ᠲᠠᠲ᠋ᠠᠷ ᠤᠨ ᠳᠣᠬᠠᠢ ᠳᠡᠮᠳᠡᠭᠯᠡᠯ
ᠨᠡᠶᠢᠲᠡᠯᠡᠭᠰᠡᠨ ᠴᠠᠭ᠄
2020/11/24
ᠨᠢᠬᠡ᠂ ︽ᠲᠠᠲ᠋ᠠᠷ︾ ᠭᠡᠬᠦ ᠦᠬᠡᠨ ᠤ ᠣᠳᠬ᠎ᠠ ᠶᠢᠨ ᠳᠣᠬᠠᠢ ᠠᠳᠠᠯᠢ ᠪᠣᠰᠣ ᠬᠡᠯᠡᠴᠡ ︽ᠲᠠᠲ᠋ᠠᠷ︾ ᠭᠡᠬᠦ ᠦᠬᠡᠨ ᠤ ᠣᠳᠬ᠎ᠠ ᠶᠢᠨ ᠳᠠᠯ᠎ᠠ ᠪᠠᠷ ᠡᠷᠳᠡᠮᠳᠡᠳ ᠠᠳᠠᠯᠢ ᠪᠣᠰᠣ ᠦᠵᠡᠯᠳᠡ ᠲᠠᠢ ᠪᠠᠶᠢᠳᠠᠭ᠃ ᠳᠣᠣᠷ᠎ᠠ ᠠᠳᠠᠯᠢ ᠪᠣᠰᠣ ᠬᠡᠯᠡᠯᠬᠡ ᠶᠢᠨ ᠳᠣᠬᠠᠢ ᠨᠠᠷᠢᠪᠴᠢᠯᠡᠵᠦ ᠦᠵᠡᠶ᠎ᠡ᠄ ① ᠳᠦᠩᠬᠦᠰ ᠦᠬᠡᠨ ᠳᠤ ︽ᠲᠠᠲ᠋ᠠᠷ︾ ᠨᠢ ︽ᠨᠠᠭᠠᠰᠢ ᠴᠠᠭᠠᠰᠢ︾ ᠭᠡᠬᠦ ᠣᠳᠬ᠎ᠠ ᠲᠠᠢ ᠳᠠᠷᠣᠢ ᠨᠡᠬᠦᠳᠡᠯᠡᠨ ᠮᠠᠯᠵᠢᠬᠤ ᠭᠡᠰᠡᠨ ᠰᠠᠨᠠᠭ᠎ᠠ ᠲᠠᠢ ᠦᠬᠡ ᠪᠣᠯᠣᠨ᠎ᠠ᠃ ② ᠵᠠᠷᠢᠮᠠᠳ ᠨᠢ ︽ᠲᠠᠲ᠋ᠠᠷ︾ ᠭᠡᠬᠦ ᠦᠬᠡ ᠨᠢ ᠬᠢᠳᠡᠳ ᠬᠡᠯᠡᠨ ᠤ ᠪᠦᠳᠦᠬᠦᠨ ᠵᠢᠷᠦᠬᠡᠳᠦ ︵大胆︶ ᠭᠡᠰᠡᠨ  ᠠᠴᠠ ᠢᠷᠡᠯ ᠲᠠᠢ ᠭᠡᠵᠦ ᠪᠣᠢ᠃ ③ ᠵᠠᠷᠢᠮ ᠨᠢ ᠳᠠᠲ᠋ᠠᠷ ᠳᠠᠩ ᠣᠯᠣᠰ ᠦᠶ᠎ᠡ ᠳᠤ ︽ᠮᠦᠸᠧ ᠾᠸᠧ ᠶᠢᠨ ᠳ᠋ᠦ᠋ ᠳ᠋ᠦ᠋ ᠹᠦ᠋ ᠵᠠᠬᠢᠷᠭᠠᠨ︾ ᠳᠤ ᠬᠠᠷᠢᠶᠠᠯᠭᠳᠠᠵᠣ ᠳᠡᠳᠡᠨᠦᠰ ᠤᠨ ᠳᠡᠷᠢᠬᠦᠨ ᠨᠢ ᠳ᠋ᠦ᠋ ᠳ᠋ᠦ᠋ ᠰᠠᠭᠤᠳᠠᠭ ᠳᠣᠯᠨ ᠳ᠋ᠦ᠋ ᠳ᠋ᠦ᠋ ᠭᠡᠬᠦ ᠦᠬᠡᠨ ᠠᠴᠠ ᠣᠯᠠᠷᠢᠵᠦ ᠢᠷᠡᠯ᠎ᠡ ᠭᠡᠵᠦ ᠦᠵᠡᠬᠦ ᠴᠣ᠋ ᠪᠣᠢ᠃ ④ ᠵᠠᠷᠢᠮ ᠨᠢ ᠠᠷᠣ ᠣᠷᠣᠨ ᠦᠬᠤᠸᠠᠨ ᠠᠶᠢᠮᠠᠭ ᠤᠨ ᠳᠦᠷᠦᠬᠦᠦ ᠨᠢ ᠡᠶᠢᠮᠦ ᠨᠡᠷ᠎ᠡ ᠲᠠᠢ ᠪᠠᠶᠢᠭᠰᠠᠨ ᠠᠴᠠ ᠠᠶᠢᠮᠠᠭ ᠤ ᠨᠡᠷ᠎ᠡ ᠪᠣᠯᠭᠠᠯ᠎ᠠ ᠭᠡᠨ᠎ᠡ᠃ ⑤ ᠵᠠᠷᠢᠮ ᠨᠢ ︽ᠲᠠᠲ᠋ᠠᠷ ᠭᠤᠣᠯ︾ ᠤᠨ ᠨᠡᠷ᠎ᠡ ᠠᠴᠠ ᠢᠷᠡᠯ ᠲᠠᠢ ᠭᠡᠨ᠎ᠡ᠃ ⑥ ᠳᠡᠮᠦᠷ ᠤᠨ ᠦᠰᠦᠷᠬᠦ ᠣᠴᠢ ᠶᠢ ᠳᠠᠳᠠ ᠭᠡᠳᠡᠭ ᠳᠣᠯᠨ ᠳᠡᠬᠦᠨ ᠠᠴᠠ ᠢᠷᠡᠯ ᠲᠠᠢ ᠭᠡᠬᠦ᠂ ⑦ ᠮᠣᠩᠭᠤᠯ ᠠᠶᠢᠮᠠᠭ ᠤᠨ ᠰᠠᠭᠤᠳᠠᠭ ᠢᠰᠡᠭᠡᠢ ᠳᠣᠭᠤᠷᠭ᠎ᠠ ᠲᠠᠢ ᠭᠡᠷ ᠢ ᠨᠡᠶᠢᠳᠡᠮ ᠳᠠᠳᠠᠨ ᠭᠡᠷ ︵穹庐︶ ᠭᠡᠳᠡᠭ ᠳᠣᠯᠨ ᠳᠡᠬᠦᠨ ᠠᠴᠠ ᠣᠯᠠᠷᠢᠵᠦ ᠢᠷᠡᠭᠰᠡᠨ ᠭᠡᠬᠦ᠂ ᠬᠤᠶᠠᠷ᠂ ᠡᠷᠳᠡᠨ ᠤ ᠲᠠᠲ᠋ᠠᠷ ᠲᠠᠲ᠋ᠠᠷ ᠠᠶᠢᠮᠠᠭ ᠪᠣᠯ ᠮᠣᠩᠭᠤᠯ ᠤᠨ ᠦᠨᠳᠦᠷᠯᠢᠭ ᠲᠤ ᠮᠠᠨᠳᠣᠭᠰᠠᠨ ᠡᠷᠳᠡᠨ ᠤ ᠣᠪᠣᠭ ᠠᠶᠢᠮᠠᠭ ᠤᠨ ᠨᠢᠬᠡᠨ ᠪᠣᠯᠣᠨ᠎ᠠ᠃ ︽ᠬᠤᠶᠢᠳᠣ ᠳᠠᠩ ᠣᠯᠣᠰ ᠤᠨ ᠪᠢᠴᠢᠭ︾ (后唐书) ᠵᠡᠷᠭᠡ ᠬᠢᠳᠡᠳ ᠳᠡᠦᠬᠡ ᠶᠢᠨ ᠰᠣᠷᠪᠣᠯᠵᠢ ᠪᠢᠴᠢᠭ ᠲᠤ ᠨᠡᠷ᠎ᠡ ᠨᠢ ᠢᠯᠡᠷᠡᠵᠦ ᠪᠠᠶᠢᠭᠰᠠᠨ ᠶᠣᠮ᠃ ᠳᠣᠬᠠᠢ ᠶᠢᠨ ᠦᠶ᠎ᠡ ᠳᠤ ︽ᠬᠠᠷ᠎ᠠ ᠳᠡᠷᠭᠡᠳᠦ ᠲᠠᠲ᠋ᠠᠷ︾ ᠭᠡᠵᠦ ᠪᠠᠶᠢᠵᠠᠢ᠃ ᠬᠤᠵᠢᠭᠤ ᠦᠶ᠎ᠡ ᠳᠤ ᠪᠢᠴᠢᠭᠳᠡᠭᠰᠡᠨ ︽ᠵᠠᠰᠠᠭ ᠲᠤ ᠳᠣᠰᠠᠯᠠᠬᠤᠢ ᠨᠡᠪᠳᠡᠷᠡᠬᠡᠢ ᠳᠣᠯᠢ  ᠶᠢᠨ ᠦᠷᠬᠦᠯᠵᠢᠯᠡᠯ︾ ︵资治通鉴长篇) ᠳᠤ ︽ᠰᠢᠷ᠎ᠠ ᠳᠦᠷᠦᠬᠦᠳᠦ ᠲᠠᠲ᠋ᠠᠷ︾ ᠭᠡᠵᠦ ᠭᠠᠷᠳᠠᠭ᠂ ︽ᠭᠤᠷᠪᠠᠨ ᠳᠦᠷᠦ ᠶᠢᠨ ᠣᠮᠠᠷᠠᠳᠣ ᠶᠢᠨ ᠳᠡᠮᠳᠡᠭᠯᠡᠯ︾ ᠳᠤ ︽ᠰᠢᠷ᠎ᠠ ᠲᠠᠲ᠋ᠠᠷ︾ ᠭᠡᠵᠦ ᠭᠠᠷᠳᠠᠭ᠂ ᠪᠣᠰᠣᠳ ᠪᠢᠴᠢᠭ ᠤᠳ ᠲᠤ ᠪᠠᠰᠠ ︽ᠴᠠᠭᠠᠨ ᠲᠠᠲ᠋ᠠᠷ᠂ ᠬᠠᠷ᠎ᠠ ᠲᠠᠲ᠋ᠠᠷ᠂ ᠢᠨᠱᠠᠨ ᠤ ᠲᠠᠲ᠋ᠠᠷ᠂ ᠪᠣᠯᠣᠭᠰᠠᠨ ᠲᠠᠲ᠋ᠠᠷ᠂ ᠳᠦᠬᠦᠬᠡᠢ ᠲᠠᠲ᠋ᠠᠷ︾ ᠭᠡᠰᠡᠨ ᠳᠡᠮᠳᠡᠭᠯᠡᠯ ᠪᠣᠢ᠃ ᠬᠢᠳᠡᠳ ᠢᠶᠠᠷ ︽鞑靼,塔塔尔,达怛︾ ᠭᠡᠵᠦ ᠠᠳᠠᠯᠢ ᠪᠣᠰᠣ ᠪᠠᠷ ᠳᠡᠮᠳᠡᠭᠯᠡᠵᠦ ᠢᠷᠡᠪᠡ᠃ ᠢᠦᠢ ᠪᠠᠶᠠᠨ ᠤ ᠳᠠᠪᠢᠭᠠᠳ ᠣᠨ ᠳᠤ ᠪᠢᠴᠢᠭᠰᠡᠨ ︽ᠴᠢᠩᠬᠢᠰ ᠬᠠᠭᠠᠨ ᠤ ᠨᠠᠮᠳᠠᠷ︾ ᠭᠡᠬᠦ ᠨᠣᠮ ᠲᠤ ᠳᠡᠮᠳᠡᠭᠯᠡᠬᠦ ᠳᠡᠭᠡᠨ ︽ᠬᠡᠰᠡᠭ ᠪᠦᠯᠦᠭ ᠬᠢᠳᠡᠳ ᠣᠷᠣᠨ ᠯᠤᠭ᠎ᠠ ᠬᠦᠷᠰᠢᠯᠡᠭᠰᠡᠨ ᠮᠣᠩᠭᠤᠯ ᠠᠶᠢᠮᠠᠭ᠂ ᠵᠢᠱᠢᠶᠡᠯᠡᠪᠡᠯ ᠣᠩᠭᠤᠳ ᠠᠶᠢᠮᠠᠭ᠂ ᠬᠤᠩᠬᠢᠷᠠᠳ ᠠᠶᠢᠮᠠᠭ᠂ ᠳᠡᠳᠡᠨᠡᠷ ᠬᠢᠳᠡᠳ ᠠᠵᠣ ᠠᠬᠤᠢ ᠰᠣᠶᠣᠯ ᠤᠨ ᠨᠦᠯᠦᠬᠡ ᠪᠠᠷ ᠳᠠᠷᠢᠵᠦ ᠠᠷᠴᠢᠯᠠᠬᠤ ᠶᠢ ᠰᠣᠷᠴᠣ ᠨᠠᠩᠬᠢ ᠮᠣᠩᠭᠤᠯ ᠪᠣᠳᠠᠭ᠎ᠠ ᠶᠢ ᠳᠡᠭᠰᠢ ᠢᠷᠣᠭᠠᠷ ᠲᠠᠢ ᠳᠣᠭᠤᠭᠠᠨ ᠳᠤ ᠴᠢᠨᠠᠵᠣ ᠢᠳᠡᠮᠣᠢ᠂ ᠳᠡᠶᠢᠮᠦ ᠠᠴᠠ ᠳᠡᠳᠡᠨᠦᠰ ᠢ ᠴᠠᠭᠠᠨ ᠲᠠᠲ᠋ᠠᠷ ᠪᠣᠶᠣ ᠪᠣᠯᠣᠭᠰᠠᠨ ︵ᠪᠣᠯᠪᠠᠰᠣᠨ︶ ᠳᠠᠲ᠋ᠠᠷ ᠭᠡᠳᠡᠭ︾ ᠭᠡᠵᠡᠢ᠃ ᠠᠯᠢ ᠡᠷᠳᠡ ᠳᠠᠩ ᠣᠯᠣᠰ ᠤᠨ ᠺᠠᠢ ᠶᠣᠸᠠᠨ ᠤᠨ ᠬᠤᠷᠢᠳᠣᠭᠠᠷ ᠣᠨ ᠳᠠᠷᠣᠢ ᠣᠨ ᠳᠣᠭᠠᠯᠠᠯ ᠤᠨ 732 ᠣᠨ ᠳᠤ ᠪᠣᠰᠬᠠᠭᠰᠠᠨ ᠮᠣᠩᠭᠤᠯ ᠣᠯᠣᠰ ᠤᠨ ᠠᠷᠣ ᠬᠠᠩᠭᠠᠢ ᠠᠶᠢᠮᠠᠭ ᠤᠨ ᠬᠠᠰᠢᠶᠠᠳᠣ ᠰᠣᠮᠣᠨ ᠤ ᠬᠠᠷᠢᠶᠠᠨ ᠳᠤ ᠪᠠᠶᠢᠭ᠎ᠠ ᠣᠷᠬᠤᠨ ᠭᠤᠣᠯ ᠤᠨ ᠬᠦᠨᠳᠡᠢ ᠳᠤ ᠪᠣᠰᠬᠠᠭᠰᠠᠨ ︽ᠺᠦᠯ — ᠳᠢᠬᠢᠨ ᠤ ᠬᠦᠰᠢᠶ᠎ᠡ︾ (阙特勤碑) ᠭᠡᠬᠦ ᠳᠦᠷᠺ ᠤᠨ ᠴᠢᠯᠠᠭᠤᠨ ᠬᠦᠰᠢᠶᠡᠨ ᠳᠤ ︽ᠦᠺᠦᠽᠢ ᠲᠠᠲ᠋ᠠᠷ ᠪᠣᠯ ᠮᠠᠨ ᠤ ᠳᠠᠶᠢᠰᠣᠨ ᠶᠣᠮ︾ ᠭᠡᠬᠦ ᠦᠬᠡ ᠪᠠᠶᠢᠳᠠᠭ᠂ ᠡᠨᠡᠬᠦ ᠦᠺᠦᠽᠢ ᠭᠡᠳᠡᠭ ᠨᠢ ᠳᠦᠷᠺ ᠦᠬᠡ ᠭᠤᠴᠢᠨ ᠣᠪᠣᠭ ᠭᠡᠰᠡᠨ ᠣᠳᠬ᠎ᠠ ᠲᠠᠢ᠂ ᠳᠡᠦᠬᠡᠨ ᠳᠡᠮᠳᠡᠭᠯᠡᠯ ᠲᠠᠬᠢ ︽ᠭᠤᠴᠢᠨ ᠲᠠᠲ᠋ᠠᠷ︾ ᠭᠡᠳᠡᠭ ᠨᠢ ᠡᠬᠦᠨ ᠠᠴᠠ ᠢᠷᠡᠯ ᠲᠠᠢ᠂ 735 ᠣᠨ ᠳᠤ ᠪᠣᠰᠬᠠᠭᠰᠠᠨ ᠪᠠᠰᠠ ᠨᠢᠬᠡ ᠳᠦᠷᠺ ᠤᠨ ᠬᠦᠰᠢᠶ᠎ᠡ ᠪᠣᠢ᠂ ᠳᠡᠬᠦᠨ ᠢ ︽ᠪᠢᠯᠬᠡ ᠬᠠᠨ ᠤ ᠬᠦᠰᠢᠶ᠎ᠡ︾ ᠭᠡᠳᠡᠭ᠂ ᠳᠡᠷᠡᠬᠦ ᠬᠦᠰᠢᠶᠡᠨ ᠳᠤ ︽ᠳᠣᠺᠣᠽ ᠲᠠᠲ᠋ᠠᠷ︾ ᠭᠡᠳᠡᠭ ᠦᠬᠡ ᠪᠠᠶᠢᠳᠠᠭ᠂ ᠡᠨᠡ ᠨᠢ ︽ᠶᠢᠰᠦᠨ ᠣᠪᠣᠭ ᠲᠠᠲ᠋ᠠᠷ︾ ᠭᠡᠰᠡᠨ ᠦᠬᠡ ᠪᠣᠯᠣᠨ᠎ᠠ᠃ ︽ᠭᠤᠴᠢᠨ ᠲᠠᠲ᠋ᠠᠷ︾ ᠨᠢ ᠴᠣᠬᠤᠮ ᠶᠠᠮᠠᠷ ᠶᠠᠮᠠᠷ ᠭᠤᠴᠢᠨ ᠣᠪᠣᠭ ᠪᠠᠶᠢᠭᠰᠠᠨ ᠢ ᠣᠳᠣ ᠨᠢᠭᠡᠨᠳᠡ ᠳᠣᠳᠣᠯᠠᠬᠤᠶ᠎ᠠ ᠪᠡᠷᠬᠡ ᠪᠣᠯᠵᠠᠢ᠃ ᠳᠡᠭᠡᠪᠡᠯ ᠶᠢᠰᠦᠨ ᠣᠪᠣᠭ ᠲᠠᠲ᠋ᠠᠷ ᠨᠢ ᠶᠠᠮᠠᠷ ᠶᠠᠮᠠᠷ ᠣᠪᠣᠭ ᠪᠣᠯᠬᠤ ᠳᠣᠬᠠᠢ ᠬᠠᠶᠢᠵᠦ ᠪᠣᠯᠣᠨ᠎ᠠ᠃ ᠷᠠᠰᠢᠳ᠋ — ᠠᠳ᠋ — ᠳ᠋ᠢᠨ ᠤ ︽ᠰᠣᠳᠣᠷ ᠤᠨ ᠴᠢᠭᠤᠯᠭᠠᠨ︾ (史集) ᠳᠤ ︽ᠳᠣᠳᠣᠭᠤᠭᠤᠳ ᠲᠠᠲ᠋ᠠᠷ᠂ ᠪᠠᠷᠭᠤ ︵ᠨᠢᠣᠴᠢ︶ ᠲᠠᠲ᠋ᠠᠷ᠂ ᠲᠧᠷᠠᠲ ᠲᠠᠲ᠋ᠠᠷ᠂ ᠵᠣᠶᠢᠨ ᠲᠠᠲ᠋ᠠᠷ᠂ ᠺᠠᠮᠰᠠᠢ ᠲᠠᠲ᠋ᠠᠷ᠂ ᠠᠯᠴᠢ ᠲᠠᠲ᠋ᠠᠷ᠂ ᠴᠠᠭᠠᠨ ᠲᠠᠲ᠋ᠠᠷ᠂ ᠬᠦᠢᠳᠡᠨ ︵ᠺᠠᠮᠰᠠᠢ︶ ᠲᠠᠲ᠋ᠠᠷ︾ ᠭᠡᠬᠦ ᠨᠠᠶᠢᠮᠠᠨ ᠣᠪᠣᠭ ᠤᠨ ᠲᠠᠲ᠋ᠠᠷ ᠢ ᠳᠡᠮᠳᠡᠭᠯᠡᠪᠡ᠃ ︽ᠮᠣᠩᠭᠤᠯ ᠤᠨ ᠨᠢᠭᠤᠴᠠ ᠳᠣᠪᠴᠢᠶᠠᠨ︾ ᠳᠤ ︽ᠠᠯᠴᠢ ᠲᠠᠲ᠋ᠠᠷ᠂ ᠠᠯᠬᠤᠢ ᠲᠠᠲ᠋ᠠᠷ᠂ ᠠᠶᠢᠷᠢᠭᠤᠳ ᠲᠠᠲ᠋ᠠᠷ᠂ ᠪᠣᠶᠢᠷᠢᠭᠤᠳ ᠲᠠᠲ᠋ᠠᠷ᠂ ᠳᠣᠳᠣᠭᠤᠭᠤᠳ ᠲᠠᠲ᠋ᠠᠷ᠂ ᠴᠠᠭᠠᠨ ᠲᠠᠲ᠋ᠠᠷ︾ ᠭᠡᠵᠦ ᠵᠢᠷᠭᠤᠭᠠᠨ ᠣᠪᠣᠭ ᠤᠨ ᠲᠠᠲ᠋ᠠᠷ ᠢ ᠳᠡᠮᠳᠡᠭᠯᠡᠪᠡ᠃ ︽ᠨᠢᠭᠤᠴᠠ ᠳᠣᠪᠴᠢᠶᠠᠨ︾ ᠪᠠ ︽ᠰᠣᠳᠣᠷ ᠤᠨ ᠴᠢᠭᠤᠯᠠᠭᠠᠨ︾ ᠳᠤ ᠳᠡᠮᠳᠡᠭᠡᠯᠡᠭᠰᠡᠨ ᠢ ᠳᠠᠪᠬᠤᠷᠯᠠᠵᠦ ᠪᠠᠶᠢᠭ᠎ᠠ ᠨᠢ ᠭᠠᠷᠭᠠᠪᠠᠯ ︽ᠳᠣᠳᠣᠭᠤᠭᠤᠳ᠂ ᠠᠯᠴᠢ᠂ ᠠᠶᠢᠷᠢᠭᠤᠳ᠂ ᠪᠣᠶᠢᠷᠢᠭᠤᠳ᠂ ᠵᠣᠶᠢᠨ᠂ ᠲᠧᠷᠡᠲ᠂ ᠠᠯᠣᠬᠤᠢ᠂ ᠪᠠᠷᠭᠤ ︵ᠨᠢᠣᠴᠢ︾ ᠬᠦᠢᠳᠡᠨ ︵ᠺᠠᠮᠰᠠᠢ︶᠂ ᠴᠠᠭᠠᠨ︾ ᠭᠡᠬᠦ ᠠᠷᠪᠠᠨ ᠣᠪᠣᠭ ᠭᠠᠷᠴᠣ ᠢᠷᠡᠳᠡᠭ᠂ ᠰᠣᠩᠳᠣᠢ ᠶᠢᠨ ︽ᠮᠣᠩᠴᠣᠳ︾ ᠵᠡᠷᠭᠡ ᠬᠡᠳᠦᠨ ᠨᠣᠮ ᠲᠤ ᠳᠡᠮᠳᠡᠭᠯᠡᠵᠦ ᠪᠠᠶᠢᠭ᠎ᠠ ᠪᠠᠷ ᠴᠠᠭᠠᠨ ᠲᠠᠲ᠋ᠠᠷ ᠨᠢ ᠡᠷᠳᠡ ᠴᠠᠭ ᠤᠨ ᠶᠢᠰᠦᠨ ᠣᠪᠣᠭ ᠲᠤ ᠪᠠᠭᠳᠠᠳᠠᠭ ᠦᠬᠡᠢ ᠭᠡᠨ᠎ᠡ᠃ ᠡᠶᠢᠮᠦ ᠠᠴᠠ ︽ᠳᠣᠳᠣᠭᠤᠭᠤᠳ᠂ ᠠᠯᠴᠢ᠂ ᠠᠶᠢᠷᠢᠭᠤᠳ᠂ ᠪᠣᠶᠢᠷᠢᠭᠤᠳ᠂ ᠵᠣᠶᠢᠨ᠂ ᠲᠧᠷᠡᠲ᠂ ᠠᠯᠣᠬᠤᠢ᠂ ᠪᠠᠷᠭᠤ ︵ᠨᠢᠣᠴᠢ ︾ ᠬᠦᠢᠳᠡᠨ ︵ᠺᠠᠮᠰᠠᠢ︶︾ ᠪᠣᠯ ᠳᠠᠷᠣᠢ ︽ᠶᠢᠰᠦᠨ ᠣᠪᠣᠭ ᠲᠠᠲ᠋ᠠᠷ︾ ᠪᠣᠯᠣᠨ᠎ᠠ᠂ ᠡᠬᠦᠨ ᠤ ᠳᠣᠳᠣᠷ᠎ᠠ ᠳᠣᠳᠣᠭᠤᠭᠤᠳ ᠲᠠᠲ᠋ᠠᠷ ᠨᠢ ᠳᠡᠷᠢᠬᠦᠯᠡᠵᠦ ᠪᠠᠶᠢᠪᠠ᠃ ᠠᠯᠬᠤᠢ ᠲᠠᠲ᠋ᠠᠷ — ᠠᠯᠬᠤᠢ ᠭᠡᠳᠡᠭ ᠨᠢ ᠠᠯᠠᠭ ᠰᠢᠪᠠᠭᠤ ᠭᠡᠰᠡᠨ ᠦᠬᠡᠨ ᠠᠴᠠ ᠢᠷᠡᠯ ᠲᠠᠢ ᠣᠩᠭᠤᠳ ᠠᠶᠢᠮᠠᠭ ᠤᠨ ᠳᠦᠷᠦᠬᠦᠦ ᠶᠢ ᠠᠯᠬᠤᠶᠢᠴᠢ ᠭᠡᠳᠡᠭ ᠪᠠᠶᠢᠭᠰᠠᠨ ᠠᠴᠠ ᠠᠯᠬᠤᠢ ᠲᠠᠲ᠋ᠠᠷ ᠭᠡᠵᠦ ᠳᠠᠭᠤᠳᠠᠬᠤ ᠪᠣᠯᠪᠠ ᠭᠡᠨ᠎ᠡ᠃ ᠠᠯᠴᠢ ᠲᠠᠲ᠋ᠠᠷ — ᠠᠯᠴᠢ ᠭᠡᠰᠡᠨ ᠨᠢ ᠮᠦᠨ ᠲᠠᠲ᠋ᠠᠷ ᠬᠦᠮᠦᠨ  ᠤ ᠨᠡᠷ᠎ᠡ ᠪᠣᠯᠣᠨ᠎ᠠ ᠳᠡᠬᠦᠨ ᠤ ᠳᠠᠭᠠᠭᠤᠯᠣᠭᠰᠠᠨ ᠠᠶᠢᠮᠠᠭ ᠢ ᠡᠶᠢᠨᠬᠦ ᠨᠡᠷᠡᠯᠡᠪᠡ ᠭᠡᠬᠦ᠂ ᠳᠣᠳᠣᠭᠤᠳ ᠲᠠᠲ᠋ᠠᠷ — ᠳᠣᠳᠣᠭᠤᠳ ᠭᠡᠳᠡᠭ ᠨᠢ ᠨᠣᠶᠠᠨ ᠳᠣᠰᠢᠶᠠᠯ ᠪᠣᠯᠬᠤ ᠳᠣᠳᠤᠭ ︵都督︶ ᠭᠡᠰᠡᠨ ᠠᠴᠠ ᠢᠷᠡᠯ ᠲᠠᠢ ᠭᠡᠬᠦ᠂ ᠵᠣᠶᠢᠨ ᠲᠠᠲ᠋ᠠᠷ — ᠡᠬᠦᠨ ᠤ ᠳᠣᠬᠠᠢ ᠬᠤᠶᠠᠷ ᠵᠦᠢᠯ ᠢᠶᠠᠷ ᠳᠠᠶᠢᠯᠪᠣᠷᠢᠯᠠᠳᠠᠭ᠂ ᠵᠣᠶᠢᠨ ᠭᠡᠬᠦ ᠦᠬᠡ ᠨᠢ ᠭᠤᠪᠢ ᠭᠡᠬᠦ ᠣᠳᠬ᠎ᠠ ᠲᠠᠢ᠂ ᠡᠳᠡᠭᠡᠷ ᠠᠶᠢᠮᠠᠭ ᠬᠦᠮᠦᠰ ᠨᠢ ᠭᠤᠪᠢ ᠶᠢᠨ ᠬᠠᠪᠢ ᠪᠠᠷ ᠨᠣᠳᠣᠭᠯᠠᠵᠣ ᠪᠠᠶᠢᠭᠰᠠᠨ ᠠᠴᠠ ᠡᠶᠢᠨᠬᠦ ᠨᠡᠷᠡᠰᠢᠪᠡ ᠭᠡᠬᠦ᠂ ᠪᠠᠰᠠ ᠨᠢᠬᠡ ᠬᠡᠯᠡᠯᠬᠡ ᠨᠢ ᠬᠦᠯᠦᠨ ᠪᠣᠶᠢᠷ ᠲᠤ ᠪᠠᠶᠢᠭᠰᠠᠨ ᠲᠠᠲ᠋ᠠᠷ ᠨᠢ ᠬᠠᠷᠣᠭᠤᠨ᠎ᠠ ᠵᠢᠳᠣᠨ ᠣᠷᠴᠢᠮ ᠤᠨ ᠠᠯᠳᠠᠨ ᠣᠯᠣᠰ ᠤᠨ ᠵᠠᠬ᠎ᠠ ᠬᠢᠵᠠᠭᠠᠷ ᠢ ᠬᠠᠮᠠᠭᠠᠯᠠᠬᠤ ᠡᠬᠦᠷᠭᠡ ᠲᠠᠢ ᠪᠠᠶᠢᠭᠰᠠᠨ ᠠᠴᠠ ᠳᠡᠳᠡᠨ ᠢ ︽ᠵᠣᠶᠢᠨ ᠴᠡᠷᠢᠭ︾ ᠭᠡᠳᠡᠭ᠂ ᠳᠡᠶᠢᠮᠦ ᠠᠴᠠ ᠵᠣᠶᠢᠨ ᠲᠠᠲ᠋ᠠᠷ ᠭᠡᠵᠦ ᠳᠠᠭᠤᠳᠠᠬᠤ ᠪᠣᠯᠪᠠ ᠭᠡᠬᠦ᠂ ᠳᠡᠳᠡᠨ ᠤ ᠬᠠᠷᠢᠶ᠎ᠠ ᠨᠣᠳᠤᠭ ᠨᠢ ᠲᠣᠬᠠᠢ ᠶᠢᠨ ᠦᠶ᠎ᠡ ᠳᠤ ᠲᠠᠲ᠋ᠠᠷ ᠠᠶᠢᠮᠠᠭ ᠨᠢ ᠣᠳᠣ ᠶᠢᠨ ᠬᠦᠯᠦᠨ ᠪᠣᠶᠢᠷ ᠨᠠᠭᠤᠷ ᠤᠨ ᠬᠠᠪᠢ ᠶᠢᠨ ᠦᠷᠭᠡᠨ ᠠᠭᠤᠳᠠᠮ ᠨᠣᠳᠤᠭ ᠳᠡᠪᠢᠰᠭᠡᠷ ᠳᠡᠭᠡᠷ᠎ᠡ ᠨᠡᠬᠦᠳᠡᠯᠯᠡᠨ ᠮᠠᠯᠵᠢᠵᠦ ᠪᠠᠶᠢᠵᠠᠢ᠂ ᠬᠦᠮᠦᠨ ᠠᠮᠨ ᠨᠢ ᠳᠣᠯᠣᠭᠠᠨ ᠳᠦᠮᠡᠨ ᠡᠷᠦᠬᠡ ᠪᠠᠶᠢᠯ᠎ᠠ ᠭᠡᠰᠡᠨ ᠳᠡᠮᠳᠡᠭᠯᠡᠯ ᠪᠠᠶᠢᠳᠠᠭ᠃ ᠠᠪᠠᠯᠭᠠᠽᠢ ᠪᠠᠭᠠᠳᠣᠷ ᠬᠠᠨ ᠤ ᠪᠢᠴᠢᠭᠰᠡᠨ ︽ᠰᠡᠴᠡᠯᠡᠭᠰᠡᠳ  ᠤᠨ ᠴᠢᠭᠤᠯᠠᠭᠠᠨ ᠤ ᠨᠠᠮᠠᠭ᠎ᠠ︾ (突厥世系) ᠭᠡᠬᠦ ᠬᠤᠪᠣᠷᠬᠠᠨ ᠪᠢᠴᠢᠭ ᠲᠤ ︽ᠳᠠᠳᠠᠷ ᠤᠨ ᠰᠠᠶᠢᠴᠣᠳ ᠪᠠ ᠣᠯᠠᠩᠬᠢ ᠢᠷᠭᠡᠳ ᠨᠢ ᠬᠢᠳᠠᠨ ᠳᠤ ᠣᠶᠢᠷᠬᠠᠨ ᠪᠣᠶᠢᠷ ᠨᠠᠭᠤᠷ ᠭᠡᠳᠡᠭ ᠭᠠᠵᠠᠷ ᠰᠠᠭᠤᠳᠠᠭ᠂ ᠠᠳᠣᠭᠤ  ᠨᠢ ᠪᠦᠳᠦᠬᠦᠨ᠂ ᠳᠠᠭ᠎ᠠ ᠨᠤᠭᠤᠳ ᠨᠢ ᠬᠦᠷᠳᠡᠯ᠎ᠡ ᠮᠠᠨᠠᠶᠢᠬᠢᠨ ᠤ ᠭᠤᠨᠠᠨ ᠮᠣᠷᠢᠨ ᠤ ᠬᠢᠷᠢ ᠳᠣᠷᠠᠭ ᠲᠠᠢ᠂ ᠠᠳᠣᠭᠤ  ᠨᠢ ᠦᠬᠡᠷ᠎ᠡ ᠵᠢᠰᠦᠮ ᠤᠨ ᠪᠢᠰᠢ ᠴᠦᠮ ᠠᠯᠠᠭ ᠪᠢᠯᠨ᠂ ᠳᠣᠭᠤᠭ᠎ᠠ ᠰᠢᠨᠠᠭ᠎ᠠ᠂ ᠰᠠᠪᠠ ᠰᠠᠭᠤᠯᠭ᠎ᠠ᠂ ᠱᠠᠭᠠᠵᠢᠩ ᠠᠶᠠᠭ᠎ᠠ ᠪᠠᠨ ᠬᠦᠷᠳᠡᠯ᠎ᠡ ᠮᠦᠩᠬᠦ ᠪᠠᠷ ᠬᠦᠪᠡᠭᠡᠯᠡᠨ ᠪᠠᠶᠢᠳᠠᠭ ᠳᠣᠯᠨ ᠦᠰᠪᠠᠬᠢᠴᠦᠳ ᠳᠡᠳᠡᠨ ᠢ ᠠᠯᠠᠭ ᠠᠳᠣᠭᠤ ᠲᠠᠢ ᠂ ᠠᠯᠳᠠᠨ ᠳᠣᠯᠭ᠎ᠠ ᠲᠠᠢ ᠲᠠᠲᠠᠷ ᠭᠡᠳᠡᠭ︾ ᠡᠬᠦᠨᠴᠡ ᠮᠡᠳᠡᠵᠦ ᠪᠣᠯᠬᠤ ᠨᠢ ᠳᠣᠬᠠᠢ ᠶᠢᠨ ᠦᠶ᠎ᠡ ᠲᠤ ᠲᠠᠲ᠋ᠠᠷ ᠠᠶᠢᠮᠠᠭ  ᠤᠨ ᠠᠵᠣ ᠠᠬᠤᠢ ᠶᠡᠬᠡᠳᠡ ᠬᠦᠭᠵᠢᠯ ᠪᠠᠳᠠᠷᠠᠯ ᠲᠠᠢ ᠪᠠᠶᠢᠵᠠᠢ᠃ ᠡᠨᠡᠬᠦ ᠮᠣᠩᠭᠤᠯ ᠤᠨ ᠦᠨᠳᠦᠷᠯᠢᠭ ᠤᠨ ᠬᠦᠴᠦᠷᠭᠡᠭ ᠠᠶᠢᠮᠠᠭ ᠨᠢ ᠬᠤᠯᠨ ᠣᠶᠢᠷ᠎ᠠ ᠳᠤ ᠠᠯᠳᠠᠷᠰᠢᠨ ᠰᠦᠷ ᠬᠦᠴᠦᠨ ᠳᠡᠬᠦᠰ ᠪᠠᠶᠢᠭᠰᠠᠨ ᠳᠣᠯᠨ ᠪᠣᠰᠣᠳ ᠮᠣᠩᠭᠤᠯᠵᠢᠨ ᠠᠶᠢᠮᠠᠭ ᠨᠢ ᠪᠡᠶ᠎ᠡ ᠪᠠᠨ ᠪᠦᠷᠢ ᠳᠠᠲ᠋ᠠᠷ ᠭᠡᠵᠦ ᠳᠠᠭᠤᠳᠠᠵᠣ ᠪᠠᠶᠢᠯ᠎ᠠ᠃ ᠲᠠᠲ᠋ᠠᠷ ᠤᠨ ᠡᠯ᠎ᠡ ᠣᠪᠣᠭ ᠨᠢ ᠴᠦᠮ ᠦᠪᠡᠷ  ᠤᠨ ᠳᠦᠷᠦᠬᠦᠦ ᠲᠠᠢ ᠮᠦᠷᠳᠡᠭᠡᠨ ᠬᠠᠷᠢᠶ᠎ᠠ ᠨᠣᠳᠤᠭ ᠲᠠᠢ ᠪᠠᠶᠢᠪᠠ᠂ ᠵᠢᠰᠢᠶᠡᠯᠡᠪᠡᠯ᠄ ᠠᠶᠢᠷᠢᠭᠤᠳ ᠪᠠ ᠪᠣᠶᠢᠷᠢᠭᠤᠳ ᠲᠠᠲ᠋ᠠᠷ ᠨᠢ ᠬᠦᠯᠦᠨ ᠨᠠᠭᠤᠷ᠂ ᠪᠣᠶᠢᠷ ᠨᠠᠭᠤᠷ ᠤᠨ ᠬᠤᠭᠤᠷᠣᠨᠳᠣᠬᠢ ᠣᠷᠱᠣᠨ ᠭᠤᠣᠯ ᠤᠨ ᠰᠠᠪᠠ ᠭᠠᠵᠠᠷ ᠢᠶᠠᠷ ᠨᠣᠳᠣᠭᠯᠠᠵᠣ᠂ ᠠᠯᠴᠢ ᠲᠠᠲ᠋ᠠᠷ᠂ ᠴᠠᠭᠠᠨ ᠲᠠᠲ᠋ᠠᠷ᠂ ᠠᠯᠬᠤᠢ ᠪᠠ ᠳᠣᠳᠣᠭᠤᠭᠤᠳ ᠲᠠᠲᠠᠷ ᠨᠢ ᠳᠠᠯᠠᠨ ᠨᠦᠮᠦᠷᠭᠡᠰ  ᠲᠤ ᠨᠣᠳᠤᠭ ᠲᠠᠢ ᠪᠠᠶᠢᠵᠠᠢ᠂ ᠮᠣᠩᠭᠤᠯᠴᠣᠳ ᠤᠨ ᠳᠡᠭᠡᠳᠦᠰ ᠪᠣᠯᠬᠤ ᠱᠢ ᠸᠧᠢ ᠠᠶᠢᠮᠠᠭ ᠶᠢ ᠴᠣ᠋ ᠳᠣᠬᠠᠢ ᠶᠢᠨ ᠦᠶ᠎ᠡ ᠪᠦᠷᠢ ᠯᠡ ᠲᠠᠲ᠋ᠠᠷ ᠭᠡᠵᠦ ᠨᠡᠷᠡᠯᠡᠵᠦ ᠪᠠᠶᠢᠵᠠᠢ᠃ ᠶᠣᠸᠠᠨ ᠣᠯᠣᠰ ᠮᠦᠬᠦᠭᠰᠡᠨ ᠤ ᠳᠠᠷᠠᠭ᠎ᠠ ᠴᠠᠭᠠᠨ ᠬᠡᠷᠡᠮ ᠤ ᠠᠷᠣ ᠲᠠᠬᠢ ᠮᠣᠩᠭᠤᠯᠴᠣᠳ ᠢ ᠮᠢᠩ ᠣᠯᠣᠰ ᠤᠨ ᠬᠢᠨᠢ ᠵᠡᠬᠦᠨ ᠮᠣᠩᠭᠤᠯ ᠢ ᠲᠠᠲ᠋ᠠᠷ ᠮᠣᠩᠭᠤᠯ ᠭᠡᠵᠦ᠂ ᠪᠠᠷᠠᠭᠤᠨ ᠮᠣᠩᠭᠤᠯ ᠢ ᠸᠠᠯᠠ — ᠣᠶᠢᠷᠠᠳ ᠮᠣᠩᠭᠤᠯ ᠭᠡᠵᠦ ᠳᠠᠭᠤᠳᠠᠵᠣ ᠪᠠᠶᠢᠪᠠ᠃ ᠯᠢᠶᠣᠣ ᠣᠯᠣᠰ ᠠᠯᠳᠠᠨ ᠣᠯᠣᠰ ᠤᠨ ᠦᠶ᠎ᠡ ᠳᠤ ᠳᠡᠳᠡᠨ ᠤ ᠳᠡᠦᠬᠡ ᠰᠣᠳᠣᠷ ᠲᠤ ᠽᠦᠪᠦ ᠭᠡᠵᠦ ᠳᠡᠮᠳᠡᠭᠯᠡᠨ ᠳᠠᠭᠤᠳᠠᠵᠣ ᠪᠠᠶᠢᠪᠠ᠃ ᠠᠯᠳᠠᠨ ᠣᠯᠣᠰ ᠤᠨ ᠦᠶ᠎ᠡ ︽ᠳᠢᠯᠨ ᠶᠢᠨ ᠨᠠᠢᠮᠠᠨ ᠠᠶᠢᠮᠠᠭ︾ ᠭᠡᠵᠦ ᠭᠠᠷᠳᠠᠭ ᠨᠢ ᠲᠧᠷᠠᠲ ᠳᠠᠲ᠋ᠠᠷ ᠢᠶᠠᠷ ᠳᠡᠷᠢᠬᠦᠯᠡᠭᠰᠡᠨ ᠨᠠᠢᠮᠠᠨ ᠣᠪᠣᠭ ᠲᠠᠲ᠋ᠠᠷ ᠢ ᠵᠢᠭᠠᠵᠣ ᠪᠠᠶᠢᠭ᠎ᠠ ᠶᠣᠮ᠃ ᠯᠢᠶᠣᠣ᠂ ᠠᠯᠳᠠᠨ ᠣᠯᠣᠰ ᠤᠨ ᠦᠶ᠎ᠡ ᠲᠤ ︽ᠦᠬᠦ — ᠲᠢᠯᠨ ᠶᠢᠨ ᠵᠠᠬᠢᠷᠭᠠᠨ︾ ᠪᠠᠶᠢᠭᠤᠯᠵᠣ ᠳᠡᠳᠡᠨ ᠢ ᠬᠠᠮᠢᠶᠠᠷᠴᠣ ᠪᠠᠶᠢᠵᠠᠢ᠃ ᠠᠷᠪᠠᠨ ᠭᠤᠷᠪᠠᠳᠣᠭᠠᠷ ᠵᠠᠭᠤᠨ ᠤ ᠡᠬᠢ ᠪᠠᠷ ᠲᠠᠲ᠋ᠠᠷ ᠠᠶᠢᠮᠠᠭ ᠨᠢ ᠮᠣᠩᠭᠤᠯ ᠠᠶᠢᠮᠠᠭ ᠲᠠᠢ ᠮᠦᠷᠬᠦᠯᠳᠦᠬᠡᠨ ᠭᠠᠷᠴᠣ ᠬᠡᠷᠡᠶᠢᠳ ᠤᠨ ᠪᠣᠶᠢᠷᠤᠭ ᠬᠠᠨ᠂ ᠮᠣᠩᠭᠤᠯ ᠤᠨ ᠠᠮᠪᠠᠭᠠᠢ ᠬᠠᠨ ᠵᠡᠷᠭᠡ ᠬᠦᠮᠦᠰ ᠢ ᠪᠠᠷᠢᠪᠴᠢᠯᠠᠨ ᠠᠯᠳᠠᠨ ᠣᠯᠣᠰ ᠲᠤ ᠬᠦᠷᠭᠡᠵᠦ ︽ᠮᠣᠳᠣᠨ ᠡᠯᠵᠢᠬᠡᠨ︾ ᠳᠤ ᠬᠠᠳᠠᠭᠤᠯᠵᠣ ᠠᠯᠠᠭᠰᠠᠨ ᠪᠠᠶᠢᠨ᠎ᠠ᠃ ᠪᠠᠰᠠ ᠳᠠᠶᠢᠴᠢᠭᠤᠳ ᠤᠨ ᠦᠬᠢᠨᠪᠠᠷᠬᠠᠭ ᠢ ᠪᠠᠷᠢᠵᠦ ᠠᠯᠳᠠᠨ ᠣᠯᠣᠰ ᠲᠤ ᠬᠦᠷᠭᠡᠭᠰᠡᠨ ᠪᠠᠶᠢᠨ᠎ᠠ ᠡᠳᠡᠭᠡᠷ ᠢ ᠪᠣᠯ ᠪᠦᠷᠢ ᠳᠣᠬᠠᠢ ᠶᠢᠨ ᠦᠶ᠎ᠡ ᠶᠢᠨ ᠠᠯᠳᠠᠨ ᠣᠯᠣᠰ ᠲᠤ ᠦᠢᠯᠡᠴᠢᠯᠡᠵᠦ ᠪᠠᠶᠢᠭᠰᠠᠨ ᠵᠣᠶᠢᠨ ᠴᠡᠷᠢᠭ — ᠵᠣᠶᠢᠨ ᠲᠠᠲ᠋ᠠᠷ ᠨᠠᠷ ᠦᠢᠯᠡᠳᠦᠭᠰᠡᠨ ᠪᠠᠶᠢᠭ᠎ᠠ ᠶᠣᠮ᠃ ᠬᠤᠳᠠᠯᠨ ᠬᠠᠨ᠂ ᠬᠠᠳᠠᠭᠠᠨ ᠳᠠᠶᠢᠰᠢ ᠨᠠᠷ ᠵᠦᠪᠯᠡᠵᠦ ᠵᠣᠶᠢᠨ ᠲᠠᠲ᠋ᠠᠷ ᠠᠴᠠ ᠦᠰ ᠠᠪᠬᠤ ᠪᠠᠷ ᠳᠡᠬᠦᠨ ᠤ ᠨᠣᠶᠠᠨ ᠬᠦᠳᠦᠨ ᠪᠠᠷᠬ᠎ᠠ᠂ ᠵᠠᠯᠢᠪᠣᠬ᠎ᠠ ᠬᠤᠶᠠᠷ ᠲᠠᠢ ᠠᠷᠪᠠᠨ ᠭᠤᠷᠪᠠᠨ ᠣᠳᠠᠭ᠎ᠠ ᠪᠠᠶᠢᠯᠳᠣᠭᠰᠠᠨ ᠪᠣᠯᠪᠠᠴᠣ ᠦᠰᠢᠶ᠎ᠡ ᠪᠠᠨ ᠠᠪᠴᠣ ᠡᠰᠡ ᠴᠢᠳᠠᠪᠠ᠂ 1162 ᠣᠨ ᠳᠤ ᠶᠢᠰᠦᠭᠡᠢ ᠪᠠᠭᠠᠳᠣᠷ ᠬᠠᠷᠢᠨ ᠲᠠᠲᠠᠷ ᠤᠨ ᠳᠡᠮᠦᠵᠢᠨ ᠦᠬᠡ᠂ ᠬᠤᠷᠢᠪᠣᠬ᠎ᠠ ᠶᠢ ᠣᠯᠵᠢᠯᠠᠵᠣ ᠢᠷᠡᠬᠦ  ᠳᠤ ᠦᠬᠡᠯᠦᠨ ᠦᠵᠢᠨ ᠠᠬᠠᠮᠠᠳ ᠬᠦᠪᠡᠬᠦᠨ ᠢᠶᠠᠨ ᠬᠦᠩᠵᠢᠬᠦ ᠯᠦᠬᠡ ᠳᠣᠬᠢᠶᠠᠯᠳᠣᠵᠣ ᠬᠦᠪᠡᠬᠦᠨ ᠳᠤ ᠪᠠᠨ ︽ᠳᠡᠮᠦᠵᠢᠨ︾ ᠭᠡᠰᠡᠨ ᠨᠡᠷ᠎ᠡ ᠪᠡᠯᠭᠡᠰᠢᠶᠡᠵᠦ ᠬᠠᠶᠢᠷᠠᠯᠠᠪᠠ᠃ 1170 ᠣᠨ ᠳᠤ ᠳᠡᠮᠦᠵᠢᠨ ᠢ ᠶᠢᠰᠦᠨ ᠨᠠᠰᠣᠳᠠᠢ ᠵᠢᠯ ᠵᠣᠶᠢᠨ ᠲᠠᠲ᠋ᠠᠷ ᠨᠠᠷ ᠴᠡᠭᠴᠡᠷ ᠤᠨ ᠰᠢᠷ᠎ᠠ ᠬᠡᠬᠡᠷ᠎ᠡ ᠭᠡᠬᠦ ᠭᠠᠵᠠᠷ ᠶᠢᠰᠦᠬᠡᠢ ᠪᠠᠭᠠᠳᠣᠷ ᠲᠤ ᠬᠤᠣᠷᠠᠳᠣ ᠠᠷᠢᠬᠢ ᠣᠣᠭᠤᠯᠠᠭᠠᠨ ᠠᠯᠠᠭᠰᠠᠨ ᠪᠠᠶᠢᠪᠠ᠃ ᠡᠶᠢᠮᠦ ᠠᠴᠠ ᠮᠣᠩᠭᠤᠯ ᠪᠠ ᠲᠠᠲ᠋ᠠᠷ ᠦᠰ ᠲᠠᠢ ᠪᠣᠯᠵᠠᠢ᠃ 1196 ᠣᠨ ᠳᠤ᠂ ᠳᠠᠷᠣᠢ ᠠᠯᠳᠠᠨ ᠣᠯᠣᠰ ᠤᠨ ᠴᠧᠩ ᠠᠨ ᠤ ᠠᠩᠬᠠᠨ ᠤ ᠣᠨ ᠳᠤ ᠲᠠᠲ᠋ᠠᠷ ᠬᠤᠩᠬᠢᠷᠠᠳ ᠵᠡᠷᠭᠡ ᠠᠶᠢᠮᠠᠭ ᠤᠨ ᠬᠤᠯᠪᠣᠭᠠᠳᠣ ᠴᠡᠷᠢᠭ ᠢᠶᠠᠷ ᠯᠢᠨ ᠬᠤᠸᠠᠩ ᠤᠨ ᠣᠮᠠᠷ᠎ᠠ ᠳᠤ ᠳᠦᠷᠡᠮᠬᠡᠶᠢᠯᠡᠨ ᠣᠷᠣᠪᠠ᠂ ᠠᠯᠳᠠᠨ ᠣᠯᠣᠰ ᠤᠨ ᠴᠡᠷᠢᠭ ᠢ ᠳᠠᠭᠠᠷᠢᠭᠰᠠᠨ᠎ᠠ ᠠᠯᠳᠠᠨ ᠣᠯᠣᠰ ᠴᠡᠷᠢᠭ ᠳᠣᠮᠢᠯᠠᠨ ᠪᠠᠶᠢᠯᠳᠣᠵᠣ ᠬᠤᠩᠬᠢᠷᠠᠳ ᠠᠶᠢᠮᠠᠭ ᠪᠠᠭᠤᠵᠣ ᠦᠭᠪᠡ᠂ ᠳᠠᠷᠠᠭ᠎ᠠ ᠨᠢ ᠬᠠᠳᠠᠬᠢᠨ ᠪᠠ ᠰᠠᠯᠵᠢᠭᠤᠳ ᠠᠶᠢᠮᠠᠭ ᠬᠠᠯᠳᠠᠷ᠎ᠠ ᠢᠷᠡᠬᠦ ᠳᠤ ᠠᠯᠳᠠᠨ ᠣᠯᠣᠰ ᠬᠤᠩᠬᠢᠷᠠᠳ ᠠᠴᠠ ᠨᠢᠭᠡ ᠳᠦᠮᠨ ᠳᠦᠷᠪᠡᠨ ᠮᠢᠩᠭᠠᠨ ᠴᠡᠷᠢᠭ ᠵᠢᠭᠡᠯᠡᠨ ᠪᠠᠶᠢᠯᠳᠣᠭᠰᠠᠨ᠎ᠠ ᠬᠠᠳᠠᠬᠢᠨ᠂ ᠰᠠᠯᠵᠢᠭᠤᠳ ᠪᠠᠭᠤᠵᠣ ᠦᠭᠪᠡ᠂᠂ ᠵᠣᠶᠢᠨ ᠲᠠᠲ᠋ᠠᠷ ᠤᠨ ᠳᠦᠷᠦᠬᠦᠦ ᠮᠡᠬᠦᠵᠢᠨ ᠰᠡᠬᠦᠯᠳᠦ ᠠᠶᠢᠮᠠᠭ ᠢᠶᠠᠨ ᠠᠪᠣᠨ ᠪᠣᠷᠣᠭᠤᠯᠪᠠ᠃ ᠳᠣᠳᠣᠭᠤᠭᠤᠳ ᠳᠠᠲ᠋ᠠᠷ  ᠤᠨ ᠮᠡᠬᠦᠵᠢᠨ ᠰᠡᠬᠦᠯᠳᠦ ᠠᠯᠳᠠᠨ ᠣᠯᠣᠰ ᠤᠨ ᠵᠦᠷᠴᠢᠨ ᠨᠣᠶᠠᠳ ᠲᠠᠢ ᠳᠠᠶᠢᠳᠣᠵᠣ ᠳᠡᠶᠢᠯᠦᠭᠳᠡᠭᠡᠳ ᠣᠯᠵᠠ ᠭᠤᠣᠯ ᠣᠷᠣᠭᠤ ᠳᠣᠳᠠᠭᠠᠵᠣ ᠪᠠᠶᠢᠭ᠎ᠠ ᠳᠤ ᠸᠠᠩ ᠬᠢᠩ ᠴᠧᠩᠰᠢᠶᠠᠩ ᠳᠡᠮᠦᠵᠢᠨ ᠳᠤ ᠮᠡᠳᠡᠭᠳᠡᠪᠡ᠃ ᠳᠡᠮᠦᠵᠢᠨ ᠡᠨᠡ ᠪᠣᠯ ᠦᠰᠢᠶ᠎ᠡ ᠠᠪᠬᠤ ᠰᠠᠶᠢᠨ ᠳᠣᠬᠢᠶᠠᠯ ᠭᠡᠵᠦ ᠦᠵᠡᠬᠡᠳ ᠸᠠᠩ ᠬᠠᠨ ᠲᠠᠢ ᠬᠤᠯᠪᠣᠭᠠᠯᠠᠨ ᠣᠯᠵᠠ ᠭᠤᠣᠯ ᠤᠨ ᠬᠤᠰᠣᠳᠣ ᠰᠢᠳᠦᠬᠡᠨ᠂ ᠨᠡᠷᠡᠳᠦ ᠰᠢᠳᠦᠬᠡᠨ ᠭᠡᠬᠦ ᠭᠠᠵᠠᠷ ᠵᠣᠶᠢᠨ ᠲᠠᠲ᠋ᠠᠷ ᠤᠨ ᠮᠡᠬᠦᠵᠢᠨ ᠰᠡᠬᠦᠯᠳᠦ ᠶᠢ ᠪᠠᠷᠢᠪᠴᠢᠯᠠᠨ ᠠᠯᠠᠵᠠᠢ᠃ ᠳᠡᠦᠬᠡᠨ ᠳᠤ ᠡᠬᠦᠨ ᠢ ︽ᠣᠯᠵᠠ ᠭᠤᠣᠯ ᠤᠨ ᠳᠠᠶᠢᠨ︾ ᠭᠡᠳᠡᠭ᠃ ᠳᠠᠶᠢᠨ ᠤ ᠳᠠᠷᠠᠭ᠎ᠠ ᠠᠯᠳᠠᠨ ᠣᠯᠣᠰ ᠤᠨ ᠸᠠᠩ ᠬᠢᠩ ᠴᠧᠩᠰᠢᠶᠠᠩ ᠬᠡᠷᠡᠶᠢᠳ ᠤᠨ ᠳᠣᠭᠤᠷᠢᠭᠤᠯ ᠬᠠᠨ ᠳᠤ ︽ᠣᠩ ᠬᠠᠨ︾ ᠴᠣᠯᠨ ᠱᠠᠩᠨᠠᠵᠣ᠂ ᠳᠡᠮᠦᠵᠢᠨ ᠳᠤ ︽ᠵᠠᠬᠤᠳᠬᠤᠷᠢ︾ ᠭᠡᠰᠡᠨ ᠴᠣᠯᠨ ᠱᠠᠩᠨᠠᠭᠰᠠᠨ ᠶᠣᠮ᠃ ᠡᠨᠡ ᠣᠳᠠᠭᠠᠨ ᠤ ᠳᠠᠶᠢᠨ ᠨᠢ ᠳᠠᠲ᠋ᠠᠷ ᠤᠨ ᠬᠦᠴᠦᠨ ᠳᠤ ᠰᠦᠢᠷᠡᠯᠳᠡ ᠶᠢᠨ ᠴᠢᠨᠠᠷ ᠲᠠᠢ ᠴᠣᠬᠢᠯᠳᠠ ᠦᠭᠬᠦᠭᠰᠡᠨ ᠪᠠᠶᠢᠨ᠎ᠠ᠃ 1202 ᠣᠨ ᠪᠣᠯᠬᠤ ᠳᠤ ᠳᠡᠮᠦᠵᠢᠨ ᠬᠦᠴᠦᠷᠡᠭᠵᠢᠭᠡᠳ ᠦᠪᠡᠷ ᠢ ᠪᠠᠨ ᠬᠠᠮᠠᠭᠠᠯᠬᠤ ᠳᠠᠶᠢᠨ ᠬᠢᠵᠦ ᠪᠠᠶᠢᠭᠰᠠᠨ ᠠᠴᠠ ᠪᠠᠨ ᠣᠳᠣ ᠵᠣᠷᠢᠯᠭ᠎ᠠ  ᠲᠠᠢ ᠪᠠᠷ ᠭᠠᠳᠠᠭᠰᠢ ᠳᠦᠷᠢᠨ ᠳᠠᠶᠢᠳᠣᠬᠤ ᠪᠣᠯᠪᠠ᠃ ᠵᠠᠮᠤᠬ᠎ᠠ ᠶᠢ ᠬᠠᠳᠠᠬᠢᠨ᠂ ᠰᠠᠯᠵᠢᠭᠤᠳ᠂ ᠳᠠᠲ᠋ᠠᠷ ᠵᠡᠷᠭᠡ ᠠᠷᠪᠠᠨ ᠬᠤᠶᠠᠷ ᠠᠶᠢᠮᠠᠭ ᠬᠠᠮᠳᠣᠷᠠᠨ ᠬᠦᠷ ᠬᠠᠨ ᠡᠷᠬᠦᠮᠵᠢᠯᠡᠵᠦ ︽ᠬᠦᠢᠳᠡᠨ ᠤ ᠳᠣᠯᠣᠯᠳᠣᠭᠠᠨ︾ ᠢ ᠡᠬᠦᠰᠭᠡᠭᠡᠳ ᠶᠡᠬᠡᠪᠡᠷ ᠢᠯᠡᠭ᠌ᠳᠠᠨ ᠪᠣᠷᠣᠭᠤᠯᠵᠣ ᠬᠦᠯᠦᠨ ᠪᠣᠶᠢᠷ ᠤᠨ ᠳᠠᠯ᠎ᠠ ᠨᠣᠳᠤᠭ ᠲᠤ ᠣᠬᠤᠷᠢᠨ ᠣᠴᠢᠪᠠ᠃ ᠳᠠᠲ᠋ᠠᠷ ᠨᠠᠷ ᠬᠢᠩᠭᠠᠨ ᠳᠠᠪᠠᠭᠠᠨ ᠤ ᠨᠦᠮᠦᠷᠭᠡ ᠶᠢᠨ ᠷᠠᠰᠢᠶᠠᠨ ᠬᠠᠪᠢ ᠶᠢᠨ ᠳᠠᠯᠠᠨ ᠨᠦᠮᠦᠷᠭᠡᠰ ᠭᠡᠳᠡᠭ ᠭᠠᠵᠠᠷ ᠣᠷᠣᠩᠨᠠᠵᠣ ᠪᠠᠶᠢᠪᠠ᠃ ᠳᠡᠶᠢᠮᠦ ᠠᠴᠠ ᠳᠡᠦᠬᠡᠨ ᠳᠡᠭᠡᠷ᠎ᠡ ᠳᠣᠰ ᠣᠳᠠᠭᠠᠨ ᠤ ᠳᠠᠶᠢᠨ ᠢ ︽ᠳᠠᠯᠠᠨ ᠨᠦᠮᠦᠷᠭᠡᠰ ᠤᠨ ᠳᠣᠯᠣᠯᠳᠣᠭᠠᠨ︾ ᠭᠡᠳᠡᠭ᠃ ᠡᠨᠡ ᠣᠳᠠᠭ᠎ᠠ ᠳᠠᠲ᠋ᠠᠷ ᠨᠠᠷ ᠳᠦᠢᠯᠪᠦᠷᠢᠳᠡᠢ ᠳᠡᠶᠢᠯᠦᠭᠳᠡᠵᠦ ᠠᠯᠴᠢ ᠲᠠᠲ᠋ᠠᠷ᠂ ᠠᠯᠬᠤᠢ ᠲᠠᠲ᠋ᠠᠷ᠂ ᠳᠣᠳᠣᠭᠤᠭᠤᠳ ᠲᠠᠲ᠋ᠠᠷ᠂ ᠪᠦᠬᠦᠳᠡ ᠣᠯᠵᠢᠯᠠᠭᠳᠠᠨ ᠳᠡᠮᠦᠵᠢᠨ ᠣᠷᠢᠳᠠ ᠶᠢᠨ ᠦᠰᠢᠶ᠎ᠡ ᠶᠢ ᠦᠰᠢᠯᠡᠵᠦ ᠳᠡᠷᠭᠡᠨ ᠳᠡᠩᠭᠡᠯᠢᠭ ᠲᠠᠢ ᠴᠢᠴᠢᠣᠯᠠᠨ ᠡᠷᠡᠰ ᠢ ᠨᠢ ᠬᠢᠳᠣᠭᠰᠠᠨ ᠪᠠᠶᠢᠨ᠎ᠠ᠃ ᠪᠠᠰᠠ ᠳᠡᠳᠡᠨ ᠤ ᠬᠠᠴᠠᠷ ᠭᠤᠸ᠎ᠠ ᠦᠬᠢᠳ ᠢ ᠬᠠᠳᠣᠨ ᠪᠣᠯᠠᠭᠠᠨ ᠠᠪᠣᠪᠠ᠃ ᠳᠡᠮᠦᠵᠢᠨ ᠳᠣᠳᠣᠭᠤᠭᠤᠳ ᠲᠠᠲ᠋ᠠᠷ ᠤᠨ ᠶᠢᠰᠦᠯᠦᠨ ︵ᠶᠢᠰᠦᠢ︶ ᠶᠢᠰᠦᠬᠡᠨ ᠡᠬᠡᠴᠢ ᠳᠡᠬᠦᠦ ᠬᠤᠶᠠᠭᠤᠯᠨ ᠶᠢ ᠬᠠᠳᠣᠨ ᠪᠣᠯᠭᠠᠨ ᠠᠪᠣᠪᠠ᠃ ᠬᠠᠰᠠᠷ ᠪᠠᠰᠠ ᠴᠠᠭᠠᠨ ᠲᠠᠲ᠋ᠠᠷ ᠤᠨ ᠠᠯᠳᠠᠨ ᠭᠡᠭᠴᠢ ᠦᠬᠢᠨ ᠢ ᠭᠤᠣᠯ ᠬᠠᠳᠣᠨ ᠪᠣᠯᠭᠠᠨ ᠠᠪᠣᠪᠠ᠃ ᠢᠩᠬᠢᠭᠡᠳ ᠳᠡᠦᠬᠡᠨ ᠳᠤ ᠠᠯᠳᠠᠷ ᠲᠠᠢ ᠲᠠᠲ᠋ᠠᠷ ᠠᠶᠢᠮᠠᠭ ᠦᠨᠳᠦᠰᠦᠨ ᠳᠤ ᠮᠦᠬᠦᠪᠡ᠃ ᠡᠨᠡ ᠣᠳᠠᠭ᠎ᠠ ᠳᠡᠮᠦᠵᠢᠨ ᠠᠴᠠ ᠳᠠᠲ᠋ᠠᠷ ᠤᠨ ᠣᠯᠵᠢᠯᠠᠭᠳᠠᠭᠰᠠᠳ ᠠᠴᠠ ᠮᠢᠩᠭᠠᠨ ᠡᠷᠡᠰ ᠢ ᠬᠠᠰᠠᠷ ᠲᠤ ᠦᠭᠴᠦ ᠴᠠᠭᠠᠵᠢᠯᠠᠭᠤᠯᠬᠤ ᠭᠡᠰᠡᠨ ᠳᠤ ᠬᠠᠰᠠᠷ ᠳᠠᠪᠣᠨ ᠵᠠᠭᠤ ᠶᠢ ᠠᠯᠠᠵᠣ ᠳᠠᠪᠣᠨ ᠵᠠᠭᠤ ᠶᠢ ᠨᠢ ᠠᠮᠢ ᠶᠢ ᠬᠤᠷᠣᠭᠠᠭᠰᠠᠨ ᠦᠬᠡᠢ ᠦᠪᠡᠷ ᠤᠨ ᠬᠠᠷᠢᠶᠠᠳᠣ ᠪᠠᠨ ᠪᠣᠯᠭᠠᠨ ᠠᠪᠣᠭᠰᠠᠨ ᠪᠠᠶᠢᠳᠠᠭ᠂ ᠡᠬᠦᠨ ᠢ ᠬᠤᠵᠢᠮ ᠨᠢ ᠳᠡᠮᠦᠵᠢᠨ ᠮᠡᠳᠡᠭᠡᠳ ᠬᠠᠰᠠᠷ ᠠᠴᠠ ᠶᠠᠯ᠎ᠠ ᠠᠰᠠᠭᠤᠭᠰᠠᠨ ᠶᠣᠮ᠃ ᠡᠶᠢᠮᠦ ᠠᠴᠠ ᠬᠠᠰᠠᠷ ᠤᠨ ᠬᠠᠷᠢᠶᠠᠳᠣ ᠠᠶᠢᠮᠠᠭ ᠤᠨ ᠳᠣᠮᠳᠠ ᠲᠠᠲ᠋ᠠᠷ ᠣᠪᠣᠭᠳᠠᠨ ᠲᠠᠢ ᠪᠣᠯᠵᠠᠢ᠃ ᠡᠨᠡᠬᠦ ᠦᠯᠡᠳᠡᠭᠰᠡᠨ ᠲᠠᠲ᠋ᠠᠷ ᠨᠢ ᠴᠠᠭᠠᠨ ᠲᠠᠲ᠋ᠠᠷ ᠪᠣᠯᠣᠨ᠎ᠠ᠃ ︽ᠰᠣᠳᠣᠷ ᠤᠨ ᠴᠢᠭᠤᠯᠭᠠᠨ︾ ᠳᠤ ᠪᠠᠰᠠ ᠨᠢᠬᠡ ᠰᠣᠨᠢᠷᠬᠠᠯᠳᠠᠢ ᠦᠯᠢᠬᠡᠷ ᠢ ᠳᠡᠮᠳᠡᠭᠯᠡᠵᠦ ᠪᠠᠶᠢᠳᠠᠭ᠃ ᠴᠢᠩᠬᠢᠰ ᠬᠠᠭᠠᠨ ᠤ ᠦᠷᠦᠰᠢᠶᠡᠯ ᠢᠶᠠᠷ ᠶᠢᠰᠦᠯᠦᠨ ᠬᠠᠳᠣᠨ ᠦᠪᠡᠷ ᠤᠨ ᠳᠦᠷᠬᠦᠮ ᠤᠨ ᠳᠣᠳᠣᠭᠤᠭᠤᠳ ᠲᠠᠲ᠋ᠠᠷ ᠠᠶᠢᠮᠠᠭ  ᠠᠴᠠ ᠪᠠᠨ ᠬᠤᠷᠢ ᠪᠠ ᠬᠠᠷ᠎ᠠ ᠮᠡᠩᠬᠡᠳᠦ ᠦᠬᠡ ᠭᠡᠬᠦ ᠠᠬ᠎ᠠ ᠳᠡᠬᠦᠦ ᠬᠤᠶᠠᠷ ᠢ ᠭᠠᠷ ᠳᠣᠣᠷ᠎ᠠ ᠪᠠᠨ ᠪᠠᠭᠤᠷᠴᠢ ︵ᠳᠣᠭᠤᠭᠠᠴᠢ︶ ᠪᠠᠷ ᠵᠠᠷᠣᠵᠣ ᠪᠠᠶᠢᠪᠠ᠂ ᠬᠤᠷᠢ ᠨᠢ ᠬᠦᠮᠦᠰ ᠤᠨ ᠢᠳᠡᠭᠡᠯ ᠢ ᠣᠯᠣᠭᠰᠠᠨ ᠳᠣᠯᠨ ᠴᠢᠩᠬᠢᠰ ᠬᠠᠭᠠᠨ ᠳᠡᠬᠦᠨ ᠢ ᠨᠣᠶᠠᠨ ᠪᠣᠯᠭᠠᠪᠠ ᠬᠤᠵᠢᠮ ᠬᠤᠷᠢ ᠪᠠᠷ ᠳᠣᠯᠣᠢ ᠬᠠᠨ ᠤ ᠣᠷᠳᠣᠨ ᠳᠤ ᠦᠢᠯᠡᠴᠢᠯᠡᠵᠦ ᠪᠠᠶᠢᠪᠠ᠂ ᠰᠡᠬᠦᠯᠡᠷ  ᠨᠢ ᠳᠣᠯᠣᠢ ᠬᠠᠨ ᠤ ᠬᠦᠪᠡᠭᠦᠨ ᠰᠦᠢᠬᠡᠳᠦ ᠶᠢᠨ ᠣᠷᠳᠣᠨ ᠤ ᠨᠣᠶᠠᠨ ᠤ ᠠᠬᠠᠯᠠᠭᠴᠢ ᠪᠣᠯᠪᠠ᠃ ᠡᠬᠦᠨ ᠢ ᠰᠣᠷᠬᠠᠭᠳᠠᠨᠢ ᠬᠠᠳᠣᠨ ᠬᠦᠪᠡᠭᠦᠳ ᠪᠠ ᠨᠣᠶᠠᠳ ᠤᠨ ᠰᠠᠨᠠᠯ ᠢᠶᠠᠷ ᠰᠣᠩᠭᠤᠭᠰᠠᠨ ᠶᠣᠮ᠃ ᠡᠨᠡᠬᠦ ᠠᠬ᠎ᠠ ᠳᠡᠬᠦᠦ ᠬᠤᠶᠠᠷ ᠴᠢᠩᠬᠢᠰ ᠤᠨ ᠴᠠᠴᠠᠷ ᠤᠨ ᠡᠮᠦᠨ᠎ᠡ ᠰᠢᠳᠣᠷᠭᠤ ᠪᠠᠷ ᠦᠢᠯᠡᠴᠢᠯᠡᠵᠦ ᠣᠨ ᠣᠳᠣᠭᠰᠠᠨ᠎ᠠ ᠴᠢᠩᠬᠢᠰ ᠬᠠᠭᠠᠨ ᠪᠠ ᠶᠢᠰᠦᠯᠦᠨ ︵ᠶᠢᠰᠦᠢ︶ ᠬᠠᠳᠣᠨ ᠤ ᠢᠳᠡᠭᠡᠯ ᠳᠤ ᠶᠡᠬᠡᠳᠡ ᠣᠯᠪᠠ᠂ ᠨᠢᠬᠡᠨ ᠡᠳᠦᠷ ᠶᠢᠰᠦᠯᠦᠨ ᠬᠠᠳᠣᠨ ᠭᠤᠶᠣᠨ ᠠᠶᠢᠯᠠᠳᠬᠠᠭᠰᠠᠨ ᠨᠢ ︽ᠬᠤᠷᠢ ᠨᠣᠶᠠᠨ ᠬᠢᠭᠡᠳ ᠳᠡᠬᠦᠨ ᠤ ᠳᠡᠬᠦᠦ ᠬᠠᠷ᠎ᠠ ᠮᠡᠩᠬᠡᠳᠦ ᠦᠬᠡ ᠨᠢᠭᠡᠨᠳᠡ ᠨᠣᠶᠠᠨ ᠵᠡᠷᠭᠡ ᠳᠤ ᠬᠦᠷᠪᠡ᠂ ᠦᠨᠦ ᠳᠠᠭᠠᠯᠳᠠ ᠪᠠᠷ ᠶᠠᠪᠣᠵᠣ ᠶᠠᠪᠣᠳᠠᠯ ᠣᠴᠠᠷ ᠳᠡᠭᠡᠷ᠎ᠡ ᠢᠳᠡᠭᠡᠯ ᠲᠠᠢ ᠪᠣᠯᠪᠠ ᠳᠡᠳᠡᠨ ᠤ ᠣᠳᠣᠮ ᠣᠭᠰᠠᠭ᠎ᠠ ᠶᠢᠨ ᠠᠬ᠎ᠠ ᠳᠡᠬᠦᠦ ᠪᠠ ᠳᠡᠳᠡᠨ ᠤ ᠠᠶᠢᠮᠠᠭ ᠤᠨ ᠬᠦᠮᠦᠨ ᠪᠦᠷᠢ ᠡᠯ᠎ᠡ ᠭᠠᠵᠠᠷ ᠲᠤ ᠳᠠᠷᠬᠠᠪᠠ᠂ ᠡᠵᠡᠨ ᠦᠷᠦᠰᠢᠶᠡᠪᠡᠯ ᠬᠠᠮᠤᠭ ᠰᠠᠶᠢᠨ ᠨᠢ ᠵᠠᠷᠯᠢᠭ ᠪᠠᠭᠤᠯᠭᠠᠵᠣ ᠳᠡᠳᠡᠨ ᠢ ᠬᠤᠷᠢᠶᠠᠨ ᠠᠪᠴᠢᠷᠠᠪᠠᠯ ᠵᠣᠬᠢᠨ᠎ᠠ︾ ᠭᠡᠵᠡᠢ᠃ ᠴᠢᠩᠬᠢᠰ ᠬᠠᠭᠠᠨ ᠶᠢᠰᠦᠯᠦᠨ ᠬᠠᠳᠣᠨ ᠤ ᠦᠬᠡ ᠶᠢ ᠶᠡᠭᠡ ᠠᠪᠳᠠᠭ ᠪᠠᠶᠢᠵᠠᠢ᠂ ︵ᠬᠤᠵᠢᠮ ᠨᠢ ᠴᠢᠩᠬᠢᠰ ᠬᠠᠭᠠᠨ ᠵᠠᠯᠭᠠᠮᠵᠢᠯᠠᠭᠴᠢ ᠪᠠᠨ ᠰᠣᠩᠭᠤᠬᠤ ᠶᠡᠭᠡ ᠠᠰᠠᠭᠤᠳᠠᠯ ᠳᠡᠭᠡᠷ᠎ᠡ ᠴᠣ᠋ ᠶᠢᠰᠦᠢ ᠬᠠᠳᠣᠨ ᠤ ᠦᠬᠡ ᠪᠠᠷ ᠪᠣᠯᠭᠠᠵᠣ ᠪᠠᠶᠢᠭᠰᠠᠨ ᠶᠣᠮ︶ ᠳᠡᠭᠡᠭᠡᠳ ᠵᠠᠷᠯᠢᠭ ᠪᠠᠭᠤᠯᠭᠠᠨ ᠦᠯᠡᠳᠡᠨ ᠬᠤᠴᠣᠷᠣᠭᠰᠠᠨ ᠲᠠᠲ᠋ᠠᠷ ᠬᠦᠮᠦᠰ ᠢ ᠬᠤᠷᠢᠶᠠᠨ ᠠᠪᠴᠢᠷᠠᠵᠣ ᠳᠡᠳᠡᠨ ᠤ ᠣᠶᠢᠷ᠎ᠠ ᠳᠦᠷᠦᠯ ᠤᠨ ᠬᠠᠷᠢᠴᠠᠭ᠎ᠠ ᠪᠠᠶᠢᠬᠤ ᠡᠰᠡᠬᠦ ᠶᠢ ᠦᠯᠦ ᠬᠠᠮᠢᠶᠠᠷᠣᠨ ᠪᠦᠬᠦᠳᠡ ᠶᠢ ᠬᠤᠷᠢ ᠶᠢᠨ ᠬᠠᠷᠢᠶᠠᠳᠣ ᠪᠣᠯᠭᠠᠨ ᠬᠠᠮᠢᠶᠠᠷᠣᠭᠤᠯᠪᠠ᠃ ᠬᠠᠰᠠᠨ ᠬᠠᠨ ᠳᠡᠳᠡᠨ ᠢ ᠲᠠᠲ᠋ᠠᠷ ᠤᠨ ᠮᠢᠩᠭᠠᠳᠣ ᠪᠣᠯᠭᠠᠨ ᠳᠣᠬᠢᠷᠠᠭᠤᠯᠵᠣ ᠦᠯᠡᠳᠦ ᠨᠣᠶᠠᠨ ᠲᠤ ᠵᠠᠬᠢᠷᠣᠭᠤᠯᠪᠠ᠃ ᠬᠤᠷᠢ ᠶᠢᠨ ᠬᠦᠪᠡᠬᠦᠨ ᠳᠦᠷᠪᠢ ᠨᠣᠶᠠᠨ ᠳᠦᠷᠪᠢ  ᠶᠢᠨ ᠬᠦᠪᠡᠬᠦᠨ ᠪᠣᠷᠠᠵᠣ᠂ ᠪᠣᠷᠠᠵᠣ ᠶᠢᠨ ᠬᠦᠪᠡᠬᠦᠨ ᠳᠠᠩᠬᠢᠰ ᠢᠯ ᠬᠠᠨᠳᠣ ᠣᠯᠣᠰ ᠲᠤ ᠮᠢᠩᠭᠠᠨ ᠤ ᠨᠣᠶᠠᠨ ᠪᠠᠶᠢᠪᠠ ᠃ ᠬᠠᠷ᠎ᠠ ᠮᠡᠩᠬᠡᠳᠦ ᠦᠬᠡ ᠨᠢ ᠳᠡᠮᠡᠢ ᠨᠡᠷ᠎ᠡ ᠭᠠᠷᠣᠭᠰᠠᠨ ᠦᠬᠡᠢ ᠭᠡᠪᠡᠴᠦ ᠳᠡᠬᠦᠨ ᠤ ᠬᠦᠪᠡᠭᠦᠨ ᠰᠠᠯᠢ ᠨᠢ ᠮᠦᠩᠬᠡ ᠬᠠᠭᠠᠨ ᠤ ᠦᠶ᠎ᠡ ᠨᠣᠶᠠᠨ ᠰᠠᠭᠤᠵᠣ᠂ ᠬᠤᠶᠠᠷ ᠳᠦᠮᠡᠨ ᠴᠡᠷᠢᠭ ᠳᠠᠶᠢᠴᠢᠯᠠᠨ ᠦᠯᠡᠬᠦᠦ ᠶᠢᠨ ᠳᠡᠨᠳᠡ ᠡᠯᠴᠢ ᠪᠠᠷ ᠶᠠᠪᠣᠵᠣ ᠪᠠᠶᠢᠪᠠ᠃ ᠶᠣᠸᠠᠨ ᠣᠯᠣᠰ ᠤᠨ ᠦᠶ᠎ᠡ ᠳᠤ ᠨᠢᠬᠡ ᠪᠦᠯᠦᠭ ᠲᠠᠲ᠋ᠠᠷ ᠨᠢ ᠬᠠᠰᠠᠷ ᠤᠨ ᠬᠠᠷᠢᠶᠠᠨ ᠳᠤ ᠪᠠᠶᠢᠪᠠ᠂ ᠳᠣᠳᠣᠭᠤᠭᠤᠳ ᠵᠡᠷᠭᠡ ᠲᠠᠲ᠋ᠠᠷ ᠨᠢ ᠳᠣᠯᠣᠢ ᠶᠢᠨ ᠵᠠᠬᠢᠷᠭᠠᠨ ᠳᠤ ᠪᠠᠶᠢᠪᠠ᠂ ᠪᠠᠰᠠ ᠨᠢᠬᠡ ᠪᠦᠯᠦᠭ ᠨᠢ ᠪᠠᠷᠠᠭᠤᠨᠰᠢ ᠳᠠᠶᠢᠯᠠᠬᠤ ᠴᠡᠷᠢᠭ ᠢ ᠳᠠᠭᠠᠵᠣ ᠣᠴᠢᠭᠠᠳ ᠢᠯ ᠬᠠᠨᠳᠣ ᠣᠯᠣᠰ ᠲᠤ ᠦᠢᠯᠡᠴᠢᠯᠡᠵᠦ ᠪᠠᠶᠢᠪᠠ᠃ ᠭᠤᠷᠪᠠ᠂ ᠣᠮᠠᠷᠠᠳᠣ ᠦᠨ ᠣᠯᠣᠰ ᠤᠨ ᠦᠶ᠎ᠡ ᠶᠢᠨ ᠲᠠᠲ᠋ᠠᠷ ᠣᠮᠠᠷᠠᠳᠣ ᠦᠨ ᠤ ᠦᠶ᠎ᠡ ᠳᠤ ᠮᠢᠩ ᠣᠯᠣᠰ ᠤᠨ ᠬᠢᠨᠢ ᠮᠣᠩᠭᠤᠯᠴᠣᠳ ᠢ ᠪᠠᠷᠠᠭᠤᠨ ᠮᠣᠩᠭᠤᠯ ᠢ ᠨᠢ ᠣᠶᠢᠷᠠᠳ ︵ᠸᠠᠯᠠ︶ ᠭᠡᠵᠦ ᠵᠡᠬᠦᠨ ᠮᠣᠩᠭᠤᠯ ᠢ ᠨᠢ ᠲᠠᠲ᠋ᠠᠷ ᠭᠡᠵᠦ ᠪᠠᠶᠢᠪᠠ᠃ ᠣᠴᠠᠷ ᠨᠢ ᠰᠦᠩ ᠣᠯᠣᠰ ᠤᠨ ᠦᠶ᠎ᠡ ᠳᠤ ᠮᠣᠩᠭᠤᠯ ᠤᠨ ᠦᠨᠳᠦᠷᠯᠢᠭ ᠤᠨ ︽ᠲᠠᠲ᠋ᠠᠷ ᠤᠨ ᠬᠤᠯᠪᠣᠭ᠎ᠠ︾ ᠬᠦᠴᠦᠷᠭᠡᠭ ᠪᠠᠶᠢᠭᠰᠠᠨ ᠣᠴᠠᠷ ᠡᠮᠦᠨᠡᠳᠦ ᠬᠦᠷᠰᠢ ᠰᠦᠩ ᠣᠯᠣᠰ ᠢ ᠶᠡᠬᠡᠬᠡᠨ ᠨᠦᠯᠦᠭᠡᠯᠡᠭᠰᠡᠨ ᠠᠴᠠ ᠳᠡᠳᠡᠨᠦᠰ ᠤᠨ ᠪᠣᠳᠣᠯ ᠳᠤ ᠲᠠᠲ᠋ᠠᠷ ᠭᠡᠰᠡᠨ ᠰᠠᠭᠤᠭᠳᠠᠯ ᠬᠦᠨ ᠪᠠᠶᠢᠭᠰᠠᠨ ᠶᠣᠮ᠃ ᠮᠣᠩᠭᠤᠯᠴᠣᠳ ᠳᠣᠮᠳᠠᠳᠣ ᠣᠷᠣᠨ ᠢ ᠡᠵᠡᠯᠡᠵᠦ ᠲᠠᠢ ᠦᠨ ᠣᠯᠣᠰ ᠢ ᠪᠠᠶᠢᠭᠤᠯᠣᠭᠰᠠᠨ ᠠᠴᠠ ᠰᠡᠬᠦᠯᠡᠷ ᠴᠣ᠋ ᠡᠮᠦᠨᠡᠳᠦ ᠶᠢᠨ ᠨᠠᠩᠬᠢᠶᠠᠳ ᠨᠤᠭᠤᠳ ᠲᠠᠲ᠋ᠠᠷ ᠬᠦᠮᠦᠨ ᠢᠷᠡᠵᠡᠢ ᠯᠡ ᠭᠡᠵᠦ ᠣᠶᠢᠯᠠᠭᠠᠵᠣ ᠪᠠᠶᠢᠭᠰᠠᠨ ᠶᠣᠮ᠂ ᠶᠠᠪᠣᠭᠠᠨ ᠳᠤ ᠪᠠᠨ ᠮᠣᠩᠭᠤᠯᠴᠣᠳ ᠴᠣ᠋ ᠪᠡᠶ᠎ᠡ ᠪᠠᠨ ᠪᠢᠳᠡ ᠲᠠᠲ᠋ᠠᠷ ᠭᠡᠵᠦ ᠪᠠᠶᠢᠵᠠᠢ᠃ ᠣᠮᠠᠷᠠᠳᠣ ᠦᠨ ᠣᠯᠣᠰ ᠤᠨ ᠬᠦᠢᠯᠢᠨᠴᠢ ᠬᠠᠨ — ᠦᠷᠦᠭᠳᠡᠮᠡᠷ 1403 ᠣᠨ ᠳᠤ ᠠᠷᠣᠭᠳᠠᠢ ᠳᠠᠶᠢᠱᠢ ᠶᠢᠨ ᠳᠡᠮᠵᠢᠯᠬᠡ ᠪᠠᠷ ᠬᠠᠭᠠᠨ ᠰᠠᠭᠤᠷᠢᠨ ᠳᠤ ᠰᠠᠭᠤᠵᠣ ︽ᠦᠨ︾ ᠭᠡᠬᠦ ᠣᠯᠣᠰ ᠤᠨ ᠴᠣᠯᠨ ᠶᠢ ᠰᠢᠭᠤᠳ ᠣᠷᠬᠢᠵᠦ ︽ᠲᠠᠲ᠋ᠠᠷ ᠣᠯᠣᠰ ︾ ᠭᠡᠰᠡᠨ ᠨᠡᠷ᠎ᠡ ᠠᠪᠣᠪᠠ᠂ ᠢᠩᠬᠢᠭᠡᠳ ᠠᠷᠢᠭᠪᠣᠬ᠎ᠠ ᠶᠢᠨ ᠣᠳᠣᠮ ᠢᠶᠠᠷ ᠭᠤᠣᠯᠯᠠᠭᠰᠠᠨ ᠪᠠᠷᠠᠭᠤᠨ ᠮᠣᠩᠭᠤᠯ ᠪᠠ ᠬᠤᠪᠢᠯᠠᠢ ᠶᠢᠨ ᠣᠳᠣᠮ ᠨᠢᠷᠣᠭᠤᠯᠣᠭᠰᠠᠨ ᠵᠡᠬᠦᠨ ᠮᠣᠩᠭᠤᠯ ᠪᠣᠯᠣᠨ ᠰᠠᠯᠵᠣ ᠮᠣᠩᠭᠤᠯ ᠤᠨ ᠬᠦᠴᠦᠨ ᠳᠣᠷᠣᠶᠢᠳᠠᠵᠠᠢ ᠡᠷᠳᠡᠮᠳᠡᠳ ᠤᠨ ᠰᠣᠳᠣᠯᠣᠭᠰᠠᠨ ᠢᠶᠠᠷ ᠴᠠᠬᠠᠷ ᠳᠦᠮᠡᠨ ᠢ ᠮᠣᠩᠭᠤᠯ ᠰᠣᠷᠪᠣᠯᠵᠢ ᠳᠤ ᠪᠠᠰᠠ ︽ᠬᠠᠭᠤᠴᠢᠨ ᠴᠠᠬᠠᠷ︾ ᠭᠡᠳᠡᠭ ᠨᠢ ᠰᠣᠷᠬᠠᠭᠳᠠᠨᠢ ᠪᠠᠬᠢ ᠬᠠᠳᠣᠨ ᠤ ᠬᠠᠷᠢᠶᠠᠨ ᠳᠤ ᠪᠠᠶᠢᠭᠰᠠᠨ ᠬᠠᠭᠠᠨ ᠤ ᠰᠢᠳᠡᠷ ᠳᠦᠮᠡᠳᠦ ᠠᠴᠠ ᠢᠷᠡᠯ  ᠲᠠᠢ ᠭᠡᠰᠡᠨ ᠨᠣᠳᠠᠯᠠᠯᠳᠠ ᠨᠢ ᠪᠠᠳᠣᠳᠠᠢ ᠪᠣᠯ ᠶᠣᠸᠠᠨ ᠣᠯᠣᠰ ᠮᠦᠬᠦᠳᠡᠯ᠎ᠡ ᠲᠠᠲ᠋ᠠᠷ ᠠᠶᠢᠮᠠᠭ ᠨᠢ ᠰᠢᠭᠤᠳ ᠶᠡᠭᠡ ᠬᠠᠭᠠᠨ ᠤ ᠵᠠᠬᠢᠷᠭᠠᠨ ᠳᠣᠣᠷ᠎ᠠ ᠦᠢᠯᠡᠴᠢᠯᠡᠵᠦ ᠪᠠᠶᠢᠵᠠᠢ᠃ ᠠᠷᠪᠠᠨ ᠳᠣᠯᠣᠳᠣᠭᠠᠷ ᠵᠠᠭᠤᠨ ᠤ ᠦᠶ᠎ᠡ ᠳᠤ ᠪᠢᠴᠢᠭᠳᠡᠭᠰᠡᠨ ᠮᠣᠩᠭᠤᠯ ᠰᠣᠷᠪᠣᠯᠵᠢ ᠳᠤ ᠲᠠᠲ᠋ᠠᠷ ᠴᠠᠬᠠᠷ ᠤᠨ ᠨᠢᠬᠡ ᠣᠳᠤᠭ ᠤᠨ ᠬᠤᠪᠢ ᠪᠠᠷ ᠳᠣᠷᠠᠳᠣᠭᠳᠠᠳᠠᠭ ᠨᠢ ᠡᠶᠢᠮᠦ ᠣᠴᠠᠷ ᠶᠣᠮ᠃ ︽ᠡᠷᠳᠡᠨ ᠤ ᠮᠣᠩᠭᠤᠯ ᠤᠨ ᠬᠠᠳ ᠤᠨ ᠦᠨᠳᠦᠰᠦᠨ ᠤ ᠶᠡᠭᠡ ᠰᠢᠷ᠎ᠠ ᠳᠣᠭᠤᠵᠢ ᠤᠷᠤᠰᠢᠪᠠ ︾ ᠶᠢᠨ ᠳᠠᠶᠢᠯᠪᠣᠷᠢ ᠳᠤ ᠲᠡᠮᠳᠡᠭᠯᠡᠭᠰᠡᠨ ᠢᠶᠠᠷ ᠪᠣᠯ ᠪᠠᠳᠣᠮᠦ᠋ᠩᠬᠡ ᠳᠠᠶᠠᠨ ᠬᠠᠭᠠᠨ ᠤ ᠦᠶ᠎ᠡ ᠳᠤ ᠴᠠᠬᠠᠷ ᠲᠦᠮᠡᠨ ᠵᠡᠭᠦᠨ ᠪᠠᠷᠠᠭᠤᠨ ᠭᠠᠷ ᠭᠡᠵᠦ ᠨᠠᠢᠮᠠᠨ ᠤᠳᠤᠭ ᠬᠤᠪᠢᠶᠠᠵᠣ ᠪᠠᠶᠢᠵᠠᠢ᠃ ᠵᠡᠬᠦᠨ ᠭᠠᠷ ᠤᠨ ᠳᠦᠷᠪᠡᠨ ᠤᠳᠤᠭ ᠨᠢ ᠠᠯᠠᠭᠴᠤᠳ᠂ ᠠᠣᠬᠠᠨ᠂ ᠨᠠᠢᠮᠠᠨ᠂ ᠬᠡᠰᠢᠭᠳᠡᠨ᠂ ᠲᠠᠲ᠋ᠠᠷ᠃ ᠪᠠᠷᠠᠭᠤᠨ ᠭᠠᠷ ᠤᠨ ᠳᠦᠷᠪᠡᠨ ᠤᠳᠤᠭ ᠨᠢ ᠬᠠᠭᠤᠴᠢᠳ᠂ ᠬᠡᠮᠵᠢᠭᠦᠳ᠂ ᠰᠦᠨᠢᠳ᠂ ᠦᠵᠦᠮᠦᠴᠢᠨ ᠪᠠᠶᠢᠵᠠᠢ᠃ ᠢᠰᠢᠪᠠᠯᠵᠣᠣᠷ ᠤᠨ ᠪᠢᠴᠢᠭᠰᠡᠨ ︽ᠭᠠᠯᠪᠠᠷᠠᠭᠴᠠ ᠶᠢᠨ ᠮᠣᠳᠣᠨ︾ ᠭᠡᠬᠦ ᠰᠣᠳᠣᠷ ᠲᠤ ︽ᠪᠠᠳᠦᠮᠦᠩᠬᠡ ᠳ᠋ᠠᠶᠠᠨ ᠬᠠᠭᠠᠨ ᠳᠦᠴᠢᠨ ᠨᠠᠢᠮᠠᠨ ᠵᠢᠯ ᠰᠠᠭᠤᠵᠣ ᠪᠠᠷᠠᠭᠤᠨ ᠭᠤᠷᠪᠠᠨ ᠠᠶᠢᠮᠠᠭ᠎ᠠ ᠵᠡᠬᠦᠨ ᠭᠤᠷᠪᠠᠨ ᠠᠶᠢᠮᠠᠭ ᠯᠤᠭ᠎ᠠ ᠵᠢᠷᠭᠤᠭᠠᠨ ᠠᠶᠢᠮᠠᠭ ᠬᠢᠭᠡᠳ ᠬᠡᠰᠢᠭ ᠳᠡᠨ ︵ᠬᠡᠰᠢᠭᠳᠡᠨ︶᠂ ᠠᠣ ᠬᠤᠸᠠᠩ ︵ᠠᠣᠬᠠᠨ︶᠂ ᠨᠠᠢᠮᠠᠨ᠂ ᠳᠠᠳᠠᠷ ᠡᠪᠦᠷ ︵ᠦᠪᠦᠷ︶ ᠳᠦᠷᠪᠡᠨ ᠬᠤᠰᠢᠭᠤᠨ ︵ᠣᠳᠤᠭ︶ ᠬᠠᠭᠤᠴᠢᠳ᠂ ᠬᠡᠮᠵᠢᠬᠦᠳ᠂ ᠠᠯᠠᠭᠴᠣᠣᠯ᠂ ᠦᠵᠦᠮᠦᠴᠢᠨ ᠨᠠᠢᠮᠠᠨ ᠬᠤᠰᠢᠭᠤᠨ ︵ᠣᠳᠤᠭ︶ ᠪᠠ ᠠᠷᠪᠠᠨ ᠭᠤᠷᠪᠠᠨ ᠳᠦᠮᠡᠨ ᠴᠡᠷᠢᠭ ᠲᠤᠷ ᠡᠷᠬᠡᠰᠢᠶᠡᠪᠡᠢ ᠬᠡᠮᠡᠬᠦ ᠪᠦᠭᠡᠳ ᠁︾ ᠭᠡᠳᠡᠯ᠎ᠡ ᠳᠠᠷᠮ᠎ᠠ ᠬᠦᠦᠰᠢ ᠶᠢᠨ ᠵᠣᠬᠢᠶᠠᠭᠰᠠᠨ ︽ᠠᠯᠳᠠᠨ ᠬᠦᠷᠳᠦᠨ ᠮᠢᠩᠭᠠᠨ ᠬᠡᠬᠡᠰᠦᠳᠦ︾ ᠪᠢᠴᠢᠭ ᠲᠤ ᠴᠠᠬᠠᠷ ᠤᠨ ᠨᠠᠢᠮᠠᠨ ᠣᠳᠣ ᠢ ︽ᠠᠣᠬᠠᠨ᠂ ᠨᠠᠶᠢᠮᠠᠨ ᠰᠦᠨᠢᠳ᠂ ᠦᠵᠦᠮᠦᠴᠢᠨ ᠦᠯᠬᠡ ᠶᠢᠨ ᠵᠡᠬᠦᠨ ᠳᠦᠷᠪᠡᠨ ᠣᠳᠤᠭ ᠪᠣᠢ᠂ ᠵᠣᠶᠢᠳ᠂ ᠪᠣᠷᠣᠳ᠂ ᠠᠯᠠᠭ᠂ ᠠᠯᠠᠭᠴᠣᠣᠯ ᠡᠳᠡ ᠠᠷᠣ ᠶᠢᠨ ᠪᠠᠷᠠᠭᠤᠨ ᠳᠦᠷᠪᠡᠨ ᠣᠳᠤᠭ ᠬᠡᠮᠡᠮᠣᠢ︾ ᠭᠡᠰᠡᠨ ᠳᠡᠮᠳᠡᠭᠯᠡᠯ ᠪᠠᠶᠢᠳᠠᠭ᠂ ᠠᠳᠡ ᠴᠠᠬᠠᠷ ᠨᠠᠢᠮᠠᠨ ᠤᠳᠤᠭ ᠤᠨ ᠪᠦᠷᠢᠯᠳᠦᠭᠦᠨ ᠳᠤ ᠶᠡᠬᠡᠬᠡᠨ ᠬᠤᠪᠢᠷᠠᠯᠳᠠ ᠭᠠᠷᠴᠤ ᠤᠣᠯ ᠤᠨ ᠪᠠᠷᠠᠭᠤᠨ ᠭᠠᠷ ᠤᠨ ᠵᠣᠶᠢᠳ᠂ ᠪᠣᠷᠣᠳ᠂ ᠠᠯᠠᠭ ᠤᠳᠤᠭ ᠨᠢ ᠬᠠᠭᠤᠴᠢᠳ᠂ ᠬᠡᠮᠵᠢᠭᠦᠳ ᠬᠤᠶᠠᠷ ᠤᠳᠤᠭ ᠢᠶᠠᠷ ᠣᠷᠣᠯᠠᠭᠳᠠᠪᠠ᠃ ᠪᠠᠰᠠ ᠳᠠᠶᠠᠨ ᠬᠠᠭᠠᠨ ᠤ ᠨᠠᠢᠮᠠᠳᠣᠭᠠᠷ ᠬᠦᠪᠡᠭᠦᠨ ᠠᠷᠣᠪᠣᠯᠣᠳ ᠨᠢ ᠴᠠᠬᠠᠷ ᠲᠦᠮᠡᠨ ᠤ ᠬᠠᠭᠤᠴᠢᠨ ᠤᠳᠤᠭ ᠢ ᠡᠵᠡᠯᠡᠵᠦ᠂ ᠠᠷᠪᠠᠳᠣᠭᠠᠷ ᠬᠦᠪᠡᠭᠦᠨ ᠭᠡᠷᠡᠪᠣᠯᠣᠳ ᠬᠠᠭᠤᠴᠢᠳ ᠢ ᠡᠵᠡᠯᠡᠵᠦ ᠰᠠᠭᠤᠭᠰᠠᠨ ᠪᠠᠶᠢᠵᠠᠢ᠃ ᠰᠣᠷᠪᠣᠯᠵᠢ ᠪᠢᠴᠢᠭ ᠲᠤ ᠴᠠᠬᠠᠷ ᠤᠨ ᠨᠠᠶᠢᠮᠠᠨ ᠣᠳᠤᠭ ᠢ ᠦᠭᠡᠷ᠎ᠡ ᠦᠭᠡᠷ᠎ᠡ ᠪᠠᠷ ᠳᠡᠮᠳᠡᠭᠯᠡᠵᠦ ᠪᠠᠶᠢᠭᠰᠠᠨ ᠨᠢ ᠳᠡᠳᠡᠭᠡᠷ ᠣᠳᠤᠭ ᠤᠨ ᠪᠦᠷᠢᠯᠳᠦᠬᠦᠨ ᠶᠡᠬᠡᠬᠡᠨ ᠬᠤᠪᠢᠷᠠᠯᠳᠠ ᠭᠠᠷᠴᠣ ᠪᠠᠶᠢᠭᠰᠠᠨ ᠲᠠᠢ ᠬᠤᠯᠪᠣᠭ᠎ᠠ ᠲᠠᠢ᠂ ᠠᠷᠣ ᠪᠣᠯᠣᠳ᠂ ᠠᠯᠪᠣᠷ᠎ᠠ᠂ ᠠᠯᠪᠣᠯᠣᠳ ᠪᠣᠯ ᠨᠢᠬᠡ ᠯᠡ ᠬᠦᠮᠦᠨ ᠤ ᠨᠡᠷ᠎ᠡ ᠶᠢᠨ ᠬᠡᠳᠦᠨ ᠣᠨᠳᠣᠣ ᠪᠢᠴᠢᠯᠬᠡ᠂ ᠯᠣᠪᠰᠠᠩᠳᠠᠨᠵᠢᠨ ᠤ ︽ᠠᠯᠳᠠᠨ ᠳᠣᠪᠴᠢ︾ ᠳᠤ ᠡᠶᠢᠮᠦᠷᠬᠦ ᠳᠡᠮᠳᠡᠭᠯᠡᠯ ᠪᠣᠢ ︽ᠠᠯᠪᠣᠷ᠎ᠠ ᠶᠢᠨ ᠬᠦᠪᠡᠬᠦᠨ ᠠᠵᠣ᠂ ᠰᠢᠷ᠎ᠠ ᠬᠤᠶᠠᠷ ᠳᠡᠬᠦᠨ ᠤ ᠦᠷ᠎ᠡ ᠴᠠᠭᠠᠨ ᠲᠠᠲ᠋ᠠᠷ ᠤᠨ ᠨᠣᠶᠠᠳ ᠪᠣᠶᠣ᠂ ᠴᠢᠩ ᠳᠠᠶᠢᠵᠢ ᠶᠢᠨ ᠬᠦᠪᠡᠬᠦᠨ ᠳᠣᠩᠰᠢ᠂ ᠴᠢᠩᠯᠢ ᠬᠤᠶᠠᠷ ᠳᠡᠬᠦᠨ ᠤ ᠦᠷ᠎ᠡ ᠬᠠᠷ᠎ᠠ ᠲᠠᠲ᠋ᠠᠷ ᠤᠨ ᠨᠣᠶᠠᠳ ᠪᠣᠢ︾ ᠠᠳᠡ ᠴᠠᠭᠠᠨ ᠲᠠᠲ᠋ᠠᠷ ᠪᠠ ᠬᠠᠷ᠎ᠠ ᠲᠠᠲ᠋ᠠᠷ ᠭᠡᠵᠦ ᠬᠤᠪᠢᠶᠠᠨ ᠬᠡᠯᠡᠪᠡ᠃ ᠳᠡᠭᠡᠪᠡᠯ ︽ᠠᠯᠳᠠᠨ ᠬᠦᠷᠳᠦᠨ ᠮᠢᠩᠭᠠᠨ ᠬᠡᠬᠡᠰᠦᠳᠦ︾ ᠪᠠᠰᠠ ︽ᠳᠠᠶᠠᠨ ᠬᠠᠨ ᠤ ᠳᠣᠯᠣᠳᠣᠭᠠᠷ ᠬᠦᠪᠡᠬᠦᠨ ᠠᠯᠪᠣᠯᠣᠳ ᠠᠰᠣᠳ᠂ ᠰᠢᠷᠨᠣᠳ᠂ ᠳᠠᠷᠢ ᠮᠢᠩᠭᠠᠨ ᠡᠳᠡᠨ ᠢ ᠳᠠᠷᠣᠭᠠᠯᠠᠭᠰᠠᠨ᠂ ᠠᠯᠪᠣᠯᠣᠳ ᠠᠴᠠ ᠠᠵᠣ ᠳᠠᠶᠢᠵᠢ᠂ ᠰᠢᠷᠠ ᠳᠠᠶᠢᠵᠢ᠂ ᠪᠦᠬᠡ ᠳᠠᠶᠢᠵᠢ᠂ ᠮᠣᠯᠣᠨ ᠳᠠᠶᠢᠵᠢ ᠳᠦᠷᠪᠡᠬᠦᠯᠨ︾ ᠭᠡᠵᠦ ᠪᠣᠢ ᠡᠬᠦᠨ ᠠᠴᠠ ᠮᠡᠳᠡᠵᠦ ᠪᠣᠯᠬᠤ ᠨᠢ ᠴᠠᠭᠠᠨ ᠲᠠᠲ᠋ᠠᠷ ᠭᠡᠳᠡᠭ ᠨᠢ ᠴᠠᠬᠠᠷ ᠤᠨ ᠬᠠᠷᠢᠶᠠᠳᠣ ᠠᠰᠣᠳ᠂ ᠰᠢᠷᠨᠣᠳ᠂ ᠳᠠᠷᠢ ᠮᠢᠩᠭᠠᠨ ᠢ ᠬᠠᠮᠳᠣᠷᠠᠭᠤᠯᠣᠨ ᠵᠢᠭᠠᠵᠣ ᠪᠠᠶᠢᠵᠠᠢ᠃ ᠴᠠᠭᠠᠨ ᠲᠠᠲ᠋ᠠᠷ ᠨᠢ ᠴᠠᠬᠠᠷ ᠳᠦᠮᠡᠨ ᠤ ᠬᠠᠷᠢᠶᠠᠳᠣ ᠣᠳᠤᠭ ᠪᠠᠶᠢᠭᠰᠠᠨ ᠨᠢ ᠮᠠᠳᠠᠭ ᠦᠬᠡᠢ ᠪᠣᠯᠵᠠᠢ᠃ ᠣᠮᠠᠷᠠᠳᠣ ᠦᠨ ᠤ ᠰᠡᠬᠦᠯᠴᠢ ᠪᠠᠷ ᠪᠢᠴᠢᠭᠳᠡᠭᠰᠡᠨ ︽ᠡᠷᠳᠡᠨᠢ ᠶᠢᠨ ᠳᠣᠪᠴᠢ︾ ᠳᠤ ︽ᠪᠠᠶᠠᠨᠳᠠᠷ᠎ᠠ ᠰᠢᠮ ᠪᠡᠴᠢᠨ ᠵᠢᠯ ᠲᠠᠢ᠂ ᠴᠠᠬᠠᠷ ᠤᠨ ᠴᠠᠭᠠᠨ ᠲᠠᠲ᠋ᠠᠷ ᠳᠡᠭᠡᠷᠡ︾ ᠭᠡᠵᠦ ᠳᠣᠳᠣᠷᠬᠠᠢ ᠳᠡᠮᠳᠡᠭᠯᠡᠵᠦ ᠪᠣᠢ᠂ ᠠᠳᠡ ᠳᠣᠷᠠᠳᠣᠭᠳᠠᠨ ᠪᠦᠬᠦᠢ ᠪᠠᠶᠠᠨᠳᠠᠷ᠎ᠠ ᠪᠣᠯ ᠪᠠᠷᠰᠪᠣᠯᠣᠳ ᠤᠨ ᠳᠦᠷᠪᠡᠳᠦᠭᠡᠷ ᠬᠦᠪᠡᠬᠦᠨ ᠪᠣᠯᠣᠨ᠎ᠠ ᠪᠠᠰᠠ ᠪᠠᠶᠠᠨᠳᠠᠷ᠎ᠠ ᠨᠠᠷᠢᠨ ᠳᠠᠶᠢᠵᠢ ᠭᠡᠳᠡᠭ᠂ ᠵᠠᠷᠢᠮ ᠪᠢᠴᠢᠭ ᠲᠤ ᠰᠢᠭᠤᠳ ᠨᠠᠷᠢᠨ ᠨᠠᠶᠢᠵᠢ ᠭᠡᠵᠦ ᠳᠡᠮᠳᠡᠭᠯᠡᠭᠰᠡᠨ ᠵᠦᠢᠯ ᠴᠣ᠋ ᠪᠣᠢ᠂ ᠪᠠᠷᠰᠪᠣᠯᠣᠳ ᠳᠠᠶᠠᠨ ᠬᠠᠭᠠᠨ ᠤ ᠳᠠᠷᠠᠭ᠎ᠠ ᠨᠢᠬᠡ ᠰᠠᠷ᠎ᠠ ᠬᠠᠭᠠᠨ ᠰᠠᠭᠤᠭᠰᠠᠨ ᠶᠣᠮ᠂ ᠡᠶᠢᠮᠦ ᠠᠴᠠ ᠴᠠᠬᠠᠷ ᠳᠦᠮᠡᠨ  ᠤ ᠬᠠᠷᠢᠶᠠᠳᠣ ᠳᠡᠬᠦᠨ ᠤ ᠦᠷ᠎ᠡ ᠬᠡᠦᠬᠡᠳ ᠳᠤ ᠣᠴᠢᠬᠤ ᠪᠣᠯᠣᠯᠴᠠᠭ᠎ᠠ ᠶᠡᠭᠡ ᠪᠠᠶᠢᠭᠰᠠᠨ ᠶᠣᠮ᠃ ︽ᠭᠠᠩᠭ᠎ᠠ ᠶᠢᠨ ᠣᠷᠣᠰᠬᠠᠯ︾ ᠳᠤ ︽ᠳᠠᠶᠠᠨ ᠬᠠᠨ ᠳᠡᠭᠷᠢ ᠪᠣᠯᠣᠭᠰᠠᠨ ᠬᠤᠶᠢᠨ᠎ᠠ ᠪᠣᠳᠢ ᠬᠤᠩ ᠳᠠᠶᠢᠵᠢ ᠪᠠᠭ᠎ᠠ ᠳᠣᠯᠨ ᠪᠠᠷᠰᠪᠣᠯᠣᠳ ᠨᠢᠬᠡ ᠰᠠᠷ᠎ᠠ ᠶᠡᠭᠡ ᠣᠷᠣ ᠰᠠᠭᠤᠭᠠᠳ ᠬᠤᠴᠣᠷᠣᠭᠰᠠᠨ ᠳᠤ︾ ᠭᠡᠰᠡᠨ ᠨᠣᠳᠠᠳᠠᠢ ᠳᠡᠮᠳᠡᠭᠯᠡᠯ ᠪᠣᠢ᠂ ᠪᠠᠰᠠ ︽ᠳᠠᠶᠣᠨ ᠬᠠᠨ ᠤ ᠳᠦᠳᠦᠭᠡᠷ ᠬᠦᠪᠡᠭᠦᠨ ︵ᠦᠨᠡᠨᠳᠡᠭᠡᠨ ᠭᠤᠷᠪᠠᠳᠣᠭᠠᠷ ᠨᠢ ᠠᠳᠡ ᠳᠠᠰᠢᠶᠠᠷᠠᠵᠣᠬᠤᠢ︶ ᠪᠠᠷᠰᠪᠣᠯᠣᠳ᠂ ᠳᠡᠬᠦᠨᠦ ᠬᠦᠪᠡᠬᠦᠨ ᠮᠡᠷᠭᠡᠨ ᠬᠠᠷᠠ ᠵᠢᠨᠦᠩ᠂ ᠳᠡᠬᠦᠨᠦ ᠬᠦᠮᠦᠯᠨ ᠵᠢᠨᠦᠩ᠂ ᠬᠦᠪᠡᠬᠦᠨ ᠠᠴᠠ ᠠᠬᠠᠮᠠᠳ ᠠᠨᠣ ᠬᠦᠨ ᠪᠢᠯᠢᠭ ᠮᠡᠷᠭᠡᠨ ᠵᠢᠨᠦᠩ ᠣᠷᠳᠣᠰ ᠢ ᠳᠠᠷᠣᠭᠠᠯᠠᠪᠠᠢ᠂ ᠭᠤᠳᠠᠭᠠᠷ ᠬᠦᠪᠡᠬᠦᠨ ᠯᠠᠪᠣᠭ ᠳᠠᠶᠢᠵᠢ ᠦᠬᠦᠰᠢᠨ ᠢ ᠳᠠᠷᠣᠭᠠᠯᠪᠠᠢ᠂ ᠳᠦᠳᠦᠭᠡᠷ ᠬᠦᠪᠡᠬᠦᠨ ᠠᠷᠠᠨ ᠳᠠᠶᠢᠵᠢ ᠴᠠᠭᠠᠨ ᠲᠠᠲ᠋ᠠᠷ ᠢ ᠳᠠᠷᠣᠭᠠᠯᠠᠪᠠᠢ︾ ᠭᠡᠪᠡ᠂ ᠠᠳᠡ ᠬᠡᠯᠡᠵᠦ ᠪᠠᠶᠢᠭ᠎ᠠ ᠠᠷᠠᠨ ᠳᠠᠶᠢᠵᠢ ᠪᠣᠯ ᠳᠠᠷᠣᠢ ᠪᠠᠶᠠᠨᠳᠠᠷ᠎ᠠ ᠨᠠᠷᠢᠨ ᠳᠠᠶᠢᠵᠢ ᠪᠣᠯᠣᠨ᠎ᠠ᠃ ᠣᠮᠠᠷᠠᠳᠣ ᠦᠨ ᠣᠯᠣᠰ ᠤᠨ ᠦᠶ᠎ᠡ ᠳᠤ ᠮᠢᠩ ᠣᠯᠣᠰ ᠤᠨ ᠬᠢᠨᠢ ᠪᠦᠬᠦᠶᠢᠯᠨ ᠮᠣᠩᠭᠤᠯ ᠢ ᠪᠠᠷᠠᠭᠤᠨ ᠮᠣᠩᠭᠤᠯ ᠢ  ᠨᠢ ᠸᠠᠯᠨ — ᠣᠶᠢᠷᠠᠳ ᠮᠣᠩᠭᠤᠯ ᠭᠡᠵᠦ ᠵᠡᠬᠦᠨ ᠮᠣᠩᠭᠤᠯ ᠢ ᠲᠠᠲ᠋ᠠᠷ ᠮᠣᠩᠭᠤᠯ ᠭᠡᠵᠦ ᠳᠠᠭᠤᠳᠠᠵᠣ ᠪᠠᠶᠢᠪᠠ᠂ ᠬᠠᠷ᠎ᠠ ᠲᠠᠲ᠋ᠠᠷ ᠭᠡᠳᠡᠭ ᠨᠢ ᠳᠠᠷᠣᠢ ᠮᠣᠩᠭᠤᠯ ᠬᠦᠮᠦᠨ ᠢ ᠵᠢᠭᠠᠵᠣ ᠪᠠᠶᠢᠪᠠ᠂ ᠴᠠᠭᠠᠨ ᠲᠠᠲ᠋ᠠᠷ ᠭᠡᠳᠡᠭ ᠨᠢ ᠮᠣᠩᠭᠤᠯ ᠤᠨ ᠨᠢᠬᠡ ᠣᠪᠣᠭ ᠠᠶᠢᠮᠠᠭ ᠢ ᠵᠢᠭᠠᠬᠤ ᠪᠣᠯᠵᠠᠢ᠂ ᠳᠠᠷᠣᠢ ᠳᠠᠷᠢ ᠮᠢᠩᠭᠠᠨ᠂ ᠰᠢᠪᠠᠭᠤᠴᠢᠨ᠂ ᠬᠡᠷᠡᠨᠦᠬᠦᠳ᠂ ᠣᠩᠭᠤᠳ ᠵᠡᠷᠭᠡ ᠠᠶᠢᠮᠠᠭ ᠣᠳᠤᠭ ᠤᠨ ᠶᠡᠷᠦᠩᠬᠡᠢ ᠨᠡᠷᠡᠶᠢᠳᠦᠯ ᠪᠣᠯᠣᠭᠰᠠᠨ ᠪᠠᠶᠢᠨ᠎ᠠ᠃ ᠳᠦᠷᠪᠡ᠂ ᠴᠠᠭᠠᠨ ᠲᠠᠲ᠋ᠠᠷ ᠤᠨ ᠳᠣᠬᠠᠢ ᠳᠡᠦᠬᠡᠨ ᠳᠡᠭᠡᠷ᠎ᠡ ᠣᠩᠭᠤᠳ ᠵᠡᠷᠭᠡ ᠠᠶᠢᠮᠠᠭ ᠢ ᠬᠠᠮᠳᠣᠷᠠᠭᠤᠯᠣᠭᠠᠳ ︽ᠴᠠᠭᠠᠨ ᠲᠠᠲ᠋ᠠᠷ︾ ᠭᠡᠳᠡᠭ᠂ ᠬᠢᠳᠡᠳ ᠭᠠᠵᠠᠷ ᠲᠠᠢ ᠣᠶᠢᠷᠬᠠᠨ ᠰᠠᠭᠤᠵᠣ ᠳᠠᠷᠢᠶᠠᠯᠬᠤ ᠰᠣᠶᠣᠯ ᠤᠨ ᠨᠦᠯᠦᠬᠡ ᠬᠦᠯᠢᠶᠡᠭᠰᠡᠨ ᠢ ᠨᠢ ᠴᠠᠭᠠᠨ ᠲᠠᠲ᠋ᠠᠷ ᠭᠡᠵᠦ᠂ ᠠᠷᠣ ᠭᠤᠪᠢ ᠪᠠᠷ ᠰᠠᠭᠤᠵᠣ ᠠᠩ ᠬᠦᠷᠦᠬᠡ ᠪᠠᠷ ᠭᠤᠣᠯ ᠪᠣᠯᠭᠠᠵᠣ ᠪᠠᠶᠢᠭᠰᠠᠨ ᠢ ᠨᠢ ᠬᠠᠷ᠎ᠠ ᠲᠠᠲ᠋ᠠᠷ ᠭᠡᠵᠦ ᠪᠠᠶᠢᠵᠠᠢ᠂ ᠪᠠᠰᠠ ᠠᠮᠢᠳᠣᠷᠠᠯ ᠤᠨ ᠵᠣᠷᠰᠢᠯ ᠢᠶᠠᠷ ᠨᠢ ︽ᠪᠣᠯᠣᠭᠰᠠᠨ ᠪᠣᠳᠠᠭ᠎ᠠ ᠢᠳᠡᠳᠡᠭ︾ ᠢ ᠪᠣᠯᠪᠠᠰᠣᠨ ᠲᠠᠲ᠋ᠠᠷ ᠭᠡᠵᠦ ᠳᠦᠬᠦᠢ ᠮᠢᠬ᠎ᠠ ᠢᠳᠡᠳᠡᠭ ᠢ ︽ᠳᠦᠬᠦᠬᠡᠢ ᠲᠠᠲᠠᠷ︾ ᠭᠡᠵᠦ ᠪᠠᠶᠢᠪᠠ᠂ ᠵᠠᠩ ᠠᠷᠠᠨᠰᠢᠨ ᠢᠶᠠᠷ ᠨᠢ ᠪᠠᠰᠠ ᠳᠦᠬᠦᠬᠡᠢ ᠲᠠᠲ᠋ᠠᠷ ᠢᠶᠠᠨ ︽ᠵᠡᠷᠯᠢᠭ ᠲᠠᠲ᠋ᠠᠷ︾ ᠭᠡᠳᠡᠭ ᠪᠠᠶᠢᠭᠰᠠᠨ᠂ ᠭᠡᠳᠡᠯ᠎ᠡ ᠠᠷᠪᠠᠨ ᠳᠣᠯᠣᠳᠣᠭᠠᠷ ᠵᠠᠭᠤᠨ ᠤ ᠦᠶ᠎ᠡ ᠳᠤ ᠪᠢᠴᠢᠭᠳᠡᠭᠰᠡᠨ ᠰᠣᠷᠪᠣᠯᠵᠢ ᠪᠢᠴᠢᠭ ᠲᠤ ᠭᠠᠷᠳᠠᠭ ᠴᠠᠭᠠᠨ ᠲᠠᠲ᠋ᠠᠷ ᠪᠣᠯ ᠢᠯᠭᠠᠭ᠎ᠠ ᠲᠠᠢ ᠶᠣᠮ᠂ ᠳᠡᠭᠡᠷ᠎ᠡ ᠦᠬᠦᠯᠡᠭᠰᠡᠨ ︽ᠠᠰᠣᠳ᠂ ᠰᠠᠷᠬᠤᠳ ︵ᠰᠢᠷᠨᠣᠳ ᠤᠨ ᠳᠠᠰᠢᠶ᠎ᠠ ᠪᠢᠴᠢᠯᠬᠡ︶᠂ ᠳᠠᠷᠢ ᠮᠢᠩᠭᠠᠨ︾ ᠣᠩᠭᠤᠳ ᠠᠶᠢᠮᠠᠭ ᠠᠴᠠ ᠰᠠᠯᠪᠣᠷᠢᠯᠠᠵᠦ ᠢᠷᠡᠭᠰᠡᠨ ᠣᠪᠣᠭ ᠠᠶᠢᠮᠠᠭ ᠪᠣᠯᠣᠨ᠎ᠠ᠃ ᠴᠠᠭᠠᠨ ᠲᠠᠲ᠋ᠠᠷ ᠨᠢ ᠠᠯᠪᠣᠯᠣᠳ ᠤᠨ ᠬᠠᠷᠢᠶᠠᠨ ᠳᠤ ᠣᠷᠣᠭᠰᠠᠨ ᠤ ᠳᠠᠷᠠᠭ᠎ᠠ ᠳᠡᠬᠦᠨ ᠤ ᠨᠣᠳᠤᠭ ᠨᠢ ︽ᠰᠢᠣᠸᠠᠨ ᠹᠦ᠋ ᠬᠤᠳᠠ ᠶᠢᠨ ᠬᠠᠷᠢᠶ᠎ᠠ ᠴᠢᠭᠤᠯᠣᠯᠳᠦ ᠬᠠᠭᠠᠯᠭ᠎ᠠ  ᠠᠴᠠ ᠦᠷᠦᠭᠡᠰᠦᠨ ᠴᠢᠯᠠᠭᠤᠨ ᠬᠠᠭᠠᠯᠭ᠎ᠠ ᠶᠢᠨ ᠬᠢᠯᠢ ᠶᠢᠨ ᠭᠠᠳᠠᠨ᠎ᠠ ᠨᠣᠳᠣᠭᠯᠠᠨ᠎ᠠ᠂ ᠴᠢᠭᠤᠯᠣᠯᠳᠣ ᠬᠠᠭᠠᠯᠭ᠎ᠠ ᠳᠤ ᠠᠷᠠᠯᠵᠢᠶᠠᠯᠠᠨ᠎ᠠ︾ ᠭᠡᠵᠡᠢ᠃ ᠪᠠᠶᠠᠨᠳᠠᠷ᠎ᠠ ᠨᠠᠷᠢᠨ ᠳᠠᠶᠢᠵᠢ ᠶᠢᠨ ᠨᠣᠳᠤᠭ ᠨᠢ ︽ᠰᠢᠣᠸᠠᠨ ᠹᠦ᠋ ᠬᠤᠳᠠ ᠶᠢᠨ ᠬᠠᠷᠢᠶ᠎ᠠ ᠦᠷᠦᠭᠡᠰᠦᠨ ᠴᠢᠯᠠᠭᠤᠨ ᠬᠠᠭᠠᠯᠭ᠎ᠠ ᠶᠢᠨ ᠭᠠᠳᠠᠨ᠎ᠠ ᠴᠢᠭ ᠣᠮᠠᠷᠠᠳᠣ ᠵᠦᠭ ᠲᠤ ᠨᠣᠳᠣᠭᠯᠠᠨ᠎ᠠ ᠬᠢᠯᠢ ᠠᠴᠠ ᠠᠷᠪᠠᠨ ᠳᠠᠪᠤ ᠵᠢᠷᠭᠤᠭᠠᠨ ᠡᠳᠦᠷ ᠤᠨ ᠵᠠᠮ ᠬᠢᠷᠢ ᠲᠠᠢ ᠬᠤᠯᠨ ᠪᠠᠶᠢᠨ᠎ᠠ᠃ ᠴᠢᠭᠤᠯᠣᠯᠳᠣ ᠬᠠᠭᠠᠯᠭ᠎ᠠ ᠪᠠᠷ ᠠᠷᠠᠯᠵᠢᠶ᠎ᠠ ᠨᠡᠪᠳᠡᠷᠡᠳᠡᠭ︾᠃ ᠬᠠᠷ᠎ᠠ ᠲᠠᠲᠠᠷ ᠳᠡᠭᠡᠷ᠎ᠡ ᠰᠠᠭᠤᠭᠰᠠᠨ ᠣᠪᠰᠠᠨᠵᠠ ᠴᠢᠩ ᠳᠠᠶᠢᠵᠢ ᠶᠢᠨ ᠨᠣᠳᠤᠭ ᠨᠢ ︽ᠰᠢᠣᠸᠠᠨ ᠹᠦ᠋ ᠶᠢᠨ ᠴᠢᠭᠤᠯᠣᠯᠳᠣ ᠬᠠᠭᠠᠯᠭ᠎ᠠ ᠠᠴᠠ ᠭᠠᠳᠠᠨ᠎ᠠ ᠴᠢᠭ ᠣᠮᠠᠷᠠᠰᠢ ᠬᠢᠯᠢ ᠠᠴᠠ ᠬᠤᠷᠢᠨ ᠡᠳᠦᠷ ᠤᠨ ᠵᠠᠮ ᠤᠨ ᠦᠵᠦᠬᠦᠷ ᠪᠠᠶᠢᠨ᠎ᠠ᠂ ᠴᠢᠭᠤᠯᠣᠯᠳᠣ ᠬᠠᠭᠠᠯᠭ᠎ᠠ ᠪᠠᠷ ᠠᠷᠠᠯᠵᠢᠶ᠎ᠠ ᠨᠡᠪᠳᠡᠷᠡᠨ᠎ᠡ︾ ᠡᠬᠦᠨᠴᠡ ᠪᠢᠳᠡ ᠮᠡᠳᠡᠵᠦ ᠪᠣᠯᠬᠤ ᠨᠢ ᠴᠢᠭᠤᠯᠣᠯᠳᠣ ᠬᠠᠭᠠᠯᠭ᠎ᠠ ᠪᠠ ᠦᠷᠦᠭᠡᠰᠦᠨ ᠴᠢᠯᠠᠭᠤᠨ ᠬᠠᠭᠠᠯᠭ᠎ᠠ ᠶᠢᠨ ᠠᠷᠣ ᠲᠠᠬᠢ ᠣᠷᠣᠨ ᠪᠣᠯ ᠴᠠᠬᠠᠷ ᠳᠦᠮᠡᠨ ᠤ ᠲᠠᠲ᠋ᠠᠷ ᠣᠳᠤᠭ ᠤᠨ ᠠᠩᠬᠠᠨ ᠤ ᠮᠠᠯᠵᠢᠯ ᠤᠨ ᠭᠠᠵᠠᠷ ᠪᠠᠶᠢᠭᠰᠠᠨ ᠶᠣᠮ ᠬᠤᠵᠢᠮ ᠨᠢ ᠪᠠᠷᠠᠭᠤᠨ ᠳᠦᠮᠡᠳ ᠲᠤ ᠡᠨᠡᠬᠦ ᠭᠠᠵᠠᠷ ᠨᠣᠳᠤᠭ ᠢ ᠬᠤᠪᠢᠶᠠᠷᠢᠯᠡᠵᠦ ᠦᠭᠬᠦ ᠳᠤ ᠲᠠᠲ᠋ᠠᠷ ᠤᠨ ᠢᠷᠭᠡᠳ ᠴᠠᠬᠠᠷ ᠳᠦᠮᠡᠨ ᠢ ᠲᠠᠭᠠᠨ ᠵᠡᠬᠦᠨᠰᠢᠯᠡᠵᠦ ᠪᠣᠰᠣᠳ ᠣᠪᠣᠭ ᠠᠶᠢᠮᠠᠭ ᠲᠠᠢ ᠬᠤᠯᠢᠯᠳᠦᠨ ᠰᠠᠭᠤᠷᠢᠰᠢᠬᠤ ᠪᠣᠯᠵᠠᠢ᠃ ᠳᠠᠷᠣᠢ ︽ᠡᠷᠳᠡᠨᠢ ᠶᠢᠨ ᠳᠣᠪᠴᠢ︾ ᠳᠤ ᠡᠶᠢᠮᠦ ᠨᠢᠬᠡ ᠳᠡᠮᠳᠡᠭᠯᠡᠯ ᠪᠠᠶᠢᠬᠤ ᠶᠢ ᠠᠩᠬᠠᠷᠴᠣ ᠪᠣᠯᠣᠨ᠎ᠠ᠃ ︽ᠪᠠᠷᠰᠪᠣᠯᠣᠳ ᠤᠨ ᠬᠦᠪᠡᠬᠦᠨ ᠪᠠᠳᠮ᠎ᠠ ᠰᠠᠮᠪᠠᠸ᠎ᠠ ᠶᠢ ᠵᠡᠬᠦᠨ ᠭᠠᠵᠠᠷ ᠤᠨ ᠴᠠᠭᠠᠳ᠂ ᠮᠢᠩᠭᠠᠳ᠂ ᠬᠤᠨᠢᠴᠢᠨ᠂ ᠬᠤᠶᠠᠭᠴᠢᠨ ᠳᠦᠷᠪᠡᠨ ᠳᠡᠭᠡᠷ᠎ᠡ ᠰᠠᠭᠤᠭᠰᠠᠨ︾ ᠭᠡᠵᠡᠢ᠃ ᠡᠳᠡᠭᠡᠷ ᠵᠢᠵᠢᠭ ᠠᠶᠢᠮᠠᠭ ᠪᠣᠯ ᠮᠦᠨᠴᠦ ᠴᠠᠭᠠᠨ ᠲᠠᠲ᠋ᠠᠷ ᠤᠨ ᠰᠠᠯᠪᠣᠷᠢ ᠰᠠᠯᠳᠠᠰ ᠪᠣᠯᠣᠨ᠎ᠠ᠃ ᠡᠳᠡᠭᠡᠷ ᠳᠦᠷᠪᠡᠨ ᠠᠶᠢᠮᠠᠭ ᠤᠨ ᠡᠵᠡᠮᠰᠢᠯ ᠨᠣᠳᠤᠭ ᠢ ︽ᠮᠣᠩᠭᠤᠯ ᠦᠨᠳᠦᠰᠦᠳᠡᠨ ᠤ ᠨᠡᠪᠳᠡᠷᠡᠬᠡᠢ ᠳᠡᠦᠬᠡ︾ ᠳᠤ ᠣᠷᠳᠣᠰ ᠠᠴᠠ ᠠᠯᠣᠰ ᠬᠤᠯᠨ ᠨᠣᠭᠤᠨ ᠮᠦᠷᠡᠨ ᠤ ᠳᠠᠭᠠᠣ ᠪᠣᠢ ᠭᠡᠪᠡ ᠡᠬᠦᠨ ᠤ ᠳᠣᠳᠣᠷᠬᠢ ᠴᠠᠭᠠᠳ ᠠᠶᠢᠮᠠᠭ ᠨᠢ ᠬᠤᠵᠢᠮ ᠵᠠᠷᠣᠳ  ᠤᠨ ᠪᠠᠶᠠᠨᠳᠠᠷ᠎ᠠ ᠢᠯᠳᠡᠩ ᠤᠨ ᠬᠠᠷᠢᠶᠠᠳᠣ ᠪᠣᠯᠣᠭᠰᠠᠨ ᠳᠡᠮᠳᠡᠭᠯᠡᠯ ᠪᠣᠢ᠃ ᠯᠢᠭᠳᠡᠨ ᠬᠠᠭᠠᠨ ᠰᠢᠷ᠎ᠠ ᠳᠠᠯ᠎ᠠ ᠶᠢᠨ ᠭᠠᠵᠠᠷ ᠨᠠᠰᠣᠨ ᠡᠴᠦᠰᠯᠡᠵᠦ ᠣᠮᠠᠷᠠᠳᠣ ᠦᠨ ᠣᠯᠣᠰ ᠮᠦᠬᠦᠭᠰᠡᠨ ᠤ ᠳᠠᠷᠠᠭ᠎ᠠ ᠴᠠᠬᠠᠷ ᠳᠦᠮᠡᠨ ᠤ ᠣᠳᠤᠭ ᠤᠨ ᠶᠡᠭᠡ ᠵᠠᠳᠠᠷᠠᠯ ᠢ ᠠᠪᠴᠢᠷᠠᠭᠰᠠᠨ ᠶᠣᠮ᠂ ᠶᠡᠭᠡ ᠣᠳᠤᠭ ᠪᠣᠯᠬᠤ ᠠᠣᠬᠠᠨ᠂ ᠨᠠᠶᠢᠮᠠᠨ ᠨᠢ ᠡᠷᠳᠡ ᠮᠠᠨᠵᠣ ᠶᠢ ᠳᠠᠭᠠᠭᠰᠠᠨ ᠳᠣᠯᠨ ᠳᠣᠰᠭᠠᠷ ᠬᠤᠰᠢᠭᠤ ᠪᠣᠯᠣᠨ ᠬᠤᠪᠢᠶᠠᠷᠢᠯᠠᠭᠳᠠᠪᠠ᠃ ᠭᠡᠳᠡᠯ᠎ᠡ ᠪᠣᠰᠣᠳ ᠣᠳᠤᠭ ᠠᠶᠢᠮᠠᠭ ᠨᠢ ᠡᠳᠡᠭᠡᠷ ᠴᠠᠬᠠᠷ  ᠤᠨ ᠬᠠᠷᠢᠶᠠᠨ ᠳᠤ ᠪᠠᠶᠢᠭᠰᠠᠨ ᠣᠳᠤᠭ ᠠᠶᠢᠮᠠᠭ ᠪᠣᠶᠣ ᠪᠣᠰᠣᠳ ᠴᠠᠬᠠᠷ ᠲᠠᠢ ᠣᠶᠢᠷᠠᠯᠴᠠᠭ᠎ᠠ ᠮᠠᠯᠵᠢᠵᠦ ᠪᠠᠶᠢᠭᠰᠠᠨ ᠠᠷᠣ ᠬᠤᠷᠴᠢᠨ ᠪᠠ ᠦᠪᠦᠷ ᠬᠠᠯᠬ᠎ᠠ ᠶᠢᠨ ᠪᠠᠭᠠᠷᠢᠨ ᠵᠠᠷᠣᠳ ᠲᠤ ᠬᠤᠪᠢᠶᠠᠭᠳᠠᠨ ᠰᠢᠩᠭᠡᠪᠠ᠃ ᠡᠬᠦᠨ ᠤ ᠬᠠᠵᠠᠭᠤ  ᠶᠢᠨ ᠪᠠᠷᠢᠮᠳᠠ ᠭᠡᠪᠡᠯ ᠨᠠᠢᠮᠠᠨ ᠬᠤᠰᠢᠭᠤᠨ ᠤ ᠣᠪᠣᠭ ᠠᠶᠢᠮᠠᠭ ᠤᠨ ᠪᠦᠷᠢᠯᠳᠦᠬᠦᠨ ᠳᠤ ᠴᠠᠬᠠᠷ ᠤᠨ ᠣᠣᠭᠠᠯ ᠣᠳᠤᠭ  ᠤᠨ ᠣᠪᠣᠭ ᠠᠶᠢᠮᠠᠭ ᠭᠤᠣᠯᠯᠠᠵᠣ ᠪᠠᠶᠢᠭ᠎ᠠ ᠠᠴᠠ ᠠᠵᠢᠭᠯᠠᠵᠣ ᠪᠣᠯᠣᠨ᠎ᠠ᠃ ᠡᠬᠢ ᠨᠠᠢᠮᠨᠨ᠂ ᠳᠠᠷᠮ᠎ᠠ ᠶᠢᠨ ︽ᠨᠠᠢᠮᠠᠨ  ᠳᠠᠬᠢ ᠮᠣᠩᠭᠤᠯ ᠣᠪᠣᠭ ᠣᠭᠰᠠᠭᠠᠨ ᠤ ᠳᠣᠬᠠᠢ︾ ᠭᠡᠬᠦ ᠵᠣᠬᠢᠶᠠᠯ ᠳᠤ ︽ᠨᠠᠢᠮᠠᠨ ᠤ ᠬᠠᠭᠤᠴᠢᠨ ᠣᠪᠣᠭ ᠠᠶᠢᠮᠠᠭ  ᠠᠴᠠ ᠬᠤᠷᠢᠨ ᠳᠠᠪᠤ ᠨᠢ ᠮᠡᠳᠡᠭᠳᠡᠵᠦ ᠪᠣᠢ᠂ ᠡᠬᠦᠨ ᠤ ᠳᠣᠳᠣᠷ᠎ᠠ ᠨᠠᠢᠮᠠᠨ ᠤ ᠣᠣᠭᠠᠯ ᠳᠣᠯᠣᠭᠠᠨ ᠣᠪᠣᠭᠳᠠᠨ ᠪᠠ ᠨᠣᠶᠠᠯᠠᠵᠣ ᠰᠠᠭᠤᠭᠰᠠᠨ ᠳᠠᠶᠢᠵᠢ ᠪᠣᠷᠵᠢᠬᠢᠳ ᠵᠢᠴᠢ ᠬᠡᠷᠡᠨᠦᠬᠦᠳ᠂ ᠳᠠᠯᠠᠩᠬᠦᠰ ᠵᠡᠷᠭᠡ ᠠᠷᠪᠠᠭᠠᠳ ᠣᠪᠣᠭ ᠨᠢ ᠪᠠᠳᠦᠮᠦᠩᠬᠡ ᠳᠠᠶᠠᠨ ᠬᠠᠨ ᠤ ᠦᠶ᠎ᠡ ᠠᠴᠠ ᠨᠠᠢᠮᠠᠨ ᠳᠤ ᠪᠠᠭᠳᠠᠵᠣ ᠪᠠᠶᠢᠭᠰᠠᠨ ᠮᠠᠭᠠᠳ᠂︾ ᠭᠡᠵᠦ ᠳᠣᠳᠣᠷᠠᠭᠤᠯᠣᠨ ᠶᠠᠷᠢᠵᠦ᠂ ︽ᠨᠠᠢᠮᠠᠨ ᠤ ᠣᠣᠭᠠᠯ ᠳᠣᠯᠣᠭᠠᠨ ᠣᠪᠣᠭ ᠭᠡᠪᠡᠯ᠂ ᠡᠬᠢ ᠨᠠᠢᠮᠠᠨ᠂ ᠳᠠᠷᠣᠴᠢᠨ᠂ ᠳᠠᠯᠣ᠂ ᠲᠠᠲ᠋ᠠᠷ᠂ ᠮᠠᠩᠭᠤᠳ᠂ ᠬᠦᠪᠢᠬᠦᠳ᠂ ᠦᠵᠢᠶᠡᠳ ᠣᠪᠣᠭᠳᠠᠨ᠂ ᠬᠠᠭᠤᠴᠢᠨ ᠣᠪᠣᠭ ᠨᠢ ᠭᠡᠪᠡᠯ ᠰᠢᠷᠠᠨᠣᠳ᠂ ᠬᠡᠷᠡᠨᠦᠬᠦᠳ᠂ ᠰᠢᠪᠠᠭᠤᠴᠢᠨ᠂ ᠬᠡᠰᠢᠭᠳᠡᠨ᠂ ᠠᠯᠠᠭᠴᠣᠦᠯ᠂ ᠬᠠᠭᠤᠴᠢᠳ ᠁︾ ᠭᠡᠵᠦ ᠪᠣᠢ᠂ ᠡᠬᠦᠨ ᠤ ᠳᠣᠳᠣᠷ᠎ᠠ ᠳᠠᠲ᠋ᠠᠷ ᠨᠢ ᠣᠣᠭᠠᠯ ᠳᠣᠯᠣᠭᠠᠨ ᠣᠪᠣᠭ ᠤᠨ ᠨᠢᠬᠡ ᠪᠠᠷ ᠣᠷᠣᠵᠣ ᠪᠠᠶᠢᠭ᠎ᠠ ᠨᠢ ᠰᠣᠨᠢᠷᠬᠠᠯᠳᠠᠢ ᠶᠣᠮ᠃ ᠪᠢᠳᠡ ᠳᠠᠬᠢᠭᠠᠳ ᠴᠠᠬᠠᠷ  ᠤᠨ ᠨᠦᠬᠦᠬᠡ ᠨᠢᠬᠡ ᠳᠣᠮᠣ ᠣᠳᠤᠭ ᠪᠠᠶᠢᠭᠰᠠᠨ ᠠᠣᠬᠠᠨ ᠠᠶᠢᠮᠠᠭ ᠤᠨ ᠪᠦᠷᠢᠯᠳᠦᠬᠦᠨ ᠣᠪᠣᠭ ᠠᠶᠢᠮᠠᠭ ᠢ ᠦᠵᠡᠶ᠎ᠡ ︽ᠠᠣᠬᠠᠨ ᠣᠪᠣᠭ ᠬᠡᠪᠡᠰᠦ ᠣᠷᠢᠶᠠᠬᠠᠨ᠂ ᠦᠵᠢᠶᠡᠳ᠂ ᠰᠠᠯᠵᠢᠭᠤᠳ᠂ ᠬᠡᠷᠡᠶᠢᠳ᠂ ᠨᠠᠩᠬᠢᠶᠠᠳ᠂ ᠰᠠᠷᠳᠠᠭᠤᠯ᠂ ᠠᠯᠳᠠᠰᠣ᠂ ᠭᠠᠯᠳᠠᠰᠣ᠂ ᠵᠠᠯᠠᠶᠢᠷ᠂ ᠢᠯᠡᠬᠦᠳ ᠡᠬᠦᠨᠴᠡ ᠭᠠᠳᠠᠨ᠎ᠠ ᠪᠠᠰᠠ᠂ ᠵᠠᠭᠤᠨ ᠡᠷ᠎ᠡ ᠬᠠᠪᠬᠠᠴᠢᠨ᠂ ᠭᠤᠷᠴᠢᠳ᠂ ᠳᠠᠷᠢ ᠮᠢᠩᠭᠠᠨ᠂ ᠨᠦᠬᠡᠴᠢᠨ᠂ ᠲᠠᠲ᠋ᠠᠷ᠂ ᠰᠢᠪᠠᠭᠤᠴᠢᠨ︾ ᠭᠡᠵᠦ ᠳᠣᠷᠠᠳᠣᠭᠳᠠᠵᠣ ᠪᠣᠢ᠃ ᠠᠳᠡ ᠣᠨᠴᠠᠯᠠᠨ ᠠᠩᠬᠠᠷᠣᠭᠤᠰᠢᠳᠠᠢ ᠨᠢ ︽ᠳᠠᠷᠢ ᠮᠢᠩᠭᠠᠨ ᠪᠠ ᠲᠠᠲ᠋ᠠᠷ︾ ᠪᠣᠯ ᠣᠣᠯ ᠤᠨ ᠴᠠᠬᠠᠷ ᠤᠨ ᠨᠢᠬᠡ ᠣᠳᠤᠭ ᠪᠠᠶᠢᠭᠰᠠᠨ ᠳᠣᠬᠠᠢ ᠰᠣᠷᠪᠣᠯᠵᠢ ᠪᠢᠴᠢᠭ ᠤᠨ ᠳᠡᠮᠳᠡᠭᠯᠡᠯ ᠲᠠᠢ ᠨᠡᠶᠢᠴᠡᠵᠦ ᠬᠤᠵᠢᠮ ᠨᠢ ᠠᠣᠬᠠᠨ ᠨᠠᠶᠢᠮᠠᠨ ᠳᠤ ᠬᠤᠪᠢᠶᠠᠭᠳᠠᠨ ᠣᠷᠣᠭᠰᠠᠨ ᠢ ᠳᠣᠳᠣᠷᠬᠠᠢ ᠦᠵᠡᠵᠦ ᠭᠠᠷᠣᠨ᠎ᠠ᠃ ᠬᠡᠰᠡᠭ ᠴᠠᠭᠠᠨ ᠲᠠᠲ᠋ᠠᠷ ᠨᠢ ᠴᠠᠬᠠᠷ ᠤᠨ ᠬᠠᠭᠤᠴᠢᠨ ᠨᠣᠳᠤᠭ — ᠴᠠᠭᠠᠨ ᠬᠤᠳᠠ ᠶᠢᠨ ᠡᠷᠬᠢᠨ ᠳᠣᠭᠤᠷᠢᠨ ᠳᠤ ᠦᠯᠡᠳᠡᠵᠦ ᠬᠤᠵᠢᠮ ᠨᠢ ᠠᠳᠡ ᠮᠠᠨᠵᠣ ᠶᠢᠨ ᠬᠠᠭᠠᠨ ᠠᠷᠣ ᠬᠤᠷᠴᠢᠨ ᠠᠶᠢᠮᠠᠭ ᠲᠤ ᠨᠣᠳᠤᠭ ᠵᠢᠭᠠᠬᠤ ᠳᠤ ᠳᠡᠳᠡᠨ ᠳᠤ ᠪᠠᠭᠳᠠᠯᠴᠠᠨ ᠣᠷᠣᠭᠰᠠᠨ ᠶᠣᠮ ᠪᠠᠶᠢᠨ᠎ᠠ᠃ ᠠᠷᠣ ᠬᠤᠷᠴᠢᠨ ᠤ ᠲᠠᠲ᠋ᠠᠷ ᠠᠶᠢᠮᠠᠭ ᠢ ︽ᠳᠡᠭᠷᠢ ᠠᠴᠠ ᠡᠰᠢ ᠲᠠᠢ ᠳᠡᠨᠢᠭᠡᠷ ᠤᠨ ᠲᠠᠲ᠋ᠠᠷ︾ ᠭᠡᠳᠡᠭ᠂ ᠡᠳᠡᠨᠦᠰ ᠪᠣᠯ ᠴᠠᠬᠠᠷ ᠤᠨ ᠬᠠᠷᠢᠶᠠᠨ ᠳᠤ ᠪᠠᠶᠢᠭᠰᠠᠨ ᠴᠠᠭᠠᠨ ᠲᠠᠲ᠋ᠠᠷ ᠤᠨ ᠬᠤᠶᠢᠴᠢᠰ ᠪᠣᠯᠣᠨ᠎ᠠ᠃ ᠮᠠᠨᠵᠣ ᠶᠢᠨ ᠬᠠᠭᠠᠨ ᠬᠤᠩ ᠳᠠᠶᠢᠵᠢ ᠶᠢᠨ ᠴᠠᠬᠠᠷ ᠢ ᠳᠣᠪᠳᠣᠯᠣᠭᠰᠠᠨ ︽ᠣᠣ ᠮᠦᠷᠡᠨ ᠤ ᠳᠠᠶᠢᠨ︾ ᠳᠤ ᠴᠠᠬᠠᠷ ᠤᠨ ᠳᠣᠯᠣᠳ ᠣᠳᠤᠭ ᠤᠨ ᠬᠦᠷᠦ ᠳᠠᠶᠢᠵᠢ ᠠᠯᠠᠭᠳᠠᠨ ᠬᠠᠷᠢᠶᠠᠳᠣ ᠠᠷᠠᠳ ᠨᠢ ᠣᠳᠣ ᠶᠢᠨ ᠮᠠᠨᠵᠣ ᠶᠢᠨ ᠮᠠᠩᠬᠠᠨ ᠳᠤ ᠳᠣᠳᠠᠭᠠᠵᠣ ᠣᠷᠣᠭᠰᠠᠨ ᠶᠣᠮ᠂ ᠴᠠᠬᠠᠷ ᠤᠨ ᠨᠢᠬᠡ ᠵᠢᠵᠢᠭ ᠣᠳᠤᠭ ᠪᠠᠶᠢᠭᠰᠠᠨ ᠴᠠᠭᠠᠨ ᠲᠠᠲ᠋ᠠᠷ ᠨᠢ ᠳᠣᠯᠣᠳ ᠣᠳᠤᠭ ᠲᠠᠢ ᠬᠠᠮᠳᠣ ᠪᠠᠶᠢᠭᠠᠳ ᠳᠣᠰ ᠳᠠᠶᠢᠨ ᠤ ᠳᠠᠷᠠᠭ᠎ᠠ ᠴᠠᠭᠠᠨ ᠨᠠᠭᠤᠷ ᠤᠨ ᠮᠠᠩᠬᠠᠨ ᠳᠤ ᠨᠢᠭᠤᠭᠳᠠᠵᠣ ᠬᠤᠵᠢᠮ ᠨᠢ ᠳᠡᠨᠢᠭᠡᠷ ᠬᠠᠪᠢ  ᠪᠠᠷ ᠰᠠᠭᠤᠷᠢᠰᠢᠭᠰᠠᠨ ᠪᠠᠶᠢᠨ᠎ᠠ᠃ ᠣᠯᠠᠮᠵᠢᠯᠠᠯ ᠶᠠᠷᠢᠶ᠎ᠠ ᠶᠢ ᠦᠨᠳᠦᠰᠦᠯᠡᠪᠡᠯ᠂ ᠡᠳᠡᠭᠡᠷ ᠲᠠᠲ᠋ᠠᠷ ᠠᠶᠢᠮᠠᠭ ᠨᠢ ᠡᠯᠪᠠᠬᠢ ᠭᠡᠰᠡᠨ ᠬᠦᠮᠦᠨ ᠤ ᠳᠠᠭᠠᠭᠤᠯᠭ᠎ᠠ ᠪᠠᠷ ᠬᠦᠯᠦᠨ ᠪᠣᠶᠢᠷ ᠠᠴᠠ ᠣᠳᠣ ᠶᠢᠨ ᠠᠷᠣ ᠬᠤᠷᠴᠢᠨ ᠳᠤ ᠨᠡᠭᠦᠵᠦ ᠢᠷᠡᠯ᠎ᠡ ᠭᠡᠳᠡᠭ᠂ ᠳᠡᠨᠢᠭᠡᠷᠳᠦ ᠶᠢᠨ ᠬᠠᠪᠢ ᠪᠠᠷ ᠢᠷᠡᠭᠡᠳ ᠡᠳᠡᠨᠡᠶᠢᠬᠢ ᠮᠠᠯ ᠰᠦᠷᠦᠭ ᠨᠢ ᠦᠨᠢᠷ ᠦᠰᠴᠦ ᠬᠠᠷ᠎ᠠ ᠢᠮᠠᠭᠠᠨ ᠰᠦᠷᠦᠭ ᠢᠶᠠᠷ ᠨᠡᠷ᠎ᠡ ᠭᠠᠷᠴᠣ ︽ᠮᠢᠩᠭᠠᠨ ᠬᠠᠷ᠎ᠠ ᠢᠮᠠᠭᠠᠳᠣ ᠠᠶᠢᠯ︾ ᠭᠡᠰᠡᠨ ᠴᠣᠯᠨ ᠳᠡᠭᠡᠵᠢᠯᠡᠵᠦ ᠶᠠᠪᠣᠵᠠᠢ᠂ ᠮᠢᠩᠭᠠᠨ ᠬᠠᠷ᠎ᠠ ᠢᠮᠠᠭ᠎ᠠ ᠪᠠᠨ ᠭᠤᠣ ᠪᠠᠷ ᠬᠡᠮᠵᠢᠳᠡᠭ ᠳᠣᠯᠨ ᠳᠡᠷᠡᠬᠦ ᠭᠠᠵᠠᠷ ᠢ ᠨᠢ ︽ᠭᠤᠣᠳᠣ︾ ᠭᠡᠵᠦ ᠨᠡᠷᠡᠯᠡᠭᠰᠡᠨ ᠭᠡᠨ᠎ᠡ᠃ ᠣᠳᠣ ᠡᠨᠡᠬᠦ ᠭᠤᠣᠳᠣ ᠭᠡᠬᠦ ᠭᠠᠵᠠᠷ ᠪᠠᠯᠴᠢᠷᠠᠣᠳ ᠰᠣᠮᠣ ᠶᠢᠨ ᠵᠡᠭᠡᠷᠭᠡᠨᠡᠳᠦ ᠶᠢᠨ ᠰᠢᠯᠢ ᠶᠢᠨ ᠵᠡᠬᠦᠨ ᠡᠮᠦᠨ᠎ᠡ ᠪᠠᠶᠢᠳᠠᠭ᠂ ᠠᠷᠣ ᠬᠤᠷᠴᠢᠨ ᠳᠤ ᠲᠠᠲ᠋ᠠᠷ ᠠᠶᠢᠮᠠᠭ ᠢ ᠶᠡᠷᠦᠳᠡᠭᠡᠨ ︽ᠳᠠᠪᠣᠨ ᠣᠪᠣᠭ ᠲᠠᠲ᠋ᠠᠷ︾ ᠭᠡᠳᠡᠭ᠂ ᠡᠨᠡ ᠨᠢ ᠠᠮᠣᠰᠣ ᠠᠶᠢᠮᠠᠭ᠂ ᠪᠠᠶᠣᠳ ᠠᠶᠢᠮᠠᠭ᠂ ᠳᠦᠪᠡᠶᠢᠳ ᠠᠶᠢᠮᠠᠭ᠂ ᠬᠦᠬᠡᠰᠡᠬᠦᠯ ᠠᠶᠢᠮᠠᠭ᠂ ᠲᠠᠲ᠋ᠠᠷ ᠠᠶᠢᠮᠠᠭ ᠢ ᠳᠠᠪᠣᠨ ᠣᠪᠣᠭ ᠤᠨ ᠬᠢ ᠭᠡᠵᠦ ᠨᠢᠬᠡ ᠭᠡᠷ ᠠᠶᠢᠮᠠᠭ ᠭᠡᠳᠡᠭ ᠶᠣᠮ᠃ ᠳᠠᠪᠣᠨ ᠣᠪᠣᠭ ᠲᠠᠲ᠋ᠠᠷ ᠨᠢ ᠠᠷᠣ ᠬᠤᠷᠴᠢᠨ ᠬᠤᠰᠢᠭᠤᠨ ᠤ ᠪᠠᠷᠠᠭᠤᠨ ᠭᠠᠷ ᠳᠠᠶᠢᠵᠢ ᠶᠢᠨ ᠬᠠᠷᠢᠶᠠᠳᠣ ᠪᠠᠶᠢᠵᠠᠢ᠃ ᠡᠳᠡᠨᠦᠰ ᠤᠨ ᠬᠠᠮᠤᠭ ᠰᠡᠬᠦᠯᠴᠢ ᠶᠢᠨ ᠳᠠᠶᠢᠵᠢ ᠨᠣᠶᠠᠨ ᠨᠢ ᠶᠣᠨᠳᠣᠨ ᠭᠡᠳᠡᠭ᠂ ᠴᠢᠩ ᠣᠯᠣᠰ ᠮᠦᠬᠦᠵᠦ ᠢᠷᠭᠡᠨ ᠣᠯᠣᠰ ᠪᠣᠯᠣᠭᠰᠠᠨ ᠤ ᠰᠡᠬᠦᠯᠡᠷ ᠣᠣᠯ ᠤᠨ ᠳᠠᠶᠢᠵᠢ ᠶᠢᠨ ᠠᠯᠪᠠᠳᠣ ᠬᠠᠷᠢᠶᠠᠳᠣ ᠶᠢᠨ ᠣᠬᠠᠭᠳᠠᠬᠤᠨ ᠴᠣ᠋ ᠪᠠᠯᠠᠷᠬᠠᠶᠢᠰᠢᠵᠦ ᠢᠷᠡᠪᠡ᠃ ᠢᠷᠭᠡᠨ ᠣᠯᠣᠰ ᠤᠨ ᠵᠠᠰᠠᠭ ᠤᠨ ᠭᠠᠵᠠᠷ ᠠᠴᠠ ︽ᠢᠷᠡᠭᠡᠳ ᠢ ᠨᠡᠬᠦᠯᠭᠡᠵᠦ ᠬᠢᠵᠠᠭᠠᠷ ᠢ ᠠᠮᠣᠷᠵᠢᠭᠤᠯᠬᠤ︾ ᠳᠦᠷᠦ ᠶᠢᠨ ᠪᠣᠳᠣᠯᠭ᠎ᠠ ᠶᠢᠨ ᠨᠦᠯᠦᠬᠡᠯᠡᠯ ᠢᠶᠠᠷ ᠪᠣᠭᠤᠮᠳᠠ ᠶᠢᠨ ᠳᠣᠳᠣᠨᠠᠬᠢ ᠳᠠᠷᠢᠶᠠᠯᠠᠬᠤ ᠬᠢᠳᠡᠳ ᠶᠡᠭᠡ ᠬᠡᠪᠴᠢᠶ᠎ᠡ ᠪᠠᠷ ᠠᠷᠣ ᠬᠤᠷᠴᠢᠨ ᠳᠤ ᠨᠡᠬᠦᠳᠡᠯᠡᠨ ᠣᠷᠣᠵᠣ ᠢᠷᠡᠭᠡᠳ ︽ᠲᠢᠶᠠᠨ ᠱᠠᠨ ᠤ ᠪᠠᠶᠢᠭᠤᠯᠣᠨ ᠵᠠᠰᠠᠬᠤ ᠳᠣᠪᠴᠢᠶ᠎ᠠ︾ ᠪᠠᠶᠢᠭᠤᠯᠣᠭᠰᠠᠨ ᠠᠴᠠ ᠳᠡᠨᠢᠭᠡᠷ ᠬᠠᠪᠢ ᠨᠣᠳᠣᠭᠰᠢᠵᠦ ᠪᠠᠶᠢᠭᠰᠠᠨ ᠳᠠᠪᠣᠨ ᠭᠡᠷ ᠲᠠᠲ᠋ᠠᠷ ᠨᠢ ᠨᠣᠳᠤᠭ ᠪᠡᠯᠴᠡᠭᠡᠷ ᠢᠶᠠᠨ ᠪᠣᠯᠢᠶᠠᠭᠳᠠᠨ ᠬᠡᠷᠡᠬᠦᠯ ᠵᠢᠭᠤᠷᠭᠠᠨ ᠳᠠᠰᠣᠷᠠᠬᠤ ᠦᠬᠡᠢ ᠪᠣᠯᠣᠭᠰᠠᠨ ᠳᠣᠯᠨ ᠠᠷᠭ᠎ᠠ ᠪᠣᠰᠣ ᠣᠮᠠᠷᠠᠰᠢ ᠨᠡᠬᠦᠵᠦ ᠠᠷᠰᠠᠯᠠᠨ ᠠᠭᠤᠯᠨ ᠬᠦᠢᠳᠡᠨ  ᠤ ᠡᠩᠭᠡᠷ ᠪᠠᠶᠢᠭᠰᠠᠨ ᠢᠶᠠᠨ ᠬᠤᠵᠢᠮ ᠨᠢ ᠣᠳᠣ ᠶᠢᠨ ᠪᠠᠶᠠᠨ ᠦᠨᠳᠦᠷ ᠰᠣᠮᠣ ᠳᠤ ᠠᠷᠣ ᠬᠦᠪ ᠤᠨ ᠭᠠᠵᠠᠷ ᠣᠴᠢᠭᠰᠠᠨ ᠪᠠᠶᠢᠨ᠎ᠠ᠃ ᠡᠨᠡ ᠨᠢ ᠪᠠᠷᠤᠭ 1927 ᠣᠨ ᠤ ᠳᠠᠪᠣᠨ ᠰᠠᠷ᠎ᠠ ᠶᠢᠨ ᠦᠶ᠎ᠡ ᠶᠢᠨ ᠬᠡᠷᠡᠭ ᠪᠣᠯᠣᠨ᠎ᠠ᠂ 1942 ᠣᠨ ᠤ ᠵᠢᠷᠭᠤᠭᠠᠨ ᠰᠠᠷ᠎ᠠ ᠳᠤ ᠪᠠᠯᠴᠢᠷᠠᠣᠳ ᠤᠨ ᠳᠡᠨᠢᠭᠡᠷ ᠲᠤ ᠪᠠᠶᠢᠭᠰᠠᠨ ᠣᠯᠠᠮᠵᠢᠯᠠᠯᠳᠣ ᠲᠠᠲ᠋ᠠᠷ ᠤᠨ ᠣᠪᠣᠭ᠎ᠠ ᠪᠠᠨ ᠰᠢᠯᠵᠢᠬᠦᠯᠵᠦ ᠣᠳᠣ ᠶᠢᠨ ᠪᠠᠶᠠᠨ ᠦᠨᠳᠦᠷ ᠰᠣᠮᠣ ᠶᠢᠨ ᠮᠠᠩᠬᠠᠳᠣ ᠭᠡᠳᠡᠭ ᠠᠭᠤᠯᠨ ᠶᠢᠨ ᠶᠠᠰᠢᠯᠳᠣ ᠬᠤᠸᠠ ᠳᠡᠭᠡᠷ᠎ᠡ ᠪᠣᠰᠬᠠᠨ ᠳᠠᠬᠢᠵᠠᠢ᠃ ᠣᠶᠢᠷ᠎ᠠ ᠶᠢᠨ ᠵᠢᠯ ᠣᠣᠯ ᠣᠪᠣᠭ᠎ᠠ ᠪᠠᠨ ᠶᠠᠰᠢᠯᠳᠣ ᠠᠴᠠ ᠰᠢᠯᠵᠢᠬᠦᠯᠦᠨ ᠬᠡᠷᠡᠮ ᠭᠠᠴᠠᠭ᠎ᠠ ᠶᠢᠨ ᠬᠦᠨᠳᠡᠯᠡᠨ ᠬᠠᠷ᠎ᠠ ᠬᠤᠰᠢᠭᠤ ᠳᠤ ᠪᠣᠰᠬᠠᠨ ᠳᠠᠬᠢᠬᠤ ᠪᠣᠯᠣᠭᠰᠠᠨ ᠪᠠᠶᠢᠨ᠎ᠠ᠃ ᠳᠣᠬᠠᠢ ᠶᠢᠨ ᠦᠶ᠎ᠡ ᠳᠤ ᠨᠡᠶᠢᠳᠡ ᠨᠠᠶᠢᠮᠠᠨ ᠡᠷᠦᠬᠡ ᠬᠠᠮᠳᠣ ᠨᠡᠬᠦᠯ᠎ᠡ ᠭᠡᠳᠡᠭ ᠭᠡᠬᠦ ᠳᠤ ᠳᠡᠨᠢᠭᠡᠷ ᠠᠴᠠ ᠨᠡᠬᠦᠬᠦ ᠦᠶ᠎ᠡ ᠬᠦᠬᠡᠰᠡᠬᠦᠯ ᠠᠶᠢᠮᠠᠭ ᠤᠨ ᠬᠢᠨᠢ ᠶᠠᠪᠣᠭᠰᠠᠨ ᠦᠬᠡᠢ ᠭᠡᠨ᠎ᠡ ᠳᠡᠭᠡᠭᠡᠳ ᠪᠠᠶᠠᠨ ᠦᠨᠳᠦᠷ ᠤᠨ ᠲᠠᠲ᠋ᠠᠷ ᠤᠨ ᠬᠢ ᠪᠠᠰᠠ ᠳᠦᠷᠪᠡᠨ ᠭᠡᠷ ᠠᠶᠢᠮᠠᠭ ᠭᠡᠳᠡᠭ ᠶᠣᠮ᠃ ᠪᠠᠷᠤᠭ 1928 ᠣᠨ ᠤ ᠦᠶ᠎ᠡ ᠪᠠᠷ ᠪᠠᠷᠠᠭᠤᠨ ᠭᠠᠷ ᠳᠠᠶᠢᠵᠢ ᠶᠣᠨᠳᠣᠨ ᠪᠠᠶᠠᠨ ᠦᠨᠳᠦᠷ  ᠲᠤ ᠣᠴᠢᠵᠦ ᠳᠠᠪᠣᠨ ᠲᠠᠲ᠋ᠠᠷ ᠤᠨ ᠬᠠᠷᠢᠶᠠᠳᠣ ᠠᠴᠠ ᠪᠠᠨ ᠦᠬᠢᠨ ᠳᠤ ᠪᠠᠨ ᠢᠨᠵᠢ ᠳᠠᠭᠠᠯᠳᠠ ᠰᠣᠩᠭᠤᠬᠤ ᠭᠡᠰᠡᠨ ᠭᠡᠨ᠎ᠡ᠃ ᠳᠡᠭᠡᠬᠦ ᠳᠤ ᠳᠦᠷᠪᠡᠨ ᠭᠡᠷ ᠤᠨ ᠠᠬᠠᠮᠠᠳ ᠬᠡᠯᠡᠯᠴᠡᠭᠡᠳ ︽ᠶᠣᠨᠳᠣᠨ ᠳᠠᠶᠢᠵᠢ ᠦᠨᠦ ᠶᠠᠳᠠᠭᠤᠷᠠᠭᠠᠳ ᠬᠦᠷᠦᠩᠬᠡ ᠦᠬᠡᠢ ᠪᠣᠯᠵᠠᠢ᠂ ᠮᠠᠨ ᠠᠴᠠ ᠪᠠᠷᠤᠭ ᠶᠠᠭᠤᠮ᠎ᠠ ᠣᠯᠬᠤ ᠪᠠᠷ ᠢᠷᠡᠪᠡ︾ ᠭᠡᠳ ᠬᠡᠪ ᠤᠨ ᠴᠠᠢ᠂ ᠬᠦᠷᠡᠭᠴᠢ ᠦᠨᠢᠶᠡᠨ ᠤ ᠪᠡᠯᠡᠭ ᠦᠭᠬᠦᠭᠰᠡᠨ ᠳᠤ ᠶᠣᠨᠳᠣᠨ ᠳᠠᠶᠢᠵᠢ ᠪᠣᠴᠠᠪᠠ ᠭᠡᠨ᠎ᠡ᠂ ᠢᠩᠬᠢᠭᠡᠳ ᠳᠠᠪᠣᠨ ᠭᠡᠷ ᠤᠨ ᠬᠢᠨᠢ ᠬᠡᠦᠬᠡᠨ ᠢᠶᠠᠨ ᠦᠯᠡᠳᠡᠭᠡᠵᠦ ᠠᠪᠣᠪᠠ ᠭᠡᠰᠡᠨ ᠶᠠᠷᠢᠶ᠎ᠠ ᠪᠣᠢ᠃ ᠡᠨᠡᠬᠦ ᠶᠣᠨᠳᠣᠨ ᠳᠠᠶᠢᠵᠢ ᠪᠣᠯ ᠳᠠᠷᠣᠢ ᠰᠠᠮᠪᠠᠯ ᠪᠣᠶᠢᠳᠠ ᠶᠢᠨ ᠨᠠᠭᠠᠴᠣ ᠨᠢ ᠪᠣᠯᠣᠨ᠎ᠠ᠃ ᠦᠨᠦ ᠡᠳᠡᠭᠡᠷ ᠤᠨ ᠬᠤᠶᠢᠴᠢᠰ ᠨᠢ ᠴᠦᠮ ᠠᠷᠣ ᠬᠤᠷᠴᠢᠨ ᠳᠤ ᠪᠣᠢ᠃ᠪᠡᠯᠡᠳᠬᠡᠭᠰᠡᠨ ᠨᠢ᠄ ᠡᠷᠳᠡᠨᠢᠬᠦᠦᠨᠠᠶᠢᠷᠠᠭᠤᠯᠤᠭᠰᠠᠨ ᠨᠢ᠄ ᠨᠠᠮᠤᠷᠬᠢᠨᠠᠭᠰᠠᠨ ᠨᠢ᠄ ᠤᠷᠢᠬᠠᠨ  
 
ᠢᠷᠡᠯᠲᠡ᠄ ᠲᠤᠰ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号