︽ᠠᠯᠠᠱᠠ︾ ᠭᠡᠳᠡᠭ ᠨᠠᠷ᠎ᠡ ᠶᠢᠨ ᠢᠷᠡᠯᠲᠡ
ᠨᠡᠶᠢᠲᠡᠯᠡᠭᠰᠡᠨ ᠴᠠᠭ᠄
2020/11/26
     ᠪᠠᠭᠠᠲᠤᠷ ᠡᠷᠬᠡ ᠵᠢᠨᠦᠩ ᠬᠤᠷᠤᠯᠠᠢ ᠬᠤᠱᠤᠳ ᠵᠡᠷᠭᠡ ᠠᠶᠢᠮᠠᠭ ᠢᠶᠠᠨ ᠠᠪᠴᠤ ᠠᠯᠠᠱᠠ ᠨᠤᠲᠤᠭ ᠲᠤ ᠢᠷᠡᠬᠦ ᠠᠴᠠ ᠡᠮᠦᠨ᠎ᠡ᠂ ᠲᠤᠰ ᠭᠠᠵᠠᠷ ᠢ ︽ᠠᠯᠠᠱᠠ︾ ᠭᠡᠳᠡᠭ ᠪᠢᠰᠢ ᠪᠠᠶᠢᠵᠡᠢ᠃ ᠲᠤᠬᠠᠢ ᠵᠢᠨ‌ᠦᠶ᠎ᠡ ᠳᠤ ᠡᠳᠡᠭᠡᠷ ᠭᠠᠵᠠᠷ ᠪᠠᠷᠤᠭ ᠢᠷᠭᠠᠢ᠂ ᠭᠠᠨᠰᠤ ᠳᠤ ᠬᠠᠷᠢᠶᠠᠯᠠᠭᠳᠠᠵᠤ ᠨᠢᠭᠡᠳᠦᠮᠡᠯ ᠨᠡᠷ᠎ᠡ ᠴᠤ ᠦᠭᠡᠢ ᠪᠠᠶᠢᠪᠠ᠃  ᠭᠡᠪᠡᠴᠤ ᠣᠳᠣ ᠶᠢᠨ ᠠᠯᠠᠱᠠ ᠨᠤᠲᠤᠭ ᠤᠨ ᠬᠡᠪᠴᠢᠶᠡᠨ ᠳᠤ ᠦᠨᠡᠬᠡᠷ ᠨᠢᠭᠡ ᠭᠠᠵᠠᠷ ᠢ ᠲᠡᠤᠬᠡᠨ ᠠᠴᠠ ᠪᠠᠨ ︽ᠠᠯᠠᠱᠠ︾ ᠭᠡᠵᠦ ᠳᠠᠭᠤᠳᠠᠭᠰᠠᠭᠠᠷ ᠢᠷᠡᠵᠡᠢ᠃ ᠡᠨᠡ ᠭᠠᠵᠠᠷ ᠪᠣᠯ ᠣᠳᠣ ᠶᠢᠨ ᠭᠠᠨᠰᠣ ᠮᠤᠵᠢ ᠶᠢᠨ ᠶᠢᠨ ᠴᠠᠩ  ᠬᠤᠲᠠ (金昌市) ᠶᠢᠨ ᠶᠦᠩ ᠴᠠᠩ ᠰᠢᠶᠡᠨ(永昌县)᠂ ᠵᠠᠩ ᠶᠧ ᠬᠤᠲᠠ (张掖市) ᠶᠢᠨ ᠭᠠᠨᠵᠸᠤ ᠲᠤᠭᠤᠷᠢᠭ ᠪᠤᠯᠤᠨ ᠦᠪᠦᠷ ᠮᠣᠩᠭᠤᠯ ᠤᠨ ᠠᠯᠠᠱᠠ ᠪᠠᠷᠠᠭᠤᠨ ᠬᠤᠰᠢᠭᠤᠨ ᠤ ᠠᠯᠲᠠᠨᠴᠤᠭ ᠰᠤᠮᠤᠨ ᠤ ᠬᠡᠪᠴᠢᠶᠡᠨ ᠳᠤ ᠪᠠᠶᠢᠬᠤ ᠯᠦᠩ ᠱᠸᠤ ᠱᠠᠨ ᠠᠭᠤᠯᠠᠰ(龙首山脉) ᠤᠨ ᠬᠤᠶᠢᠲᠤ ᠦᠵᠦᠭᠦᠷ ᠤᠨ ᠠᠯᠲᠠᠨ ᠲᠡᠪᠰᠢ ᠶᠢᠨ ᠠᠭᠤᠯᠠ ᠶᠢᠨ ᠬᠡᠰᠡᠭ ᠢ ᠵᠢᠭᠠᠵᠤ ᠪᠤᠢ᠃ ᠡᠨᠡ ᠠᠭᠤᠯᠠᠰ ᠤᠨ ᠡᠮᠤᠨ᠎ᠡ ᠲᠠᠯ᠎ᠠ ᠶᠢ ᠮᠤᠩᠭᠤᠯ ᠢᠶᠠᠷ ᠡᠷᠪᠡᠭᠡᠢ ᠶᠢᠨ ᠠᠭᠤᠯᠠ᠂ ᠬᠤᠶᠢᠲᠤ ᠬᠡᠰᠡᠭ ᠢ ᠠᠯᠠᠭ ᠠᠭᠤᠯᠠ ᠠᠯᠲᠠᠨ ᠲᠡᠪᠰᠢ ᠭᠡᠵᠦ ᠬᠡᠯᠡᠳᠡᠭ᠃ ᠬᠢᠲᠠᠳ ᠢᠶᠠᠷ ᠳ᠋ᠦᠩ ᠳ᠋ᠠ ᠱᠠᠨ(东大山) ᠭᠡᠳᠡᠭ᠃ ︽ᠮᠣᠩᠭᠤᠯ ᠤᠨ ᠨᠢᠭᠤᠴᠠ ᠲᠤᠪᠴᠢᠶᠠᠨ︾  ᠤ 265 ᠳ᠋ᠤᠭᠠᠷ ᠵᠦᠢᠯ ᠳᠤ ᠲᠤᠰ ᠭᠠᠵᠠᠷ ᠢ ︽ᠠᠯᠠᠱᠠ(阿喇筛 )︾ ᠭᠡᠵᠦ  ᠲᠡᠮᠳᠡᠭᠯᠡᠵᠦ ᠪᠤᠢ᠃ ᠮᠢᠩ ᠤᠯᠤᠰ ᠤᠨ ᠦᠶ᠎ᠡ ᠳᠤ ᠣᠷᠳᠣᠰ ᠮᠣᠩᠭᠤᠯ ᠡᠨᠡ ᠭᠠᠵᠠᠷ ᠢᠶᠠᠷ ᠰᠠᠭᠤᠷᠢᠰᠢᠵᠦ ᠪᠠᠶᠢᠬᠤ ᠳᠤ  ᠪᠠᠨ‌‍ᠴᠤ ᠮᠦᠨ ︽ᠠᠯᠠᠱᠠ︾ ᠭᠡᠵᠦ ᠳᠠᠭᠤᠳᠠᠳᠠᠭ ᠪᠠᠶᠢᠵᠡᠢ᠃  1682ᠣᠨ ︵ᠡᠩᠬᠡ ᠠᠮᠤᠭᠤᠯᠠᠩ ᠤᠨ ᠬᠤᠷᠢᠨ ᠨᠢᠭᠡᠳᠤᠭᠡᠷ ᠣᠨ︶  ᠳᠤ ᠬᠤᠱᠤᠤᠳ ᠠᠶᠢᠮᠠᠭ᠂ ᠴᠢᠩ ᠤᠯᠤᠰ ᠠᠴᠠ ︽ᠠᠯᠠᠱᠠ ᠠᠭᠤᠯᠠ ᠶᠢᠨ ᠬᠤᠶᠢᠨ᠎ᠠ ᠨᠤᠲᠤᠭᠰᠢᠨ᠂ ᠬᠤᠯᠠᠭᠠᠢ ᠰᠠᠮᠠᠭᠤᠨ ᠢ ᠰᠡᠷᠭᠡᠶᠢᠯᠡᠵᠤ ᠰᠠᠭᠤᠶ᠎ᠠ︾ ᠭᠡᠵᠦ ᠭᠤᠶᠤᠭᠰᠠᠨ ᠨᠢ ᠮᠦᠨ ᠡᠨᠡ ᠭᠠᠵᠠᠷ ᠢ ᠬᠡᠯᠡᠵᠦ ᠪᠠᠶᠢᠪᠠ᠃  1685ᠣᠨ ︵ᠡᠩᠬᠡ ᠠᠮᠤᠭᠤᠯᠠᠩ ᠤᠨ ᠬᠤᠷᠢᠨ ᠳᠦᠷᠪᠡᠳᠦᠭᠡᠷ ᠣᠨ︶ ᠤ ᠶᠢᠰᠦᠨ ᠰᠠᠷ᠎ᠠ ᠳᠤ ᠠᠯᠠᠱᠠ ᠨᠤᠲᠤᠭ ᠲᠤ ᠠᠩᠬ᠎ᠠ ᠢᠷᠡᠭᠡᠳ ᠤᠳᠠᠭᠠᠳᠤᠢ ᠪᠠᠶᠢᠭᠰᠠᠨ ᠬᠤᠷᠤᠯᠠᠢ ᠳᠠᠶᠢᠴᠢᠩ ᠭᠦᠷᠦᠨ ᠤ ᠡᠩᠬᠡ ᠠᠮᠤᠭᠤᠯᠠᠩ ᠬᠠᠭᠠᠨ ᠳᠤ ᠨᠢᠭᠡᠨ ᠪᠢᠴᠢᠭ ᠶᠠᠪᠤᠭᠤᠯᠵᠤ ᠠᠯᠠᠱᠠ ᠨᠤᠲᠤᠭ ᠢ ᠣᠯᠵᠤ ᠰᠠᠭᠤᠬᠤ ᠪᠠᠷ ᠭᠤᠶᠤᠴᠢᠯᠠᠪᠠ᠃  1685ᠣᠨ ︵ᠡᠩᠬᠡ ᠠᠮᠤᠭᠤᠯᠠᠩ ᠤᠨ ᠬᠤᠷᠢᠨ ᠳᠦᠷᠪᠡᠳᠦᠭᠡᠷ ᠣᠨ︶ ᠤ10 ᠰᠠᠷ᠎ᠠ ᠳᠤ ᠪᠠᠭᠠᠲᠦᠷ ᠡᠷᠬᠡ ᠵᠢᠨᠦᠩ ᠬᠤᠷᠤᠯᠠᠢ ᠵᠢᠩᠬᠢᠨᠢ ᠪᠠᠷ ᠠᠯᠠᠱᠠ ᠨᠤᠲᠤᠭ ᠲᠤ ᠰᠠᠭᠤᠬᠤ ᠪᠠᠷ ᠭᠤᠶᠤᠵᠦ᠂1686 ᠣᠨ ︵ᠡᠩᠬᠡ ᠠᠮᠤᠭᠤᠯᠠᠩ ᠤᠨ ᠬᠤᠷᠢᠨ  ᠲᠠᠪᠤᠳᠤᠭᠠᠷ ᠣᠨ︶ ᠤ11 ᠰᠠᠷ᠎ᠠ ᠳᠤ ᠴᠢᠩ ᠤᠯᠤᠰ ᠵᠦᠪᠰᠢᠶᠡᠷᠡᠵᠦ᠂ ᠠᠯᠠᠱᠠ ᠨᠤᠲᠤᠭ ᠢ ᠬᠤᠱᠤᠳ ᠲᠤ ᠵᠢᠷᠤᠵᠤ ᠲᠦᠷ ᠰᠠᠭᠤᠯᠭᠠᠪᠠ᠃ ᠡᠨᠡ ᠭᠠᠵᠠᠷ ᠤᠨ ᠬᠡᠪᠴᠢᠶ᠎ᠡ ᠨᠢ ᠠᠯᠠᠭ ᠠᠭᠤᠯᠠ ᠠᠴᠠ ᠡᠮᠤᠨ᠎ᠡ᠂ ᠡᠾᠧ ᠯᠠᠨ ᠱᠠᠨ ᠠᠭᠤᠯᠠ ᠠᠴᠠ ᠬᠤᠶᠢᠰᠢ᠂ ᠡᠵᠡᠨ᠎ᠡ ᠭᠤᠤᠯ ᠠᠴᠠ ᠵᠡᠭᠦᠨᠰᠢ᠂ ᠬᠠᠯᠬ᠎ᠠ ᠶᠢᠨ ᠨᠤᠲᠤᠭ ᠠᠴᠠ ᠪᠠᠷᠠᠭᠤᠨᠰᠢ ᠦᠷᠭᠡᠨ ᠠᠭᠤᠳᠠᠮ ᠠᠯᠠᠱᠠ ᠨᠤᠲᠤᠭ ᠪᠤᠯᠤᠨ᠎ᠠ᠃  ᠡᠶᠢᠮᠦ ᠠᠴᠠ ︽ᠠᠯᠠᠱᠠ︾ ᠭᠡᠳᠡᠭ ᠨᠡᠷ᠎ᠡ  ᠪᠣᠯ ᠠᠯᠠᠱᠠ ᠬᠤᠱᠤᠳ ᠢᠷᠡᠵᠦ ᠰᠠᠭᠤᠷᠢᠰᠢᠭᠰᠠᠨ ᠠᠴᠠ ᠬᠤᠶᠢᠰᠢ ᠰᠠᠶ᠋ᠢ ᠵᠢᠩᠬᠢᠨᠢ ᠭᠠᠷᠤᠭᠰᠠᠨ ᠨᠡᠷ᠎ᠡ ᠮᠦᠨ᠃ᠪᠡᠯᠡᠳᠬᠡᠭᠰᠡᠨ ᠨᠢ᠄ ᠡᠷᠳᠡᠨᠢᠬᠦᠦᠨᠠᠶᠢᠷᠠᠭᠤᠯᠤᠭᠰᠠᠨ ᠨᠢ᠄ ᠨᠠᠮᠤᠷᠬᠢᠨᠠᠭᠰᠠᠨ ᠨᠢ᠄ ᠤᠷᠢᠬᠠᠨ
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号