ᠠᠯᠠᠱᠨ ᠶᠢᠨ ᠬᠠᠮᠤᠭ ᠠᠩᠬᠠᠨ ᠤ ᠰᠤᠷᠭᠠᠭᠤᠯᠢ ᠪᠠᠶᠢᠭᠤᠯᠵᠤ ᠬᠢᠲᠠᠳ ᠮᠣᠩᠭᠤᠯ ᠪᠢᠴᠢᠭ ᠰᠤᠷᠬᠤ ᠶᠢ ᠬᠡᠷᠡᠭᠵᠢᠭᠦᠯᠦᠭᠰᠡᠨ ᠲᠡᠤᠬᠡ
ᠨᠡᠶᠢᠲᠡᠯᠡᠭᠰᠡᠨ ᠴᠠᠭ᠄
2020/11/26
 1919ᠣᠨ ︵ᠢᠷᠭᠡᠨ ᠤᠯᠤᠰ ᠤᠨ ᠨᠠᠢᠮᠠᠳᠤᠭᠠᠷ ᠣᠨ︶ ᠳᠤ ᠯᠾᠠᠸᠠᠩᠪᠦ᠋ᠷᠦᠭᠵᠢᠯ ᠤᠨ ᠰᠠᠨᠠᠭᠤᠯᠭ᠎ᠠ ᠪᠠᠷ ᠶᠠᠮᠤᠨ ᠬᠤᠲᠠ ᠳᠤ ᠮᠣᠩᠭᠤᠯ ᠬᠢᠲᠠᠳ ᠦᠰᠦᠭ ᠢ ᠬᠦᠭᠵᠢᠭᠦᠯᠬᠦ ᠲᠤᠬᠠᠢ ᠲᠠᠮᠠᠭ᠎ᠠ ᠶᠢᠨ ᠭᠠᠵᠠᠷ ᠠᠴᠠ ᠵᠠᠬᠢᠶ᠎ᠠ ᠪᠠᠭᠤᠵᠤ᠂300 ᠯᠠᠩ ᠤᠨ ᠮᠦᠩᠭᠦ ᠶᠢ ᠬᠤᠰᠢᠭᠤᠨ  ᠤ ᠰᠠᠩ ᠠᠴᠠ ᠭᠠᠷᠭᠠᠭᠤᠯᠵᠤ᠂ ᠰᠤᠷᠭᠠᠭᠤᠯᠢ ᠶᠢ ᠬᠠᠭᠤᠴᠢᠨ ᠲᠠᠮᠠᠭ᠎ᠠ ᠶᠢᠨ ᠬᠦᠷᠢᠶᠡᠨ ᠳᠤ ᠭᠡᠷ ᠵᠠᠰᠠᠵᠤ ᠡᠭᠦᠰᠬᠡᠨ ᠪᠠᠶᠢᠭᠤᠯᠵᠤ᠂ ᠮᠤᠩᠭᠤᠯ ᠮᠠᠨᠵᠤ ᠬᠡᠤᠬᠡᠳ ᠢ ᠵᠠᠷᠯᠠᠵᠤ ᠢᠷᠡᠭᠦᠯᠦᠭᠡᠳ᠂ ᠬᠤᠶᠠᠷ ᠵᠦᠢᠯ ᠤᠨ ᠪᠢᠴᠢᠭ ᠲᠤ ᠨᠡᠪᠲᠡᠷᠡᠭᠰᠡᠨ ᠡᠷᠳᠡᠮᠲᠡᠨ ᠠᠷᠠᠭᠰᠠᠨ ᠵᠠᠬᠢᠷᠤᠭᠴᠢ ᠵᠠᠩᠭᠢ᠂ ᠲᠠᠶᠢᠵᠢ ᠴᠢᠮᠡᠳᠴᠡᠷᠢᠨ᠂  ᠭᠦᠩ  ᠯᠾᠸᠠᠩᠷᠠᠪᠳᠠᠨ ᠢᠶᠠᠷ ᠳᠠᠷᠤᠭ᠎ᠠ ᠪᠠᠭᠰᠢ ᠲᠠᠯᠪᠢᠵᠤ᠂ ᠲᠦᠮᠡᠨᠵᠢᠷᠭᠠᠯ᠂ ᠢᠤᠢ ᠨᠠᠰᠤᠨᠳᠠᠯᠠᠢ ᠨᠠᠷ ᠢ ᠪᠠᠭᠰᠢ ᠪᠣᠯᠭᠠᠵᠤ ᠴᠠᠯᠢᠩ ᠣᠯᠭᠤᠨ᠂ ᠰᠤᠷᠤᠭᠴᠢ ᠶᠢᠨ ᠠᠷᠰᠠᠷ ᠵᠠᠷᠤᠳᠠᠯ ᠢ ᠬᠤᠪᠢ ᠠᠴᠠ ᠭᠠᠷᠭᠠᠭᠤᠯᠵᠤ᠂ ᠰᠤᠷᠤᠭᠴᠢ ᠶᠢᠨ ᠠᠮᠢᠳᠤᠷᠠᠯ ᠤᠨ ᠲᠤᠰᠠᠯᠠᠮᠵᠢ᠂ ᠰᠤᠷᠤᠯᠴᠠᠬᠤ ᠰᠤᠳᠤᠷ ᠨᠣᠮ  ᠪᠢᠴᠢᠭ ᠤᠨ ᠬᠡᠷᠡᠭᠰᠡᠯ ᠢ ᠠᠯᠪᠠᠨ ᠠᠴᠠ ᠭᠠᠷᠭᠠᠵᠤ ᠬᠡᠷᠡᠭᠯᠡᠭᠦᠯᠬᠦ ᠭᠡᠵᠦ ᠲᠤᠭᠲᠠᠭᠠᠭᠰᠠᠨ ᠶᠤᠰᠤᠭᠠᠷ ᠪᠠᠶᠢᠷᠢᠯᠠᠭᠤᠯᠵᠤ᠂ ᠡᠯᠰᠡᠭᠰᠡᠨ ᠲᠠᠮᠠᠭ᠎ᠠ ᠶᠢᠨ ᠶᠠᠮᠤᠨ ᠤ ᠳᠠᠰᠬᠠᠯ ᠪᠢᠴᠢᠭᠡᠴᠢ ᠨᠠᠷ ᠲᠤ ᠮᠣᠩᠭᠤᠯ ᠬᠢᠲᠠᠳ ᠬᠤᠶᠠᠷ ᠲᠦᠷᠦᠯ ᠤᠨ ᠬᠡᠯᠡ ᠪᠢᠴᠢᠭ ᠢ ᠲᠤᠰᠬᠠᠢ ᠰᠤᠷᠤᠯᠴᠠᠭᠤᠯᠪᠠ᠃ ᠰᠤᠷᠤᠭᠴᠢᠳ ᠤᠨ ᠨᠡᠷ᠎ᠡ᠄    ᠢᠤᠢ ᠬᠤᠤᠱᠠᠩ᠂ ᠯᠢ ᠰᠡᠴᠡᠨᠪᠢᠯᠢᠭ᠂ ᠬᠤ᠋ ᠪᠦᠬᠡ᠂ ᠰᠢᠤᠢ ᠬᠤᠢ᠂ ᠯᠦᠸᠧ ᠮᠦᠩᠬᠡᠪᠢᠯᠢᠭ᠂ ᠵᠠᠩ ᠮᠦᠩᠬᠡᠪᠤᠶᠠᠨ᠂ ᠯᠦᠸᠧ ᠡᠷᠬᠢᠮᠪᠠᠲᠤ᠂ ᠵᠠᠩ ᠮᠦᠩᠬᠡᠵᠠᠪ᠂ ᠯᠦᠸᠧ ᠪᠠᠲᠤᠮᠦ᠋ᠩᠬᠡ᠂ ᠯᠦᠸᠧ ᠡᠩᠬᠡᠪᠠᠲᠤ᠂ ᠲᠠᠶᠢᠵᠢ ᠣᠶᠣᠨ᠂ ᠪᠤᠶᠠᠨᠪᠠᠲᠤ ︵ᠵᠠᠩ ᠶᠤᠶᠠᠨ ᠰᠢᠨ︶᠂ ᠰᠢᠶᠧ ᠰᠢᠩ ᠳ᠋ᠧ᠂ ᠮᠠᠰᠢᠪᠠᠲᠤ᠂ ᠵᠤᠤ ᠣᠶᠤᠨ᠂ ᠵᠠᠩ ᠿᠦᠩ᠂ ᠴᠣᠯᠮᠤᠨ᠂ ᠲᠠᠶᠢᠵᠢ ᠵᠠᠮᠰᠣ᠂ ᠲᠠᠮᠷᠢᠨᠸᠠᠩᠴᠤᠭ᠂ ᠴᠸᠧᠩᠵᠠᠪ ᠨᠠᠷ ᠪᠤᠯᠤᠨ᠎ᠠ᠃  ᠯᠾᠠᠸᠠᠩᠪᠦ᠋ᠷᠦᠭᠵᠢᠯ‌ᠨᠤᠶᠠᠨ ᠦᠨᠳᠦᠰᠦᠲᠡᠨ ᠤ ᠦᠭᠡ ᠬᠡᠯᠡ ᠦᠰᠦᠭ ᠪᠢᠴᠢᠭ ᠢ ᠰᠤᠷᠭᠠᠵᠤ᠂ ᠮᠡᠷᠭᠡᠵᠢᠯᠲᠡᠨ ᠪᠠ ᠴᠢᠳᠠᠪᠤᠷᠢᠲᠠᠨ ᠢ ᠪᠣᠯᠪᠠᠰᠤᠷᠠᠭᠤᠯᠬᠤ ᠪᠠᠷ ᠳᠠᠮᠵᠢᠨ ᠤᠯᠤᠰ ᠲᠦᠷᠦ᠂ ᠠᠵᠤ ᠠᠬᠤᠢ᠂ ᠰᠤᠶᠤᠯ ᠴᠢᠨᠠᠭᠰᠢᠲᠠ ᠠᠷᠠᠳ ᠲᠦᠮᠡᠨ ᠤ ᠦᠵᠡᠯ ᠤᠬᠠᠮᠰᠠᠷ ᠢ ᠳᠡᠭᠡᠭᠰᠢᠯᠡᠭᠦᠯᠵᠦ᠂ ᠨᠡᠶᠢᠬᠡᠮ ᠤᠨ ᠠᠵᠤ ᠠᠬᠤᠢ᠂ ᠰᠤᠶᠤᠯ ᠭᠡᠭᠡᠷᠡᠯ᠂ ᠡᠷᠡᠭᠦᠯ ᠮᠡᠨᠲᠤ ᠶᠢᠨ ᠦᠢᠯᠡᠰ ᠢ ᠲᠦᠯᠬᠢᠨ ᠠᠬᠢᠭᠤᠯᠵᠤ ᠪᠤᠰᠤ ᠭᠠᠵᠠᠷ ᠤᠷᠤᠨ ᠲᠠᠢ ᠵᠡᠷᠭᠡᠴᠡᠨ ᠤᠷᠤᠭᠰᠢᠯᠠᠬᠤ ᠲᠦᠯᠦᠪᠯᠡᠭᠡ  ᠲᠠᠢ ᠪᠠᠶᠢᠵᠡᠢ᠃  1931ᠣᠨ ︵ᠢᠷᠭᠡᠨ ᠤᠯᠤᠰ ᠤᠨ ᠬᠤᠷᠢᠳᠤᠭᠠᠷ ᠣᠨ︶ ᠳᠤ ᠳ᠋ᠧᠰᠢᠷᠢᠳ ᠬᠤᠳᠤᠭᠲᠤ ᠵᠠᠬᠢᠶ᠎ᠠ ᠪᠠᠭᠤᠯᠭᠠᠵᠤ᠂ ᠮᠤᠩᠭᠤᠯ ᠬᠢᠲᠠᠳ ᠪᠢᠴᠢᠭ ᠢ ᠰᠤᠷᠭᠠᠬᠤ ᠲᠤᠬᠠᠢ ᠵᠠᠬᠢᠷᠤᠭᠴᠢ ᠶᠢᠨ ᠵᠡᠷᠭᠡ ᠲᠠᠢ ᠣᠷᠴᠢᠭᠤᠯᠭ᠎ᠠ ᠶᠢᠨ ᠪᠠᠭᠰᠢ ᠢᠤᠢ ᠨᠠᠰᠤᠨᠳᠠᠯᠠᠢ ᠶᠢ ᠲᠤᠮᠢᠯᠠᠵᠤ᠂ ᠲᠡᠭᠦᠨ ᠳᠤ ᠡᠷᠬᠡ ᠵᠢᠨᠦᠩ ᠲᠤᠰᠠᠯᠠᠭᠴᠢ  ᠳᠠᠮᠷᠢᠨᠸᠠᠩᠱᠤᠭ᠂ ᠲᠤᠰᠢᠶᠠᠯ ᠤᠨ ᠲᠠᠶᠢᠵᠢ ᠯᠦᠸᠧ ᠮᠦᠩᠬᠡᠪᠢᠯᠢᠭ᠂ ᠪᠢᠴᠢᠭᠡᠴᠢ ᠬᠤ᠋ ᠪᠦᠬᠡ᠂ ᠵᠠᠩ ᠮᠦᠩᠬᠡᠵᠠᠪ᠂ ᠯᠢ ᠰᠡᠴᠡᠨᠪᠢᠯᠢᠭ ᠢ ᠵᠤᠬᠢᠶᠠᠨ ᠪᠠᠶᠢᠭᠤᠯᠵᠤ᠂ ᠰᠤᠷᠬᠤ ᠪᠣᠯᠤᠯᠴᠠᠭ᠎ᠠ ᠪᠦᠬᠦᠢ ᠪᠠᠭᠠᠴᠣᠳ ᠢ ᠵᠠᠷᠯᠠᠨ ᠠᠪᠴᠤ᠂ ᠲᠠᠮᠠᠭ᠎ᠠ ᠶᠢᠨ ᠶᠠᠮᠤᠨ ᠳᠤ ᠰᠤᠷᠭᠠᠭᠤᠯᠢ ᠪᠠᠶᠢᠭᠤᠯᠵᠤ ᠰᠤᠷᠤᠯᠴᠠᠭᠤᠯᠤᠭᠰᠠᠨ ᠪᠢᠯᠡ᠃ᠪᠡᠯᠡᠳᠬᠡᠭᠰᠡᠨ ᠨᠢ᠄ ᠡᠷᠳᠡᠨᠢᠬᠦᠦᠨᠠᠶᠢᠷᠠᠭᠤᠯᠤᠭᠰᠠᠨ ᠨᠢ᠄ ᠨᠠᠮᠤᠷᠬᠢᠨᠠᠭᠰᠠᠨ ᠨᠢ᠄ ᠤᠷᠢᠬᠠᠨ  
 
ᠢᠷᠡᠯᠲᠡ᠄ ︽ᠠᠯᠠᠱᠠ ᠬᠤᠱᠤᠳ ᠮᠣᠩᠭᠤᠯ ᠤᠨ ᠲᠤᠪᠴᠢ ᠲᠡᠤᠬᠡ︾ ᠭᠤᠷᠪᠠᠳᠤᠭᠠᠷ ᠪᠦᠯᠦᠭ ︵ᠰᠤᠶᠤᠯ ᠭᠡᠭᠡᠷᠡᠯ᠂ ᠰᠤᠷᠭᠠᠨ ᠬᠦᠮᠦᠵᠢᠯ᠂ ᠦᠷᠡᠰ ᠨᠠᠶᠢ᠊
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号