ᠮᠤᠩᠭᠤᠯᠴᠤᠳ ᠲᠡᠦᠭᠡᠨ ᠲᠡᠭᠡᠷ᠎ᠡ ᠤᠯᠠᠨ ᠵᠦᠢᠯ ᠤᠨ ᠦᠰᠦᠭ ᠪᠢᠴᠢᠭ ᠵᠤᠬᠢᠶᠠᠵᠤ ᠬᠡᠷᠡᠭᠯᠡᠵᠦ ᠪᠠᠶᠢᠪᠠ
ᠨᠡᠶᠢᠲᠡᠯᠡᠭᠰᠡᠨ ᠴᠠᠭ᠄
2020/10/20
          ᠮᠤᠩᠭᠤᠯᠴᠤᠳ ᠲᠡᠦᠭᠡᠨ ᠲᠡᠭᠡᠷ᠎ᠡ ᠤᠯᠠᠨ ᠵᠦᠢᠯ ᠤᠨ ᠦᠰᠦᠭ ᠪᠢᠴᠢᠭ ᠵᠤᠬᠢᠶᠠᠵᠤ ᠬᠡᠷᠡᠭᠯᠡᠵᠦ ᠪᠠᠶᠢᠭᠰᠠᠨ ᠲᠡᠦᠭᠡ ᠲᠠᠢ᠃ ᠮᠤᠩᠭᠤᠯᠴᠤᠳ ᠤᠨ ᠬᠡᠷᠡᠭᠯᠡᠵᠦ ᠦᠩᠭᠡᠷᠡᠭᠰᠡᠨ ᠪᠤᠶᠤ ᠤᠳᠤ ᠪᠤᠯᠳᠠᠯ᠎ᠠ ᠬᠡᠷᠡᠭᠯᠡᠭᠳᠡᠭᠰᠡᠭᠡᠷ ᠪᠠᠶᠢᠭ᠎ᠠ ᠤᠢᠢᠭᠤᠷᠵᠢᠨ ᠮᠤᠩᠭᠤᠯ ᠦᠰᠦᠭ᠂ ᠲᠦᠷᠪᠡᠯᠵᠢᠨ ᠦᠰᠦᠭ᠂ ᠰᠤᠶᠤᠩᠪᠤ ᠦᠰᠦᠭ᠂ ᠸᠠᠬᠢᠨᠳᠠᠷ᠎ᠠ ᠦᠰᠦᠭ᠂ ᠲᠤᠳᠤ ᠦᠰᠦᠭ ᠵᠡᠷᠬᠡ ᠡᠯ᠎ᠡ ᠵᠦᠢᠯ ᠤᠨ ᠦᠰᠦᠭ ᠪᠢᠴᠢᠭ ᠨᠢ ᠲᠤᠬᠠᠢ ᠶᠢᠨ ᠦᠶ᠎ᠡ ᠶᠢᠨ ᠮᠤᠩᠭᠤᠯ ᠦᠨᠳᠦᠰᠦᠳᠡᠨ ᠤ ᠨᠡᠶᠢᠭᠡᠮ ᠠᠬᠤᠢ ᠰᠤᠶᠤᠯ ᠠᠮᠢᠳᠤᠷᠠᠯ ᠢ ᠦᠨᠡᠨ ᠪᠤᠳᠠᠳᠠᠢ ᠲᠡᠮᠳᠡᠭᠯᠡᠵᠦ ᠮᠠᠨ ᠤ ᠦᠶ᠎ᠡ ᠳᠤ ᠬᠦᠷᠳᠡᠯ᠎ᠡ ᠤᠯᠠᠮᠵᠢᠯᠠᠭᠳᠠᠵᠤ ᠢᠷᠡᠵᠡᠢ᠃ ᠲᠦᠪᠡᠳ᠂ ᠰᠠᠨᠰᠺᠠᠷᠢᠲ᠂ ᠮᠤᠩᠭᠤᠯ ᠭᠤᠷᠪᠠᠨ ᠵᠦᠢᠯ ᠤᠨ ᠦᠰᠦᠭ ᠬᠠᠪᠰᠤᠷᠭᠠᠭᠰᠠᠨ ︽ᠡᠬᠡᠰᠢᠭ ᠦᠰᠦᠭ ᠬᠢᠭᠡᠳ ᠬᠡᠶᠢᠬᠦᠯᠦᠭᠴᠢ ᠦᠰᠦᠭ ᠤᠳ ᠤᠷᠤᠰᠢᠪᠠᠢ︾ ᠭᠡᠬᠦ ᠲᠤᠯᠢ ᠪᠢᠴᠢᠭ ᠪᠤᠯ ᠮᠦᠨ ᠴᠦ ᠮᠤᠩᠭᠤᠯᠴᠤᠳ ᠤᠨ ᠦᠰᠦᠭ ᠪᠢᠴᠢᠭ ᠂ ᠲᠤᠯᠢ ᠪᠢᠴᠢᠭ ᠤᠨ ᠬᠦᠭᠵᠢᠯᠳᠡ ᠶᠢᠨ ᠲᠡᠦᠭᠡ ᠶᠢᠨ ᠦᠨᠡᠨ ᠮᠠᠭᠠᠳ ᠭᠡᠷᠡᠴᠢ ᠲᠡᠮᠳᠡᠭ ᠪᠤᠯᠬᠤ ᠶᠤᠮ᠂ ᠮᠦᠨ ᠴᠦ ᠮᠤᠩᠭᠤᠯ ᠦᠨᠳᠦᠰᠦᠳᠡᠨ ᠪᠠ ᠪᠤᠰᠤᠳ ᠦᠨᠳᠦᠰᠦᠳᠡᠨ ᠤ ᠰᠤᠶᠤᠯ ᠤᠨ ᠬᠠᠷᠢᠯᠴᠠᠭᠠᠨ ᠤ ᠲᠡᠦᠭᠡᠨ ᠲᠡᠮᠳᠡᠭᠯᠡᠯ ᠪᠠᠶᠢᠵᠦ᠂ ᠮᠠᠰᠢ ᠶᠡᠭᠡ ᠲᠡᠦᠭᠡ ᠰᠤᠶᠤᠯ ᠤᠨ ᠰᠤᠳᠤᠯᠭᠠᠨ ᠤ ᠦᠨ᠎ᠡ ᠦᠷᠳᠡᠭ ᠪᠢᠯᠡ᠃ ︽ᠬᠤᠳᠤᠭᠳᠦ ᠸᠴᠢᠷ ᠢᠶᠠᠷ ᠤᠭᠳᠤᠯᠤᠬᠴᠢ ᠶᠡᠭᠡ ᠬᠦᠯᠬᠡᠨ ᠰᠤᠳᠤᠷ︾ ᠪᠤᠯ ᠦᠪᠦᠷ ᠮᠤᠩᠭᠤᠯ ᠤᠨ ᠶᠡᠭᠡ ᠰᠤᠷᠭᠠᠭᠤᠯᠢ ᠶᠢᠨ ᠨᠤᠮ ᠤᠨ ᠰᠠᠩ ᠳᠤ ᠬᠠᠳᠠᠭᠠᠯᠠᠬᠳᠠᠵᠦ ᠪᠠᠶᠢᠭ᠎ᠠ ᠬᠠᠮᠤᠭ ᠤᠨ ᠡᠷᠳᠡᠨ ᠤ ᠰᠤᠳᠤᠷ ᠪᠤᠯᠤᠨ᠎ᠠ᠂ ᠮᠦᠨ ᠴᠤ ᠪᠦᠬᠦ ᠤᠯᠤᠰ ᠲᠤ ᠴᠦᠬᠡᠨ ᠲᠤᠭᠠᠯᠠᠭᠳᠠᠬᠤ ᠠᠯᠳᠠᠨ ᠪᠢᠴᠢᠮᠡᠯ ᠤᠨ ᠸᠴᠢᠷ ᠢᠶᠠᠷ ᠤᠭᠳᠤᠯᠤᠭᠴᠢ ᠰᠤᠳᠤᠷ ᠪᠠᠶᠢᠵᠦ᠂ ᠠᠭᠤᠯᠭ᠎ᠠ ᠪᠦᠷᠢᠨ᠂ ᠪᠦᠳᠦᠨ ᠢᠶᠠᠷ ᠬᠠᠳᠠᠭᠠᠯᠠᠭᠳᠠᠬᠰᠠᠨ ᠮᠤᠩᠭᠤᠯ ᠤᠨ ᠶᠢᠰᠦᠨ ᠡᠷᠳᠡᠨᠢ ᠶᠢᠨ ᠨᠤᠮ ᠪᠤᠯᠬᠤ ᠶᠤᠮ᠃          ᠲᠤᠰ ᠰᠤᠳᠤᠷ ᠪᠤᠯ ᠪᠤᠷᠬᠠᠨ ᠱᠠᠰᠢᠨ ᠤ ᠲᠤᠯᠭᠤᠷ ᠪᠢᠴᠢᠭ ᠤᠨ ᠨᠢᠬᠡ ︽ᠭᠠᠨᠵᠤᠤᠷ︾ ᠤᠨ ᠴᠢᠬᠤᠯᠠ ᠬᠡᠰᠡᠭ ᠪᠤᠯᠤᠨ᠎ᠠ᠃ ᠤᠨᠴᠠᠯᠠᠨ ᠲᠤᠷᠠᠳᠤᠭᠤᠰᠢᠳᠠᠢ ᠨᠢ᠂ ᠲᠤᠰ ᠰᠤᠳᠤᠷ ᠢ ᠠᠯᠳᠠᠨ ᠪᠢᠴᠢᠮᠡᠯ ᠢᠶᠠᠷ ᠪᠢᠴᠢᠭᠰᠡᠨ ᠨᠢ ᠮᠤᠩᠭᠤᠯᠴᠤᠳ ᠤᠨ ᠴᠠᠭᠠᠰᠦ ᠬᠢᠬᠦ ᠤᠨᠴᠠᠭᠠᠢ ᠮᠡᠷᠬᠡᠵᠢᠯ ᠤᠨ ᠬᠠᠷᠠᠭᠤᠯᠤᠯ ᠪᠤᠶᠤ ᠨᠤᠮ ᠰᠤᠳᠤᠷ ᠢ ᠠᠯᠳᠠ ᠠᠴᠠ ᠢᠯᠡᠬᠦᠦ ᠡᠷᠬᠢᠮᠯᠡᠬᠦ ᠦᠵᠡᠯ ᠰᠠᠨᠠᠭ᠎ᠠ ᠶᠢᠨ ᠬᠡᠷᠡᠴᠢ ᠪᠤᠯᠤᠨ᠎ᠠ᠃ ᠮᠤᠩᠭᠤᠯᠴᠤᠳ ᠮᠤᠩᠭᠤᠯ ᠲᠦᠪᠡᠳ ᠡᠮ ᠢ ᠨᠡᠶᠢᠷᠠᠭᠤᠯᠤᠨ ᠨᠤᠮ ᠰᠤᠳᠤᠷ ᠲᠠᠭᠠᠨ ᠰᠢᠩᠬᠡᠬᠡᠨ ᠬᠤᠷᠤᠬᠠᠢ ᠰᠢᠪᠡᠵᠢ ᠠᠴᠠ ᠰᠡᠷᠬᠡᠶᠢᠯᠡᠵᠦ᠂ ᠠᠮᠢᠳᠡᠨ ᠤ ᠲᠤᠰᠦ᠂ ᠦᠬᠡᠬᠦᠨ ᠤ ᠵᠦᠢᠯ ᠢ ᠭᠡᠷᠡᠭᠯᠡᠨ ᠴᠢᠬᠢᠭ ᠨᠦᠢᠳᠡᠨ ᠠᠴᠠ ᠬᠠᠮᠠᠭᠠᠯᠠᠵᠦ᠂ ᠨᠤᠮ ᠰᠤᠳᠤᠷ ᠢ ᠬᠠᠮᠠᠭᠠᠯᠠᠬᠤ ᠬᠠᠳᠠᠭᠠᠯᠠᠬᠤ ᠳᠤ ᠶᠡᠬᠡᠬᠡᠨ ᠤᠶᠤᠨ ᠤᠬᠠᠭᠠᠨ ᠰᠢᠪᠬᠠᠵᠦ ᠪᠠᠶᠢᠬᠰᠠᠨ ᠰᠠᠨᠵᠠᠢ᠃ ᠤᠨᠴᠠᠭᠠᠢᠢᠯᠠᠨ᠂ ᠠᠯᠳᠠᠨ ᠪᠢᠴᠢᠮᠡᠯ ᠤᠨ ᠨᠤᠮ ᠢ ᠪᠤᠯ ᠤᠨᠴᠠᠭᠠᠢ ᠠᠭᠤᠷᠬᠠᠢ ᠶᠢᠨ ᠡᠷᠦᠳᠡᠰᠦ ᠶᠢ ᠨᠠᠶᠢᠷᠠᠨ᠂ ᠬᠦᠨ ᠬᠠᠷ᠎ᠠ ᠪᠤᠶᠤ ᠬᠠᠷ᠎ᠠ ᠬᠦᠬᠡ ᠦᠡᠭᠬᠡ ᠲᠠᠢ ᠤᠨᠴᠠᠭᠠᠢ ᠴᠠᠭᠠᠰᠦᠨ ᠲᠡᠭᠡᠷ᠎ᠠ ᠪᠢᠴᠢᠳᠡᠭ ᠪᠠᠶᠢᠵᠦ᠂ ᠦᠰᠦᠭ ᠢᠶᠠᠨ ᠪᠢᠴᠢᠬᠦ ᠠᠴᠠ ᠡᠮᠦᠨ᠎ᠠ ᠪᠠ ᠪᠢᠴᠢᠭᠰᠡᠨ ᠤ ᠲᠠᠷᠠᠭ᠎ᠠ ᠬᠤᠶᠡᠷ ᠤᠳᠠᠭ᠎ᠠ ᠦᠡᠭᠭᠡᠯᠡᠳᠡᠭ᠃ ᠢᠡᠭᠬᠢᠵᠦ ᠪᠦᠳᠦᠭᠡᠭᠰᠠᠨ ᠨᠤᠮ ᠰᠤᠳᠤᠷ ᠬᠡᠳᠦᠨ ᠵᠠᠭᠤᠨ ᠵᠢᠯ ᠢᠶᠠᠷ ᠰᠦᠢᠳᠴᠦ ᠡᠪᠳᠡᠷᠡᠳᠡᠭ ᠦᠬᠡᠢ ᠬᠡᠳᠡᠭ᠃ ᠲᠡᠬᠡᠬᠦ ᠪᠠᠷ᠂ ᠲᠤᠰ ᠰᠤᠳᠤᠷ ᠪᠤᠯ ᠠᠭᠤᠯᠭ᠎ᠠ ᠠᠴᠠ ᠪᠠᠨ ᠭᠠᠳᠠᠨ᠎ᠠ᠂ ᠮᠤᠩᠭᠤᠯᠴᠤᠳ ᠤᠨ ᠴᠠᠭᠠᠰᠦ ᠬᠢᠬᠦ ᠪᠡ ᠪᠠᠷ ᠬᠡᠪᠯᠡᠯ ᠤᠨ ᠲᠡᠤᠬᠡ ᠶᠢ ᠬᠠᠷᠠᠭᠤᠯᠬᠤ ᠪᠠᠷ ᠦᠯᠦ ᠪᠡᠷᠡᠨ᠂ ᠮᠤᠩᠭᠤᠯᠴᠤᠳ ᠤᠨ ᠨᠤᠮ ᠰᠤᠳᠤᠷ ᠢ ᠡᠷᠬᠢᠮᠯᠡᠵᠦ ᠪᠦᠳᠦᠬᠡᠬᠦ᠂ ᠬᠠᠳᠠᠭᠠᠯᠠᠵᠦ ᠬᠠᠮᠠᠭᠠᠯᠠᠬᠤ ᠲᠡᠬᠡᠳᠦ ᠤᠬᠠᠮᠰᠠᠷ᠂ ᠶᠤᠰᠦ ᠤᠯᠠᠮᠵᠢᠯᠠᠯ ᠢ ᠬᠠᠷᠠᠭᠤᠯᠵᠤ ᠪᠠᠶᠢᠭ᠎ᠠ ᠶᠤᠮ᠃ ︽ᠯᠠᠮ᠎ᠠ ᠶᠢᠨ ᠲᠠᠬᠢᠯ ᠤᠨ ᠵᠠᠩ ᠦᠢᠯᠡ ᠤᠷᠤᠰᠢᠪᠡᠢ︾ ᠪᠤᠯ ᠦᠪᠦᠷ ᠮᠤᠩᠭᠤᠯ ᠤᠨ ᠶᠡᠭᠡ ᠰᠤᠷᠭᠠᠭᠤᠯᠢ ᠶᠢᠨ ᠨᠤᠮ ᠤᠨ ᠰᠠᠩ ᠳᠤ ᠬᠠᠳᠠᠭᠠᠯᠠᠬᠳᠠᠵᠦ ᠪᠠᠶᠢᠭ᠎ᠠ ᠪᠦᠬᠦ ᠤᠯᠤᠰ ᠤᠨ ᠴᠤᠷ ᠤᠨ ᠭᠠᠭᠴᠠ ᠬᠡᠪᠯᠡᠯ ᠪᠤᠯᠤᠨ᠎ᠠ᠃ ᠲᠡᠷᠡ ᠨᠢ ᠴᠢᠩ ᠤᠯᠤᠰ ᠤᠨ ᠦᠶ᠎ᠠ ᠳᠤ᠂ ᠲᠦᠷᠪᠡᠳᠦᠬᠡᠷ ᠲᠦᠷᠢ ᠶᠢᠨ ᠪᠠᠨᠴᠢᠨ ᠡᠷᠳᠡᠨᠢ ᠶᠢᠨ ᠵᠤᠬᠢᠶᠠᠭᠰᠠᠨ ᠦᠰᠦᠨ ᠪᠢᠷ ᠤᠨ ᠪᠢᠴᠢᠮᠡᠯ ᠤᠨ ᠰᠤᠳᠤᠷ ᠪᠠᠶᠢᠭ᠎ᠠ ᠶᠤᠮ᠃ ᠲᠡᠯᠬᠡᠷ ᠫᠷᠤᠹᠧᠰᠰᠤᠷ ᠤᠨ ᠲᠠᠨᠢᠯᠴᠠᠭᠤᠯᠬᠤ ᠪᠠᠷ᠂ ᠲᠤᠰ ᠰᠤᠳᠤᠷ ᠪᠤᠯ ᠰᠢᠩᠬᠤ ᠪᠠ ᠪᠡᠭᠡ ᠪᠠᠷ ᠠᠯᠠᠭᠯᠠᠵᠦ ᠪᠢᠴᠢᠭᠰᠡᠨ ᠦᠰᠦᠨ ᠪᠢᠷ ᠤᠨ ᠦᠡᠭᠬᠡᠲᠡᠢ ᠬᠡᠪᠯᠡᠯ ᠪᠤᠯᠤᠨ᠎ᠠ᠃ ᠬᠠᠷ᠎ᠠ ᠪᠠ ᠤᠯᠠᠭᠠᠨ ᠦᠡᠭᠬᠡ ᠪᠠᠷ ᠠᠯᠠᠭᠯᠠᠵᠦ ᠪᠢᠴᠢᠭᠰᠡᠨ ᠨᠢ ᠵᠠᠰᠠᠯ ᠴᠢᠮᠡᠭᠯᠡᠯ ᠪᠠ ᠠᠭᠤᠯᠭ᠎ᠠ ᠶᠢ ᠲᠤᠪᠤᠶᠢᠯᠭᠠᠬᠤ ᠦᠢᠯᠡᠳᠦᠯ ᠲᠠᠢ᠃ ᠲᠤᠰ ᠰᠤᠳᠤᠷ ᠨᠢ ᠠᠭᠤᠯᠭ᠎ᠠ᠂ ᠬᠡᠯᠡ ᠰᠤᠶᠤᠯ᠂ ᠪᠠᠷ ᠬᠡᠪᠯᠡᠯ ᠤᠨ ᠬᠤᠪᠢ ᠳᠤ ᠪᠦᠷ ᠴᠢᠬᠤᠯᠠ ᠠᠴᠢ ᠬᠤᠯᠪᠤᠬᠳᠠᠯ ᠲᠠᠢ ᠪᠠᠶᠢᠳᠠᠬ᠃ ᠦᠪᠦᠷ ᠮᠤᠩᠭᠤᠯ ᠤᠨ ᠶᠡᠭᠡ ᠰᠤᠷᠭᠠᠭᠤᠯᠢ ᠶᠢᠨ ᠨᠤᠮ ᠤᠨ ᠰᠠᠩ ᠳᠤ ᠬᠠᠳᠠᠭᠠᠯᠠᠬᠳᠠᠵᠦ ᠪᠠᠶᠢᠭ᠎ᠠ ︽ᠱᠦᠢ ᠬᠤ᠋ ᠶᠢᠨ ᠨᠠᠮᠳᠠᠷ︾ ᠢ ᠲᠤᠰᠬᠠᠢ ᠮᠡᠷᠬᠡᠵᠢᠯᠳᠡᠳ ᠠᠴᠠ ᠴᠢᠩ ᠤᠯᠤᠰ ᠤᠨ ᠦᠶ᠎ᠠ ᠶᠢᠨ ᠮᠠᠨᠵᠦ ᠮᠤᠩᠭᠤᠯ ᠴᠠᠭᠠᠨ ᠲᠤᠯᠤᠭᠠᠢ ᠪᠠᠷ ᠪᠢᠴᠢᠭᠰᠡᠨ ᠦᠰᠦᠨ ᠪᠢᠷ ᠤᠨ ᠬᠠᠭᠤᠯᠤᠮᠠᠯ ᠲᠡᠪᠳᠡᠷ ᠪᠠᠶᠢᠵᠦ᠂ ᠪᠧᠨᠰᠡᠨ ᠦᠯᠢᠬᠡᠷ ᠤᠨ ᠬᠡᠯᠪᠡᠷᠢ ᠪᠠᠷ ᠤᠯᠠᠮᠵᠢᠯᠠᠭᠳᠠᠵᠦ ᠢᠷᠡᠭᠰᠡᠨ ᠬᠡᠵᠦ ᠪᠤᠢ᠃ ︽ᠲᠠᠩᠰᠤᠭ ᠯᠠᠮ᠎ᠠ ᠶᠢᠨ ᠲᠤᠭᠤᠵᠢ ᠶᠢᠨ ᠴᠠᠭᠯᠠᠬᠰᠠᠨ ᠲᠡᠬᠦᠪᠦᠷᠢ ᠪᠦᠬᠦᠢ ᠤᠷᠤᠰᠢᠪᠡᠢ︾ ᠪᠤᠯ ᠲᠡᠯᠡᠬᠡᠢ ᠲᠡᠬᠡᠷ᠎ᠠ ᠤᠯᠳᠠᠭᠠᠳ ᠪᠠᠶᠢᠭ᠎ᠠ ᠴᠤᠷ ᠤᠨ ᠭᠠᠭᠴᠠ ᠬᠡᠪᠯᠡᠯ ᠪᠤᠯᠤᠨ᠎ᠠ᠃         ᠲᠤᠰ ᠰᠤᠳᠤᠷ ᠢ ᠯᠤᠪᠰᠠᠩᠵᠤᠩᠷᠠᠢ ᠬᠡᠰᠡᠨ ᠬᠦᠮᠦᠨ ᠤᠷᠴᠢᠭᠤᠯᠵᠠᠢ᠃ ᠲᠤᠳᠦ ᠦᠰᠦᠭ ᠤᠨ ᠭᠠᠷ ᠪᠢᠴᠢᠮᠡᠯ ᠪᠦᠬᠡᠳ ᠵᠢᠬᠢᠷᠢᠭ ᠵᠢᠷᠤᠬ ᠲᠠᠭᠠᠯᠳᠤᠭᠤᠯᠤᠬᠰᠠᠨ ᠪᠠᠶᠢᠳᠠᠬ᠃ ᠲᠡᠷᠡ ᠨᠢ ᠲᠤᠳᠦ ᠦᠰᠦᠭ ᠪᠤᠶᠤ ᠤᠢᠢᠷᠠᠳ ᠠᠶᠠᠯᠭᠤ ᠪᠠᠷ ᠪᠢᠴᠢᠭᠰᠡᠨ ︽ᠪᠠᠷᠠᠭᠤᠨᠰᠢ ᠵᠤᠷᠴᠢᠬᠰᠠᠨ ᠦᠯᠢᠬᠡᠷ︾ ᠤᠨ ᠲᠡᠯᠡᠬᠡᠢ ᠲᠡᠬᠡᠷᠡᠬᠢ ᠴᠤᠷ ᠤᠨ ᠭᠠᠭᠴᠠ ᠬᠡᠪᠯᠡᠯ ᠪᠠᠶᠢᠵᠦ᠂ ᠮᠠᠨ ᠤ ᠨᠤᠮ ᠤᠨ ᠰᠠᠩ ᠳᠤ ᠪᠦᠷᠢᠨ ᠪᠦᠳᠦᠨ ᠢᠶᠠᠷ ᠬᠠᠳᠠᠭᠠᠯᠠᠭᠳᠠᠵᠦ ᠪᠠᠶᠢᠨ᠎ᠠ᠃ ᠲᠡᠷᠡ ᠨᠢ ᠬᠢᠳᠡᠳ ᠮᠤᠩᠭᠤᠯ ᠦᠨᠳᠦᠰᠦᠳᠡᠨ ᠤ ᠬᠡᠯᠡ ᠰᠤᠶᠤᠯ ᠤᠨ ᠰᠤᠯᠢᠯᠴᠠᠭ᠎ᠠ ᠮᠠᠰᠢ ᠬᠦᠨᠵᠡᠬᠡᠢ ᠪᠠᠶᠢᠬᠰᠠᠨ ᠲᠡᠤᠭᠡᠨ ᠪᠠᠷᠢᠮᠳᠠ ᠪᠤᠯᠬᠤ ᠪᠦᠬᠡᠳ ᠤᠢᠢᠷᠠᠳ ᠮᠤᠩᠭᠤᠯ ᠤᠨ ᠬᠡᠯᠡ ᠶᠡᠷᠢᠶ᠎ᠠ᠂ ᠬᠡᠯᠡᠨ ᠵᠦᠢ᠂ ᠲᠤᠳᠦ ᠦᠰᠦᠭ ᠤᠨ ᠪᠢᠴᠢᠯᠬᠡ ᠶᠢ ᠰᠤᠳᠤᠯᠵᠦ ᠰᠢᠨᠵᠢᠯᠡᠬᠦ ᠳᠤ ᠴᠢᠬᠤᠯᠠ ᠠᠴᠢ ᠬᠤᠯᠪᠤᠭᠳᠠᠯ ᠲᠠᠢ ᠨᠤᠮ ᠪᠤᠯᠤᠨ᠎ᠠ᠃ ᠰᠤᠨᠢᠷᠬᠠᠯᠳᠠᠢ ᠨᠢ᠂ ᠭᠠᠷ ᠢᠶᠠᠷ ᠵᠢᠷᠤᠬᠰᠠᠨ ᠵᠢᠬᠢᠷᠢᠭ ᠵᠢᠷᠤᠬ ᠲᠠᠬᠢ ᠡᠳ᠋ᠯᠡᠯ ᠬᠡᠷᠡᠭᠰᠡᠯ᠂ ᠤᠨᠤᠭ᠎ᠠ ᠬᠦᠰᠬᠡ ᠵᠢᠴᠢ ᠤᠳᠤᠬ ᠵᠢᠩᠰᠡ᠂ ᠮᠠᠯᠠᠭᠠᠢ ᠵᠠᠰᠠᠯ ᠨᠢ ᠴᠢᠩ ᠤᠯᠤᠰ ᠤᠨ ᠦᠶ᠎ᠠ ᠶᠢᠨ ᠤᠨᠴᠠᠯᠢᠭ ᠲᠠᠢ᠃ ᠠᠯᠢ ᠦᠶ᠎ᠠ ᠳᠤ ᠶᠡᠮᠡᠷ ᠡᠬᠢ ᠠᠴᠠ ᠤᠷᠴᠢᠭᠤᠯᠤᠬᠰᠠᠨ ᠪᠤᠶᠤ ᠬᠦᠷᠪᠡᠬᠦᠯᠦᠭᠰᠡᠨ ᠭᠡᠳᠡᠭ ᠢ ᠴᠢᠨᠠᠭᠰᠢᠳᠠ ᠰᠤᠳᠤᠯᠬᠤ ᠴᠢᠬᠤᠯᠠᠳᠠᠢ ᠬᠡᠵᠦ ᠲᠡᠯᠬᠡᠷ ᠫᠷᠤᠹᠧᠰᠰᠤᠷ ᠰᠤᠷᠪᠤᠯᠵᠢᠯᠠᠬᠴᠢ ᠳᠤ ᠶᠡᠷᠢᠵᠦ ᠪᠠᠶᠢᠯ᠎ᠠ᠃ ︽ᠬᠤᠨᠭ᠌ ᠯᠸᠤ ᠮᠸᠡᠭ ᠪᠢᠴᠢᠭ︾ ᠪᠤᠯ ᠮᠡᠳᠡᠬᠡᠵᠢ ᠼᠤᠦ ᠰᠢᠤᠸᠠᠢ ᠴᠢᠨ ᠤ ︽ᠤᠯᠠᠭᠠᠨ ᠠᠰᠠᠷ ᠤᠨ ᠵᠡᠬᠦᠳᠦ︾ ᠶᠢᠨ ᠤᠷᠴᠢᠭᠤᠯᠭ᠎ᠠ ᠪᠤᠯᠤᠨ᠎ᠠ᠃ ᠲᠤᠰᠬᠠᠢ ᠮᠡᠷᠬᠡᠵᠢᠯᠳᠡᠳ ᠠᠴᠠ ᠲᠤᠰ ᠭᠠᠷ ᠬᠠᠭᠤᠯᠤᠮᠠᠯ ᠢ ᠬᠠᠰᠪᠤ ᠶᠢᠨ ᠤᠷᠴᠢᠭᠤᠯᠤᠬᠰᠠᠨ ᠤᠤᠯ ᠡᠬᠢ ᠮᠦᠨ ᠬᠡᠮᠡᠨ ᠮᠠᠭᠠᠳᠯᠠᠵᠦ ᠪᠠᠶᠢᠨ᠎ᠠ᠃ ᠼᠤᠦ ᠰᠢᠤᠸᠠᠢ ᠴᠢᠨ ᠤ 120 ᠪᠦᠯᠦᠭ ᠲᠠᠢ ︽ᠤᠯᠠᠭᠠᠨ ᠠᠰᠠᠷ ᠤᠨ ᠵᠡᠬᠦᠳᠦ︾ ᠷᠤᠮᠠᠨ ᠢ 40 ᠪᠦᠯᠦᠭ ᠪᠤᠯᠭᠠᠨ ᠲᠤᠪᠴᠢᠯᠠᠵᠦ ᠤᠷᠴᠢᠭᠤᠯᠬᠤ ᠠᠵᠢᠯ ᠢ ᠡᠩ ᠤᠨ ᠬᠦᠮᠦᠨ ᠬᠢᠵᠦ ᠴᠢᠳᠠᠰᠢ ᠦᠬᠡᠢ᠃ ᠡᠨᠡ ᠠᠵᠢᠯ ᠢ ᠬᠢᠬᠦ ᠬᠦᠮᠦᠨ ᠡᠷᠬᠡᠪᠰᠢ ᠡᠷᠳᠡᠨ ᠤ ᠬᠢᠳᠡᠳ ᠬᠡᠯᠨ᠂ ᠤᠷᠠᠨ ᠵᠤᠬᠢᠶᠠᠯ ᠪᠤᠯᠤᠨ ᠲᠡᠤᠭᠡ ᠰᠤᠶᠤᠯ ᠳᠤ ᠨᠡᠪᠳᠡᠷᠬᠡᠢ ᠪᠠᠶᠢᠬᠤ ᠭᠡᠷᠡᠭᠳᠡᠢ᠃ ᠲᠡᠷᠡ ᠮᠦᠷᠳᠡᠬᠡᠨ ᠲᠤᠪᠴᠢᠯᠡᠵᠦ ᠤᠷᠴᠢᠭᠤᠯᠤᠬᠰᠠᠨ ᠴᠤ ᠤᠤᠯ ᠷᠤᠮᠠᠨ ᠤ ᠦᠯᠢᠬᠡᠷ ᠂ ᠦᠢᠯᠡ ᠶᠠᠪᠤᠳᠠᠯ᠂ ᠬᠦᠮᠦᠨ ᠤ ᠲᠦᠷᠢ ᠨᠢ ᠨᠢᠬᠡ ᠴᠤ ᠬᠠᠰᠤᠭᠳᠠᠬᠰᠠᠨ ᠦᠬᠡᠢ ᠪᠠᠶᠢᠵᠦ᠂ ᠤᠢᠢᠷ᠎ᠠ ᠦᠶ᠎ᠠ ᠶᠢᠨ ᠮᠤᠩᠭᠤᠯ ᠬᠡᠯᠡᠨ ᠤ ᠤᠷᠴᠢᠭᠤᠯᠭ᠎ᠠ ᠶᠢᠨ ᠤᠷᠠᠨ ᠵᠤᠬᠢᠶᠠᠯ ᠤᠨ ᠲᠡᠤᠭᠡᠨ ᠳᠤ ᠬᠦᠰᠢᠬᠡ ᠲᠤᠷᠠᠰᠬᠠᠯ ᠤᠨ ᠪᠠᠶᠢᠷᠢ ᠰᠠᠭᠤᠷᠢ ᠲᠠᠢ ᠪᠦᠳᠦᠬᠡᠯ ᠪᠤᠯᠤᠨ᠎ᠠ᠃ ᠵᠢᠴᠢ ᠪᠦᠯᠦᠭ ᠪᠦᠷᠢ ᠶᠢᠨ ᠠᠷᠤ ᠳᠤ ᠴᠤᠬᠤᠯᠠᠪᠤᠷᠢ ᠬᠠᠳᠠᠬᠰᠠᠨ ᠨᠢ ᠮᠠᠰᠢ ᠭᠠᠶᠢᠬᠠᠯᠳᠠᠢ᠂ ᠲᠡᠷᠡ ᠨᠢ ᠤᠳᠦ ᠦᠶ᠎ᠠ ᠶᠢᠨ ᠤᠳᠬ᠎ᠠ ᠵᠤᠬᠢᠶᠠᠯ ᠤᠨ ᠤᠨᠤᠯ ᠤᠨ ᠰᠢᠬᠦᠮᠵᠢ ᠶᠢᠨ ᠬᠢᠷᠢ ᠲᠦᠪᠰᠢᠨ ᠠᠴᠠ ᠴᠤ ᠦᠨᠳᠦᠷ᠃ ᠲᠡᠬᠡᠬᠦᠯᠡᠷ ᠤᠷᠠᠨ ᠵᠤᠬᠢᠶᠠᠯ ᠤᠨ ᠰᠢᠬᠦᠮᠵᠢ ᠶᠢᠨ ᠠᠷᠭ᠎ᠠ ᠶᠢ ᠶᠠᠭᠠᠬᠢᠵᠦ ᠰᠤᠷᠤᠬᠰᠠᠨ᠂ ᠠᠷᠭ᠎ᠠ ᠤᠨᠤᠯ ᠨᠢ ᠬᠠᠮᠢᠭ᠎ᠠ ᠠᠴᠠ ᠢᠷᠡᠯᠳᠡᠢ᠂ ᠬᠡᠷᠬᠢᠨ ᠡᠶᠢᠮᠦᠷᠬᠦᠦ ᠬᠢᠷᠢ ᠲᠦᠪᠰᠢᠨ ᠳᠤ ᠬᠦᠷᠴᠦ ᠴᠢᠳᠠᠬᠰᠠᠨ ᠡᠰᠡᠬᠦ ᠶᠢ ᠪᠦᠷ ᠰᠤᠳᠤᠯᠬᠤ ᠴᠢᠬᠤᠯᠠᠳᠠᠢ ᠬᠡᠵᠦ ᠲᠡᠯᠬᠡᠷ ᠫᠷᠤᠹᠧᠰᠰᠤᠷ ᠶᠡᠷᠢᠵᠦ ᠪᠠᠶᠢᠪᠠ᠃ ᠤᠳᠤᠬᠠᠨ ᠳᠤ᠂ ᠤᠯᠤᠰ ᠤᠨ ᠲᠤᠳᠤᠭᠠᠳᠦ ᠪᠤᠶᠤ ᠲᠡᠯᠡᠬᠡᠢ ᠶᠢᠨ ︽ᠤᠯᠠᠭᠠᠨ ᠠᠰᠠᠷ ᠤᠨ ᠵᠡᠬᠦᠳᠦ︾ ᠶᠢᠨ ᠰᠤᠳᠤᠯᠤᠯ ᠳᠤ ᠬᠠᠰᠪᠤ ᠶᠢᠨ ᠤᠷᠴᠢᠭᠤᠯᠭ᠎ᠠ ᠪᠠ ᠤᠷᠠᠨ ᠵᠤᠬᠢᠶᠠᠯ ᠤᠨ ᠰᠢᠬᠦᠮᠵᠢ ᠮᠠᠰᠢ ᠦᠨᠳᠦᠷ ᠪᠠᠶᠢᠷᠢ ᠶᠢ ᠡᠵᠡᠯᠡᠵᠦ᠂ ᠶᠠᠪᠤᠬᠤ ᠲᠤᠳᠤᠮ ᠲᠡᠯᠡᠬᠡᠢ ᠨᠡᠶᠢᠳᠡ ᠶᠢᠨ ᠠᠩᠬᠠᠷᠤᠯ ᠢ ᠲᠡᠳᠡᠵᠦ ᠪᠠᠶᠢᠨ᠎ᠠ᠃          ᠤᠢᠢᠷ᠎ᠠ ᠳᠤ᠂ ᠰᠤᠶᠤᠯ ᠪᠠ ᠵᠢᠭᠤᠯᠴᠢᠯᠡᠯ ᠤᠨ ᠶᠠᠮᠤᠨ ᠠᠴᠠ ᠵᠢᠷᠭᠤᠳᠤᠭᠠᠷ ᠪᠦᠯᠦᠭ ᠤᠨ ︽ᠤᠯᠤᠰ ᠤᠨ ᠬᠤᠪᠤᠷ ᠴᠤᠬᠠᠬ ᠰᠤᠷᠪᠤᠯᠵᠢ ᠪᠢᠴᠢᠭ ᠤᠨ ᠨᠡᠷᠡᠰ︾ ᠪᠤᠯᠤᠨ ︽ᠪᠦᠬᠦ ᠤᠯᠤᠰ ᠤᠨ ᠰᠤᠷᠪᠤᠯᠵᠢ ᠪᠢᠴᠢᠭ ᠢ ᠭᠤᠤᠯᠳᠠᠯᠭ᠎ᠠ ᠲᠠᠢ ᠬᠠᠮᠠᠭᠠᠯᠠᠬᠤ ᠨᠢᠬᠡᠴᠢ︾ ᠶᠢᠨ ᠨᠡᠷᠡᠰ ᠢ ᠨᠡᠶᠢᠳᠡᠯᠡᠪᠡ᠃ ᠡᠬᠦᠨ ᠳᠤ᠂ ᠦᠪᠦᠷ ᠮᠤᠩᠭᠤᠯ ᠤᠨ ᠶᠡᠭᠡ ᠰᠤᠷᠭᠠᠭᠤᠯᠢ ᠶᠢᠨ ᠨᠤᠮ ᠤᠨ ᠰᠠᠩ ᠳᠤ ᠬᠠᠳᠠᠭᠠᠯᠠᠭᠳᠠᠵᠦ ᠪᠠᠶᠢᠭ᠎ᠠ ︽ᠡᠬᠡᠰᠢᠭ ᠦᠰᠦᠭ ᠬᠢᠭᠡᠳ ᠬᠡᠶᠢᠬᠦᠯᠦᠭᠴᠢ ᠦᠰᠦᠭ ᠤᠳ ᠤᠷᠤᠰᠢᠪᠠᠢ︾᠂ ︽ᠬᠤᠳᠤᠭᠳᠦ ᠸᠴᠢᠷ ᠢᠶᠠᠷ ᠤᠭᠳᠤᠯᠤᠬᠴᠢ ᠶᠡᠭᠡ ᠬᠦᠯᠬᠡᠨ ᠰᠤᠳᠤᠷ︾᠂ ︽ᠯᠠᠮ᠎ᠠ ᠶᠢᠨ ᠲᠠᠬᠢᠯ ᠤᠨ ᠵᠠᠩ ᠦᠢᠯᠡ ᠬᠡᠮᠡᠬᠦ ᠰᠤᠳᠤᠷ ᠤᠷᠤᠰᠢᠪᠡᠢ︾᠂ ︽ᠱᠦᠢ ᠬᠤ᠋ ᠵᠤᠸᠠᠨ ᠤ ᠪᠢᠴᠢᠭ︾᠂ ︽ᠲᠠᠩᠰᠤᠭ ᠯᠠᠮ᠎ᠠ ᠶᠢᠨ ᠲᠤᠭᠤᠵᠢ ᠶᠢᠨ ᠴᠠᠭᠯᠠᠬᠰᠠᠨ ᠲᠡᠬᠦᠪᠦᠷᠢ ᠪᠦᠬᠦᠢ ᠤᠷᠤᠰᠢᠪᠡᠢ︾᠂ ︽ᠬᠤᠨᠭ᠌ ᠯᠸᠦ ᠮᠸᠡᠭ ᠪᠢᠴᠢᠭ︾ ᠵᠡᠷᠬᠡ 6 ᠮᠤᠩᠭᠤᠯ ᠰᠤᠷᠪᠤᠯᠵᠢ ᠪᠢᠴᠢᠭ ᠵᠢᠷᠭᠤᠳᠤᠭᠠᠷ ᠪᠦᠯᠦᠭ ᠤᠨ ︽ᠤᠯᠤᠰ ᠤᠨ ᠬᠤᠪᠤᠷ ᠴᠤᠬᠠᠬ ᠰᠤᠷᠪᠤᠯᠵᠢ ᠪᠢᠴᠢᠭ ᠤᠨ ᠨᠡᠷᠡᠰ︾ ᠲᠤ ᠵᠢᠭᠰᠠᠭᠠᠭᠳᠠᠬᠰᠠᠨ ᠪᠠᠶᠢᠨ᠎ᠠ᠃ ︽ᠡᠬᠡᠰᠢᠭ ᠦᠰᠦᠭ ᠬᠢᠭᠡᠳ ᠬᠡᠶᠢᠬᠦᠯᠦᠭᠴᠢ ᠦᠰᠦᠭ ᠤᠳ ᠤᠷᠤᠰᠢᠪᠠᠢ︾ ᠪᠤᠯ ᠴᠢᠩ ᠤᠯᠤᠰ ᠤᠨ ᠦᠶ᠎ᠠ ᠶᠢᠨ ᠪᠡᠬᠡᠵᠢᠩ ᠤᠨ ᠮᠤᠳᠤᠨ ᠪᠠᠷ ᠤᠨ ᠬᠡᠪᠯᠡᠯ ᠪᠠᠶᠢᠵᠦ ᠂ ᠦᠪᠦᠷ ᠮᠤᠩᠭᠤᠯ ᠤᠨ ᠶᠡᠭᠡ ᠰᠤᠷᠭᠠᠭᠤᠯᠢ ᠶᠢᠨ ᠨᠤᠮ ᠤᠨ ᠰᠠᠩ ᠳᠤ ᠬᠠᠳᠠᠭᠠᠯᠠᠭᠳᠠᠵᠦ ᠪᠠᠶᠢᠭ᠎ᠠ ᠴᠤᠷ ᠤᠨ ᠭᠠᠭᠴᠠ ᠪᠦᠷᠢᠨ ᠪᠦᠳᠦᠨ ᠪᠠᠷ ᠭᠡᠪᠯᠡᠯ ᠪᠤᠯᠤᠨ᠎ᠠ᠃ ᠲᠤᠰ ᠨᠤᠮ ᠪᠤᠯ 16 ᠳ᠋ᠤᠭᠠᠷ ᠵᠠᠭᠤᠨ ᠤ ᠠᠯᠳᠠᠨ ᠬᠠᠨ ᠤ ᠦᠶ᠎ᠠ ᠳᠤ ᠪᠤᠷᠬᠠᠨ ᠱᠠᠰᠢᠨ ᠤ ᠬᠤᠶᠡᠷ ᠲᠤᠯᠭᠤᠷ ᠪᠢᠴᠢᠭ ︽ᠭᠠᠨᠵᠤᠤᠷ︾᠂ ︽ᠳ᠋ᠠᠨᠵᠤᠤᠷ︾ ᠢ ᠤᠷᠴᠢᠭᠤᠯᠤᠨ ᠬᠡᠪᠯᠡᠬᠦᠯᠬᠦ ᠳᠤ ᠵᠤᠷᠢᠭᠤᠯᠤᠬᠰᠠᠨ ᠰᠠᠨᠰᠺᠠᠷᠢᠲ᠂ ᠲᠦᠪᠡᠳ ᠪᠤᠯᠤᠨ ᠮᠤᠩᠭᠤᠯ ᠭᠤᠷᠪᠠᠨ ᠦᠰᠦᠭ ᠢᠶᠠᠷ ᠬᠠᠷᠭᠤᠭᠤᠯᠤᠨ ᠵᠤᠬᠢᠶᠠᠬᠰᠠᠨ ᠲᠤᠯᠢ ᠪᠢᠴᠢᠭ ᠪᠤᠶᠤ ᠴᠢᠬᠤᠯᠠ ᠪᠠᠭᠠᠵᠢ ᠬᠡᠷᠡᠭᠯᠡᠬᠦᠷ ᠤᠨ ᠨᠤᠮ ᠪᠤᠯᠤᠨ᠎ᠠ᠂ ᠲᠤᠬᠠᠢᠢᠯᠠᠪᠠᠯ᠂ ᠮᠤᠩᠭᠤᠯ ᠬᠡᠯᠡᠨ ᠳᠤ ᠪᠠᠶᠢᠳᠠᠭ ᠦᠬᠡᠢ ᠰᠠᠨᠰᠺᠠᠷᠢᠲ ᠪᠤᠯᠤᠨ ᠲᠦᠪᠡᠳ ᠬᠡᠯᠡᠨ ᠤ ᠡᠬᠡᠰᠢᠭ ᠬᠡᠶᠢᠬᠦᠯᠦᠭᠴᠢ ᠶᠢ ᠭᠠᠯᠢᠬᠯᠠᠵᠦ ᠪᠢᠴᠢᠭᠰᠡᠨ ᠭᠠᠯᠢᠭ ᠦᠰᠦᠭ ᠤᠨ ᠬᠦᠰᠦᠨᠦᠭᠳᠦ ᠪᠤᠯᠤᠨ᠎ᠠ᠃ ᠭᠤᠮᠪᠤᠵᠠᠪ ᠬᠡᠰᠡᠨ ᠬᠦᠮᠦᠨ ᠵᠤᠬᠢᠶᠠᠬᠰᠠᠨ ᠪᠠᠶᠢᠨ᠎ᠠ ᠬᠡᠵᠦ ᠦᠪᠦᠷ ᠮᠤᠩᠭᠤᠯ ᠤᠨ ᠶᠡᠭᠡ ᠰᠤᠷᠭᠠᠭᠤᠯᠢ ᠶᠢᠨ ᠰᠤᠳᠤᠯᠤᠭᠴᠢ ᠰᠠᠩᠴᠢ᠂ ᠫᠷᠤᠹᠧᠰᠰᠤᠷ ᠲᠡᠯᠬᠡᠷ ᠰᠤᠷᠪᠤᠯᠵᠢᠯᠠᠬᠴᠢ ᠳᠤ ᠲᠠᠨᠢᠯᠴᠠᠭᠤᠯᠤᠯ᠎ᠠ᠃ ︵ᠰᠢᠶᠠᠩ ᠴᠦᠨ︶     ᠪᠡᠯᠡᠳᠬᠡᠭᠰᠡᠨ ᠨᠢ᠄ ᠡᠷᠳᠡᠨᠢᠬᠦᠦᠨᠠᠶᠢᠷᠠᠭᠤᠯᠤᠭᠰᠠᠨ ᠨᠢ᠄ ᠨᠠᠮᠤᠷᠬᠢᠨᠠᠭᠰᠠᠨ ᠨᠢ᠄ ᠤᠷᠢᠬᠠᠨ
 
ᠢᠷᠡᠯᠲᠡ᠄ ᠲᠣᠰ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号