡᠭᠯᠡᠳᠡᠭ ᠠᠵᠠᠢ᠃ 鞮鞻氏 ᠭᠡᠪᠡᠯ ᠡᠷᠳᠡᠨ ᠤ ᠵᠸᠥ ᠣᠯᠣᠰ ᠤᠨ ᠦᠶ᠎ᠡ ᠶᠢᠨ ᠬᠦᠭᠵᠢᠮ ᠬᠠᠮᠢᠶᠠᠷᠳᠠᠭ ᠳᠦᠰᠢᠮᠡᠯ ᠤᠨ ᠲᠣᠲᠣᠷᠠᠬᠢ ᠲᠦᠷᠪᠡᠨ ᠬᠠᠷᠢ ᠶᠢᠨ ᠬᠦᠭᠵᠢᠮ ᠪᠣᠶᠣ ᠲᠠᠭᠤᠣ ᠣᠷᠠᠯᠢᠭ ᠢ ᠬᠠᠮᠢᠶᠠᠷᠳᠠᠭ ᠲᠣᠰᠬᠠᠢ ᠲᠣᠰᠢᠶᠠᠯᠳᠠᠨ ᠤ ᠨᠡᠷ᠎ᠡ ᠪᠣᠯᠣᠨ᠎ᠠ ᠭᠡᠵᠦ ᠲᠣᠯᠢ ᠪᠢᠴᠢᠭ  ᠨᠦᠭᠦᠳ ᠢᠶᠠᠷ ᠲᠠᠶᠢᠯᠪᠣᠷᠢᠯᠠᠳᠠᠭ ᠶᠣᠮ᠃ ᠠᠳᠡ ᠭᠤᠣᠯᠳᠠᠭᠤ ᠲᠠᠢ ᠳ᠋ᠠᠢ ᠲᠠᠭᠠᠪᠣᠷᠢ ᠪᠠᠷ ᠣᠶᠢᠯᠭᠠᠪᠠᠯ ᠪᠣᠯᠴᠢᠬᠠᠨ᠎ᠠ᠃ 攣 ᠦᠰᠦᠭ ᠤᠨ ᠡᠷᠳᠡᠨ ᠤ ᠠᠪᠢᠶ᠎ᠠ᠄ ᠲᠡᠭᠡᠳᠦ ᠡᠷᠳᠡᠨ ᠤ ᠠᠪᠢᠶ᠎ᠠ ᠶᠢ ᠨᠢ b·ron ᠭᠡᠵᠦ ᠰᠡᠷᠭᠦᠭᠡᠨ᠂ ᠴᠢᠨ  ᠠᠴᠠ ᠡᠮᠦᠨᠡᠬᠢ ᠠᠪᠢᠶ᠎ᠠ ᠭᠡᠪᠡᠯ bli̯wan᠂ lǐwan᠂ bljan᠂ ljuæn ᠵᠡᠷᠭᠡ ᠪᠠᠷ ᠰᠡᠷᠭᠦᠭᠡᠵᠦ᠂ ᠲᠣᠮᠳᠠᠳᠣ ᠡᠷᠳᠡᠨ ᠤ ᠠᠪᠢᠶ᠎ᠠ ᠶᠢ ᠨᠢ li̯wɛn᠂ ljuæn ᠭᠡᠵᠦ ᠰᠡᠷᠭᠦᠭᠡᠵᠡᠢ᠃ ᠲᠠᠩ ᠣᠯᠣᠰ ᠤᠨ ᠦᠶ᠎ᠡ  ᠶᠢᠨ ᠠᠪᠢᠶ᠎ᠠ ᠶᠢ ᠨᠢ liuɛn ᠭᠡᠵᠦ ᠰᠡᠷᠭᠦᠭᠡᠨ᠂ ᠮᠣᠩᠭᠤᠯ ᠬᠡᠯᠡᠨ ᠤ ᠠᠪᠢᠶᠠᠨ ᠳᠤ ꡙꡦꡡꡋ ᠭᠡᠵᠦ᠂ ᠺᠣᠷᠢᠶ᠎ᠠ ᠬᠡᠯᠡᠨ ᠳᠤ LYEN ᠭᠡᠵᠦ᠂ ᠺᠣᠷᠢᠶ᠎ᠠ ᠦᠰᠦᠭ ᠢᠶᠠᠷ 련 ᠭᠡᠪᠡ᠃ ᠬᠢᠳᠠᠳ ᠨᠣᠳᠤᠭ ᠤᠨ ᠠᠪᠢᠶᠠᠨ ᠳᠤ ᠨᠢᠭᠡᠨᠳᠡ lan2 lien5 ᠮᠡᠳᠦᠰ ᠪᠣᠯᠵᠠᠢ᠃ ᠲᠣᠰ ᠦᠰᠦᠭ ᠢ ᠴᠢᠨ ᠠᠴᠠ ᠡᠮᠦᠨᠡᠬᠢ ᠦᠶ᠎ᠡ ᠶᠢᠨ ᠠᠪᠢᠶ᠎ᠠ ᠪᠣᠯᠣᠨ ᠦᠰᠦᠭ ᠪᠢᠴᠢᠭ ᠤᠨ ᠲᠠᠶᠢᠯᠪᠣᠷᠢ ᠲᠣᠯᠢ ᠵᠡᠷᠭᠡ ᠳᠤ 从手䜌聲 ᠵᠡᠷᠭᠡ ᠪᠠᠷ ᠲᠠᠶᠢᠯᠪᠣᠷᠢᠯᠠᠭᠰᠠᠨ ᠠᠴᠠ ᠦᠵᠡᠪᠡᠯ᠂ ᠴᠢᠨ ᠬᠠᠨ ᠤ ᠦᠶ᠎ᠡ ᠪᠠᠷ ᠣᠶᠢᠷᠠᠯᠴᠠᠭ᠎ᠠ ᠪᠠᠷ ᠪᠷᠢᠶᠠᠨ ᠪᠷᠧᠨ ᠪᠣᠶᠣ ᠪᠯᠢᠶᠠᠨ ᠪᠯᠧᠨ ᠵᠡᠷᠭᠡ ᠪᠠᠷ ᠣᠩᠰᠢᠵᠣ ᠪᠠᠶᠢᠭᠰᠠᠨ ᠠᠴᠠ ᠪᠠᠨ ᠠᠪᠢᠶᠠᠨ ᠤ ᠡᠬᠢᠯᠡᠪᠦᠷᠢ ᠪᠠᠨ ᠬᠠᠶᠠᠵᠣ ᠷᠧᠶᠠᠨ ᠷᠢᠶᠠᠨ ᠪᠣᠶᠣ ᠯᠧᠨ ᠯᠢᠶᠠᠨ ᠪᠣᠯᠣᠭᠰᠠᠨ ᠳᠦᠯᠦᠪᠳᠡᠢ ᠪᠠᠶᠢᠨ᠎ᠠ᠃ 虛 ᠦᠰᠦᠭ ᠢ ᠣᠳᠣ ᠪᠣᠯ xū ︵ᠰᠢᠥᠢ︶ ᠭᠡᠵᠦ ᠭᠠᠭᠴᠠ ᠣᠩᠰᠢᠯᠭ᠎ᠠ ᠲᠠᠢ ᠪᠣᠯᠪᠠᠴᠣ᠂ ᠲᠡᠭᠡᠳᠦ ᠡᠷᠳᠡᠨ ᠤ ᠦᠶ᠎ᠡ ᠳᠤ kʰa ᠪᠣᠯᠣᠨ qʰa ᠬᠤᠶᠠᠷ ᠣᠩᠰᠢᠯᠭ᠎ᠠ ᠲᠠᠢ ᠪᠠᠶᠢᠵᠣ᠂ ᠡᠷᠳᠡᠮᠳᠡᠳ ᠮᠦᠨ xi̯wo᠂ kʰi̯wo᠂ ᠬᠤᠶᠠᠷ ᠵᠦᠢᠯ ᠢᠶᠠᠷ ᠲᠡᠭᠦᠨ ᠤ ᠣᠩᠰᠢᠯᠭ᠎ᠠ ᠶᠢ ᠰᠡᠷᠭᠦᠭᠡᠵᠡᠢ᠃ ᠭᠡᠳᠡᠯ᠎ᠡ ᠴᠢᠨ ᠠᠴᠠ ᠡᠮᠦᠨᠡᠬᠢ ᠠᠪᠢᠶ᠎ᠠ ᠶᠢ ᠦᠨᠳᠦᠰᠦᠨ ᠳᠡᠭᠡᠨ hǐa᠂ hjag ᠭᠡᠵᠦ ᠰᠡᠷᠭᠦᠭᠡᠵᠡᠢ᠃ ᠲᠠᠩ ᠣᠯᠣᠰ ᠤᠨ ᠦᠶ᠎ᠡ ᠶᠢᠨ ᠠᠪᠢᠶ᠎ᠠ  ᠶᠢ *xiu ᠭᠡᠵᠦ᠂ ᠺᠣᠷᠢᠶ᠎ᠠ ᠬᠡᠯᠡᠨ ᠳᠤ HE ᠭᠡᠵᠦ᠂ ᠺᠣᠷᠢᠶ᠎ᠠ ᠦᠰᠦᠭ ᠢᠶᠠᠷ 허 ᠭᠡᠪᠡ᠃ ᠮᠣᠩᠭᠤᠯ ᠦᠰᠦᠭ  ᠤᠨ ᠠᠪᠢᠶᠠᠨ ᠳᠤ ꡜꡦꡟ ᠭᠡᠵᠡᠢ᠃ ᠣᠳᠣ ᠦᠶ᠎ᠡ ᠶᠢᠨ ᠨᠣᠳᠤᠭ ᠤᠨ ᠠᠪᠢᠶᠠᠨ ᠳᠤ ᠣᠯᠠᠩᠬᠢ ᠨᠢ hi1 ᠭᠡᠵᠦ ᠴᠦᠬᠡᠨ ᠬᠡᠳᠦ ᠨᠢ heoi1 ᠭᠡᠵᠡᠢ᠃ ᠲᠣᠰ ᠦᠰᠦᠭ ᠤᠨ ᠡᠷᠳᠡ ᠡᠳᠦᠬᠡ ᠶᠢᠨ ᠠᠪᠢᠶ᠎ᠠ ᠶᠢ ᠬᠠᠷᠢᠴᠠᠭᠤᠯᠵᠣ ᠦᠵᠡᠪᠡᠯ ᠣᠯᠠᠩᠬᠢ ᠲᠣᠬᠢᠶᠠᠯᠳᠣᠯ ᠳᠤ ᠪᠦᠷ h ᠪᠠᠷ ᠡᠬᠢᠯᠡᠨ ᠠᠪᠢᠶᠠᠯᠠᠳᠠᠭ ᠪᠠᠶᠢᠨ᠎ᠠ᠃ ᠲᠡᠭᠡᠭᠡᠳ ᠣᠶᠢᠷᠠᠯᠴᠠᠭ᠎ᠠ  ᠪᠠᠷ ᠪᠦᠷ Ha᠂ He᠂ Hi ᠭᠡᠵᠦ ᠠᠪᠢᠶᠠᠯᠠᠳᠠᠭ ᠠᠵᠠᠢ᠃ ᠴᠦᠬᠡᠨ ᠵᠠᠷᠢᠮ ᠣᠳᠣ ᠦᠶ᠎ᠡ ᠶᠢᠨ ᠨᠣᠳᠤᠭ ᠤᠨ ᠠᠪᠢᠶᠠᠨ ᠳᠤ ᠣᠶᠢᠷᠠᠯᠴᠠᠭ᠎ᠠ ᠪᠠᠷ ᠬᠤᠢ ᠭᠡᠳᠡᠭ ᠶᠣᠮ᠃ 赫 ᠦᠰᠦᠭ ᠤᠨ ᠣᠳᠣ ᠦᠶ᠎ᠡ ᠶᠢᠨ ᠠᠪᠢᠶ᠎ᠠ ᠨᠢ hè ᠭᠡᠳᠡᠭ ᠪᠣᠯᠪᠠᠴᠣ᠂ ᠲᠡᠭᠦᠨ ᠤ ᠲᠡᠭᠡᠳᠦ ᠡᠷᠳᠡᠨ ᠤ ᠠᠪᠢᠶ᠎ᠠ ᠨᠢ qʰraːɡ ᠬᠡᠵᠦ ︵ᠣᠶᠢᠷᠠᠯᠴᠠᠭ᠎ᠠ ᠪᠠᠷ ᠮᠦᠨ᠂ ʰ ᠪᠠᠷ ᠡᠬᠢᠯᠡᠳᠡᠭ ᠪᠠᠶᠢᠨ᠎ᠠ︶᠂ ᠡᠷᠳᠡᠮᠳᠡᠳ xak᠂ hɣæk ᠢᠶᠠᠷ ᠰᠡᠷᠭᠦᠭᠡᠭᠰᠡᠨ ᠪᠠᠶᠢᠨ᠎ᠠ᠃ ᠴᠢᠨ ᠠᠴᠠ ᠡᠮᠦᠨᠡᠬᠢ ᠠᠪᠢᠶ᠎ᠠ ᠨᠢ heak᠂ ᠪᠣᠶᠣ xrak ᠪᠠᠶᠢᠵᠣ᠂ ᠲᠡᠭᠡᠷᠡᠬᠢ ᠲᠠᠢ ᠦᠨᠳᠦᠰᠦᠨ ᠳᠡᠭᠡᠨ ᠠᠳᠠᠯᠢ᠂ ᠲᠣᠮᠳᠠᠳᠣ ᠡᠷᠳᠡᠨ ᠤ ᠠᠪᠢᠶ᠎ᠠ ᠶᠢ hɐk ᠭᠡᠵᠦ ᠰᠡᠷᠭᠦᠭᠡᠵᠡᠢ᠃ ᠲᠠᠩ ᠣᠯᠣᠰ ᠤᠨ ᠦᠶ᠎ᠡ ᠶᠢᠨ ᠠᠪᠢᠶ᠎ᠠ ᠨᠢ xæk ᠭᠡᠵᠦ᠂ ᠺᠣᠷᠢᠶ᠎ᠠ ᠬᠡᠯᠡᠨ ᠳᠤ HYEK ᠭᠡᠵᠦ ᠺᠣᠷᠢᠶ᠎ᠠ ᠦᠰᠦᠭ ᠢᠶᠠᠷ 혁 ᠭᠡᠵᠦ᠂ ᠶᠧᠶᠧᠲᠨᠠᠮ ᠬᠡᠯᠡᠨ ᠳᠤ hách ᠭᠡᠪᠡ᠃ ᠮᠣᠩᠭᠤᠯ ᠦᠰᠦᠭ ᠤᠨ ᠠᠪᠢᠶᠠᠨ  ᠳᠤ ꡜꡨꡭ ᠭᠡᠵᠡᠢ᠃ ᠨᠣᠳᠤᠭ ᠤᠨ ᠠᠪᠢᠶᠠᠨ ᠳᠤ hak7᠂ het7᠂ haak1᠂ hak1 ᠵᠡᠷᠭᠡ ᠪᠣᠢ᠃ ᠲᠣᠰ ᠦᠰᠦᠭ ᠤᠨ ᠠᠶᠠᠯᠭᠤ ᠨᠢ ᠲᠡᠭᠡᠳᠦ ᠡᠷᠳᠡᠨ ᠤ ᠦᠶ᠎ᠡ ᠳᠤ ᠣᠶᠢᠷᠠᠯᠴᠠᠭ᠎ᠠ ᠪᠠᠷ a ᠪᠠᠶᠢᠭᠰᠠᠨ ᠪᠣᠯᠪᠠᠴᠣ ᠴᠢᠨ  ᠠᠴᠠ ᠡᠮᠦᠨᠡᠬᠢ ᠦᠶ᠎ᠡ ᠪᠠᠷ ᠡᠬᠢᠯᠡᠨ ea ᠪᠣᠯᠵᠣ᠂ ᠰᠣᠯᠣᠩᠭᠤᠰ ᠬᠡᠯᠡᠨ ᠳᠤ YE ᠪᠣᠯᠵᠣ᠂ ᠲᠠᠩ ᠣᠯᠣᠰ ᠤᠨ ᠦᠶ᠎ᠡ ᠪᠠᠷ ᠨᠢᠭᠡᠨᠳᠡ æ ᠪᠣᠯᠵᠠᠢ᠃ ᠠᠳᠡ ᠨᠠᠷᠢᠪᠴᠢᠯᠠᠨ ᠦᠵᠡᠪᠡᠯ ᠲᠣᠰ ᠦᠰᠦᠭ ᠤᠨ ᠠᠪᠢᠶ᠎ᠠ ᠠᠶᠠᠯᠭᠤ ᠳᠤ ᠡᠮᠦᠨᠡᠳᠦ ᠣᠮᠠᠷᠠᠳᠣ ᠶᠢᠨ ᠢᠯᠭᠠᠭ᠎ᠠ ᠮᠠᠰᠢ ᠢᠯᠡᠷᠬᠡᠢ ᠪᠠᠶᠢᠨ᠎ᠠ᠃ ᠡᠮᠦᠨᠡᠳᠦ ᠣᠷᠣᠨ ᠢᠶᠠᠷ ᠣᠳᠣ ᠴᠦ ᠣᠶᠢᠷᠠᠯᠴᠠᠭ᠎ᠠ  ᠪᠠᠷ Ha ᠪᠠᠷ ᠠᠪᠢᠶᠠᠯᠠᠵᠣ ᠪᠠᠶᠢᠳᠠᠯ᠎ᠠ ᠣᠮᠠᠷᠠᠳᠣ ᠣᠷᠣᠨ ︵ᠰᠣᠯᠣᠩᠭᠤᠰ ᠬᠡᠯᠡ ᠪᠠᠷ ᠵᠢᠱᠢᠶᠡᠯᠡᠨ ᠦᠵᠡᠪᠡᠯ︶ ᠳᠤ ᠪᠠᠷᠤᠭ ᠨᠡᠯᠢᠶᠡᠳ ᠡᠷᠳᠡᠨ ᠠᠴᠠ He ᠪᠠᠷ ᠠᠪᠢᠶᠠᠯᠠᠳᠠᠭ ᠪᠣᠯᠣᠭᠰᠠᠨ ᠲᠦᠯᠦᠪᠳᠡᠢ ᠠᠵᠠᠢ᠃ ᠲᠡᠭᠡᠷᠡᠬᠢ ᠪᠠᠶᠢᠳᠠᠯ ᠠᠴᠠ ᠬᠤᠷᠢᠶᠠᠩᠭᠤᠶᠢᠯᠠᠨ ᠦᠵᠡᠪᠡᠯ᠂ 攣鞮᠂ 虛連鞮᠂ 赫連 ᠭᠤᠷᠪᠠᠨ ᠵᠦᠢᠯ ᠢᠶᠠᠷ ᠪᠢᠴᠢᠭᠰᠡᠨ ᠡᠨᠡᠬᠦ ᠣᠪᠣᠭ ᠨᠢ ᠨᠢᠭᠡᠯ᠎ᠡ ᠣᠪᠣᠭ ᠤᠨ ᠠᠳᠠᠯᠢ ᠪᠣᠰᠣ ᠬᠢᠳᠠᠳ ᠦᠰᠦᠭ ᠢ ᠬᠡᠷᠡᠭᠯᠡᠭᠰᠡᠨ ᠪᠢᠴᠢᠯᠭᠡ ᠪᠣᠯᠪᠠᠴᠣ᠂ ᠮᠦᠨ ᠨᠢᠭᠡᠨ ᠠᠳᠠᠯᠢ ᠪᠠᠷ ᠬᠡᠷᠢᠶᠡᠨᠳᠡᠢ᠂ ᠬᠡᠷᠢᠶᠡᠨ ᠭᠡᠳᠡᠭ ᠣᠪᠣᠭ ᠪᠣᠯᠬᠤ ᠨᠢ ᠲᠣᠲᠣᠷᠬᠠᠢ ᠪᠠᠶᠢᠨ᠎ᠠ᠃ ᠬᠤᠵᠢᠮ ᠮᠣᠩᠭᠤᠯ ᠤᠨ ᠵᠠᠭᠤᠨ ᠢᠶᠠᠷ ᠲᠣᠰ ᠣᠪᠣᠭ ᠢ ᠬᠡᠷᠡᠶᠢᠳ ᠭᠡᠳᠡᠭ ᠪᠣᠯᠵᠠᠢ᠃ ᠣᠷᠢᠳ ᠬᠤᠵᠢᠳ ᠲᠣᠮᠳᠠᠳᠣ ᠠᠽᠢ ᠳᠤ ᠬᠦᠷᠦᠭᠰᠡᠨ ᠬᠡᠷᠡᠶᠢᠳ ᠬᠦᠮᠦᠰ ᠲᠣᠰ ᠣᠪᠣᠭ ᠢᠶᠠᠨ ᠺᠧᠷᠠᠢ ᠬᠡᠷᠡᠢ ᠾᠧᠷᠠᠢ ᠪᠠ ᠲᠣᠣᠷ᠎ᠠ ᠨᠢ ︽d︾ ᠲᠠᠭᠠᠪᠣᠷᠢ ᠲᠠᠢ ᠪᠣᠶᠣ ᠲᠠᠭᠠᠪᠣᠷᠢ ᠦᠭᠡᠢ ᠪᠢᠴᠢᠬᠦ ᠴᠦ ᠪᠠᠶᠢᠳᠠᠭ ᠶᠣᠮ᠃ ᠵᠣᠬᠢᠶᠠᠭᠴᠢ ᠶᠢᠨ ᠦᠵᠡᠬᠦ ᠪᠠᠷ ᠡᠷᠳᠡᠨ ᠤ ᠾᠦᠩᠨᠦ ᠶᠢᠨ ᠡᠵᠡᠳ ᠬᠠᠭᠠᠳ ᠪᠣᠯ ᠲᠣᠷᠭᠤᠳ ᠠᠶᠢᠮᠠᠭ ᠤᠨ ᠬᠡᠷᠡᠶᠢᠳ ᠣᠪᠣᠭᠳᠠᠨ ᠪᠣᠯᠣᠨ᠎ᠠ᠃ ᠾᠦᠩᠨᠦ ᠶᠢᠨ ᠴᠠᠨ ᠢᠥᠢ ᠨᠡᠷ ᠪᠣᠯ ᠲᠣᠷᠭᠤᠳ ︵屠各 ᠪᠣᠶᠣ 独孤 ᠡᠷᠳᠡ ᠦᠶ᠎ᠡ ᠳᠤ 屠 ᠪᠣᠶᠣ 独 ᠦᠰᠦᠭ ᠤᠨ ᠠᠪᠢᠶ᠎ᠠ ᠶᠢ ᠺᠣᠷᠢᠶ᠎ᠠ ᠬᠡᠯᠡᠨ ᠳᠤ ᠮᠠᠰᠢ ᠣᠶᠢᠷᠬᠠᠨ ᠢᠶᠠᠷ TO ᠪᠣᠶᠣ TOK ᠭᠡᠵᠦ ᠣᠩᠰᠢᠳᠠᠭ ᠪᠠᠶᠢᠵᠠᠢ︶ ᠠᠶᠢᠮᠠᠭ ᠤᠨ ᠬᠦᠮᠦᠰ ᠭᠡᠳᠡᠭ ᠤᠨ ᠲᠣᠭᠠᠢ ︽ ᠶᠢᠨ ᠣᠯᠣᠰ ᠤᠨ ᠪᠢᠴᠢᠭ︾ ᠲᠤ ᠨᠡᠯᠢᠶᠡᠳ ᠲᠣᠲᠣᠷᠬᠠᠢ ᠶᠠᠷᠢᠭᠰᠠᠨ ᠪᠠᠶᠢᠳᠠᠭ ᠶᠣᠮ᠃ ᠪᠠᠰᠠ ᠽᠢ ᡁᠢ ᠲᠣᠩ ᠵᠢᠶᠠᠨ ᠪᠢᠴᠢᠭ ᠲᠤ ᠴᠦ ᠶᠠᠷᠢᠵᠣ ᠦᠩᠭᠡᠷᠡᠵᠡᠢ᠃ ᠠᠳᠡ ᠬᠠᠭᠤᠳᠠᠰᠣ ᠶᠢᠨ ᠬᠢᠵᠠᠭᠠᠷ ᠠᠴᠠ ᠨᠢᠭᠡ ᠨᠢᠭᠡ ᠪᠠᠷ ᠲᠡᠯᠭᠡᠨ ᠦᠬᠦᠯᠡᠬᠦ ᠦᠭᠡᠢ᠃ ᠬᠤᠵᠢᠮ ᠬᠡᠷᠪᠡ ᠪᠣᠯᠣᠯᠴᠠᠭ᠎ᠠ ᠲᠠᠢ ᠪᠣᠯ ᠲᠠᠬᠢᠨ ᠦᠬᠦᠯᠡᠶ᠎ᠡ᠃ ᠠᠳᠡ ᠨᠦᠬᠦᠨ ᠦᠬᠦᠯᠡᠬᠦ ᠵᠦᠢᠯ ᠪᠣᠯ 攣 ᠦᠰᠦᠭ ᠤᠨ ᠡᠷᠳᠡᠨ ᠤ ᠠᠪᠢᠶ᠎ᠠ b·ron ᠪᠣᠶᠣ bli̯wan ᠶᠠᠭᠠᠬᠢᠭᠠᠳ ᠬᠡᠷᠢᠶᠠᠨ ᠢ ᠭᠠᠯᠢᠭᠴᠢᠯᠠᠨ ᠪᠢᠴᠢᠭᠰᠡᠨ ᠪᠣᠢ ᠭᠡᠪᠡᠯ ᠨᠡᠩ ᠡᠷᠳᠡᠨ ᠤ ᠬᠢᠳᠠᠳ ᠦᠰᠦᠭ ᠤᠨ ᠠᠪᠢᠶ᠎ᠠ ᠠᠶᠠᠯᠭᠤ ᠶᠢᠨ ᠰᠢᠰᠲ᠋ᠧᠮ ᠢᠶᠠᠷ ᠬᠠᠷᠢ ᠬᠡᠯᠡ ᠶᠢ ᠭᠠᠯᠢᠭᠴᠢᠯᠠᠨ ᠣᠷᠴᠢᠭᠤᠯᠬᠤ ᠮᠡᠷᠭᠡᠵᠢᠯ ᠲᠠᠢ ᠬᠤᠯᠪᠣᠭ᠎ᠠ ᠲᠠᠢ ᠮᠦᠷᠳᠡᠭᠡᠨ ᠬᠠᠷᠢ ᠬᠡᠯᠡᠨ ᠤ ᠦᠭᠡ ᠶᠢ ᠶᠠᠭᠠᠬᠢᠵᠣ ᠬᠢᠳᠠᠳ ᠬᠡᠯᠡᠨ ᠤ ᠠᠪᠢᠶ᠎ᠠ ᠠᠶᠠᠯᠭᠤ ᠶᠢᠨ ᠮᠡᠳᠡᠯᠭᠡ ᠪᠠᠷ ᠣᠴᠢᠵᠣ ᠣᠶᠢᠯᠭᠠᠬᠤ ᠲᠠᠢ ᠬᠤᠯᠪᠣᠭ᠎ᠠ ᠲᠠᠢ ᠪᠠᠶᠢᠵᠠᠢ᠃ ᠲᠦᠭᠦᠮᠴᠢᠯᠡᠨ ᠶᠠᠷᠢᠪᠠᠯ ᠵᠠᠷᠢᠮ ᠬᠠᠷᠢ ᠬᠡᠯᠡᠨ ᠤ ᠦᠭᠡ ᠠᠪᠢᠶ᠎ᠠ ᠶᠢ ᠣᠷᠢᠳᠠᠪᠡᠷ ᠬᠢᠳᠠᠳ ᠬᠡᠯᠡᠨ ᠤ ᠠᠪᠢᠶ᠎ᠠ ᠠᠶᠠᠯᠭᠤ ᠶᠢᠨ ᠰᠢᠰᠲ᠋ᠧᠮ ᠢᠶᠠᠷ ᠢᠶᠠᠨ ᠵᠠᠳᠠᠯᠣᠨ ᠰᠢᠨᠵᠢᠵᠦ ᠠᠯᠢ ᠨᠢ ᠠᠪᠢᠶᠠᠨ  ᠤ ᠡᠬᠢᠯᠡᠪᠦᠷᠢ᠂ ᠠᠯᠢ ᠨᠢ ᠠᠪᠢᠶ᠎ᠠ᠂ ᠠᠯᠢ ᠨᠢ ᠠᠶᠠᠯᠭᠤ᠂ ᠠᠯᠢ ᠨᠢ ᠠᠶᠠᠯᠭᠤ ᠶᠢᠨ ᠰᠡᠬᠦᠯ ᠭᠡᠵᠦ ᠲᠣᠲᠣᠷᠬᠠᠶᠢᠯᠠᠭᠠᠳ ᠰᠠᠶ᠋ᠢ ᠠᠪᠢᠶᠠᠴᠢᠯᠠᠨ ᠣᠷᠴᠢᠭᠤᠯᠳᠠᠭ ᠠᠵᠠᠢ᠃ ᠡᠶᠢᠮᠦ ᠪᠠᠶᠢᠳᠠᠯ ᠲᠣᠣᠷ᠎ᠠ ᠬᠡᠷᠪᠡ ᠠᠪᠢᠶ᠎ᠠ ᠠᠶᠠᠯᠭᠤ ᠪᠠᠷ ᠢᠶᠠᠨ ᠬᠢᠳᠠᠳ ᠦᠰᠦᠭ ᠲᠠᠢ ᠲᠡᠩᠴᠡᠭᠦᠯᠵᠦ ᠴᠢᠳᠠᠬᠤ ᠦᠭᠡᠢ ᠬᠠᠷᠢ ᠦᠰᠦᠭ ᠢ ᠪᠣᠯ ᠲᠦᠭᠦᠮᠴᠢᠯᠡᠬᠦ ᠯᠠ ᠬᠡᠷᠡᠭᠳᠡᠢ ᠪᠣᠯᠣᠨ᠎ᠠ᠃ ᠨᠡᠶᠢᠳᠡᠮ ᠵᠢᠱᠢᠶ᠎ᠡ ᠠᠴᠠ ᠨᠢᠭᠡ ᠶᠢ ᠶᠠᠷᠢᠪᠠᠯ ᠬᠢᠳᠠᠳ ᠦᠰᠦᠭ ᠲᠤ ᠮᠠᠨ ᠤ ᠮᠣᠩᠭᠤᠯ ᠦᠰᠦᠭ ᠲᠤ ᠲᠦᠭᠡᠮᠡᠯ ᠬᠠᠷᠠᠭᠳᠠᠬᠤ R ᠪᠣᠯᠣᠨ S ᠳᠡᠪᠢᠰᠭᠡᠷ ᠦᠰᠦᠭ ᠪᠠᠶᠢᠳᠠᠭ ᠦᠭᠡᠢ᠃ ᠲᠠᠷᠣᠢ R ᠪᠣᠯᠣᠨ S ᠬᠤᠶᠠᠷᠬᠠᠨ ᠲᠡᠪᠢᠰᠭᠡᠷ ᠢ ᠭᠠᠷᠭᠠᠪᠠᠯ ᠪᠣᠰᠣᠳ ᠲᠡᠪᠢᠰᠭᠡᠷ ᠦᠰᠦᠭ ᠬᠢᠳᠠᠳ ᠬᠡᠯᠡᠨ ᠳᠤ ᠴᠦ ᠪᠦᠷ ᠪᠠᠶᠢᠵᠠᠢ᠃ ᠬᠢᠳᠠᠳ ᠦᠰᠦᠭ  ᠲᠤ ᠡᠭᠦᠨ ᠢᠶᠠᠨ ︽ᠠᠶᠠᠯᠭᠤ ᠶᠢᠨ ᠰᠡᠬᠦᠯ︾ ᠭᠡᠳᠡᠭ ᠶᠣᠮ᠃ ᠣᠳᠣ ᠦᠶ᠎ᠡ ᠶᠢᠨ ᠬᠢᠳᠠᠳ ᠬᠡᠯᠡᠨ ᠳᠤ n᠂ mg  ᠢ ᠭᠠᠷᠭᠠᠪᠠᠯ ᠠᠶᠠᠯᠭᠤ ᠶᠢᠨ ᠰᠡᠭᠦᠯ ᠪᠣᠯᠵᠣ ᠪᠠᠶᠢᠭᠰᠠᠨ ᠪᠣᠰᠣᠳ ᠭᠡᠶᠢᠭᠦᠯᠦᠭᠴᠢ ᠪᠦᠷ ᠣᠰᠠᠳᠣᠨ᠂ ᠵᠦᠪᠬᠡᠨ ᠡᠭᠡᠰᠢᠭ ᠯᠡ ᠦᠯᠡᠳᠡᠵᠡᠢ᠃ ᠭᠡᠳᠡᠯ᠎ᠡ ᠬᠠᠷᠢ ᠬᠡᠯᠡᠨ ᠳᠤ ᠵᠢᠱᠢᠶᠡᠯᠡᠪᠡᠯ ᠾᠦᠩᠨᠦ ᠬᠡᠯᠡᠨ ᠳᠤ ᠡᠶᠢᠮᠦ ᠲᠠᠭᠠᠪᠣᠷᠢ ᠪᠦᠷ ᠪᠠᠶᠢᠬᠤ ᠪᠠᠷ ᠪᠠᠷᠠᠬᠤ ᠦᠭᠡᠢ᠂ R ᠪᠣᠯᠣᠨ S ᠲᠠᠭᠠᠪᠣᠷᠢ ᠣᠯᠠᠨ ᠬᠡᠷᠡᠭᠯᠡᠳᠡᠭᠳᠡᠭ ᠪᠣᠯᠬᠤᠷ ᠬᠢᠳᠠᠳ ᠬᠡᠯᠡᠨ ᠳᠤ ᠶᠠᠭᠠᠬᠢᠵᠣ ᠭᠠᠯᠢᠭᠴᠢᠯᠠᠬᠤ ᠪᠣᠢ ᠭᠡᠪᠡᠯ ᠨᠢᠭᠡ ᠪᠣᠯ ᠬᠠᠰᠣᠵᠣ ᠲᠦᠭᠦᠮᠴᠢᠯᠡᠨ᠎ᠡ᠂ ᠨᠢᠭᠡ ᠪᠣᠯ ᠪᠣᠰᠣᠳ ᠣᠶᠢᠷᠠᠯᠴᠠᠭ᠎ᠠ ᠲᠡᠪᠢᠰᠭᠡᠷ ᠢᠶᠠᠷ ᠣᠷᠣᠯᠠᠭᠤᠯᠣᠨ᠎ᠠ᠂ ᠪᠠᠰᠠ ᠡᠰᠡᠬᠦᠯ᠎ᠡ ᠲᠣᠣᠷᠠᠬᠢ ᠦᠰᠦᠭ ᠲᠠᠢ ᠨᠢ ᠨᠡᠶᠢᠯᠡᠭᠦᠯᠦᠨ ᠣᠷᠴᠢᠭᠤᠯᠣᠨ᠎ᠠ᠃ ᠶᠠᠭ ᠡᠶᠢᠮᠦ ᠠᠴᠠ ᠬᠡᠷᠢᠶᠡᠨᠳᠡᠢ ᠭᠡᠳᠡᠭ ᠦᠭᠡᠨ ᠳᠤ ᠲᠡᠭᠦᠨ ᠤ ᠡᠬᠢᠨ ᠤ ᠬᠡ᠊ ᠶᠢ ᠠᠪᠢᠶᠠᠨ ᠤ ᠡᠬᠢᠯᠡᠪᠦᠷᠢ ᠲᠡᠳᠦᠢ ᠪᠠᠷ ᠦᠵᠡᠭᠰᠡᠨ ᠪᠣᠯᠬᠤᠷ ᠲᠦᠭᠦᠮᠴᠢᠯᠡᠨ ᠬᠠᠰᠣᠵᠣ ᠭᠠᠭᠴᠠ 攣 ︵bljan᠂ ljuæn︶ ᠦᠰᠦᠭ ᠢᠶᠠᠷ ᠭᠠᠯᠢᠭᠴᠢᠯᠠᠭᠰᠠᠨ ᠠᠵᠠᠢ᠃ ᠬᠤᠵᠢᠮ ᠹᠠᠨ ᠶᠧ ᠮᠡᠳᠦ ᠶᠢᠨ ᠲᠡᠣᠬᠡᠴᠢᠳ ᠡᠨᠡᠬᠦ ᠠᠯᠳᠠᠭ᠎ᠠ ᠶᠢ ᠨᠦᠬᠦᠪᠦᠷᠢᠯᠡᠨ᠂ 攣鞮 ᠭᠡᠳᠡᠭ ᠣᠷᠴᠢᠭᠤᠯᠭ᠎ᠠ ᠶᠢ ᠵᠠᠰᠠᠮᠵᠢᠯᠠᠨ 虛連鞮 ᠪᠣᠯᠭᠠᠵᠣ᠂ ᠬᠡᠷᠢᠶᠡᠨᠳᠡᠢ ᠲᠠᠢ ᠨᠡᠩ ᠣᠶᠢᠷᠠᠳᠣᠭᠤᠯᠣᠭᠰᠠᠨ ᠪᠠᠶᠢᠨ᠎ᠠ᠂ ᠨᠡᠩ ᠴᠢᠬᠤᠯᠠ ᠨᠢ ᠢᠩᠭᠢᠭᠡᠳ ᠬᠡᠷᠡᠶᠢᠳ ᠤᠨ ᠲᠡᠭᠡᠷᠡᠬᠢ ᠭᠡ᠊ ᠶᠢᠨ ᠭᠤᠣᠯ ᠠᠪᠢᠶ᠎ᠠ ᠪᠣᠯᠬᠤ ᠶᠢ ᠲᠣᠪᠣᠶᠢᠯᠭᠠᠵᠣ ᠴᠢᠳᠠᠵᠠᠢ᠃ ᠭᠡᠪᠡᠴᠦ ᠾᠧ ᠯᠢᠶᠠᠨ ᠪᠦᠸᠧ ᠪᠦᠸᠧ ᠡᠶᠢᠮᠦᠷᠬᠦ ᠣᠷᠴᠢᠭᠤᠯᠭ᠎ᠠ ᠶᠢ ᠲᠠᠶᠠᠭᠳᠠᠨ ᠰᠢᠭᠤᠳ ᠠᠪᠢᠶ᠎ᠠ ᠶᠢ ᠢᠯᠡᠳᠭᠡᠬᠦ 赫連 ᠦᠰᠦᠭ ᠢ ᠬᠡᠷᠡᠭᠯᠡᠨ ᠦᠪᠡᠷ ᠤᠨ ᠣᠪᠣᠭ ᠢᠶᠠᠨ ᠰᠡᠷᠭᠦᠭᠡᠬᠦ ᠣᠬᠠᠭᠤᠯᠬᠤ ᠱᠠᠭᠠᠷᠳᠠᠯᠭ᠎ᠠ ᠲᠠᠭᠠᠨ ᠨᠡᠶᠢᠴᠡᠭᠦᠯᠦᠭᠰᠡᠨ ᠪᠠᠶᠢᠨ᠎ᠠ᠃ ᠨᠦᠬᠦᠬᠡ 鞮 ᠦᠰᠦᠭ ᠪᠣᠯ ᠲᠠᠢ ᠳ᠋ᠠᠢ ᠵᠡᠷᠭᠡ ᠬᠠᠷᠢᠶᠠᠯᠠᠭᠤᠯᠬᠤ ᠲᠠᠭᠠᠪᠣᠷᠢ ᠶᠢ ᠢᠯᠡᠳᠭᠡᠨ ᠮᠣᠩᠭᠤᠯ ᠬᠡᠯᠡᠨ ᠳᠤ ᠣᠯᠠᠨ ᠲᠣᠭᠠᠨ ᠤ ᠲᠠᠭᠠᠪᠣᠷᠢ ᠪᠣᠯᠬᠤ ᠪᠠᠷ ᠪᠠᠷᠠᠬᠤ ᠦᠭᠡᠢ ᠪᠠᠰᠠ ᠬᠦᠨᠳᠦᠳᠭᠡᠯ ᠣᠳᠬ᠎ᠠ ᠶᠢ ᠢᠯᠡᠳᠭᠡᠳᠡᠭ ᠲᠠᠭᠠᠪᠣᠷᠢ ᠶᠣᠮ᠃ ᠵᠢᠱᠢᠶᠡᠯᠡᠪᠡᠯ ᠲᠦᠷᠪᠡᠳ ᠵᠠᠯᠠᠶᠢᠷᠰ ᠭᠡᠪᠡᠯ ᠣᠯᠠᠨ ᠲᠤᠭ᠎ᠠ ᠶᠢ ᠵᠢᠭᠠᠵᠣ ᠪᠠᠶᠢᠬᠤ ᠳᠤ ᠪᠣᠭᠳᠠᠰ ᠮᠡᠷᠭᠡᠳ ᠭᠡᠬᠦ ᠪᠣᠶᠣ ᠡᠵᠡᠰ ᠬᠠᠭᠠᠳ ᠭᠡᠪᠡᠯ ᠬᠦᠨᠳᠦᠳᠭᠡᠯ ᠣᠳᠬ᠎ᠠ ᠶᠢ ᠠᠬᠤᠭᠤᠯᠬᠤ ᠶᠣᠮ᠃ ᠪᠡᠯᠡᠳᠬᠡᠭᠰᠡᠨ ᠨᠢ᠄ ᠡᠷᠳᠡᠨᠢᠬᠦᠦᠨᠠᠶᠢᠷᠠᠭᠤᠯᠤᠭᠰᠠᠨ ᠨᠢ᠄ ᠨᠠᠮᠤᠷᠬᠢᠨᠠᠭᠰᠠᠨ ᠨᠢ᠄ ᠤᠷᠢᠬᠠᠨ
 
ᠢᠷᠡᠯᠲᠡ᠄ ᠲᠣᠰ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号