ᠴᠠᠨ ᠢᠥᠢ ᠬᠤᠶᠠᠷ ᠦᠰᠦᠭ ᠢ ᠲᠣᠷᠰᠢᠨ ᠲᠠᠶᠢᠯᠪᠣᠷᠢᠯᠠᠬᠤ ᠨᠢ
ᠨᠡᠶᠢᠲᠡᠯᠡᠭᠰᠡᠨ ᠴᠠᠭ᠄
2020/10/20
ᠣᠣᠬᠠᠨ · ᠬᠠᠭᠳᠠ 單于 ᠴᠠᠨ ᠢᠥᠢ᠄ 2单于᠄ ᠬᠠᠭᠤᠴᠢᠨ ᠪᠢᠴᠢᠯᠭᠡ ᠨᠢ 單于 ᠭᠡᠵᠦ ᠪᠢᠴᠢᠨ᠎ᠡ᠃ ⑴单于 ᠬᠤᠶᠠᠷ ᠦᠰᠦᠭ ᠤᠨ ᠣᠳᠣ ᠦᠶ᠎ᠡ ᠶᠢᠨ ᠯᠠᠲ᠋ᠢᠨ ᠭᠠᠯᠢᠭ ᠨᠢ᠄ chán yú ︵ᠴᠠᠨ ᠢᠥᠢ︶ ᠭᠡᠵᠡᠢ᠃ ᠠᠳᠡ ᠣᠷᠢᠳᠠᠪᠠᠷ chán yú ︵ᠴᠠᠨ ᠢᠥᠢ︶ ᠭᠡᠳᠡᠭ ᠣᠳᠣ ᠦᠶ᠎ᠡ ᠶᠢᠨ ᠬᠢᠳᠠᠳ ᠠᠪᠢᠶ᠎ᠠ ᠶᠢ ᠨᠢ ᠮᠦᠷᠳᠡᠵᠦ ᠪᠠᠶᠢᠶ᠎ᠠ᠃ ᠲᠠᠷᠠᠭ᠎ᠠ ᠪᠠᠷ ᠲᠡᠭᠦᠨ ᠤ ᠾᠦᠩᠨᠦ ᠬᠡᠯᠡᠨ ᠤ ᠣᠣᠯ ᠠᠪᠢᠶ᠎ᠠ ᠠᠴᠠ ᠣᠶᠢᠷᠬᠠᠨ ᠠᠪᠢᠶᠠᠯᠯᠠᠭ᠎ᠠ  ᠶᠢ ᠠᠭᠠᠵᠢᠮ ᠢᠶᠠᠷ ᠲᠣᠲᠣᠷᠠᠭᠤᠯᠣᠶ᠎ᠠ᠃ ⑵单于 ᠬᠤᠶᠠᠷ ᠦᠰᠦᠭ ᠤᠨ ᠬᠢᠳᠠᠳ ᠤᠨ ︽ᠣᠯᠣᠰ ᠤᠨ ᠬᠡᠯᠡᠨ ᠤ ᠦᠭᠡᠰ ᠤᠨ ᠲᠣᠯᠢ︾ ᠲᠠᠬᠢ ᠣᠳᠬ᠎ᠠ ᠶᠢᠨ ᠲᠠᠶᠢᠯᠪᠣᠷᠢ᠄ ᠬᠠᠨ ᠣᠯᠣᠰ ᠤᠨ ᠦᠶ᠎ᠡ ᠶᠢᠨ ᠾᠦᠩᠨᠦ ᠬᠦᠮᠦᠰ ᠤᠨ ᠡᠵᠡᠳ ᠬᠠᠭᠠᠳ ᠤᠨ ᠨᠡᠷᠡᠶᠢᠳᠦᠯ ᠪᠣᠯᠣᠨ᠎ᠠ ᠭᠡᠵᠡᠢ᠃ ᠬᠢᠳᠠᠳ ᠤᠨ ︽ᠪᠠᠢ ᠳ᠋ᠦ᠋ ᠨᠡᠪᠳᠡᠷᠬᠡᠢ ᠪᠢᠴᠢᠭ︾ ᠲᠤ ᠬᠡᠯᠡᠭᠰᠡᠨ ᠨᠢ᠂ ᠾᠦᠩᠨᠦᠴᠦᠳ ᠦᠪᠡᠷ ᠤᠨ ᠠᠶᠢᠮᠠᠭ ᠤᠨ ᠬᠤᠯᠪᠣᠭ᠎ᠠ ᠶᠢᠨ ᠠᠬᠠᠯᠠᠭᠴᠢ ᠪᠠᠨ ᠨᠡᠷᠡᠶᠢᠳᠦᠬᠦ ᠲᠣᠰᠬᠠᠢ ᠨᠡᠷ᠎ᠡ ᠦᠭᠡ ᠮᠦᠨ᠂ ᠲᠡᠭᠦᠨ ᠤ ᠣᠳᠬ᠎ᠠ ᠨᠢ ᠠᠭᠤᠳᠠᠮ ᠲᠡᠨᠢᠭᠡᠷ ᠭᠡᠳᠡᠭ᠂ ᠵᠢᠱᠢᠶᠡᠯᠡᠪᠡᠯ ᠲᠦᠮᠡᠨ ᠴᠠᠨ ᠢᠥᠢ᠂ ᠪᠣᠭᠳᠠ ︵冒顿︶ ᠴᠠᠨ ᠢᠥᠢ ᠭᠡᠬᠦ ᠮᠡᠳᠦ᠃ ᠬᠤᠵᠢᠮ ᠵᠡᠬᠦᠨ ᠬᠠᠨ ᠣᠯᠣᠰ ᠪᠠ ᠭᠤᠷᠪᠠᠨ ᠣᠯᠣᠰ ᠤᠨ ᠦᠶ᠎ᠡ ᠳᠤ ᠡᠣ ᠬᠤᠸᠠᠨ ᠠᠶᠢᠮᠠᠭ ᠪᠠ ᠰᠢᠶᠠᠨ ᠪᠸᠢ ᠠᠶᠢᠮᠠᠭ ᠴᠦ ᠦᠪᠡᠷ ᠤᠨ ᠠᠬᠠᠯᠠᠭᠴᠢ ᠪᠠᠨ ᠶᠡᠭᠡ ᠴᠠᠨ ᠢᠥᠢ ᠬᠡᠮᠡᠨ ᠨᠡᠷᠡᠶᠢᠳᠦᠬᠦ ᠪᠣᠯᠪᠠ ᠭᠡᠵᠡᠢ᠃ ᠲᠡᠭᠡᠷᠡᠬᠢ ᠡᠳᠡᠭᠡᠷ ᠲᠠᠶᠢᠯᠪᠣᠷᠢ ᠠᠴᠠ ᠦᠵᠡᠪᠡᠯ ︽ᠴᠠᠨ ᠢᠥᠢ︾ ᠭᠡᠳᠡᠭ ᠴᠣᠯᠠ ᠦᠭᠡ ᠨᠢ ᠬᠤᠵᠢᠮ ᠤᠨ ᠬᠠᠭᠠᠨ ᠭᠡᠳᠡᠭ ᠦᠭᠡ ᠲᠠᠢ ᠨᠢᠭᠡᠨ ᠠᠳᠠᠯᠢ ᠪᠠᠷ ᠲᠣᠬᠠᠢ ᠶᠢᠨ ᠦᠶ᠎ᠡ ᠶᠢᠨ ᠮᠣᠩᠭᠤᠯ ᠬᠡᠯᠡᠳᠡᠨ ᠠᠶᠢᠮᠠᠭ ᠪᠦᠬᠦᠨ ᠲᠣᠲᠣᠷ᠎ᠠ ᠪᠠᠨ ᠨᠡᠶᠢᠳᠡᠮ ᠮᠡᠳᠡᠷᠡᠭᠳᠡᠨ ᠬᠡᠷᠡᠭᠯᠡᠭᠳᠡᠵᠦ ᠪᠠᠶᠢᠭᠰᠠᠨ ᠬᠦᠨᠳᠦᠳᠭᠡᠯ ᠶᠡᠬᠡᠳᠡᠢ ᠴᠣᠯᠠ ᠦᠭᠡ ᠪᠠᠶᠢᠵᠠᠢ᠃ ⑶单 ᠦᠰᠦᠭ ᠤᠨ ᠡᠷᠳᠡ ᠡᠳᠦᠬᠡ ᠶᠢᠨ ᠣᠳᠬ᠎ᠠ ᠪᠠ ᠠᠪᠢᠶ᠎ᠠ ᠠᠶᠠᠯᠭᠤ᠄ 单 ᠦᠰᠦᠭ ᠤᠨ ᠣᠳᠣ ᠦᠶ᠎ᠡ  ᠶᠢᠨ ᠠᠪᠢᠶ᠎ᠠ ᠨᠢ dān ︵ᠳ᠋ᠠᠨ︶᠂ shàn ︵ᠱᠠᠨ︶᠂ chán ︵ᠴᠠᠨ︶ ᠭᠡᠵᠦ ᠭᠤᠷᠪᠠ ᠪᠠᠶᠢᠳᠠᠭ ᠭᠡᠵᠡᠢ᠃ ᠳ᠋ᠠᠨ ᠭᠡᠳᠡᠭ ᠤᠨ ᠣᠳᠬ᠎ᠠ ᠨᠢ ᠦᠷᠦᠭᠡᠰᠦᠨ ︵ᠲᠤᠭ᠎ᠠ︶᠂ ᠨᠢᠮᠭᠡᠨ ᠬᠡᠪᠷᠡᠭ᠂ ᠬᠢᠯᠪᠡᠷ ᠲᠦᠭᠦᠮ᠂ ᠣᠷᠣᠨ ᠤ ᠪᠦᠳᠡᠭᠡᠯᠭᠡ᠂ ᠬᠡᠷᠡᠭ ᠶᠠᠪᠣᠳᠠᠯ ᠢ ᠲᠡᠮᠳᠡᠭᠯᠡᠬᠦ ᠴᠠᠭᠠᠰᠣ᠂ ᠬᠤᠣᠱᠠᠩ ᠬᠦᠮᠦᠨ ᠤ ᠰᠠᠭᠤᠳᠠᠯ ᠵᠡᠷᠭᠡ ᠶᠢ ᠵᠢᠭᠠᠨ᠎ᠠ ᠭᠡᠵᠡᠢ᠃ ᠱᠠᠨ ᠤ ᠣᠳᠬ᠎ᠠ ᠭᠡᠪᠡᠯ ᠭᠤᠣᠯᠳᠠᠭᠤ ᠭᠠᠵᠠᠷ ᠤᠨ ᠨᠡᠷ᠎ᠡ ᠪᠠ ᠣᠪᠣᠭ ᠲᠤ ᠬᠡᠷᠡᠭᠯᠡᠨ᠎ᠡ ᠭᠡᠵᠡᠢ᠃ ᠴᠠᠨ ᠤ ᠣᠳᠬ᠎ᠠ ᠭᠡᠪᠡᠯ ᠭᠤᠣᠯᠳᠠᠭᠤ ᠴᠠᠨ ᠢᠥᠢ ᠭᠡᠳᠡᠭ ᠴᠣᠯᠠ ᠨᠡᠷᠡᠶᠢᠳᠦᠯ ᠳᠤ ᠬᠡᠷᠡᠭᠯᠡᠨ᠎ᠡ ᠭᠡᠪᠡ᠃ ᠭᠡᠶ᠎ᠡ ᠠᠳᠡ ᠵᠠᠪᠠᠯ ᠮᠡᠳᠡᠬᠦ ᠴᠢᠬᠤᠯᠠ ᠲᠠᠢ ᠣᠴᠢᠷ ᠪᠣᠯ ᠡᠨᠡᠬᠦ ᠦᠰᠦᠭ ᠤᠨ ᠡᠷᠳᠡ ᠦᠶ᠎ᠡ ᠶᠢᠨ ᠠᠪᠢᠶ᠎ᠠ ᠠᠶᠠᠯᠭᠤ ᠨᠢ ᠮᠠᠰᠢ ᠪᠣᠳᠣᠯᠢᠶᠠᠨ ᠲᠠᠢ ᠪᠠᠶᠢᠵᠠᠢ᠃ ᠬᠡᠳᠦᠶᠢᠪᠡᠷ ᠣᠳᠣ ᠦᠶ᠎ᠡ ᠳᠤ ᠳ᠋ᠠᠨ ᠱᠠᠨ ᠴᠠᠨ ᠭᠡᠵᠦ ᠭᠤᠷᠪᠠᠨ ᠵᠦᠢᠯ ᠢᠶᠠᠷ ᠣᠩᠰᠢᠵᠣ ᠪᠣᠯᠣᠨ᠎ᠠ ᠭᠡᠵᠦ ᠬᠡᠯᠡᠵᠦ ᠪᠠᠶᠢᠪᠠᠴᠣ᠂ ᠮᠦᠨ ᠪᠠᠰᠠ ᠲᠠᠨ᠂ ᠵᠠᠨ ᠭᠡᠵᠦ ᠣᠩᠰᠢᠵᠣ ᠪᠣᠯᠳᠠᠭ ᠠᠵᠠᠢ᠃ ᠬᠡᠷᠪᠡ ᠬᠢᠳᠠᠳ ᠬᠡᠯᠡᠨ ᠤ ᠨᠣᠳᠤᠭ ᠤᠨ ᠠᠪᠢᠶ᠎ᠠ ᠠᠴᠠ ᠯᠠᠪᠯᠠᠯᠳᠠ ᠪᠣᠯᠭᠠᠪᠠᠯ᠂ ᠡᠳᠡᠭᠡᠷ ᠦᠰᠦᠭ ᠤᠨ ᠠᠪᠢᠶᠠᠨ ᠰᠡᠬᠦᠯ ᠤᠨ ‍ᠨ ᠢᠶᠠᠨ ᠪᠠᠰᠠ ‍ᠩ ᠢᠶᠠᠷ ᠣᠩᠰᠢᠵᠣ ᠪᠣᠯᠳᠠᠭ ᠠᠵᠠᠢ᠃ ᠪᠠᠰᠠ ᠡᠨᠡᠬᠦ ᠴᠠᠨ ᠦᠰᠦᠭ ᠢ ᠰᠣᠯᠣᠩᠭᠤᠰ ᠬᠡᠯᠡᠨ ᠳᠤ ᠰᠧᠨ ᠪᠣᠶᠣ ᠰᠧᠩ ᠭᠡᠵᠦ ᠣᠩᠰᠢᠳᠠᠭ ᠢ ᠠᠩᠬᠠᠷᠬᠤ ᠬᠡᠷᠡᠭᠳᠡᠢ ᠪᠠᠶᠢᠨ᠎ᠠ᠃ ᠣᠴᠢᠷ ᠨᠢ ᠰᠣᠯᠣᠩᠭᠤᠰ ᠬᠡᠯᠡᠨ ᠳᠤ ᠴᠧᠩ ᠢ ᠰᠧᠩ ᠭᠡᠵᠦ ᠣᠩᠰᠢᠬᠤ ᠪᠣᠶᠣ ᠰᠧᠨ ᠭᠡᠵᠦ ᠣᠩᠰᠢᠳᠠᠭ ᠶᠣᠮ᠃ ⑷单 ᠦᠰᠦᠭ ᠤᠨ ᠲᠡᠭᠡᠳᠦ ᠡᠷᠳᠡᠨ ᠤ ᠠᠪᠢᠶ᠎ᠠ ᠠᠶᠠᠯᠭᠤ᠄ taːn᠂ djan᠂ djanʔ᠂ djans ᠵᠡᠷᠭᠡ ᠪᠠᠶᠢᠨ᠎ᠠ ᠭᠡᠵᠦ ᠲᠦᠷᠪᠡᠨ ᠠᠶᠠᠯᠭᠤ ᠰᠡᠷᠭᠦᠭᠡᠨ ᠵᠢᠬᠰᠠᠭᠠᠵᠠᠢ᠃ ⑸单 ᠦᠰᠦᠭ ᠤᠨ ᠴᠢᠨ ᠣᠯᠣᠰ ᠠᠴᠠ ᠡᠮᠦᠨᠡᠬᠢ ᠠᠪᠢᠶ᠎ᠠ ᠠᠶᠠᠯᠭᠤ᠄ ᠠᠪᠢᠶ᠎ᠠ ᠨᠢ t ᠪᠠᠶᠢᠵᠣ᠂ ᠠᠶᠠᠯᠭᠤ ᠨᠢ ɑn᠂ an ᠵᠡᠷᠭᠡ ᠪᠣᠢ ᠭᠡᠵᠦ ᠰᠡᠷᠭᠦᠭᠡᠵᠡᠢ᠃ ⑹单 ᠦᠰᠦᠭ ᠤᠨ ᠬᠠᠨ ᠣᠯᠣᠰ ᠤᠨ ᠦᠶ᠎ᠡ ᠶᠢᠨ ᠲᠣᠯᠢ ᠪᠢᠴᠢᠭ ︽ᠦᠰᠦᠭ ᠪᠢᠴᠢᠭ ᠤᠨ ᠲᠠᠶᠢᠯᠪᠣᠷᠢ︾  ᠲᠠᠬᠢ ᠣᠳᠬ᠎ᠠ ᠪᠠ ᠠᠪᠢᠶ᠎ᠠ ᠠᠶᠠᠯᠭᠤ᠄ 單 ᠬᠡᠮᠡᠭᠴᠢ ᠶᠡᠭᠡ ᠪᠣᠯᠠᠢ ᠬᠡᠮᠡᠭᠡᠳ᠂ 从吅᠂ 吅亦聲 ᠭᠡᠵᠦ ᠲᠠᠶᠢᠯᠪᠣᠷᠢᠯᠠᠵᠠᠢ᠃ ᠲᠠᠷᠣᠢ ᠲᠣᠰ ᠦᠰᠦᠭ 吅 ᠶᠢ ᠲᠠᠭᠠᠵᠣ ᠪᠢᠴᠢᠭᠯᠡᠨ᠂ 吅 ᠨᠢ ᠴᠦ ᠲᠡᠭᠦᠨ ᠤ ᠠᠪᠢᠶ᠎ᠠ ᠪᠣᠯᠣᠨ᠎ᠠ ᠭᠡᠵᠡᠢ᠃ ᠲᠡᠭᠡᠪᠡᠯ 吅 ᠶᠢᠨ ᠣᠳᠣ ᠦᠶ᠎ᠡ ᠶᠢᠨ ᠠᠪᠢᠶ᠎ᠠ ᠨᠢ xuān᠂ sòng ᠬᠤᠶᠠᠷ ᠠᠪᠢᠶ᠎ᠠ ᠲᠠᠢ ᠭᠡᠵᠡᠢ᠃ ᠭᠡᠪᠡᠴᠦ ᠡᠷᠳᠡ ᠦᠶ᠎ᠡ ᠳᠤ ᠪᠣᠯ qʰon᠂ sqʰon᠂ sɢoŋs ᠭᠤᠷᠪᠠᠨ ᠠᠪᠢᠶ᠎ᠠ ᠲᠠᠢ ᠭᠡᠪᠡ᠂ ᠲᠠᠷᠣᠢ ᠣᠶᠢᠷᠠᠯᠴᠠᠭ᠎ᠠ ᠪᠠᠷ ᠬᠤᠨ᠂ ᠰᠣᠨ᠂ ᠰᠣᠩ ᠪᠣᠯᠣᠨ᠎ᠠ ᠭᠡᠵᠦ ᠦᠵᠡᠵᠦ ᠪᠠᠶᠢᠨ᠎ᠠ᠃ ᠭᠡᠶ᠎ᠡ ᠲᠡᠭᠦᠨ ᠤ ᠠᠪᠢᠶᠠᠯᠠᠪᠣᠷᠢ ᠮᠠᠰᠢ ᠪᠣᠳᠣᠯᠢᠶᠠᠨ ᠲᠠᠢ ᠪᠠᠶᠢᠵᠠᠢ᠃ ᠬᠤᠵᠢᠮ ᠤᠨ ᠬᠦᠮᠦᠰ ᠬᠡᠷᠴᠢᠨ ᠭᠠᠯᠢᠭᠴᠢᠯᠠᠬᠤ ᠠᠷᠭ᠎ᠠ ᠶᠢ ᠨᠡᠮᠡᠵᠦ 都寒切 ᠭᠡᠪᠡ᠃ ᠭᠡᠪᠡᠴᠦ 都寒切 ᠭᠡᠳᠡᠭ ᠨᠢ ᠲᠠᠷᠣᠢ ᠵᠦᠪᠬᠡᠨ ︽ᠳ᠋ᠠᠨ᠂ dān︾ ᠭᠡᠳᠡᠭ ᠠᠪᠢᠶ᠎ᠠ ᠶᠢ ᠢᠯᠡᠳᠭᠡᠭᠰᠡᠨ ᠠᠵᠠᠢ᠃ ᠡᠭᠦᠨ ᠠᠴᠠ ᠦᠵᠡᠪᠡᠯ 都寒切 ᠨᠢ ᠡᠨᠡᠬᠦ ᠦᠰᠦᠭ  ᠤᠨ ︽ᠳ᠋ᠠᠨ︾ ᠭᠡᠳᠡᠭ ᠭᠠᠭᠴᠠ ᠠᠪᠢᠶ᠎ᠠ ᠶᠢ ᠦᠵᠡᠭᠦᠯᠵᠦ᠂ ᠪᠣᠰᠣᠳ ᠠᠪᠢᠶ᠎ᠠ ᠶᠢ ᠨᠢ ᠲᠣᠪᠴᠢᠯᠠᠨ ᠣᠷᠬᠢᠭᠰᠠᠨ ᠪᠠᠶᠢᠨ᠎ᠠ᠃ ᠠᠳᠡ ᠠᠩᠬᠠᠷᠬᠤ ᠨᠢ sɢoŋs ᠠᠪᠢᠶ᠎ᠠ ᠶᠢ ᠶᠠᠭᠠᠬᠢᠨ ᠠᠪᠢᠶᠠᠯᠠᠬᠤ ᠪᠣᠢ ᠭᠡᠪᠡᠯ᠂ ᠭᠤᠣ ᠪᠧᠨ ᠬᠠᠨ  ᠤ ᠲᠣᠮᠳᠠᠳᠣ ᠡᠷᠳᠡᠨ ᠤ ᠠᠪᠢᠶᠠᠨ ᠰᠡᠷᠭᠦᠭᠡᠯᠳᠡ ᠨᠢ zĭwoŋ ᠭᠡᠵᠦ ᠠᠪᠢᠶᠠᠯᠠᠨ᠎ᠠ ᠭᠡᠵᠦ ᠪᠠᠶᠢᠬᠤ ᠳᠤ᠂ ᠫᠦ᠋ ᠯᠢ ᠪᠧᠨ ᠪᠣᠯ zuawŋ ᠭᠡᠵᠦ ᠰᠡᠷᠭᠦᠭᠡᠵᠡᠢ᠃ ᠪᠣᠰᠣᠳ ᠬᠢᠳᠠᠳ ᠡᠷᠳᠡᠮᠳᠡᠳ ᠪᠣᠯ ᠨᠡᠩ ᠲᠦᠭᠦᠮ ᠢᠶᠠᠷ zioŋ ᠵᠡᠷᠭᠡ ᠪᠠᠷ ᠰᠡᠷᠭᠦᠭᠡᠭᠰᠡᠨ ᠪᠠᠶᠢᠨ᠎ᠠ᠃ ᠡᠭᠦᠨ ᠠᠴᠠ ᠦᠵᠡᠪᠡᠯ 单 ᠦᠰᠦᠭ ᠢ ᠪᠠᠰᠠ zioŋ ᠠᠴᠠ ᠣᠶᠢᠷᠠᠯᠴᠠᠭ᠎ᠠ ᠪᠠᠷ ᠠᠪᠢᠶᠠᠯᠠᠵᠣ ᠪᠣᠯᠬᠤ ᠶᠣᠮ ᠪᠠᠶᠢᠨ᠎ᠠ᠃ ᠡᠨᠡᠬᠦ ᠠᠪᠢᠶ᠎ᠠ ᠶᠢ ᠵᠣᠬᠢᠶᠠᠭᠴᠢ ᠠᠴᠠ ᠲᠡᠭᠦᠨ ᠤ ᠨᠡᠩ ᠲᠡᠭᠡᠳᠦ ᠡᠷᠳᠡᠨ ᠤ ᠠᠪᠢᠶ᠎ᠠ ᠲᠠᠢ ᠣᠶᠢᠷᠠᠯᠴᠠᠭ᠎ᠠ ᠪᠠᠶᠢᠭᠰᠠᠨ ᠪᠣᠯᠣᠯᠳᠠᠢ ᠭᠡᠵᠦ ᠦᠵᠡᠵᠦ ᠪᠠᠶᠢᠨ᠎ᠠ᠃ ⑺单 ᠦᠰᠦᠭ ᠤᠨ ᠲᠠᠩ ᠶᠦᠨ᠂ ᠭᠤᠸᠠᠩ ᠶᠦᠨ᠂ ᠵᠢᠢ ᠶᠦᠨ᠂ ᠶᠦᠨ ᠾᠦᠢ᠂ ᠵᠧᠩ ᠶᠦᠨ ᠵᠡᠷᠭᠡ ᠲᠣᠯᠢ ᠪᠢᠴᠢᠭ ᠳᠠᠬᠢ ᠠᠪᠢᠶ᠎ᠠ ᠠᠶᠠᠯᠭᠤ᠄ 都寒切᠂ 多寒切 ᠭᠡᠵᠦ 丹 ︵ᠳ᠋ᠠᠨ︶ ᠠᠪᠢᠶ᠎ᠠ ᠲᠠᠢ ᠭᠡᠪᠡ᠃ ᠪᠠᠰᠠ 時連切 ᠭᠡᠵᠦ 蟬 ︵ᠴᠠᠨ︶ ᠠᠪᠢᠶ᠎ᠠ ᠲᠠᠢ ᠭᠡᠪᠡ᠃ ᠪᠠᠰᠠ 上演切 ᠭᠡᠵᠦ᠂ 善 ︵ᠱᠠᠨ︶ ᠠᠪᠢᠶ᠎ᠠ ᠲᠠᠢ ᠭᠡᠪᠡ᠃ ᠪᠠᠰᠠ 之膳切 ᠭᠡᠵᠦ᠂ 戰 ︵ᠵᠠᠨ︶ ᠠᠪᠢᠶ᠎ᠠ ᠲᠠᠢ ᠭᠡᠪᠡ᠃ ⑻单 ᠦᠰᠦᠭ ᠤᠨ ᠲᠠᠩ ᠣᠯᠣᠰ ᠤᠨ ᠦᠶ᠎ᠡ ᠶᠢᠨ ᠠᠪᠢᠶ᠎ᠠ᠄ ᠡᠷᠢᠵᠦ ᠣᠯᠣᠭᠰᠠᠨ ᠦᠭᠡᠢ᠃ ⑼单 ᠦᠰᠦᠭ ᠤᠨ ᠶᠠᠫᠣᠨ ᠬᠡᠯᠡᠨ ᠳᠠᠬᠢ ᠣᠩᠰᠢᠯᠭ᠎ᠠ᠄ ᠶᠠᠫᠣᠨ ᠬᠡᠯᠡᠨ ᠤ 音読 ᠪᠠᠷ たん ᠭᠡᠵᠦ ᠣᠩᠰᠢᠨ᠎ᠠ ᠭᠡᠵᠡᠢ᠃ ᠠᠳᠡ ᠬᠡᠳᠦᠶᠢᠪᠡᠷ たん ᠭᠡᠳᠡᠭ ᠬᠢᠷᠠᠭᠠᠨᠠ ᠶᠢ ᠬᠡᠷᠡᠭᠯᠡᠨ ᠭᠠᠯᠢᠭᠴᠢᠯᠠᠭᠰᠠᠨ ᠪᠣᠯᠪᠠᠴᠣ᠂ ᠲᠡᠭᠦᠨ ᠤ ᠣᠩᠰᠢᠯᠭ᠎ᠠ ᠶᠢ ᠣᠶᠢᠷᠠᠯᠴᠠᠭ᠎ᠠ ᠪᠠᠷ ᠮᠦᠨ ︽ᠳ᠋ᠠᠨ︾ ᠭᠡᠵᠦ ᠰᠣᠨᠣᠰᠳᠠᠵᠣ ᠪᠠᠶᠢᠨ᠎ᠠ᠃ ⑽单 ᠦᠰᠦᠭ ᠤᠨ ᠺᠣᠷᠢᠶ᠎ᠠ ᠬᠡᠯᠡᠨ ᠳᠠᠬᠢ ᠣᠩᠰᠢᠯᠭ᠎ᠠ᠄ TAN ᠪᠣᠯᠣᠨ SEN ᠬᠤᠶᠠᠷ ᠠᠪᠢᠶ᠎ᠠ ᠲᠠᠢ ᠭᠡᠪᠡ ᠃ ᠡᠨᠡᠬᠦ ᠰᠧᠨ ᠠᠪᠢᠶ᠎ᠠ ᠨᠢ ᠲᠡᠭᠡᠷ᠎ᠡ ᠨᠢᠭᠡᠨᠳᠡ ᠶᠠᠷᠢᠵᠣ ᠦᠩᠭᠡᠷᠡᠵᠡᠢ᠃ ᠡᠶᠢᠮᠦ ᠠᠴᠠ ᠰᠧᠨ ᠨᠢ ᠪᠠᠰᠠ ᠰᠣᠨ ᠭᠡᠬᠦ ᠪᠣᠶᠣ ᠰᠣᠩ ᠭᠡᠵᠦ ᠠᠪᠢᠶᠠᠯᠠᠳᠠᠭ ᠪᠠᠶᠢᠵᠠᠢ᠃ ᠶᠠᠭ ᠡᠶᠢᠮᠦ ᠠᠴᠠ ᠶᠢᠨ ᠿᠢ ᠴᠧᠩ ᠤᠨ ᠨᠡᠷ᠎ᠡ ᠶᠢᠨ ᠴᠧᠩ ᠦᠰᠦᠭ  ᠢ ᠺᠣᠷᠢᠶ᠎ᠠ ᠬᠡᠯᠡᠨ ᠳᠤ ᠪᠦᠷ ᠰᠣᠩ ᠭᠡᠬᠦ ᠪᠣᠶᠣ ᠰᠣᠨ ᠭᠡᠵᠦ ᠠᠪᠢᠶᠠᠯᠠᠳᠠᠭ ᠶᠣᠮ ᠪᠠᠶᠢᠨ᠎ᠠ᠃ ᠡᠭᠦᠨ ᠠᠴᠠ ᠴᠢᠨᠠᠭᠰᠢ ᠲᠦᠯᠬᠢᠵᠦ ᠪᠣᠳᠣᠪᠠᠯ ᠡᠨᠡᠬᠦ ᠰᠧᠨ ᠪᠣᠶᠣ ᠰᠧᠩ ᠨᠢ ᠴᠦ ᠣᠶᠢᠷᠠᠯᠴᠠᠭ᠎ᠠ ᠪᠠᠷ ᠴᠧᠩ ᠭᠡᠬᠦ ᠠᠪᠢᠶ᠎ᠠ ᠪᠠᠶᠢᠭᠰᠠᠨ ᠴᠦ ᠪᠣᠯᠪᠠᠣ ᠭᠡᠵᠦ ᠪᠣᠳᠣᠨ᠎ᠠ᠃ ⑾单 ᠦᠰᠦᠭ ᠤᠨ ᠸᠢᠶᠧᠲᠨᠠᠮ ᠬᠡᠯᠡᠨ ᠳᠠᠬᠢ ᠣᠩᠰᠢᠯᠭ᠎ᠠ᠄ ᠡᠷᠢᠵᠦ ᠣᠯᠣᠭᠰᠠᠨ ᠦᠭᠡᠢ᠃ ⑿单 ᠦᠰᠦᠭ ᠤᠨ ᠬᠢᠳᠠᠳ ᠤᠨ ᠲᠣᠲᠣᠭᠠᠳᠣ ᠭᠠᠳᠠᠭᠠᠳᠣ ᠶᠢᠨ ᠬᠢᠳᠠᠳᠴᠢ ᠡᠷᠳᠡᠮᠳᠡᠳ ᠤᠨ ᠰᠡᠷᠭᠦᠭᠡᠭᠰᠡᠨ ᠲᠣᠮᠳᠠᠳᠣ ᠡᠷᠳᠡᠨ ᠤ ᠠᠪᠢᠶ᠎ᠠ ᠠᠶᠠᠯᠭᠤ᠄ tɑn᠂ ʑi̯ɛn᠂ dʑjæn ᠭᠡᠵᠡᠢ᠃ ⒀单 ᠦᠰᠦᠭ  ᠤᠨ ᠮᠣᠩᠭᠤᠯ ᠫᠠᠭᠰᠪᠠ ᠦᠰᠦᠭ ᠳᠠᠬᠢ ᠣᠩᠰᠢᠯᠭ᠎ᠠ᠄ ꡊꡋ ︵dan︶᠂ ꡚꡠꡋ ︵zhen︶ ᠭᠡᠵᠡᠢ᠃ ⒁单 ᠦᠰᠦᠭ ᠤᠨ ᠬᠢᠳᠠᠳ ᠬᠡᠯᠡᠨ ᠤ ᠣᠯᠠᠨ ᠨᠣᠳᠤᠭ ᠤᠨ ᠠᠪᠢᠶᠠᠨ ᠳᠠᠬᠢ ᠠᠪᠢᠶ᠎ᠠ᠄ ᠺᠧ ᠵᠢᠶᠠ ᠬᠡᠯᠡᠨ ᠳᠤ tan᠂ taŋ ᠪᠣᠶᠣ dan᠂ ʂɛn/an᠂ tɛn/an ᠭᠡᠵᠡᠢ᠃ ᠶᠣᠸᠠᠢ ᠬᠡᠯᠡᠨ ᠳᠤ daan1᠂ taŋ ᠂ tan ᠭᠡᠵᠦ᠂ ᠴᠣᠣᠵᠸᠥ ᠬᠡᠯᠡᠨ ᠳᠤ duan1 ︵tuaⁿ︶᠂ siang6 ︵siăng︶᠂ siêng6 ︵siĕng︶᠂ siang5 ︵siâng︶᠂ siêng5 ︵siêng︶ ᠭᠡᠵᠦ᠂ ᠮᠢᠨᠨᠠᠨ ᠬᠡᠯᠡᠨ ᠳᠤ ᠪᠣᠯ tuã/an ᠪᠣᠶᠣ tũã/aŋ ᠡᠰᠡᠬᠦᠯ᠎ᠡ tuã/an ᠵᠡᠷᠭᠡ ᠪᠠᠷ ᠠᠪᠢᠶᠠᠯᠠᠨ᠎ᠠ ᠭᠡᠵᠡᠢ᠃ ⒂单 ᠦᠰᠦᠭ ᠤᠨ ︽ᠬᠢᠳᠠᠳ ᠬᠡᠯᠡᠨ ᠤ ᠨᠣᠳᠤᠭ ᠤᠨ ᠠᠪᠢᠶᠠᠨ ᠤ ᠲᠣᠯᠢ︾ ᠳᠠᠬᠢ ᠠᠪᠢᠶ᠎ᠠ᠄ ᠭᠤᠸᠠᠩ ᠶᠦᠨ ᠤ ᠠᠪᠢᠶ᠎ᠠ ᠨᠢ ᠳ᠋ᠠᠨ᠂ ᠳᠢᠶᠠᠨ ᠵᠡᠷᠭᠡ ᠪᠠᠷ ᠰᠣᠨᠣᠰᠳᠠᠵᠣ ᠪᠠᠶᠢᠨ᠎ᠠ᠃ ᠮᠢᠨᠨᠠᠨ ᠬᠡᠯᠡᠨ ᠳᠤ ᠳ᠋ᠠᠨ᠂ ᠳ᠋ᠣᠸᠠ᠂ ᠲᠢᠶᠠᠨ ᠵᠡᠷᠭᠡ ᠪᠠᠷ ᠰᠣᠨᠣᠰᠳᠠᠵᠣ ᠪᠠᠶᠢᠨ᠎ᠠ᠃ ᠶᠣᠸᠠᠢ ᠬᠡᠯᠡᠨ ᠳᠤ ᠳ᠋ᠠᠨ᠂ ᠰᠢᠨ᠂ ᠰᠢᠩ ᠵᠡᠷᠭᠡ ᠪᠠᠷ ᠰᠣᠨᠣᠰᠳᠠᠵᠣ ᠪᠠᠶᠢᠨ᠎ᠠ᠃ ᠴᠣᠣᠵᠸᠥ ᠬᠡᠯᠡᠨ ᠳᠤ ᠵᠦᠪᠬᠡᠨ ᠳ᠋ᠣᠸᠠᠨ ᠭᠡᠵᠦ ᠣᠩᠰᠢᠳᠠᠭ ᠠᠵᠠᠢ᠃ ᠺᠧ ᠵᠢᠶᠠ ᠬᠡᠯᠡᠨ ᠳᠤ ᠨᠢᠭᠡᠯ᠎ᠡ ᠳ᠋ᠠᠨ ᠭᠡᠳᠡᠭ ᠠᠪᠢᠶ᠎ᠠ ᠶᠢ ᠲᠡᠮᠳᠡᠭᠯᠡᠵᠡᠢ᠃ ᠸᠧᠢ ᠲᠸᠥ ︵ᠬᠤᠩᠺᠣᠩ︶ ᠬᠡᠯᠡᠨ ᠳᠤ ᠳ᠋ᠠᠩ ᠭᠡᠵᠡᠢ᠃ ⒃单 ᠦᠰᠦᠭ ᠤᠨ ᠡᠷᠳᠡᠨ ᠤ ᠠᠪᠢᠶᠠᠨ ᠤ ᠬᠢᠨᠠᠨ ᠲᠣᠭᠳᠠᠭᠠᠯᠳᠠ᠄ 单 ᠦᠰᠦᠭ ᠢ ᠬᠢᠳᠠᠳ ᠬᠡᠯᠡᠨ ᠳᠤ ᠴᠠᠨ ᠭᠡᠵᠦ ᠣᠩᠰᠢᠨ᠎ᠠ ᠭᠡᠰᠡᠨ ᠲᠠᠶᠢᠯᠪᠣᠷᠢ ᠪᠣᠯ ᠴᠠᠨ ᠢᠥᠢ ᠭᠡᠳᠡᠭ ᠨᠡᠷ᠎ᠡ ᠦᠭᠡᠨ ᠳᠤ ᠬᠡᠷᠡᠭᠯᠡᠬᠦ ᠴᠣᠷ ᠤᠨ ᠭᠠᠭᠴᠠ ᠲᠠᠶᠢᠯᠪᠣᠷᠢ ᠪᠣᠯᠬᠤ ᠮᠦᠷᠳᠡᠭᠡᠨ᠂ ᠮᠦᠨ ᠠᠳᠠᠯᠢᠬᠠᠨ ᠢᠶᠠᠷ ᠾᠦᠩᠨᠦ ᠦᠭᠡ ᠶᠢ ᠣᠶᠢᠷᠠᠳᠣᠭᠤᠯᠣᠨ ᠠᠪᠢᠶᠠᠴᠢᠯᠠᠨ ᠭᠠᠯᠢᠭᠴᠢᠯᠠᠭᠰᠠᠨ ᠦᠰᠦᠭ ᠪᠣᠯᠣᠨ᠎ᠠ᠃ ᠲᠡᠭᠡᠭᠡᠳ ᠡᠨᠡᠬᠦ ᠦᠰᠦᠭ ᠢ ᠨᠣᠳᠤᠭ ᠤᠨ ᠠᠪᠢᠶᠠᠨ ᠳᠤ ᠮᠦᠨ ᠣᠯᠠᠨ ᠵᠦᠢᠯ ᠢᠶᠠᠷ ᠠᠪᠢᠶᠠᠯᠠᠵᠣ ᠪᠠᠶᠢᠭ᠎ᠠ ᠶᠣᠮ᠃ ᠲᠡᠭᠦᠨ ᠤ ᠡᠷᠳᠡᠨ ᠤ ᠠᠪᠢᠶᠠᠨ ᠤ ᠰᠡᠷᠭᠦᠭᠡᠯᠳᠡ ᠠᠴᠠ ᠦᠵᠡᠪᠡᠯ ᠪᠦᠬᠦ ᠠᠪᠢᠶ᠎ᠠ ᠶᠢ ᠪᠦᠷ ᠭᠠᠷᠭᠠᠴᠢᠬᠠᠯ᠎ᠠ ᠭᠡᠵᠦ ᠦᠵᠡᠬᠦ ᠳᠤ ᠪᠠᠰᠠ ᠪᠡᠷᠬᠡᠳᠡᠢ᠂ ᠣᠴᠢᠷ ᠨᠢ ᠬᠢᠳᠠᠳ ᠬᠡᠯᠡᠨ ᠤ ᠨᠣᠳᠤᠭ ᠤᠨ ᠠᠪᠢᠶ᠎ᠠ ᠭᠡᠪᠡᠯ ᠮᠠᠰᠢ ᠣᠯᠠᠨ ᠪᠠᠶᠢᠭ᠎ᠠ ᠮᠦᠷᠳᠡᠭᠡᠨ᠂ ᠢᠵᠢᠯ ᠨᠢᠭᠡᠨ ᠨᠣᠳᠤᠭ ᠤᠨ ᠠᠪᠢᠶᠠᠨ ᠲᠠᠭᠠᠨ ᠪᠠᠰᠠ ᠲᠣᠲᠣᠷᠠᠨᠢ ᠮᠠᠰᠢ ᠣᠯᠠᠨ ᠰᠠᠯᠪᠣᠷᠢ ᠬᠤᠪᠢᠶᠠᠨ᠂ ᠰᠠᠯᠪᠣᠷᠢ ᠲᠣᠲᠣᠷ᠎ᠠ ᠪᠠᠨ ᠪᠠᠰᠠ ᠲᠣᠩ ᠣᠯᠠᠨ ᠬᠡᠰᠡᠭ ᠪᠦᠯᠦᠭ ᠬᠤᠪᠢᠶᠠᠳᠠᠭ ᠪᠣᠳᠣᠯᠢᠶᠠᠨ ᠶᠡᠬᠡᠳᠡᠢ ᠠᠪᠢᠶ᠎ᠠ ᠠᠶᠠᠯᠭᠤ ᠶᠣᠮ᠃ ᠡᠶᠢᠮᠦ ᠠᠴᠠ ᠣᠯᠠᠩᠬᠢ ᠨᠣᠮ ᠲᠡᠪᠳᠡᠷ ᠲᠤ ᠲᠡᠭᠦᠨ ᠢ ᠪᠦᠷᠢᠨ ᠭᠦᠢᠴᠡᠳ ᠲᠡᠮᠳᠡᠭᠯᠡᠬᠦ ᠪᠣᠯᠣᠮᠵᠢ ᠪᠠᠶᠢᠭ᠎ᠠ ᠦᠭᠡᠢ ᠶᠣᠮ᠃ ᠠᠳᠡ ᠰᠣᠯᠣᠩᠭᠤᠰ ᠬᠡᠯᠡᠨ ᠳᠤ ᠰᠧᠨ ᠭᠡᠬᠦ ᠪᠣᠶᠣ ᠰᠧᠩ ᠭᠡᠵᠦ ᠣᠩᠰᠢᠬᠤ ᠨᠢ ᠮᠠᠰᠢ ᠠᠩᠬᠠᠷᠣᠭᠤᠰᠢᠳᠡᠢ ᠣᠴᠢᠷ ᠪᠣᠯᠣᠨ᠎ᠠ᠃ ᠰᠢᠯᠳᠠᠭᠠᠨ ᠭᠡᠪᠡᠯ ᠰᠣᠯᠣᠩᠭᠤᠰ ᠬᠡᠯᠡᠨ ᠳᠤ ᠴᠧᠩ ᠢ ᠰᠧᠩ ᠭᠡᠬᠦ ᠪᠣᠶᠣ ᠰᠣᠩ ᠭᠡᠬᠦ ᠦᠵᠡᠭᠳᠡᠯ ᠨᠡᠯᠢᠶᠡᠳ ᠲᠦᠭᠡᠮᠡᠯ ᠰᠢᠭ ᠬᠠᠷᠠᠭᠳᠠᠵᠣ ᠪᠣᠢ᠃ ᠵᠢᠱᠢᠶᠡᠯᠡᠪᠡᠯ ᠶᠢᠨ ᠿᠢ ᠴᠧᠩ ︵김일성᠂ ᠺᠢᠮ ᠢᠯ ᠰᠣᠩ︶ ᠭᠡᠳᠡᠭ ᠬᠦᠮᠦᠨ ᠤ ᠨᠡᠷ᠎ᠡ ᠶᠢᠨ ︽ᠴᠧᠩ︾ ᠦᠰᠦᠭ ᠢ ᠰᠣᠯᠣᠩᠭᠤᠰ ᠬᠡᠯᠡᠨ ᠳᠤ ᠰᠣᠩ ᠭᠡᠵᠦ ᠪᠢᠴᠢᠵᠦ ᠪᠠᠶᠢᠳᠠᠯ᠎ᠠ ᠵᠠᠷᠢᠮ ᠬᠦᠮᠦᠰ ᠨᠢ ᠰᠢᠭᠤᠳ ᠰᠧᠨ ᠪᠣᠶᠣ ᠰᠣᠨ ᠭᠡᠵᠦ ᠠᠪᠢᠶᠠᠯᠠᠳᠠᠭ ᠪᠠᠶᠢᠭ᠎ᠠ ᠶᠢ ᠣᠯᠵᠣ ᠠᠩᠬᠠᠷᠴᠠᠢ᠃ ᠡᠭᠦᠨ ᠠᠴᠠ ᠦᠵᠡᠪᠡᠯ ᠡᠨᠡᠬᠦ 单 ᠦᠰᠦᠭ ᠢ ᠮᠦᠨ ᠴᠠᠨ᠂ ᠴᠠᠩ᠂ ᠴᠧᠩ ᠢᠶᠠᠷ ᠠᠪᠢᠶᠠᠯᠠᠬᠤ ᠪᠣᠶᠣ ᠡᠰᠡᠬᠦᠯ᠎ᠡ ᠲᠡᠭᠦᠨ ᠠᠴᠠ ᠣᠶᠢᠷᠬᠠᠨ ᠠᠪᠢᠶᠠᠯᠠᠵᠣ ᠪᠣᠯᠳᠠᠭ ᠪᠠᠶᠢᠵᠠᠢ ᠭᠡᠵᠦ ᠦᠵᠡᠵᠦ ᠪᠣᠯᠣᠨ᠎ᠠ᠃ ᠣᠨᠴᠠᠭᠠᠶᠢᠯᠠᠨ sɢoŋs ᠤᠨ ᠠᠪᠢᠶ᠎ᠠ ᠨᠢ ᠮᠠᠰᠢ ᠰᠣᠨᠢᠷᠬᠠᠯ ᠲᠠᠢ ᠪᠠᠶᠢᠨ᠎ᠠ᠃ ᠣᠴᠢᠷ ᠨᠢ 吅 ᠪᠣᠯ ᠮᠦᠨ 单 ᠦᠰᠦᠭ ᠤᠨ ᠠᠪᠢᠶ᠎ᠠ ᠪᠣᠯᠣᠨ᠎ᠠ ᠭᠡᠵᠡᠢ᠃ ᠲᠡᠭᠡᠪᠡᠯ 吅 ᠦᠰᠦᠭ  ᠤᠨ ᠲᠡᠭᠡᠳᠦ ᠡᠷᠳᠡᠨ ᠤ ᠭᠤᠷᠪᠠᠨ ᠠᠪᠢᠶᠠᠨ ᠤ ᠨᠢᠭᠡ ᠳᠤ sɢoŋs ᠪᠠᠭᠳᠠᠬᠤ ᠠᠵᠠᠢ᠃ ᠲᠡᠭᠡᠭᠡᠳ sɢoŋs ᠤᠨ ᠲᠣᠮᠳᠠᠳᠣ ᠡᠷᠳᠡᠨ ᠤ ᠠᠪᠢᠶ᠎ᠠ ᠶᠢ ᠰᠡᠷᠭᠦᠭᠡᠭᠰᠡᠨ ᠲᠣᠲᠣᠭᠠᠳᠣ ᠭᠠᠳᠠᠭᠠᠳᠣ ᠶᠢᠨ ᠡᠷᠳᠡᠮᠳᠡᠳ ᠤᠨ ᠠᠪᠢᠶ᠎ᠠ ʑi̯ɛn᠂ dʑjæn ᠣᠨᠴᠠᠭᠠᠶᠢᠯᠠᠨ zioŋ ᠵᠡᠷᠭᠡ ᠠᠴᠠ ᠲᠦᠯᠬᠢᠵᠦ ᠪᠣᠳᠣᠪᠠᠯ ᠡᠨᠡᠬᠦ ᠦᠰᠦᠭ  ᠢ ᠴᠢᠩ ᠪᠣᠶᠣ ᠴᠧᠩ ᠡᠰᠡᠬᠦᠯ᠎ᠡ ᠽᠢᠩ ᠵᠡᠷᠭᠡ ᠪᠠᠶᠢᠭᠰᠠᠨ ᠪᠣᠯᠣᠯᠴᠠᠭ᠎ᠠ ᠪᠠᠶᠢᠨ᠎ᠠ᠃ ᠡᠶᠢᠮᠦ ᠠᠴᠠ ᠰᠣᠯᠣᠩᠭᠤᠰ ᠬᠡᠯᠡᠨ ᠳᠤ ᠡᠨᠡᠬᠦ ᠦᠰᠦᠭ ᠢ ᠰᠧᠨ ᠰᠧᠩ ᠰᠣᠩ ᠵᠡᠷᠭᠡ ᠪᠠᠷ ᠠᠪᠢᠶᠠᠯᠠᠵᠣ ᠪᠠᠶᠢᠭ᠎ᠠ ᠠᠵᠠᠢ᠃ ᠨᠦᠬᠦᠭᠡ ᠲᠠᠯ᠎ᠠ ᠪᠠᠷ ᠣᠳᠣᠬᠢ ᠴᠣᠣᠵᠸᠥ ᠬᠡᠯᠡᠨ ᠳᠤ ᠴᠦ siang6 ︵siăng︶᠂ siêng6 ︵siĕng︶᠂ siang5 ︵siâng︶᠂ siêng5 ︵siêng︶ ᠢᠶᠠᠷ ᠠᠪᠢᠶᠠᠯᠠᠵᠣ ᠪᠠᠶᠢᠭ᠎ᠠ ᠪᠠ ᠶᠣᠸᠠᠢ ᠬᠡᠯᠡᠨ ᠤ ᠵᠠᠷᠢᠮ ᠰᠠᠯᠪᠣᠷᠢ  ᠳᠤ ᠰᠢᠨ᠂ ᠰᠢᠩ ᠵᠡᠷᠭᠡ ᠪᠠᠷ ᠠᠪᠢᠶᠠᠯᠠᠵᠣ ᠪᠠᠶᠢᠭ᠎ᠠ ᠵᠡᠷᠭᠡ ᠨᠢ ᠪᠦᠷ ᠲᠡᠭᠦᠨ ᠤ ᠡᠷᠳᠡ ᠲᠡᠭᠡᠳᠦ ᠦᠶ᠎ᠡ ᠶᠢᠨ ᠠᠪᠢᠶᠠᠨ ᠤ ᠦᠯᠡᠳᠡᠭᠳᠡᠯ ᠭᠡᠵᠦ ᠦᠵᠡᠬᠦ ᠶᠣᠰᠣᠳᠠᠢ᠃ 于 ᠦᠰᠦᠭ᠄ ⑴于 ᠦᠰᠦᠭ ᠤᠨ ᠣᠳᠣ ᠦᠶ᠎ᠡ ᠶᠢᠨ ᠯᠠᠲ᠋ᠢᠨ ᠭᠠᠯᠢᠭ᠄ yú᠃ ⑵于 ᠦᠰᠦᠭ ᠤᠨ ᠬᠢᠳᠠᠳ ︽ᠣᠯᠣᠰ ᠤᠨ ᠬᠡᠯᠡᠨ ᠤ ᠦᠭᠡᠰ ᠤᠨ ᠲᠣᠯᠢ︾ ᠲᠠᠬᠢ ᠣᠳᠬ᠎ᠠ ᠶᠢᠨ ᠲᠠᠶᠢᠯᠪᠣᠷᠢ᠄ ᠣᠳᠣ ᠦᠶ᠎ᠡ ᠶᠢᠨ ᠣᠳᠬ᠎ᠠ ᠨᠢ ᠨᠦᠬᠦᠴᠡᠯ ᠦᠭᠡ ᠪᠠᠷ ᠬᠡᠷᠡᠭᠯᠡᠬᠦ᠂ ᠲᠡᠮᠳᠡᠭ ᠦᠭᠡ᠂ ᠦᠢᠯᠡ ᠦᠭᠡ  ᠶᠢᠨ ᠰᠡᠬᠦᠯ ᠳᠤ ᠬᠡᠷᠡᠭᠯᠡᠬᠦ᠂ ᠣᠪᠣᠭ ᠲᠤ ᠬᠡᠷᠡᠭᠯᠡᠬᠦ ᠮᠡᠳᠦ ᠭᠤᠷᠪᠠᠨ ᠵᠦᠢᠯ ᠢ ᠵᠢᠬᠰᠠᠭᠠᠵᠠᠢ᠃ ᠭᠡᠪᠡᠴᠦ ᠦᠨᠡᠨᠳᠡᠭᠡᠨ ᠲᠡᠮᠳᠡᠭ ᠦᠭᠡ᠂ ᠦᠢᠯᠡ ᠦᠭᠡ᠂ ᠬᠤᠯᠪᠣᠬᠤ ᠦᠭᠡ᠂ ᠲᠣᠰᠠᠯᠠᠬᠤ ᠦᠭᠡ᠂ ᠨᠡᠷᠡᠰ ᠦᠭᠡ ᠵᠡᠷᠭᠡ ᠪᠠᠷ ᠪᠦᠷ ᠬᠡᠷᠡᠭᠯᠡᠵᠦ ᠪᠣᠯᠣᠨ᠎ᠠ᠃ ⑶于 ᠦᠰᠦᠭ ᠤᠨ ᠲᠡᠭᠡᠳᠦ ᠡᠷᠳᠡᠨ ᠤ ᠠᠪᠢᠶ᠎ᠠ ᠠᠶᠠᠯᠭᠤ᠄ ɢʷa ᠭᠡᠵᠡᠢ᠃ ⑷于 ᠦᠰᠦᠭ ᠤᠨ ᠴᠢᠨ ᠣᠯᠣᠰ ᠠᠴᠠ ᠡᠮᠦᠨᠡᠬᠢ ᠠᠪᠢᠶ᠎ᠠ ᠠᠶᠠᠯᠭᠤ᠄ ᠠᠪᠢᠶ᠎ᠠ ᠨᠢ ɡ᠂ ɣ᠂ gw ᠵᠡᠷᠭᠡ ᠪᠣᠢ᠂ ᠠᠶᠠᠯᠭᠤ ᠨᠢ i̯wo᠂ ǐwa᠂ juaɡ᠂ jwaɣ ᠵᠡᠷᠭᠡ ᠪᠣᠢ᠃ ⑸于 ᠦᠰᠦᠭ ᠤᠨ ᠬᠠᠨ ᠣᠯᠣᠰ ᠤᠨ ᠦᠶ᠎ᠡ ᠶᠢᠨ ᠲᠣᠯᠢ ᠪᠢᠴᠢᠭ ︽ᠦᠰᠦᠭ ᠪᠢᠴᠢᠭ ᠤᠨ ᠲᠠᠶᠢᠯᠪᠣᠷᠢ︾  ᠳᠠᠬᠢ ᠠᠪᠢᠶ᠎ᠠ ᠠᠶᠠᠯᠭᠤ᠄ 于於也᠂ 从丂从一 ᠭᠡᠵᠦ ᠲᠠᠶᠢᠯᠪᠣᠷᠢᠯᠠᠭᠠᠳ᠂ ᠣᠩᠰᠢᠯᠭ᠎ᠠ ᠶᠢ ᠨᠢ ᠲᠣᠲᠣᠷᠬᠠᠶᠢᠯᠠᠭᠰᠠᠨ ᠦᠭᠡᠢ᠃ ᠬᠤᠵᠢᠮ ᠤᠨ ᠬᠦᠮᠦᠰ ᠠᠴᠠ 羽俱切 ᠭᠡᠵᠦ ᠬᠡᠷᠴᠢᠨ ᠭᠠᠯᠢᠭᠴᠢᠯᠠᠨ᠎ᠠ ᠭᠡᠪᠡ ᠃ 羽俱切 ᠭᠡᠪᠡᠯ ᠲᠡᠭᠦᠨ ᠤ ᠲᠣᠮᠳᠠᠳᠣ ᠡᠷᠳᠡᠨ ᠤ ᠠᠪᠢᠶ᠎ᠠ ᠨᠢ hio ᠪᠣᠯᠣᠨ᠎ᠠ᠃ ᠡᠶᠢᠮᠦ ᠠᠴᠠ 于 ᠶᠢᠨ ᠴᠢᠨ ᠬᠠᠨ ᠤ ᠦᠶ᠎ᠡ ᠶᠢᠨ ᠠᠪᠢᠶ᠎ᠠ ᠨᠢ Hi Gi ᠠᠴᠠ ᠣᠶᠢᠷᠠᠯᠴᠠᠭ᠎ᠠ ᠪᠠᠶᠢᠭᠰᠠᠨ ᠠᠵᠠᠢ᠃ ⑹于 ᠦᠰᠦᠭ ᠤᠨ ᠲᠠᠩ ᠶᠦᠨ ᠭᠤᠸᠠᠩ ᠶᠦᠨ᠂ ᠵᠢᠢ ᠶᠦᠨ᠂ ᠶᠦᠨ ᠾᠦᠢ᠂ ᠵᠧᠩ ᠶᠦᠨ ᠵᠡᠷᠭᠡ ᠲᠣᠯᠢ ᠪᠢᠴᠢᠭ ᠳᠠᠬᠢ ᠠᠪᠢᠶ᠎ᠠ ᠠᠶᠠᠯᠭᠤ᠄ 羽俱切 ᠪᠣᠶᠣ 雲俱切 ᠪᠠᠷ ᠬᠡᠷᠴᠢᠨ ᠭᠠᠯᠢᠭᠴᠢᠯᠠᠵᠣ᠂ ᠪᠦᠷ 迂 ᠪᠠᠷ ᠣᠩᠰᠢᠨ᠎ᠠ ᠭᠡᠵᠡᠢ᠃ 迂 ᠶᠢᠨ ᠡᠷᠳᠡᠨ ᠤ ᠠᠪᠢᠶ᠎ᠠ ᠨᠢ ʔi̯u ᠪᠣᠶᠣ ɣio ᠪᠠᠶᠢᠵᠠᠢ᠃ ⑺于 ᠦᠰᠦᠭ ᠤᠨ ᠲᠠᠩ ᠣᠯᠣᠰ ᠤᠨ ᠦᠶ᠎ᠡ ᠶᠢᠨ ᠠᠪᠢᠶ᠎ᠠ ᠨᠢ᠄ *hio ᠪᠣᠶᠣ hio ᠭᠡᠪᠡ᠃ ⑻于 ᠦᠰᠦᠭ ᠤᠨ ᠶᠠᠫᠣᠨ ᠬᠡᠯᠡᠨ ᠳᠠᠬᠢ ᠣᠩᠰᠢᠯᠭ᠎ᠠ᠄ ᠠᠪᠢᠶᠠᠴᠢᠯᠠᠨ ᠣᠩᠰᠢᠪᠠᠯ ︽ぅ︾ ᠭᠡᠵᠦ ᠣᠭᠵᠣᠮᠬᠠᠨ ᠰᠣᠨᠣᠰᠳᠠᠵᠣ ᠪᠠᠶᠢᠨ᠎ᠠ᠃ ⑼于 ᠦᠰᠦᠭ ᠤᠨ ᠺᠣᠷᠢᠶ᠎ᠠ ᠬᠡᠯᠡᠨ ᠳᠠᠬᠢ ᠣᠩᠰᠢᠯᠭ᠎ᠠ᠄ WU ᠭᠡᠪᠡ᠃ ⑽于 ᠦᠰᠦᠭ ᠤᠨ ᠸᠢᠶᠧᠲᠨᠠᠮ ᠬᠡᠯᠡᠨ ᠳᠠᠬᠢ ᠣᠩᠰᠢᠯᠭ᠎ᠠ᠄ vu ᠭᠡᠵᠡᠢ᠃ ⑾于 ᠦᠰᠦᠭ ᠤᠨ ᠬᠢᠳᠠᠳ ᠤᠨ ᠲᠣᠲᠣᠭᠠᠳᠣ ᠭᠠᠳᠠᠭᠠᠳᠣ ᠶᠢᠨ ᠬᠢᠳᠠᠳᠴᠢ ᠡᠷᠳᠡᠮᠳᠡᠳ ᠤᠨ ᠰᠡᠷᠭᠦᠭᠡᠭᠰᠡᠨ ᠲᠣᠮᠳᠠᠳᠣ ᠡᠷᠳᠡᠨ ᠤ ᠠᠪᠢᠶ᠎ᠠ ᠠᠶᠠᠯᠭᠤ᠄ ɣĭu᠂ ɣio᠂ ɦio᠂ ɦuə ᠭᠡᠵᠡᠢ᠃ ⑿于 ᠦᠰᠦᠭ ᠤᠨ ᠮᠣᠩᠭᠤᠯ ᠫᠠᠭᠰᠪᠠ ᠦᠰᠦᠭ ᠳᠠᠬᠢ ᠣᠩᠰᠢᠯᠭ᠎ᠠ᠄ ꡖꡟ ︵'u︶ ᠪᠣᠯᠣᠨ ꡖꡦꡟ ︵'ÿu︶ ᠭᠡᠵᠡᠢ᠃ ⒀于 ᠦᠰᠦᠭ ᠤᠨ ᠬᠢᠳᠠᠳ ᠬᠡᠯᠡᠨ ᠤ ᠣᠯᠠᠨ ᠨᠣᠳᠤᠭ ᠤᠨ ᠠᠪᠢᠶ᠎ᠠ᠄ ᠺᠧ ᠵᠢᠶᠠ ᠬᠡᠯᠡᠨ ᠳᠤ ji1 ︵ᠢ︶ wu1 ᠪᠠᠷ ᠠᠪᠢᠶᠠᠯᠠᠬᠤ ᠨᠢ ᠣᠯᠠᠨ ᠪᠠᠶᠢᠬᠤ ᠳᠤ᠂ ᠶᠣᠸᠠᠢ ᠬᠡᠯᠡᠨ ᠳᠤ jyu1 jyu4 ᠪᠠᠷ ᠠᠪᠢᠶᠠᠯᠠᠬᠤ ᠨᠢ ᠣᠯᠠᠨ᠂ ᠴᠣᠣᠵᠸᠥ ᠬᠡᠯᠡᠨ ᠳᠤ ᠰᠢᠭᠤᠳ i1 ᠭᠡᠳᠡᠭ᠂ ᠴᠧᠩ ᠬᠠᠢ ᠬᠡᠯᠡᠨ ᠳᠤ ᠬᠠᠷᠢᠨ e1(ur) ᠭᠡᠳᠡᠭ ᠠᠵᠠᠢ᠃ ⒁于 ᠦᠰᠦᠭ ᠤᠨ ︽ᠬᠢᠳᠠᠳ ᠬᠡᠯᠡᠨ ᠤ ᠨᠣᠳᠤᠭ ᠤᠨ ᠠᠪᠢᠶᠠᠨ ᠤ ᠲᠣᠯᠢ︾ ᠳᠠᠬᠢ ᠠᠪᠢᠶ᠎ᠠ᠄ ᠭᠤᠸᠠᠩ ᠶᠦᠨ ᠠᠪᠢᠶᠠᠨ ᠳᠤ ᠶᠣ᠋᠂ ᠣ ︵ᠪᠦᠷ ᠲᠦᠷᠪᠡᠳᠦᠭᠡᠷ ᠡᠭᠡᠰᠢᠭ︶ ᠢᠶᠠᠷ ᠰᠣᠨᠣᠰᠳᠠᠵᠣ᠂ ᠪᠠᠰᠠ ᠣᠶᠢᠷᠠᠯᠴᠠᠭ᠎ᠠ ᠪᠠᠷ yriu ︵ᠷᠢᠥ︶ ᠭᠡᠵᠦ ᠠᠪᠢᠶᠠᠯᠠᠳᠠᠭ ᠠᠵᠠᠢ᠃ ᠶᠣᠸᠠᠢ ᠬᠡᠯᠡᠨ ᠳᠤ ᠦ ᠪᠣᠯᠣᠨ ᠢᠥᠢ ᠪᠠᠷ ᠠᠪᠢᠶᠠᠯᠠᠵᠣ ᠪᠠᠶᠢᠨ᠎ᠠ᠃ ⒂于 ᠦᠰᠦᠭ ᠤᠨ ᠡᠷᠳᠡᠨ ᠤ ᠠᠪᠢᠶᠠᠨ ᠤ ᠬᠢᠨᠠᠨ ᠲᠣᠭᠳᠠᠭᠠᠯᠳᠠ᠄ 于 ᠦᠰᠦᠭ ᠢ ᠬᠠᠮᠤᠭ ᠡᠷᠳᠡ ︽His︾ ︵ᠬᠢᠰ︶ ᠠᠪᠢᠶ᠎ᠠ ᠪᠠᠷ ᠲᠠᠶᠢᠯᠪᠣᠷᠢᠯᠠᠭᠰᠠᠨ ᠬᠦᠮᠦᠨ ᠪᠣᠯ ᠶᠠᠫᠣᠨ ᠡᠷᠳᠡᠮᠳᠡᠨ ᠰᠢᠷᠠᠲ᠋ᠣᠷᠢ ᠺᠦᠷᠠᠺᠢᠴᠢ ᠪᠣᠯᠣᠨ᠎ᠠ᠃ ᠲᠡᠷᠡ ᠰᠢᠨᠵᠢᠶᠠᠩ ᠤᠨ ᠢᠥᠢ ᠲᠢᠶᠠᠨ ︵于田︶ ᠭᠡᠳᠡᠭ ᠭᠠᠵᠠᠷ ᠤᠨ ᠨᠡᠷ᠎ᠡ ᠶᠢᠨ ᠬᠠᠮᠤᠭ ᠡᠷᠳᠡᠨ  ᠤ ᠬᠡᠯᠪᠡᠷᠢ ᠪᠣᠯᠬᠤ ᠬᠦᠰᠡᠨᠳᠡᠷᠢᠯ ᠭᠡᠳᠡᠭ ᠦᠭᠡ ᠶᠠᠭᠠᠬᠢᠵᠣ ᠬᠢᠰᠳᠠᠨ ᠪᠣᠯᠣᠭᠰᠠᠨ᠂ ᠬᠢᠰᠳᠠᠨ ᠠᠴᠠ ᠪᠠᠨ ᠶᠠᠭᠠᠬᠢᠵᠣ ᠢᠥᠢ ᠲᠢᠶᠠᠨ ᠪᠣᠯᠣᠭᠰᠠᠨ ᠶᠠᠪᠣᠴᠠ ᠶᠢ ᠠᠯᠳᠠᠢ ᠬᠡᠯᠡᠨ ᠤ ᠣᠯᠠᠨ ᠬᠡᠯᠡ ᠲᠠᠢ ᠬᠠᠷᠢᠴᠠᠭᠤᠯᠣᠨ ᠰᠣᠳᠣᠯᠵᠣ ᠪᠠᠶᠢᠮᠠᠨᠵᠢᠨ ᠡᠨᠡᠬᠦ ᠦᠷ᠎ᠡ ᠳ᠋ᠦᠩ ᠢ ᠲᠣᠲᠣᠷᠠᠭᠤᠯᠣᠭᠰᠠᠨ ᠶᠣᠮ᠃ ᠡᠭᠦᠨ ᠢ ᠣᠯᠠᠨ ᠶᠠᠷᠢᠬᠤ ᠦᠭᠡᠢ᠂ ᠰᠢᠷᠠᠲ᠋ᠣᠷᠢ  ᠶᠢᠨ ᠡᠨᠡᠬᠦ ᠦᠷ᠎ᠡ ᠳ᠋ᠦᠩ ᠳᠤ ᠨᠦᠬᠦᠪᠦᠷᠢ ᠭᠡᠷᠡᠴᠢ ᠪᠣᠯᠵᠣ ᠮᠡᠳᠡᠬᠦ ᠵᠣᠬᠢᠶᠠᠭᠴᠢ ᠶᠢᠨ ᠨᠢᠭᠡ ᠢᠯᠡᠷᠡᠭᠦᠯᠦᠯᠳᠡ ᠪᠠᠨ ᠦᠬᠦᠯᠡᠶ᠎ᠡ᠄ ᠾᠦᠩᠨᠦ ᠶᠢᠨ ᠲᠠᠷᠠᠭ᠎ᠠ ᠪᠠᠷ ᠮᠠᠨᠳᠣᠭᠰᠠᠨ ᠰᠢᠶᠠᠨᠪᠸᠢ ᠢᠵᠠᠭᠤᠷᠳᠠᠨ ᠤ ᠪᠠᠶᠢᠭᠤᠯᠣᠭᠰᠠᠨ ᠣᠮᠠᠷᠠᠳᠣ ᠸᠧᠢ ᠣᠯᠣᠰ ᠤᠨ ᠲᠡᠣᠬᠡᠨ ᠪᠢᠴᠢᠭ ᠤᠨ ᠵᠠᠭᠤ ᠠᠷᠪᠠᠨ ᠭᠤᠷᠪᠠᠳᠣᠭᠠᠷ ᠪᠣᠳᠢ ᠳᠤ ᠲᠡᠮᠳᠡᠭᠯᠡᠵᠦ ᠪᠠᠶᠢᠭ᠎ᠠ ᠰᠢᠶᠠᠨᠪᠸᠢ ᠬᠦᠮᠦᠨ ᠤ ᠶᠡᠷᠡ ᠶᠢᠰᠦᠨ ᠶᠡᠭᠡ ᠣᠪᠣᠭᠳᠣ ᠢᠵᠠᠭᠤᠷᠳᠠᠨ ᠲᠣᠲᠣᠷ᠎ᠠ ᠨᠢᠭᠡᠨ 勿忸于 ᠭᠡᠳᠡᠭ ᠣᠪᠣᠭ ᠪᠠᠶᠢᠵᠣ᠂ ᠬᠤᠵᠢᠮ ᠬᠠᠯᠠᠭᠠᠳ 于 ᠣᠪᠣᠭ ᠪᠣᠯᠭᠠᠪᠠ ᠭᠡᠵᠦ ᠲᠡᠮᠳᠡᠭᠯᠡᠵᠡᠢ᠃ ᠡᠨᠡᠬᠦ ᠣᠪᠣᠭ ᠢ ᠮᠦᠨ ᠲᠦᠷᠦ ᠶᠢᠨ ᠸᠧᠨ ᠴᠧᠩ ᠳ᠋ᠢ ᠬᠠᠭᠠᠨ ᠤ ︽ᠡᠮᠦᠨᠡᠰᠢ ᠴᠠᠭᠳᠠᠭᠰᠠᠨ ᠮᠠᠭᠳᠠᠭᠤ ᠶᠢᠨ ᠬᠦᠰᠢᠶ᠎ᠡ︾ ᠳᠤ 万忸于 ᠭᠡᠵᠦ ᠲᠡᠮᠳᠡᠭᠯᠡᠵᠦ ᠠᠮᠣᠢ᠃ ᠦᠨᠡᠨᠳᠡᠭᠡᠨ 勿忸于 ᠪᠣᠯᠣᠨ 万忸于 ᠪᠣᠯ ᠨᠢᠭᠡᠯ᠎ᠡ ᠣᠪᠣᠭ ᠢ ᠠᠳᠠᠯᠢ ᠣᠩᠰᠢᠯᠭ᠎ᠠ ᠲᠠᠢ᠂ ᠠᠳᠠᠯᠢ ᠪᠣᠰᠣ ᠪᠢᠴᠢᠯᠭᠡ ᠲᠠᠢ ᠬᠢᠳᠠᠳ ᠦᠰᠦᠭ ᠢᠶᠠᠷ ᠭᠠᠯᠢᠭᠴᠢᠯᠠᠭᠰᠠᠨ ᠬᠡᠷᠡᠭ ᠶᠣᠮ᠃ ᠲᠠᠷᠣᠢ 勿 ᠪᠣᠯᠣᠨ 万 ᠬᠤᠶᠠᠷ ᠦᠰᠦᠭ ᠤᠨ ᠲᠣᠬᠠᠢ ᠶᠢᠨ ᠦᠶ᠎ᠡ ᠶᠢᠨ ᠠᠪᠢᠶ᠎ᠠ ᠭᠡᠪᠡᠯ ᠡᠮᠦᠨᠡᠬᠢ ᠨᠢ ᠣᠶᠢᠷᠠᠯᠴᠠᠭ᠎ᠠ  ᠪᠠᠷ mɯd ᠪᠠᠶᠢᠵᠣ᠂ ᠬᠤᠶᠢᠨᠠᠬᠢ ᠨᠢ mɯːɡ ᠪᠠᠶᠢᠵᠣ ᠣᠶᠢᠷᠠᠯᠴᠠᠭ᠎ᠠ ᠪᠠᠷ ᠪᠦᠷ ᠮᠦ᠋ ᠭᠡᠵᠦ ᠣᠩᠰᠢᠬᠤ ᠶᠣᠮ᠃ 忸 ᠦᠰᠦᠭ ᠤᠨ ᠲᠣᠬᠠᠢ ᠶᠢᠨ ᠦᠶ᠎ᠡ ᠶᠢᠨ ᠠᠪᠢᠶ᠎ᠠ ᠨᠢ ᠨᠦ᠋ ᠪᠠᠶᠢᠭᠰᠠᠨ ᠪᠣᠯᠬᠤᠷ ᠲᠣᠰ ᠣᠪᠣᠭ ᠤᠨ ᠣᠩᠰᠢᠯᠭ᠎ᠠ ᠶᠢ ᠰᠡᠷᠭᠦᠭᠡᠪᠡᠯ ︽ᠮᠦᠨᠦᠬᠢᠳ᠂ ᠮᠦᠨᠦᠬᠢᠰ᠂ ᠮᠦᠨᠦᠬᠢᠨ᠂ ᠮᠦᠨᠦᠬᠢ︾ ᠭᠡᠵᠦ ᠬᠡᠳᠦᠨ ᠵᠦᠢᠯ ᠢᠶᠠᠷ ᠣᠩᠰᠢᠵᠣ ᠪᠣᠯᠳᠠᠭ ᠣᠪᠣᠭ ᠪᠠᠶᠢᠵᠠᠢ᠃ ᠲᠡᠭᠡᠭᠡᠳ ᠡᠨᠡᠬᠦ ᠣᠪᠣᠭ ᠣᠳᠣ ᠦᠶ᠎ᠡ ᠶᠢᠨ ᠮᠣᠩᠭᠤᠯ ᠣᠪᠣᠭ ᠲᠣᠲᠣᠷ᠎ᠠ ᠮᠦᠨ ᠮᠦᠨᠦᠬᠢᠳ᠂ ᠮᠦᠨᠦᠬᠢᠰ᠂ ᠮᠦᠨᠦᠬᠢᠨ᠂ ᠮᠦᠨᠦᠬᠢ ᠬᠡᠯᠪᠡᠷᠢ ᠪᠠᠷ ᠣᠷᠣᠰᠢᠭᠰᠠᠭᠠᠷ ᠪᠠᠶᠢᠭ᠎ᠠ ᠶᠣᠮ᠃ ᠡᠭᠦᠨ  ᠠᠴᠠ ᠮᠡᠳᠡᠬᠦ ᠨᠢ 于 ᠦᠰᠦᠭ ᠤᠨ ᠡᠷᠳᠡᠨ ᠤ ᠠᠪᠢᠶ᠎ᠠ ᠬᠢᠰ᠂ ᠬᠢᠳ᠂ ᠬᠢ ᠵᠡᠷᠭᠡ ᠪᠠᠶᠢᠵᠠᠢ ᠭᠡᠵᠦ ᠦᠵᠡᠬᠦ ᠪᠦᠷᠢᠨ ᠦᠨᠳᠦᠰᠦᠯᠡᠯ ᠲᠠᠢ ᠪᠣᠯᠵᠠᠢ᠂ ᠨᠠᠭᠠᠳᠣ ᠵᠠᠬ᠎ᠠ ᠨᠢ ᠲᠣᠬᠠᠢ ᠶᠢᠨ ᠦᠶ᠎ᠡ ᠳᠤ ᠲᠣᠰ ᠦᠰᠦᠭ ᠢᠶᠠᠷ ᠬᠢᠰ ᠬᠢᠳ  ᠬᠢᠨ ᠬᠢ ᠵᠡᠷᠭᠡ ᠬᠠᠷᠢ ᠦᠭᠡ ᠶᠢ ᠠᠪᠢᠶᠠᠴᠢᠯᠠᠨ ᠣᠷᠴᠢᠭᠤᠯᠵᠣ ᠪᠠᠶᠢᠪᠠ ᠭᠡᠵᠦ ᠦᠵᠡᠵᠦ ᠪᠣᠯᠣᠨ᠎ᠠ᠃ ᠬᠡᠯᠡᠬᠦ ᠠᠴᠠ ︽ᠮᠦᠨᠦᠬᠢᠳ᠂ ᠮᠦᠨᠦᠬᠢᠰ᠂ ᠮᠦᠨᠦᠬᠢᠨ᠂ ᠮᠦᠨᠦᠬᠢ︾ ᠤᠨ ᠦᠭᠡ ᠶᠢᠨ ᠢᠵᠠᠭᠤᠷ ᠨᠢ ᠮᠦᠨᠦ ᠭᠡᠳᠡᠭ ᠦᠭᠡ ᠪᠣᠯᠣᠨ᠎ᠠ᠃ ᠮᠦᠨᠦ ᠭᠡᠳᠡᠭ ᠦᠭᠡ ᠣᠳᠣ ᠦᠶ᠎ᠡ ᠴᠦ ᠭᠡᠳ ᠮᠣᠩᠭᠤᠯᠴᠣᠳ ᠲᠣᠲᠣᠷ᠎ᠠ ᠮᠠᠰᠢ ᠦᠷᠭᠡᠨ ᠬᠡᠷᠡᠭᠯᠡᠭᠳᠡᠭᠰᠡᠭᠡᠷ ᠪᠠᠶᠢᠭ᠎ᠠ ᠠᠮᠢᠳᠣ ᠦᠭᠡ ᠶᠣᠮ᠃ ᠮᠦᠨᠦ ᠶᠢ ᠮᠣᠩᠭᠤᠯ ᠬᠡᠯᠡᠨ ᠤ ᠲᠣᠯᠢ ᠪᠢᠴᠢᠭ ᠨᠦᠭᠦᠳ ᠲᠤ ︽ᠰᠠᠶ᠋ᠢ᠂ ᠦᠨᠦᠬᠡᠨ︾ ᠭᠡᠳᠡᠭ ᠣᠳᠬ᠎ᠠ ᠲᠠᠢ ᠭᠡᠵᠦ ᠲᠠᠶᠢᠯᠪᠣᠷᠢᠯᠠᠵᠠᠢ᠃ ᠡᠭᠦᠨ ᠠᠴᠠ ᠦᠵᠡᠪᠡᠯ 單于 ᠶᠢᠨ 于 ︵ᠢᠥᠢ︶ ᠨᠢ ᠡᠷᠳᠡ ᠦᠶ᠎ᠡ ᠳᠤ ᠬᠢᠳ᠂ ᠬᠢᠰ᠂ ᠬᠢᠨ ᠪᠣᠶᠣ ᠬᠢ ᠵᠡᠷᠭᠡ ᠠᠪᠢᠶ᠎ᠠ ᠲᠠᠢ ᠦᠰᠦᠭ ᠪᠣᠯᠣᠨ᠎ᠠ᠃ ⒃單于 ᠬᠤᠶᠠᠷ ᠦᠰᠦᠭ ᠤᠨ ᠠᠪᠢᠶ᠎ᠠ ᠶᠢᠨ ᠬᠢᠨᠠᠨ ᠲᠣᠭᠳᠠᠭᠠᠯᠳᠠ᠄ ᠲᠡᠭᠡᠷᠡᠬᠢ ᠡᠯ᠎ᠡ ᠵᠦᠢᠯ ᠤᠨ ᠠᠭᠤᠯᠭ᠎ᠠ  ᠶᠢ ᠬᠤᠷᠢᠶᠠᠩᠭᠤᠶᠢᠯᠠᠵᠣ ᠦᠵᠡᠪᠡᠯ ᠡᠷᠳᠡ ᠦᠶ᠎ᠡ ᠳᠤ 單于 ᠭᠡᠳᠡᠭ ᠬᠤᠶᠠᠷ ᠬᠢᠳᠠᠳ ᠦᠰᠦᠭ ᠢᠶᠠᠷ ᠴᠠᠨ ᠬᠢᠰ ᠬᠢᠳ ᠬᠢ᠂ ᠴᠠᠩ ᠬᠢᠰ ᠬᠢᠳ ᠬᠢ᠂ ᠴᠧᠩ ᠬᠢᠰ ᠬᠢᠳ ᠬᠢ ᠵᠡᠷᠭᠡ ᠠᠪᠢᠶ᠎ᠠ ᠲᠠᠢ ᠾᠦᠩᠨᠦ ᠦᠭᠡ ᠶᠢ ᠠᠪᠢᠶᠠᠴᠢᠯᠠᠨ ᠲᠡᠮᠳᠡᠭᠯᠡᠭᠰᠡᠨ ᠬᠢᠳᠠᠳ ᠦᠰᠦᠭ ᠪᠣᠯᠣᠨ᠎ᠠ᠃ ᠡᠨᠡᠬᠦ ᠴᠠᠩ ᠬᠢᠰ ︵ᠴᠠᠩᠬᠢᠰ᠂ ᠴᠠᠩᠬᠢᠳ ᠴᠠᠩᠬᠢ︶ ᠪᠣᠶᠣ ᠴᠧᠩ ᠬᠢᠰ ︵ᠴᠧᠩᠬᠢᠰ᠂ ᠴᠧᠩᠬᠢᠳ᠂ ᠴᠧᠩᠬᠢ︶ ᠨᠢ ᠲᠠᠷᠣᠢ ᠬᠤᠵᠢᠮ ᠤᠨ ︽ᠴᠢᠩᠬᠢᠰ︾ ᠭᠡᠳᠡᠭ ᠦᠭᠡᠨ ᠤ ᠢᠵᠠᠭᠤᠷ ᠬᠡᠯᠪᠡᠷᠢ ᠪᠠᠶᠢᠵᠣ ᠲᠠᠭᠠᠷᠠᠨ᠎ᠠ᠃ ᠠᠳᠡ ᠨᠡᠮᠡᠨ ᠦᠬᠦᠯᠡᠬᠦ ᠣᠴᠢᠷ ᠪᠣᠯ ᠴᠠᠩᠬᠢᠰ ᠪᠣᠶᠣ ᠴᠠᠩᠬᠢᠳ ᠤᠨ ᠰᠡᠭᠦᠯ ᠤᠨ ︽‍ᠰ ᠪᠣᠯᠣᠨ ᠤᠨ︾ ᠬᠤᠶᠠᠷ ᠲᠡᠪᠢᠰᠭᠡᠷ ᠦᠰᠦᠭ ᠪᠣᠯ ᠬᠠᠷᠢᠯᠴᠠᠨ ᠰᠡᠯᠬᠦᠴᠡᠨ ᠬᠡᠷᠡᠭᠯᠡᠬᠦ ᠦᠵᠡᠭᠳᠡᠯ ᠠᠯᠢ ᠡᠷᠳᠡᠨ ᠠᠴᠠ ᠪᠠᠶᠢᠭᠰᠠᠨ ᠬᠡᠯᠡᠨ ᠵᠦᠢ ᠶᠢᠨ ᠲᠦᠷᠢᠮ ᠭᠤᠷᠢᠮ ᠳᠤ ᠪᠠᠭᠳᠠᠬᠤ ᠠᠰᠠᠭᠤᠳᠠᠯ ᠪᠣᠯᠣᠨ᠎ᠠ᠂ ᠠᠳᠡ ᠣᠨᠴᠠᠯᠠᠨ ᠦᠬᠦᠯᠡᠬᠦ  ᠠᠴᠠ ︽‍ᠰ᠂ ᠤᠨ︾ ᠬᠤᠶᠠᠷ ᠲᠠᠭᠠᠪᠣᠷᠢ ᠪᠣᠯ ᠮᠣᠩᠭᠤᠯ ᠬᠡᠯᠡᠨ ᠵᠦᠢ ᠳᠤ ᠮᠠᠰᠢ ᠦᠪᠡᠷᠮᠢᠴᠡ ᠪᠠᠷ ᠬᠡᠷᠡᠭᠯᠡᠭᠳᠡᠬᠦ ᠲᠠᠭᠠᠪᠣᠷᠢ ᠦᠰᠦᠭ ᠶᠣᠮ᠂ ᠨᠢᠭᠡ ᠲᠠᠯ᠎ᠠ ᠪᠠᠷ ᠲᠡᠬᠦᠨ ᠤ ᠡᠮᠦᠨᠡᠬᠢ ᠨᠡᠷ᠎ᠡ ᠦᠭᠡ ᠶᠢᠨ ᠢᠶᠠᠨ ᠣᠯᠠᠨ ᠲᠣᠭᠠᠨ ᠤ ᠬᠡᠯᠪᠡᠷᠢ ᠶᠢ ᠢᠯᠡᠳᠭᠡᠵᠦ ᠪᠠᠶᠢᠬᠤ ᠪᠠᠷ ᠪᠠᠷᠠᠬᠤ ᠦᠭᠡᠢ ᠪᠠᠰᠠ ᠡᠮᠦᠨᠡᠬᠢ ᠨᠡᠷ᠎ᠡ ᠦᠭᠡ ᠳᠡᠭᠡᠨ ᠬᠦᠨᠳᠦᠳᠭᠡᠯᠳᠦ ᠣᠳᠬ᠎ᠠ ᠶᠢ ᠴᠦ ᠣᠯᠭᠤᠵᠣ ᠪᠠᠶᠢᠭ᠎ᠠ ᠶᠣᠮ᠃ ᠵᠢᠱᠢᠶᠡᠯᠡᠪᠡᠯ ︽ᠡᠵᠡᠳ᠂ ᠪᠣᠭᠳᠠᠰ︾ ᠵᠡᠷᠭᠡ ᠦᠭᠡ ᠪᠣᠯ ᠲᠠᠷᠣᠢ ᠡᠶᠢᠮᠦᠷᠬᠦ ᠬᠦᠨᠳᠦᠳᠭᠡᠯᠳᠦ ᠣᠳᠬ᠎ᠠ ᠪᠦᠬᠦᠢ ᠦᠭᠡ ᠪᠣᠯᠣᠨ᠎ᠠ᠃ ᠡᠭᠦᠨ ᠲᠠᠢ ᠠᠳᠠᠯᠢ ᠪᠠᠷ ᠴᠢᠩᠬᠢᠰ ᠪᠣᠶᠣ ᠴᠢᠩᠬᠢᠳ ᠭᠡᠪᠡᠯ ᠲᠡᠭᠦᠨ ᠢ ᠬᠦᠨᠳᠦᠳᠭᠡᠯᠳᠦ ᠦᠭᠡ ᠪᠣᠯᠭᠠᠵᠣ ᠪᠠᠶᠢᠭ᠎ᠠ ᠬᠡᠷᠡᠭ ᠶᠣᠮ᠃ ᠠᠳᠡ ᠢᠯᠭᠠᠬᠤ ᠳᠤ ᠳᠦᠭᠦᠮ ᠢ ᠪᠣᠳᠣᠵᠣ ︽ᠴᠢᠩᠬᠢᠰ︾ ᠪᠣᠯᠣᠨ ︽ᠴᠢᠩᠬᠢᠳ︾ ᠭᠡᠵᠦ ᠰᠠᠯᠭᠠᠨ ᠪᠢᠴᠢᠵᠦ ᠪᠠᠶᠢᠶ᠎ᠠ᠃ ᠦᠭᠡ ᠶᠢᠨ ᠣᠳᠬ᠎ᠠ ᠠᠴᠠ ᠦᠬᠦᠯᠡᠪᠡᠯ ᠴᠢᠩᠬᠢᠳ ᠭᠡᠪᠡᠯ ᠲᠡᠭᠦᠨ ᠤ ᠴᠢᠩ ᠨᠢ ᠪᠠᠷᠤᠭ ᠠ ᠡ ᠢ ᠭᠤᠷᠪᠠ ᠶᠢᠨ ᠬᠤᠭᠤᠷᠣᠨᠳᠣ ᠠᠯᠢ ᠨᠢᠭᠡ ᠪᠠᠷ  ᠨᠢ ᠠᠪᠢᠶᠠᠯᠠᠵᠣ ᠪᠠᠶᠢᠭᠰᠠᠨ ᠪᠣᠯᠣᠯᠴᠠᠭ᠎ᠠ ᠪᠠᠶᠢᠬ᠎ᠠ ᠭᠡᠵᠦ ᠪᠣᠳᠣᠵᠣ ᠪᠠᠶᠢᠨ᠎ᠠ᠃ ᠡᠶᠢᠮᠦ ᠠᠴᠠ ︽ᠴᠢᠩᠭ᠎ᠠ ᠤᠳ ᠬᠢᠨ ︾ ᠭᠡᠳᠡᠭ ᠣᠳᠬ᠎ᠠ ᠲᠠᠢ ᠦᠭᠡ ᠪᠣᠯᠪᠠᠣ ᠭᠡᠵᠦ ᠰᠣᠪᠢᠵᠣ ᠪᠠᠶᠢᠨ᠎ᠠ᠃ ᠲᠠᠷᠣᠢ ︽ᠴᠢᠩᠭ᠎ᠠ ᠬᠦᠴᠦᠳᠡᠳ ᠬᠢᠨ︾ ᠭᠡᠳᠡᠭ ᠦᠭᠡ ᠪᠠᠶᠢᠵᠣ᠂ ᠠᠭᠠᠵᠢᠮ ᠢᠶᠠᠷ ᠴᠢᠩᠬᠢᠳ ᠪᠣᠶᠣ ᠴᠢᠩᠬᠢᠰ ᠪᠣᠯᠣᠭᠰᠠᠨ ᠭᠡᠵᠦ ᠰᠣᠪᠢᠵᠣ ᠪᠣᠢ᠃ ᠡᠶᠢᠮᠦ  ᠠᠴᠠ ᠵᠣᠬᠢᠶᠠᠭᠴᠢ ᠶᠢᠨ ᠣᠶᠢᠯᠭᠠᠵᠣ ᠪᠠᠶᠢᠬᠤ ᠪᠠᠷ ᠴᠢᠩᠭᠢᠰ ᠭᠡᠪᠡᠯ ᠲᠠᠷᠣᠢ ︽ᠴᠢᠩᠭ᠎ᠠ ᠬᠦᠴᠦᠳᠡᠢ ᠡᠷᠭᠢᠮ ᠲᠡᠭᠡᠳᠦᠰ ᠬᠢᠨ︾ ᠭᠡᠳᠡᠭ ᠣᠳᠬ᠎ᠠ ᠪᠦᠬᠦᠢ ᠦᠭᠡ ᠪᠣᠯᠬᠤ ᠠᠵᠠᠢ᠃ ᠪᠡᠯᠡᠳᠬᠡᠭᠰᠡᠨ ᠨᠢ᠄ ᠡᠷᠳᠡᠨᠢᠬᠦᠦᠨᠠᠶᠢᠷᠠᠭᠤᠯᠤᠭᠰᠠᠨ ᠨᠢ᠄ ᠨᠠᠮᠤᠷᠬᠢᠨᠠᠭᠰᠠᠨ ᠨᠢ᠄ ᠤᠷᠢᠬᠠᠨ
 
ᠢᠷᠡᠯᠲᠡ᠄ ᠲᠣᠰ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号