ᠰᠢᠨᠵᠢᠶᠠᠩ ᠳᠤ ᠣᠷᠤᠰᠢᠨ ᠰᠠᠭᠤᠵᠤ ᠪᠠᠶᠢᠬᠤ ᠣᠶᠢᠷᠠᠳ ᠮᠣᠩᠭᠤᠯᠴᠤᠳ ᠤᠨ ᠲᠠᠷᠬᠠᠴᠠ ᠶᠢᠨ ᠪᠠᠶᠢᠳᠠᠯ
ᠨᠡᠶᠢᠲᠡᠯᠡᠭᠰᠡᠨ ᠴᠠᠭ᠄
2020/12/21
 ᠣᠳᠤ  ᠰᠢᠨᠵᠢᠶᠠᠩ ᠤᠨ ᠣᠶᠢᠭᠤᠷ ᠦᠪᠡᠷᠲᠡᠭᠡᠨ ᠵᠠᠰᠠᠬᠤ ᠣᠷᠤᠨ ᠳᠤ ᠣᠷᠤᠰᠢᠨ ᠰᠠᠭᠤᠵᠤ ᠪᠠᠶᠢᠭ᠎ᠠ ᠮᠣᠩᠭᠤᠯ ᠬᠦᠮᠦᠰ ᠪᠣᠯᠪᠠᠯ ᠡᠷᠲᠡ ᠳᠡᠭᠡᠷ᠎ᠡ ᠴᠠᠭ ᠤᠨ ᠦᠬᠦᠭᠰᠡᠨ ᠠᠴᠠ ᠦᠯᠡᠳᠡᠭᠰᠡᠨ᠂ ᠦᠷᠭᠦᠭᠰᠡᠨ ᠠᠴᠠ ᠬᠤᠴᠤᠷᠠᠭᠰᠠᠨ ᠲᠣᠭᠠᠲᠤ ᠶᠢᠨ ᠬᠤᠶᠢᠴᠢᠰ ᠪᠣᠯᠬᠤ ᠶᠢᠨ ᠬᠠᠮᠲᠤ ᠰᠡᠭᠦᠯ ᠢᠶᠠᠷ ᠰᠢᠯᠵᠢᠵᠦ ᠢᠷᠡᠭᠡᠳ ᠰᠠᠭᠤᠷᠢᠰᠢᠭᠰᠠᠨ ᠴᠠᠬᠠᠷ᠂ ᠵᠠᠬᠠᠴᠢᠨ ᠨᠠᠷ ᠤᠨ ᠲᠣᠬᠤᠮ ᠠᠴᠠ ᠪᠦᠷᠢᠳᠤᠭ᠍ᠰᠡᠨ ᠤᠯᠤᠰ ᠪᠣᠯᠬᠤ ᠶᠤᠮ᠃ ᠣᠳᠣ ᠪᠠᠶᠢᠬᠤ ᠠᠴᠠ ᠳᠡᠭᠡᠷ᠎ᠡ ᠬᠡᠯᠡᠭᠰᠡᠨ ᠴᠠᠬᠠᠷ ᠵᠠᠬᠠᠴᠢᠨ ᠠᠴᠠ ᠭᠠᠵᠠᠭ᠎ᠠ ᠤᠭ ᠤᠨ ᠰᠦᠯᠪᠡᠭᠡ ᠪᠠᠨ ᠵᠠᠯᠭᠠᠭᠰᠠᠨ ᠲᠣᠷᠭᠤᠳ᠂ ᠬᠤᠱᠤᠳ᠂ ᠦᠭᠡᠯᠡᠳ᠂ ᠤᠷᠢᠶᠠᠩᠬᠠᠢ᠂ ᠮᠤᠨᠴᠠᠭ ᠵᠡᠷᠭᠡ ᠶᠠᠰᠦᠲᠠᠨ ᠪᠠᠶᠢᠬᠤ ᠪᠦᠭᠡᠳ ᠲᠡᠲᠡᠨ ᠨᠢ ᠪᠠᠶᠠᠨᠭᠤᠣᠯ᠂ ᠪᠣᠷᠤᠲᠠᠯ᠎ᠠ᠂ ᠬᠤᠪᠤᠭᠰᠠᠶᠢᠷᠢ ᠂ ᠲᠦᠷᠪᠡᠯᠵᠢᠨ᠂ ᠬᠠᠷᠬᠤᠰᠤᠨ᠂ ᠢᠯᠢ ᠶᠢᠨ ᠳᠡᠭᠡᠰ᠂ ᠮᠣᠩᠭᠤᠯᠬᠦ᠋ᠷᠢᠶ᠎ᠡ᠂ ᠨᠢᠯᠬ᠎ᠠ ᠭᠤᠷᠪᠠᠨ ᠰᠢᠶᠡᠨ᠂ ᠠᠯᠲᠠᠢ ᠠᠶᠢᠮᠠᠭ ᠤᠨ ᠠᠯᠲᠠᠢ ᠬᠤᠲᠠ ᠶᠢᠨ ᠬᠠᠨᠳᠠᠭᠠᠶᠢᠲᠤ᠂ ᠪᠣᠷᠵᠢᠨ ᠰᠢᠶᠡᠨ ᠤ ᠬᠤᠮ ᠬᠠᠨᠠᠰ᠂ ᠴᠠᠭᠠᠨ ᠬᠠᠪᠠ᠂ ᠵᠢᠮᠨᠠᠢ ᠰᠢᠶᠡᠨ᠂ ᠴᠢᠩᠬᠢᠯ ᠰᠢᠶᠡᠨ᠂ ᠴᠣᠨᠵᠢ ᠵᠸᠤ ᠶᠢᠨ ᠵᠢᠮᠰᠠᠶᠢᠷᠢ ᠰᠢᠶᠡᠨ᠂ ᠬᠠᠮᠢᠯ ᠤᠨ ᠪᠠᠷᠺᠦ᠋ᠯ ᠵᠡᠷᠭᠡ ᠭᠠᠵᠠᠷ ᠲᠤ ᠪᠠᠭ ᠪᠠᠭ ᠢᠶᠠᠷ ᠲᠠᠷᠬᠠᠨ᠂ ᠲᠤᠰ ᠲᠤᠰ ᠭᠠᠵᠠᠷ ᠤᠨ ᠢᠶᠠᠨ ᠵᠠᠰᠠᠭ ᠵᠠᠬᠢᠷᠭᠠᠨ ᠤ ᠬᠦᠷᠢᠶᠡᠨ ᠳᠤ ᠠᠮᠢᠳᠤᠷᠠᠵᠤ ᠪᠠᠶᠢᠳᠠᠭ᠃  ᠲᠣᠷᠭᠤᠳ ᠶᠠᠰᠤᠲᠠᠨ ᠤ ᠪᠠᠶᠢᠳᠠᠯ ᠢᠶᠠᠷ ᠬᠡᠯᠡᠬᠦ ᠳᠤ᠂ ᠦᠨᠡᠨ ᠰᠦᠵᠦᠭᠲᠦ ᠬᠠᠭᠤᠴᠢᠨ ᠲᠤᠷᠭᠤᠳ ᠢ ᠳᠦᠷᠪᠡᠨ ᠵᠠᠮ ᠬᠤᠪᠢᠶᠠᠳᠠᠭ ᠪᠦᠭᠡᠳ ᠡᠮᠦᠨ᠎ᠡ ᠵᠠᠮ ᠤᠨ ᠴᠢᠭᠤᠯᠭᠠᠨ ᠪᠣᠯᠬᠤ ᠲᠣᠷᠭᠤᠳᠴᠤᠳ ᠢ ︽ᠬᠠᠷᠠᠱᠠᠷ᠎ᠠ ᠶᠢᠨ ᠲᠣᠷᠭᠤᠳ ︾ ᠭᠡᠵᠦ ᠬᠡᠯᠡᠳᠡᠭ᠃ ᠡᠳᠡᠨ ᠣᠳᠤ ᠪᠠᠶᠠᠨᠭᠤᠣᠯ ᠤᠨ ᠮᠣᠩᠭᠤᠯ ᠦᠪᠡᠷᠲᠡᠭᠡᠨ ᠵᠠᠰᠠᠬᠤ ᠵᠸᠤ ᠶᠢᠨ ᠡᠾᠧᠵᠢᠩ ᠰᠢᠶᠡᠨ᠂ ᠶᠠᠨᠴᠢ ᠬᠤᠶᠢᠬᠤᠢ ︵ᠬᠤᠲᠤᠩ︶ ᠶᠢᠨ ᠦᠪᠡᠷᠲᠡᠭᠡᠨ ᠵᠠᠰᠠᠬᠤ ᠰᠢᠶᠡᠨ ᠵᠡᠷᠭᠡ ᠭᠠᠵᠠᠷ ᠲᠤ ᠪᠠᠶᠢᠳᠠᠭ ᠪᠠ ᠨᠡᠶᠢᠲᠡ ᠲᠠᠪᠢᠨ ᠳᠦᠷᠪᠡᠨ ᠰᠤᠮᠤᠨ ᠲᠣᠷᠭᠤᠳ ᠪᠣᠯᠤᠨ᠎ᠠ᠃ ᠡᠨᠡ ᠨᠢ ᠳᠤᠲᠤᠷ᠎ᠠ ᠪᠠᠨ ᠬᠠᠨ ᠬᠤᠰᠢᠭᠤ ᠪᠣᠯᠤᠨ ᠳᠡᠭᠦᠦᠨᠡᠷ ᠭᠡᠵᠦ ᠬᠤᠪᠢᠶᠠᠭᠳᠠᠳᠠᠭ ᠪᠠ ᠬᠠᠨ ᠬᠤᠰᠢᠭᠤ ᠨᠢ ᠳᠤᠲᠤᠷ᠎ᠠ ᠪᠠᠨ ᠭᠡᠷᠡᠶᠢᠳ ᠬᠤᠰᠢᠭᠤᠨ᠂ ᠴᠠᠭᠠᠲᠠᠨ ᠬᠤᠰᠢᠭᠤᠨ᠂ ᠪᠠᠷᠠᠭᠤᠨ ᠬᠤᠰᠢᠭᠤᠨ᠂ ᠵᠠᠪᠰᠠᠷ ᠬᠤᠰᠢᠭᠤᠨ᠂ ᠱᠠᠪᠢᠨᠠᠷ ᠬᠤᠰᠢᠭᠤᠨ ᠭᠡᠵᠦ ᠲᠠᠪᠤᠨ ᠪᠠᠭ᠎ᠠ ᠬᠤᠰᠢᠭᠤ ᠬᠤᠪᠢᠶᠠᠭᠳᠠᠳᠠᠭ  ᠃ ᠳᠡᠭᠦᠦᠨᠡᠷ ᠨᠢ ᠳᠤᠲᠤᠷ᠎ᠠ ᠪᠠᠨ ᠳᠤᠮᠳᠠ ᠬᠤᠰᠢᠭᠤ ᠪᠤᠶᠤ ᠪᠠᠶᠢᠰᠠ ᠶᠢᠨ ᠬᠤᠰᠢᠭᠤ᠂ ᠪᠠᠷᠠᠭᠤᠨ ᠬᠤᠰᠢᠭᠤ ᠪᠤᠶᠤ ᠭᠦᠩ ᠤᠨ ᠬᠤᠰᠢᠭᠤ᠂ ᠵᠡᠭᠦᠨ ᠬᠤᠰᠢᠭᠤ ᠪᠤᠶᠤ ᠵᠠᠰᠠᠭ ᠤᠨ ᠬᠤᠰᠢᠭᠤ ᠭᠡᠵᠦ ᠭᠤᠷᠪᠠ ᠬᠤᠪᠢᠶᠠᠭᠳᠠᠳᠠᠭ ᠪᠠᠶᠢᠪᠠ᠃ ᠰᠤᠮᠤᠨ ᠢᠶᠠᠷ ᠢᠯᠭᠠᠪᠠᠯ᠂ ᠭᠡᠷᠡᠶᠢᠳ ᠬᠤᠰᠢᠭᠤᠨ ᠪᠤᠶᠤ ᠠᠬ᠎ᠠ ᠬᠤᠰᠢᠭᠤᠨ ᠳᠤ ᠶᠡᠭᠡ ᠰᠤᠮᠤᠨ᠂ ᠮᠤᠬᠤᠷ ᠤᠨ ᠰᠤᠮᠤᠨ᠂ ᠵᠢᠷᠭᠠᠯ ᠤᠨ ᠰᠤᠮᠤ᠂ ᠪᠠᠶᠠᠵᠢᠬ᠎ᠠ ᠶᠢᠨ ᠰᠤᠮᠤ᠂ ᠭᠤᠨᠴᠤᠭ ᠤᠨ ᠰᠤᠮᠤ᠂ ᠳ᠋ᠧᠨᠢᠩ ᠤᠨ ᠰᠤᠮᠤᠨ᠂ ᠬᠡᠰᠢᠭᠲᠦ ᠶᠢᠨ ᠰᠤᠮᠤᠨ᠂ ᠶᠡᠭᠡ  ᠴᠠᠭᠠᠲᠠᠨ ᠰᠤᠮᠤᠨ᠂ ᠪᠠᠭ᠎ᠠ ᠭᠡᠷᠡᠶᠢᠳ ᠰᠤᠮᠤᠨ᠂  ᠮᠠᠨᠵᠢ ︵ᠳ᠋ᠠᠨᠵᠢᠨ︶ ᠶᠢᠨ ᠰᠤᠮᠤᠨ ᠵᠡᠷᠭᠡ ᠠᠷᠪᠠᠨ ᠰᠤᠮᠤᠨ ᠪᠠᠶᠢᠳᠠᠭ᠃ ᠡᠨᠡ ᠪᠦᠯᠦᠭ  ᠨᠤᠲᠤᠭ ᠡᠾᠧᠵᠢᠩ ᠰᠢᠶᠡᠨ ᠤ ᠠᠯᠭᠤᠤ᠂ ᠶᠠᠨᠴᠢ ᠰᠢᠶᠠᠨ ᠤ ᠪᠤᠷᠤᠬᠠᠢ᠂ ᠪᠠᠶᠠᠨᠪᠤᠯᠠᠭ ᠰᠤᠮᠤᠨ ᠳᠤ ᠲᠠᠷᠬᠠᠨ ᠰᠠᠭᠤᠵᠤ ᠪᠤᠢ᠃ ᠴᠠᠭᠠᠲᠠᠨ ᠬᠤᠰᠢᠭᠤᠨ ᠳᠤ ᠬᠦᠬᠡ ᠶᠢᠨ ᠰᠤᠮᠤᠨ᠂ ᠴᠠᠭᠠᠨ ᠮᠠᠨᠵᠢ ᠶᠢᠨ ᠰᠤᠮᠤᠨ᠂ ᠰᠢᠷᠠᠪ ᠤᠨ ᠰᠤᠮᠤᠨ᠂ ᠦᠯᠡᠮᠵᠢ ᠶᠢᠨ ᠰᠤᠮᠤᠨ᠂ ᠬᠤᠩᠭᠤᠷ ᠤᠨ ᠰᠤᠮᠤᠨ᠂ ᠳᠠᠸᠠ ᠶᠢᠨ ᠰᠤᠮᠤᠨ᠂ ᠡᠷᠳᠡᠨᠢ ᠶᠢᠨ ᠰᠤᠮᠤᠨ᠂ ᠲᠦᠴᠢᠳ ᠤᠨ ᠰᠤᠮᠤᠨ᠂ ᠬᠠᠷᠠᠨᠤᠳ ᠰᠤᠮᠤᠨ᠂ ᠭᠠᠯᠵᠠᠳ ᠤᠨ ᠰᠤᠮᠤᠨ ᠵᠡᠷᠭᠡ ᠠᠷᠪᠠᠨ ᠰᠤᠮᠤᠨ ᠨᠤᠲᠤᠭ ᠪᠠᠶᠢᠳᠠᠭ᠃ ᠡᠨᠡ ᠪᠦᠯᠦᠭ ᠬᠦᠮᠦᠰ  ᠨᠢ ᠭᠤᠣᠯᠳᠠᠭᠤ ᠪᠠᠶᠠᠨᠪᠤᠯᠠᠭ ᠪᠠᠯᠭᠠᠰᠤᠨ ᠤ ᠶᠡᠭᠡ ᠵᠣᠯᠲᠤᠰ ᠭᠡᠬᠦ ᠨᠤᠲᠤᠭ ᠲᠤ ᠰᠠᠭᠤᠷᠢᠰᠢᠳᠠᠭ᠃ ᠪᠠᠷᠠᠭᠤᠨ ᠬᠤᠰᠢᠭᠤᠨ ᠳᠤ ᠪᠦᠳᠡᠢ ᠶᠢᠨ ᠰᠤᠮᠤᠨ᠂ ᠪᠠᠶᠠᠨ ᠤ ᠰᠤᠮᠤᠨ᠂ ᠪᠤᠶᠠᠨᠬᠡᠰᠢᠭ ᠤᠨ ᠰᠤᠮᠤᠨ᠂ ᠦᠷᠭᠡᠵᠢᠬᠦ ᠶᠢᠨ ᠰᠤᠮᠤᠨ᠂ ᠴᠡᠷᠡᠨ ᠤ ᠰᠤᠮᠤᠨ᠂ ᠬᠤᠶᠠᠷ ᠰᠤᠮᠤᠨ᠂ ᠪᠠᠭᠰᠢ ᠶᠢᠨ ᠰᠤᠮᠤᠨ᠂ ᠳ᠋ᠤᠭᠤᠷ ᠤᠨ ᠰᠤᠮᠤᠨ᠂ ᠰᠠᠨᠵᠠᠪ ᠤᠨ ᠰᠤᠮᠤᠨ᠂  ᠰᠡᠩᠭᠡ ᠶᠢᠨ ᠰᠤᠮᠤᠨ ᠵᠡᠷᠭᠡ ᠠᠷᠪᠠᠨ ᠰᠤᠮᠤᠨ ᠪᠠᠶᠢᠳᠠᠭ᠃ ᠡᠨᠡ ᠨᠤᠲᠤᠭ ᠣᠳᠤ ᠶᠢᠨ ᠶᠠᠨᠴᠢ ᠰᠢᠶᠠᠨ ᠤ ᠰᠢᠭᠰᠢᠨ᠂ ᠡᠾᠧᠵᠢᠩ ᠰᠢᠶᠠᠨ ᠤ ᠪᠠᠷᠠᠭᠤᠨ ᠬᠠᠷᠠᠮᠤᠳᠤᠨ᠂ ᠪᠠᠶᠠᠨᠪᠤᠯᠠᠭ ᠤᠨ ᠶᠡᠭᠡ ᠵᠣᠯᠲᠤᠰ ᠵᠡᠷᠭᠡ ᠭᠠᠵᠠᠷ ᠲᠤ ᠰᠠᠭᠤᠷᠢᠯᠠᠨ ᠰᠠᠭᠤᠵᠤ ᠪᠤᠢ᠃ ᠵᠠᠪᠰᠠᠷ ᠬᠤᠰᠢᠭᠤᠨ ᠳᠤ ᠪᠣᠯᠪᠠᠯ ᠮᠣᠩᠭᠤᠯ ᠤᠨ ᠰᠤᠮᠤᠨ᠂ ᠪᠣᠷᠤ ᠶᠢᠨ ᠰᠤᠮᠤᠨ ᠵᠡᠷᠭᠡ ᠠᠷᠪᠠᠨ ᠰᠤᠮᠤᠨ ᠪᠠᠶᠢᠳᠠᠭ᠃ ᠱᠠᠪᠢᠨᠠᠷ ᠬᠤᠰᠢᠭᠤᠨ ᠳᠤᠲᠤᠷ᠎ᠠ ᠨᠢ ᠪᠠᠭᠰᠢ ᠶᠢᠨ ᠱᠠᠪᠢᠨᠠᠷ᠂ ᠯᠠᠮᠠ ᠶᠢᠨ ᠱᠠᠪᠢᠨᠠᠷ᠂ ᠠᠨᠵᠡᠢ ᠶᠢᠨ ᠱᠠᠪᠢᠨᠠᠷ᠂ ᠴᠣᠶᠢᠵᠤᠩ ᠤᠨ ᠱᠠᠪᠢᠨᠠᠷ᠂  ᠭᠡᠭᠡᠨ ᠤ ᠱᠠᠪᠢᠨᠠᠷ᠂ ᠽᠤᠩᠺᠠᠪᠠ ᠶᠢᠨ ᠱᠠᠪᠢᠨᠠᠷ ᠭᠡᠵᠦ ᠬᠤᠪᠢᠶᠠᠳᠠᠭ᠃ ᠪᠠᠭᠰᠢ ᠶᠢᠨ ᠱᠠᠪᠢᠨᠠᠷ ᠲᠤ ᠭᠤᠷᠪᠠᠨ ᠰᠤᠮᠤᠨ ᠪᠠᠶᠢᠵᠦ᠂  ᠠᠨᠵᠡᠢ ᠶᠢᠨ ᠰᠤᠮᠤᠨ᠂ ᠴᠣᠶᠢᠵᠢᠩ ᠤᠨ ᠰᠤᠮᠤᠨ ᠵᠡᠷᠭᠡ ᠨᠢ ᠨᠡᠶᠢᠯᠡᠭᠡᠳ ᠠᠷᠪᠠᠨ ᠨᠢᠭᠡᠨ ᠰᠤᠮᠤᠨ ᠪᠣᠯᠳᠠᠭ᠃  ᠳᠠᠷᠪᠠᠭᠠᠳᠠᠢ ᠠᠶᠢᠮᠠᠭ ᠤᠨ  ᠬᠤᠪᠤᠭᠰᠠᠶᠢᠷᠢ ᠮᠣᠩᠭᠤᠯ ᠦᠪᠡᠷᠲᠡᠭᠡᠨ ᠵᠠᠰᠠᠬᠤ ᠰᠢᠶᠡᠨ ᠳᠤ ᠪᠠᠶᠢᠬᠤ ᠲᠣᠷᠭᠤᠳᠴᠤᠳ ᠪᠣᠯᠪᠠᠯ ᠴᠡᠪᠡᠭᠳᠣᠷᠵᠢ᠂ ᠭᠡᠶᠢᠷᠤᠪ᠂ ᠠᠭᠰᠠᠬᠠᠯ ᠨᠠᠷ ᠤᠨ ᠬᠠᠷᠢᠶᠠᠨ ᠳᠤ ᠶᠠᠪᠤᠭᠰᠠᠨ ᠦᠨᠡᠨ ᠰᠦᠵᠦᠭᠲᠦ ᠬᠠᠭᠤᠴᠢᠨ ᠲᠣᠷᠭᠤᠳ ᠤᠨ ᠬᠤᠶᠢᠲᠤ ᠵᠠᠮ ᠤᠨ ᠴᠢᠭᠤᠯᠭᠠᠨ ᠤ ᠵᠠᠯᠭᠠᠮᠵᠢ ᠪᠣᠯᠬᠤ ᠶᠤᠮ᠃  ᠲᠠᠷᠪᠠᠭᠠᠳᠠᠢ ᠠᠶᠢᠮᠠᠭ ᠤᠨ ᠬᠠᠷᠬᠤᠰᠤᠨ ᠬᠤᠲᠠ ᠶᠢᠨ ᠬᠠᠷᠢᠶᠠᠨ ᠳᠤ ᠪᠠᠶᠢᠬᠤ ᠲᠣᠷᠭᠤᠳᠴᠤᠳ ᠪᠣᠯᠪᠠᠯ ᠦᠨᠡᠨ ᠰᠦᠵᠦᠭᠲᠦ ᠬᠠᠭᠤᠴᠢᠨ ᠲᠣᠷᠭᠤᠳ ᠠᠶᠢᠮᠠᠭ ᠤᠨ ᠵᠡᠭᠦᠨ ᠵᠠᠮ ᠤᠨ ᠴᠢᠭᠤᠯᠭᠠᠨ ᠤ ᠵᠠᠯᠭᠠᠮᠵᠢ ᠪᠣᠯᠬᠤ ᠪᠦᠭᠡᠳ ᠨᠢᠭᠡ ᠸᠠᠩ ᠤᠨ ᠬᠠᠷᠢᠶ᠎ᠠ ᠲᠠᠢ ᠶᠠᠪᠤᠭᠰᠠᠨ ᠸᠠᠩ ᠬᠤᠰᠢᠭᠤᠨ ᠪᠤᠶᠤ ᠪᠠᠷᠠᠭᠤᠨ ᠬᠤᠰᠢᠭᠤᠨ᠂ ᠪᠠᠶᠢᠰᠠ ᠶᠢᠨ ᠬᠤᠰᠢᠭᠤᠨ ᠪᠤᠶᠤ ᠵᠡᠭᠦᠨ ᠬᠤᠰᠢᠭᠤᠨ ᠭᠡᠬᠦ ᠬᠤᠶᠠᠷ ᠬᠤᠰᠢᠭᠤᠨ ᠨᠤᠲᠤᠭ ᠪᠣᠯᠤᠨ᠎ᠠ᠃   ᠪᠤᠷᠤᠲᠠᠯ᠎ᠠ ᠶᠢᠨ ᠮᠣᠩᠭᠤᠯ ᠦᠪᠡᠷᠲᠡᠭᠡᠨ ᠵᠠᠰᠠᠬᠤ ᠵᠸᠤ ᠶᠢᠨ ᠵᠢᠩ ᠰᠢᠶᠠᠨ ᠪᠣᠯᠤᠨ ᠪᠤᠷᠤᠲᠠᠯ᠎ᠠ  ᠬᠤᠲᠠ ᠶᠢᠨ ᠪᠠᠶᠢᠯᠡ ᠶᠢᠨ ᠬᠠᠷᠠᠮᠣᠳᠣᠨ ᠰᠤᠮᠤᠨ ᠳᠤ ᠨᠤᠲᠤᠭ ᠲᠠᠢ ᠳᠦᠷᠪᠡᠨ ᠰᠤᠮᠤᠨ ᠲᠣᠷᠭᠤᠳ ᠪᠠᠶᠢᠳᠠᠭ᠃   ᠦᠭᠡᠯᠡᠳ ᠨᠤᠲᠤᠭ ᠤᠨ ᠪᠠᠶᠢᠳᠠᠯ ᠢᠶᠠᠷ ᠬᠡᠯᠡᠪᠡᠯ᠂ ᠣᠳᠤ ᠶᠢᠨ ᠲᠠᠷᠪᠠᠭᠠᠳᠠᠢ ᠠᠶᠢᠮᠠᠭ ᠤᠨ ᠲᠠᠷᠪᠠᠭᠠᠳᠠᠢ ᠬᠤᠲᠠ᠂ ᠳᠦᠷᠪᠡᠯᠵᠢᠨ ᠰᠢᠶᠡᠨ ᠪᠠ ᠲᠣᠯᠢ ᠰᠢᠶᠠᠨ ᠳᠤ ᠪᠠᠶᠢᠬᠤ ᠠᠷᠪᠠᠨ ᠰᠤᠮᠤᠨ ᠦᠭᠡᠯᠡᠳ ᠨᠤᠲᠤᠭ ᠢ ᠪᠦᠭᠦᠳᠡᠯᠡᠭᠡᠳ ︽ᠡᠮᠡᠭᠡᠯ ᠤᠨ ᠠᠷᠪᠠᠨ ᠰᠤᠮᠤᠨ ᠦᠭᠡᠯᠡᠳ︾ ᠭᠡᠬᠦ ᠪᠤᠶᠤ ᠵᠠᠩᠰᠢᠯ ᠢᠶᠠᠷ ︽ᠲᠠᠷᠪᠡᠭᠠᠲᠠᠢ ᠶᠢᠨ ᠠᠷᠪᠠᠨ ᠰᠤᠮᠤᠨ ᠦᠭᠡᠯᠡᠳ︾ ᠭᠡᠳᠡᠭ ᠪᠠ ᠮᠦᠨ ︽ᠪᠠᠷᠤᠯᠠᠭ ᠤᠨ ᠠᠷᠪᠠᠨ ᠰᠤᠮᠤᠨ ᠦᠭᠡᠯᠡᠳ︾ ᠭᠡᠵᠦ ᠴᠤ ᠬᠡᠯᠡᠳᠡᠭ᠃ ᠣᠳᠣ ᠶᠢᠨ ᠲᠠᠷᠪᠠᠭᠠᠲᠠᠢ ᠠᠶᠢᠮᠠᠭ ᠤᠨ ᠬᠠᠷᠬᠤᠰᠤᠨ ᠬᠤᠲᠠ ᠶᠢᠨ ᠲᠣᠷᠭᠤᠳᠴᠤᠳ ᠤᠨ ᠳᠣᠲᠤᠷ᠎ᠠ ᠨᠢᠭᠡ ᠰᠤᠮᠤᠨ ᠵᠠᠬᠠᠴᠢᠨ ᠪᠠᠶᠢᠬᠤ ᠪᠦᠭᠡᠳ ᠵᠢᠮᠰᠠᠶᠢᠷᠢ ᠶᠢᠨ ᠲᠣᠷᠭᠤᠳᠴᠤᠳ ᠤᠨ ᠳᠤᠲᠤᠷ᠎ᠠ ᠮᠦᠨ ᠨᠢᠭᠡ ᠬᠡᠰᠡᠭ ᠵᠠᠬᠠᠴᠢᠨ ᠨᠤᠲᠤᠭ ᠶᠠᠪᠤᠳᠠᠭ ᠶᠤᠮ᠃ ᠡᠳᠡ ᠨᠠᠷ ᠪᠣᠯᠪᠠᠯ ᠠᠷᠪᠠᠨ ᠳᠣᠯᠤᠭ᠎ᠠ ᠠᠷᠪᠠᠨ ᠨᠠᠢᠮᠠᠳᠤᠭᠠᠷ ᠵᠠᠭᠤᠨ ᠤ ᠦᠶ᠎ᠡ ᠪᠠᠷ ᠪᠦᠷᠢᠳᠦᠭᠰᠡᠨ ᠣᠲᠤᠭ ᠨᠤᠲᠤᠭ ᠪᠣᠯᠬᠤ ᠪᠦᠭᠡᠳ ᠡᠳᠡᠨ ᠤ ᠳᠡᠭᠡᠳᠦᠰ ᠨᠢ ᠵᠡᠭᠦᠨᠭᠠᠷ ᠤᠨ ᠵᠠᠬ᠎ᠠ ᠬᠢᠯᠢ ᠶᠢ ᠬᠠᠮᠠᠭᠠᠯᠠᠬᠤ ᠪᠠᠷ ᠠᠯᠪᠠ ᠬᠠᠰᠢᠵᠤ ᠶᠠᠪᠤᠭᠰᠠᠨ ᠤᠯᠤᠰ ᠲᠤᠯᠠ ᠲᠡᠷᠡ ᠦᠢᠯᠡ ᠶᠢ ᠨᠢ ᠣᠨᠴᠠᠯᠠᠵᠤ ︽ᠵᠠᠬ᠎ᠠ ᠭᠡᠰᠡᠨ ᠦᠭᠡᠨ ᠳᠤ ᠡᠷᠬᠢᠯᠡᠭᠰᠡᠨ ᠠᠵᠢᠯ ᠮᠡᠷᠭᠡᠵᠢᠯ ᠢ ᠨᠢ ᠵᠢᠭᠠᠳᠠᠭ ᠴᠢᠨ ᠲᠠᠭᠠᠪᠤᠷᠢ ᠵᠠᠯᠭᠠᠵᠤ ︵ᠵᠠᠬᠠᠴᠢᠨ︶ ᠪᠦᠲᠦᠭᠡᠭᠰᠡᠨ ᠨᠡᠷ᠎ᠡ ᠶᠤᠮ︾ ᠭᠡᠳᠡᠭ ᠪᠦᠭᠡᠳ ︽ᠠᠷᠪᠠᠨ ᠨᠠᠢᠮᠠᠳᠤᠭᠠᠷ ᠵᠠᠭᠤᠨ ᠤ ᠲᠡᠷᠢᠭᠦᠨ ᠬᠠᠭᠠᠰ ᠤᠨ ᠡᠴᠦᠰ ᠢᠶᠠᠷ ᠵᠡᠭᠦᠨᠭᠠᠷ ᠬᠠᠭᠠᠨᠲᠤ ᠤᠯᠤᠰ ᠲᠤ ᠬᠠᠭᠠᠨ ᠤ ᠰᠢᠭᠤᠳ ᠮᠡᠳᠡᠯ ᠤᠨ20 ᠭᠠᠷᠤᠢ ᠣᠲᠤᠭ ᠪᠠᠶᠢᠭᠰᠠᠨ ᠪᠦᠭᠡᠳ ᠵᠠᠬᠠᠴᠢᠨ ᠨᠡᠷ᠎ᠡ ᠪᠡᠶ᠎ᠡ ᠪᠠᠨ ᠳᠠᠭᠠᠭᠠᠭᠰᠠᠨ ᠨᠢᠭᠡ ᠨᠤᠲᠤᠭ ᠲᠤ ᠲᠣᠭᠠᠯᠠᠭᠳᠠᠵᠤ ᠪᠠᠶᠢᠵᠡᠢ︾  ᠭᠡᠵᠦ ᠬᠡᠯᠡᠳᠡᠭ᠃
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号