︽ᠰᠣᠯᠣᠩᠭᠤᠰ︾ ᠬᠡᠮᠡᠬᠦ ᠨᠡᠷᠡᠶᠢᠳᠦᠯ ᠮᠣᠩᠭᠤᠯ ᠠᠴᠠ ᠢᠷᠡᠯ ᠲᠠᠢ
ᠨᠡᠶᠢᠲᠡᠯᠡᠭᠰᠡᠨ ᠴᠠᠭ᠄
2020/11/24
ᠰᠣᠯᠣᠩᠭᠤᠰ ᠭᠡᠳᠡᠭ ᠦᠬᠡ ᠨᠢ ᠮᠣᠩᠭᠤᠯ ᠤᠨ ᠶᠣᠸᠠᠨ ᠣᠯᠣᠰ ᠤᠨ ᠦᠶ᠎ᠡ ᠳᠤ ᠪᠣᠢ ᠪᠣᠯᠣᠭᠰᠠᠨ ᠭᠡᠨ᠎ᠡ᠃ ᠳᠡᠯᠡᠬᠡᠢ ᠳᠠᠬᠢᠨ ᠢ ᠨᠢᠬᠡᠨ ᠵᠢᠯᠣᠭᠤᠨ ᠳᠤ ᠬᠤᠷᠢᠶᠠᠭᠰᠠᠨ ᠡᠵᠡᠨ ᠴᠢᠩᠬᠢᠰ ᠤᠨ ᠬᠤᠶᠢᠴᠢᠰ ᠳᠣᠮᠳᠠᠳᠣ ᠣᠷᠣᠨ ᠳᠤ ᠳᠦᠷᠢᠨ ᠣᠷᠣᠵᠣ ᠶᠣᠸᠠᠨ ᠬᠦᠷᠦᠨ ᠢ ᠪᠠᠶᠢᠭᠤᠯᠣᠭᠰᠠᠨ ᠤ ᠳᠠᠷᠠᠭ᠎ᠠ ᠵᠡᠬᠦᠨᠳᠡᠬᠢ ᠳᠠᠯᠠᠢ ᠶᠢᠨ ᠬᠤᠶᠢᠭ ᠣᠯᠣᠰ ᠭᠠᠣᠯᠢ ᠢ ᠡᠷᠬᠡᠰᠢᠶᠡᠨ ᠠᠯᠪᠠ ᠭᠠᠶᠢᠯᠢ ᠪᠠᠷᠢᠭᠤᠯᠵᠣ ᠪᠠᠶᠢᠭᠰᠠᠨ ᠪᠦᠭᠡᠳ ᠵᠢᠯ ᠪᠦᠷᠢ ᠬᠡᠳᠦᠨ ᠵᠠᠭᠤᠨ ᠭᠤᠸ᠎ᠠ ᠦᠬᠢᠳ ᠢ ᠰᠣᠩᠭᠤᠨ ᠣᠷᠳᠣᠨ ᠳᠤ ᠣᠷᠣᠭᠤᠯᠵᠣ ᠳᠦᠷᠦ ᠶᠢᠨ ᠳᠦᠰᠢᠮᠡᠳ ᠠᠴᠠ ᠡᠬᠢᠯᠡᠨ ᠡᠵᠡᠨ ᠬᠠᠭᠠᠨ ᠳᠤ ᠬᠦᠷᠳᠡᠯ᠎ᠡ ᠡᠮᠰᠦᠭᠯᠡᠬᠦᠯᠵᠦ ᠪᠠᠶᠢᠪᠠ᠃ ᠳᠡᠳᠡᠭᠡᠷ ᠭᠠᠣᠯᠢ ᠶᠢᠨ ᠦᠬᠢᠳ ᠤᠨ ᠡᠮᠦᠰᠭᠡᠯ ᠵᠠᠰᠠᠯ ᠦᠪᠡᠷᠮᠢᠴᠡ ᠪᠠᠶᠢᠵᠣ ᠰᠣᠯᠣᠩᠭ᠎ᠠ ᠰᠢᠭ᠋ ᠦᠩᠬᠡ ᠢᠯᠭᠠᠷᠠᠳᠠᠭ ᠳᠣᠯᠨᠳᠠ ᠮᠣᠩᠭᠤᠯ ᠤᠨ ᠡᠵᠡᠳ ᠳᠦᠰᠢᠮᠡᠳ ᠳᠡᠳᠡᠨ ᠢ ︽ᠰᠣᠯᠣᠩᠭᠤᠳ︾ ᠭᠡᠮᠡᠨ ᠨᠡᠷᠡᠯᠡᠨ ᠳᠠᠭᠤᠳᠠᠵᠣ ᠪᠠᠶᠢᠭᠰᠠᠭᠠᠷ ︽ᠰᠣᠯᠣᠩᠭᠤᠰ︾ ᠭᠡᠵᠦ ᠨᠡᠷᠡᠰᠢᠪᠡ ᠭᠡᠬᠦ᠂ ᠪᠠᠰᠠ ᠨᠢᠬᠡ ᠬᠡᠯᠡᠯᠬᠡ ᠨᠢ ᠶᠣᠸᠠᠨ ᠣᠯᠣᠰ ᠤᠨ ᠣᠷᠳᠣᠨ ᠳᠤ ᠣᠷᠣᠭᠰᠠᠨ ᠭᠠᠣᠯᠢ ᠤᠨ ᠦᠬᠢᠳ ᠭᠡᠷ ᠨᠣᠳᠤᠭ ᠢᠶᠠᠨ ᠰᠠᠨᠠᠵᠣ ᠦᠷᠬᠦᠯᠵᠢ ᠵᠡᠬᠦᠨ ᠳᠡᠰᠢ ᠪᠠᠷᠠᠯᠠᠵᠣ ᠰᠠᠭᠤᠳᠠᠭ ᠳᠡᠭᠡᠬᠦ ᠳᠤ ᠳᠦᠷᠬᠦᠮ ᠤᠨ ᠨᠣᠳᠤᠭ ᠨᠢ ᠬᠠᠮᠢᠭ᠎ᠠ ᠪᠠᠶᠢᠵᠣ ᠳᠠᠶᠢᠳᠣ ᠬᠠᠨ ᠪᠠᠯᠢᠭ  ᠠᠴᠠ ᠬᠡᠴᠦᠨᠡᠨ ᠬᠤᠯᠨ ᠪᠠᠶᠢᠬᠤ ᠶᠢ ᠶᠡᠷᠦ ᠮᠡᠳᠡᠳᠡᠭ ᠦᠬᠡᠢ᠂ ᠬᠠᠷᠢᠨ ᠪᠣᠷᠣᠭᠠᠨ ᠣᠷᠣᠬᠤ ᠪᠦᠷᠢ ᠵᠡᠬᠦᠨ ᠵᠦᠭ ᠲᠤ ᠦᠩᠬᠡ ᠶᠢᠨ ᠰᠣᠯᠣᠩᠭ᠎ᠠ ᠳᠠᠳᠠᠵᠣ ᠪᠠᠶᠢᠳᠠᠭ ᠠᠴᠠ ᠳᠡᠳᠡᠭᠡᠷ ᠣᠷᠳᠣᠨ ᠤ ᠦᠬᠢᠳ ᠪᠣᠰᠣᠳ ᠲᠤ ︽ᠪᠢᠳᠡ ᠪᠣᠯ ᠰᠣᠯᠣᠩᠭ᠎ᠠ ᠳᠠᠳᠠᠳᠠᠭ ᠭᠠᠵᠠᠷ ᠠᠴᠠ ᠢᠷᠡᠭᠰᠡᠨ ᠬᠦᠮᠦᠰ ᠡ︾ ᠭᠡᠵᠦ ᠶᠠᠷᠢᠳᠠᠭ ᠠᠴᠠ ᠣᠯᠠᠮᠯᠠᠵᠣ ︽ᠰᠣᠯᠣᠩᠭ᠎ᠠ  ᠶᠢᠨ ᠦᠬᠢᠳ︾ ᠬᠡᠮᠡᠨ ᠰᠣᠯᠣᠩᠭᠤᠰ ᠨᠡᠷ᠎ᠡ ᠳᠣᠭᠳᠠᠪᠠ ᠭᠡᠨ᠎ᠡ᠃ᠪᠡᠯᠡᠳᠬᠡᠭᠰᠡᠨ ᠨᠢ᠄ ᠡᠷᠳᠡᠨᠢᠬᠦᠦᠨᠠᠶᠢᠷᠠᠭᠤᠯᠤᠭᠰᠠᠨ ᠨᠢ᠄ ᠨᠠᠮᠤᠷᠬᠢᠨᠠᠭᠰᠠᠨ ᠨᠢ᠄ ᠤᠷᠢᠬᠠᠨ  
 
ᠢᠷᠡᠯᠲᠡ᠄ ᠲᠤᠰ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号