ᠡᠷᠢᠨᠡᠮ ᠪᠢ
ᠨᠡᠶᠢᠲᠡᠯᠡᠭᠰᠡᠨ ᠴᠠᠭ᠄
2020/12/22
ᠤᠩᠭᠤᠨ ᠪᠤᠭᠤᠷᠤᠯ ᠳᠠᠯᠠᠢ ᠠᠴᠠ ᠤᠨᠢᠰᠤ ᠨᠡᠬᠡᠬᠡᠬᠦ ᠲᠦᠯᠬᠢᠬᠦᠷ ᠢ ᠬᠠᠶᠢᠵᠤ ᠳᠡᠷᠳᠡᠭᠡ ᠳᠡᠭᠷᠢ ᠶᠢᠨ ᠬᠠᠶᠠᠭ᠎ᠠ ᠠᠴᠠ ᠡᠬᠦᠯᠡ ᠬᠦᠯᠦᠭᠯᠡᠨ ᠤᠯᠤᠮ ᠦᠬᠡᠢ ᠤᠭᠳᠠᠷᠭᠤᠢ ᠠᠴᠠ ᠦᠪᠡᠷ ᠤᠨ ᠰᠦᠨᠡᠰᠦ ᠪᠠᠨ ᠡᠷᠢᠨᠡᠮ ᠪᠢ ᠶᠡᠭᠡ ᠰᠠᠨᠰᠠᠷ ᠤᠨ ᠡᠩᠬᠡᠷ ᠲᠤ ᠠᠷᠪᠠᠨ ᠭᠤᠷᠪᠠᠳᠤᠭᠠᠷ ᠵᠠᠭᠤᠨ ᠤ ᠳᠤᠭᠰᠢᠨ ᠳᠡᠭᠷᠢ ᠨᠤᠭᠤᠳ ᠰᠠᠭᠠᠳᠠᠵᠤ ᠳᠤᠷᠠᠳᠬᠠᠯ ᠢᠶᠠᠨ ᠴᠠᠭᠠᠨ᠎ᠠ ᠤᠨᠢᠰᠤᠯᠠᠵᠤ ᠰᠠᠭᠤᠭ᠎ᠠ ᠤᠷᠢᠳᠤ ᠬᠠᠭᠤᠴᠢ ᠶᠢᠨ ᠬᠦᠮᠦᠰ ᠢ ᠡᠷᠢᠨᠡᠮ ᠤᠨ ᠴᠠᠭᠠᠨ ᠰᠠᠨᠴᠠᠭ ᠲᠠᠢ ᠡᠪᠦᠭᠡ ᠪᠤᠮᠠᠨ ᠳᠡᠤᠬᠡ ᠶᠢᠨ ᠨᠤᠮ ᠢ ᠡᠪᠤᠷᠲᠦᠯᠡᠨ ᠳᠡᠯᠡᠬᠡᠢ ᠶᠢᠨ ᠦᠨᠴᠦᠭ ᠪᠤᠯᠤᠩ ᠠᠴᠠ ᠳᠠᠩᠰᠤᠭ ᠶᠡᠭᠡ ᠵᠡᠬᠦᠳᠤ ᠲᠠᠢ ᠶᠠᠪᠤᠭ᠎ᠠ ᠡᠷᠳᠡᠮᠳᠡᠨ ᠮᠡᠷᠬᠡᠳ ᠢ ᠡᠷᠢᠨᠡᠮ ᠪᠢ ᠪᠦᠮᠪᠦᠷᠴᠡᠭ ᠤᠨ ᠭᠤᠤᠯ ᠨᠢᠷᠤᠭᠤ ᠠᠴᠠ ᠬᠤᠷᠸ᠎ᠠ ᠶᠢᠨ ᠲᠠᠷᠨ ᠪᠦᠬᠦᠨ ᠢ ᠡᠷᠢᠨᠡᠮ ᠪᠢ ᠳᠡᠨᠤᠬᠦ ᠡᠬᠦᠯᠡᠰ ᠤᠨ ᠬᠠᠭᠤᠷᠠᠢ ᠰᠡᠬᠦᠳᠡᠷ ᠲᠤ ᠨᠢᠭᠤᠭᠳᠠᠭᠰᠠᠨ ᠤᠯᠠᠷᠢᠯ ᠤᠨ ᠤᠳᠠᠭᠠᠨ ᠳᠠᠭᠠᠨ ᠴᠢᠯᠠᠭᠤᠵᠢᠭᠰᠠᠨ ᠡᠬᠡ ᠭᠠᠵᠠᠷ ᠤᠨ ᠪᠤᠳᠤᠯ ᠢ ᠡᠷᠢᠨᠡᠮ ᠪᠢ ᠶᠢᠰᠤᠨ ᠳᠡᠭᠷᠢ ᠶᠢᠨ ᠠᠶᠤᠩᠭ᠎ᠠ ᠡᠬᠦᠯᠡᠰ ᠤᠨ ᠳᠤᠮᠳᠠᠭᠤᠷ ᠴᠠᠬᠢᠯᠬᠤ ᠬᠡᠷᠡᠯ ᠳᠤ ᠮᠢᠩᠭᠠᠨ ᠨᠠᠰᠤᠳᠠᠢ ᠳᠡᠬᠡᠳᠦᠰ ᠤᠨ ᠮᠢᠨᠢ ᠦᠯᠡᠳᠡᠬᠡᠭᠰᠡᠨ ᠲᠦᠮᠡᠨ ᠵᠢᠯ ᠤᠨ ᠴᠠᠳᠢᠭ ᠬᠠᠶᠢᠯᠠᠭᠰᠠᠨ ᠪᠤᠶᠠᠨᠳᠤ ᠶᠡᠭᠡ ᠳᠡᠤᠬᠡ ᠪᠠᠨ ᠡᠷᠢᠨᠡᠮ ᠪᠢ᠂᠂᠂᠂ᠪᠡᠯᠡᠳᠬᠡᠭᠰᠡᠨ ᠨᠢ᠄ ᠡᠷᠳᠡᠨᠢᠬᠦᠦᠨᠠᠶᠢᠷᠠᠭᠤᠯᠤᠭᠰᠠᠨ ᠨᠢ᠄ ᠨᠠᠮᠤᠷᠬᠢᠨᠠᠭᠰᠠᠨ ᠨᠢ᠄ ᠤᠷᠢᠬᠠᠨ
 
ᠢᠷᠡᠯᠲᠡ᠄ ᠲᠤᠰ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号