| | ᠪᠤᠷᠵᠢᠬᠢᠨ ᠡᠭᠦᠯᠡᠴᠢ ﹇ᠪᠠᠶᠡᠨᠪᠢᠯᠢᠭ﹈ ᠴ᠊ · ᠳᠡᠮᠦᠷ ᠨᠠᠶᠢᠷᠠᠭᠤᠯᠪᠠ | | ᠳᠡᠪᠡᠯ ᠲᠠᠬᠢᠯ ᠤᠨ ᠴᠢᠨᠢ ᠠᠴᠢ ᠬᠡᠨ᠎ᠡ ᠯᠠ | ᠳᠠᠩᠰᠤᠭ ᠪᠤᠮᠪᠠ ᠶᠢᠨ ᠵᠢᠴᠢ ᠬᠡᠨ᠎ᠡ ᠯᠡ | ᠦᠰᠦᠷ ᠯᠠᠩ ᠤᠨ ᠦᠷ᠎ᠡ ᠨᠢ ᠬᠡᠨ᠎ᠡ ᠯᠡ | ᠦᠶ᠎ᠡ ᠶᠢᠨ ᠠᠯᠳᠠᠷ ᠪᠤᠭᠳᠠ ᠨᠤᠶᠠᠨ ᠵᠠᠩᠭᠠᠷ ᠤᠨ ᠴᠢᠨᠢ | ᠶᠠᠭᠤ ᠶᠢ ᠨᠢ ᠶᠠᠭᠤ ᠶᠢ ᠨᠢ ᠰᠤᠷᠤᠨ᠎ᠠ ᠲᠠ | ᠰᠠᠭᠤᠭᠰᠠᠨ ᠬᠢᠢᠳ ᠢ ᠨᠢ ᠰᠤᠷᠳᠠᠭ ᠪᠤᠯᠠᠬᠤᠯᠠ | ᠵᠦᠭ ᠵᠦᠭ ᠤᠨ ᠠᠭᠤᠯᠠ ᠶᠢ ᠴᠢᠨᠢ ᠵᠢᠳᠬᠦᠯᠳᠦᠬᠦᠯᠦᠨ ᠪᠠᠷᠢᠭᠰᠠᠨ | ᠵᠢᠷᠦᠬᠡᠨ ᠴᠠᠭᠠᠨ ᠰᠤᠪᠤᠷᠭ᠎ᠠ ᠶᠢ ᠴᠢᠨᠢ ᠨᠠᠶᠢᠯᠡᠯᠳᠦᠬᠦᠯᠦᠨ ᠪᠠᠷᠢᠭᠰᠠᠨ | ᠤᠷᠤᠢ ᠶᠢᠨ ᠳᠠᠯ᠎ᠠ ᠠᠴᠠ ᠨᠢ ᠬᠠᠯᠢᠶᠠᠬᠤᠯᠠ | ᠤᠭᠳᠠᠷᠭᠤᠢ ᠶᠢᠨ ᠰᠢᠷ᠎ᠠ ᠡᠭᠦᠯᠡ ᠲᠠᠢ ᠬᠤᠳᠬᠤᠯᠳᠤᠭᠤᠯᠤᠨ ᠪᠠᠷᠢᠭᠰᠠᠨ | ᠪᠠᠷᠠᠭᠤᠨ ᠲᠠᠯ᠎ᠠ ᠠᠴᠠ ᠨᠢ ᠬᠠᠯᠢᠶᠠᠬᠤᠯᠠ | ᠪᠠᠷᠰ ᠭᠤᠷ ᠬᠤᠶᠠᠷ ᠢ ᠴᠢᠨᠢ ᠪᠠᠵᠠᠭᠠᠯᠳᠠᠭᠤᠯᠤᠨ ᠰᠡᠶᠢᠯᠦᠭᠰᠡᠨ | ᠠᠷᠤ ᠲᠠᠯ᠎ᠠ ᠠᠴᠠ ᠨᠢ ᠬᠠᠯᠢᠶᠠᠬᠤᠯᠠ | ᠠᠷᠰᠯᠠᠨ ᠵᠠᠭᠠᠨ ᠬᠤᠶᠠᠷ ᠢ ᠴᠢᠨᠢ ᠠᠪᠤᠯᠳᠤᠭᠤᠯᠤᠨ ᠰᠡᠶᠢᠯᠦᠭᠰᠡᠨ | ᠵᠡᠬᠦᠨ ᠲᠠᠯ᠎ᠠ ᠠᠴᠠ ᠨᠢ ᠬᠠᠯᠢᠶᠠᠬᠤᠯᠠ | ᠵᠦᠷ ᠭᠤᠷ ᠬᠤᠶᠠᠷ ᠢ ᠴᠢᠨᠢ ᠵᠢᠳᠬᠦᠯᠳᠦᠬᠦᠯᠦᠨ ᠰᠡᠶᠢᠯᠦᠭᠰᠡᠨ | ᠡᠯᠢᠬᠡᠨ ᠲᠠᠯ᠎ᠠ ᠠᠴᠠ ᠨᠢ ᠬᠠᠯᠢᠶᠠᠬᠤᠯᠠ | ᠡᠯᠢᠶ᠎ᠡ ᠮᠤᠭᠠᠢ ᠬᠤᠶᠠᠷ ᠢ ᠴᠢᠨᠢ ᠡᠷᠬᠢᠯᠳᠦᠬᠦᠯᠦᠨ ᠰᠡᠶᠢᠯᠦᠭᠰᠡᠨ | ᠳᠤᠯᠤᠭᠠᠨ ᠲᠦᠮᠡᠨ ᠬᠤᠸᠠᠷᠠᠭ ᠲᠠᠢ | ᠲᠤᠭᠰᠢᠨ ᠰᠢᠷ᠎ᠠ ᠤᠮᠵᠠᠳ ᠲᠠᠢ | ᠡᠶᠢᠮᠤ ᠯᠡ ᠶᠡᠭᠡ ᠪᠤᠭᠳᠠ ᠨᠤᠶᠠᠨ ᠵᠠᠩᠭᠠᠷ ᠤᠨ ᠴᠢᠨᠢ | ᠶᠠᠭᠤ ᠶᠢ ᠨᠢ ᠶᠠᠭᠤ ᠶᠢ ᠨᠢ ᠰᠤᠷᠤᠨ᠎ᠠ ᠲᠠ | 00000000000000 | ᠵᠠ︔︔ ᠬᠠᠷᠠᠭᠠᠢ ᠮᠤᠳᠤᠨ ᠳᠤᠪᠰᠢᠭᠤᠷ ᠴᠢᠨᠢ | ᠬᠠᠨᠬᠢᠨᠠᠳᠠᠭ ᠲᠠᠭᠠᠨ ᠤᠷᠤᠪᠠ ᠬᠡᠨ᠎ᠡ ᠯᠡ | ᠬᠠᠷ᠎ᠠ ᠤᠯᠠᠭᠠᠨ ᠮᠤᠩᠭᠤᠯ ᠴᠢᠨᠢ | ᠬᠠᠶᠢᠯᠠᠳᠠᠭ ᠲᠠᠭᠠᠨ ᠤᠷᠤᠪᠠ ᠬᠡᠨ᠎ᠡ ᠯᠠ | ᠰᠤᠨᠤᠷ ᠬᠤᠶᠠᠷ ᠴᠢᠬᠢᠨ ᠳᠡᠭᠡᠨ | ᠰᠤᠨᠤᠰᠤᠭᠠᠳ ᠠᠪᠤᠭᠳᠤᠨ | ᠴᠤᠪᠤᠭᠤᠯᠢᠭ ᠰᠠᠶᠢᠬᠠᠨ ᠤᠬᠠᠭᠠᠨ ᠳᠠᠭᠠᠨ | ᠳᠤᠩᠭᠠᠭᠠᠳ ᠠᠪᠤᠭᠳᠤᠨ ᠳᠤᠩᠭᠠᠭᠠᠳ ᠠᠪᠤᠭᠳᠤᠨ | ᠵᠠ︔︔ ᠬᠡᠵᠢᠨᠡᠢ ᠴᠠᠭ ᠲᠤ ᠪᠤᠯᠠᠬᠤᠯᠠ | ᠭᠠᠳᠠᠭᠠᠳᠤ ᠳᠠᠯᠠᠢ ᠬᠡᠶᠢᠳᠡᠭ ᠴᠢᠨᠢ | ᠴᠠᠯᠴᠠᠭ ᠪᠠᠶᠢᠭᠰᠠᠨ ᠴᠠᠭ ᠲᠤ ᠶᠤᠮ ᠰᠡᠨᠵᠢ ᠪᠢᠰᠢ ᠶᠤ᠋ | ᠭᠠᠯᠪᠠᠷ ᠽᠠᠨᠳᠠᠨ ᠮᠤᠳᠤᠨ ᠴᠢᠨᠢ | ᠪᠤᠷ᠎ᠠ ᠪᠠᠶᠢᠭᠰᠠᠨ ᠴᠠᠭ ᠲᠤ ᠶᠤᠮ ᠰᠠᠨᠵᠠᠢ ᠪᠢᠰᠢ ᠶᠤ᠋ | ᠵᠠ︔︔ ᠡᠨᠡ ᠯᠡ ᠴᠠᠭ ᠲᠤ ᠪᠤᠯᠠᠬᠤᠯᠠ | ᠨᠢᠭᠡ ᠬᠠᠭᠠᠨ ᠨᠤᠶᠠᠨ ᠪᠠᠶᠢᠭᠰᠠᠨ ᠰᠠᠨᠵᠠᠢ ᠪᠢᠰᠢ ᠶᠤ᠋ | ᠡᠨᠡ ᠬᠠᠭᠠᠨ ᠨᠤᠶᠠᠨ ᠶᠢ ᠨᠡᠷ᠎ᠡ ᠴᠤᠯᠠ ᠶᠢ ᠨᠢ | ᠰᠤᠷᠤᠭᠠᠳ ᠦᠵᠡᠳᠡᠭ ᠪᠤᠯᠠᠬᠤᠯᠠ | ᠳᠠᠪᠠᠯ ᠳᠠᠬᠢᠯ ᠤᠨ ᠴᠢᠨᠢ ᠠᠴᠢ ᠬᠡᠨ᠎ᠡ ᠯᠠ | ᠳᠠᠩᠰᠤᠭ ᠪᠤᠮᠪᠠ ᠶᠢᠨ ᠴᠢᠨᠢ ᠵᠢᠴᠢ ᠯᠡ ᠬᠡᠨ᠎ᠡ ᠯᠠ | ᠦᠴᠦᠯᠡ ᠠᠯᠳᠠᠷ ᠬᠠᠭᠠᠨ ᠤ ᠦᠯᠡᠳᠡᠯ ᠬᠡᠨ᠎ᠡ ᠯᠠ | ᠦᠶ᠎ᠡ ᠶᠢᠨ ᠦᠨᠦᠴᠢᠨ ᠪᠤᠭᠳᠠ ᠵᠠᠩᠭᠠᠷ ᠬᠡᠳᠡᠭ | ᠬᠠᠭᠠᠨ ᠨᠤᠶᠠᠨ ᠪᠠᠶᠢᠭᠰᠠᠨ ᠰᠠᠨᠵᠠᠢ ᠬᠡᠨ᠎ᠡ ᠯᠠ | ᠵᠠ︔︔ ᠡᠨᠡ ᠯᠡ ᠬᠠᠭᠠᠨ ᠤ ᠰᠠᠭᠤᠭᠰᠠᠨ ᠨᠤᠳᠤᠭ ᠢ | ᠰᠤᠷᠤᠭᠠᠳ ᠦᠵᠡᠳᠡᠭ ᠪᠤᠯᠠᠬᠤᠯᠠ | ᠰᠢᠵᠢᠷ ᠳᠦᠷᠪᠡᠨ ᠳᠠᠯᠠᠢ ᠲᠠᠢ | ᠰᠢᠮᠡᠯᠢᠭ ᠨᠤᠭᠤᠭᠠᠨ ᠡᠪᠡᠰᠦ ᠲᠠᠢ | ᠪᠠᠮᠪᠤᠤ ᠳᠦᠷᠪᠡᠨ ᠳᠠᠯᠠᠢ ᠲᠠᠢ | ᠷᠠᠰᠢᠶᠠᠨ ᠬᠠᠷ᠎ᠠ ᠪᠤᠯᠠᠭ ᠲᠠᠢ | ᠠᠭᠠᠷᠠᠤ ᠽᠠᠨᠳᠠᠨ ᠮᠤᠳᠤ ᠲᠠᠢ | ᠦᠭᠡᠶᠢᠷᠡᠳᠡᠭ ᠦᠬᠡᠢ ᠪᠠᠶᠠᠨ ᠶᠤᠮ | ᠪᠠᠶᠢᠭᠰᠠᠨ ᠶᠤᠮ ᠰᠠᠨᠵᠠᠢ ᠪᠢᠰᠢ ᠶᠤ᠋ | ᠦᠬᠦᠳᠡᠭ ᠦᠭᠡᠢ ᠮᠦᠩᠬᠡ ᠶᠤᠮ | ᠪᠠᠶᠢᠭᠰᠠᠨ ᠶᠤᠮ ᠰᠠᠨᠵᠠᠢ ᠪᠢᠰᠢ ᠶᠤ᠋ | ᠲᠦᠷᠦᠭᠰᠡᠨ ᠠᠴᠠ ᠨᠠᠭᠠᠰᠢ ᠪᠠᠨ ᠪᠤᠯᠠᠬᠤᠯᠠ | ᠲᠦᠷᠦ ᠱᠠᠵᠢᠨ ᠢᠶᠠᠨ ᠠᠯᠳᠠᠭᠠᠳ ᠦᠭᠡᠢ | ᠭᠠᠷᠤᠭᠰᠠᠨ ᠠᠴᠠ ᠨᠠᠭᠠᠰᠢ ᠪᠠᠨ ᠪᠤᠯᠠᠬᠤᠯᠠ | ᠭᠠᠵᠠᠷ ᠤᠰᠤ ᠪᠠᠨ ᠠᠯᠳᠠᠭᠠᠳ ᠦᠬᠡᠢ | ᠬᠠᠪᠤᠷ ᠦᠬᠡᠢ ᠨᠠᠮᠤᠷ ᠲᠠᠢ | ᠬᠠᠭᠠᠰ ᠦᠬᠡᠢ ᠲᠠᠩᠭᠠᠷᠢᠭ ᠲᠠᠢ | ᠲᠦᠷᠪᠡᠨ ᠤᠯᠠᠷᠢᠯ ᠳᠠᠭᠠᠨ ᠠᠳᠠᠯᠢᠬᠠᠨ | ᠳᠦᠬᠦᠷᠡᠩ ᠰᠠᠶᠢᠬᠠᠨ ᠪᠠᠶᠢᠳᠠᠭ ᠨᠤᠳᠤᠭ ᠲᠠᠢ | ᠯᠠ ᠶᠤᠮ ᠰᠠᠨᠵᠠᠢ ᠪᠢᠰᠢ ᠶᠤ᠋ | ᠵᠠ︔︔ ᠡᠨᠡ ᠯᠡ ᠬᠠᠭᠠᠨ ᠤ ᠮᠠᠯ ᠰᠦᠷᠦᠭ ᠢ ᠨᠢ | ᠰᠤᠷᠤᠭᠠᠳ ᠦᠵᠡᠳᠡᠭ ᠪᠤᠯᠠᠬᠤᠯᠠ | ᠨᠠᠷᠠᠨ ᠳᠤᠤᠷ᠎ᠠ ᠨᠢ ᠪᠤᠯᠠᠬᠤᠯᠠ ᠨᠠᠶᠠᠨ ᠵᠢᠸ᠎ᠠ ᠠᠳᠤᠭᠤ ᠲᠠᠢ | ᠰᠠᠷᠠᠨ ᠳᠤᠤᠷ᠎ᠠ ᠨᠢ ᠪᠤᠯᠠᠬᠤᠯᠠ ᠰᠠᠶ᠎ᠠ ᠵᠢᠸ᠎ᠠ ᠠᠳᠤᠭᠤ ᠲᠠᠢ | ᠪᠤᠯᠠᠭ ᠤᠨ ᠡᠬᠢᠨ ᠳᠤ ᠪᠤᠮᠠᠨ ᠴᠠᠭᠠᠨ ᠬᠤᠢ ᠲᠠᠢ | ᠲᠦᠩᠬᠡ ᠶᠢᠨ ᠡᠬᠢᠨ ᠳᠤ ᠨᠢ ᠲᠦᠮᠡᠨ ᠴᠠᠭᠠᠨ ᠳᠡᠮᠡᠭᠡ ᠲᠠᠢ | ᠠᠳᠠᠷᠠᠭ᠎ᠠ ᠪᠠᠷ ᠲᠦᠬᠦᠷᠡᠩ ᠠᠳᠤᠭᠤ ᠲᠠᠢ ᠯᠠ ᠶᠤᠮ ᠰᠠᠨᠵᠠᠢ ᠪᠢᠰᠢ ᠶᠤ᠋ | ᠠᠯᠠᠭ ᠰᠠᠶᠢᠬᠠᠨ ᠠᠵᠢᠷᠭ᠎ᠠ ᠲᠠᠢ ᠯᠠ ᠶᠤᠮ ᠰᠠᠨᠵᠠᠢ ᠪᠢᠰᠢ ᠶᠤ᠋ | ᠬᠤᠳᠤᠭᠤᠷ ᠢᠶᠠᠷ ᠲᠦᠬᠦᠷᠡᠩ ᠬᠤᠢ ᠲᠠᠢ ᠢᠮᠠᠭ᠎ᠠ ᠲᠠᠢ ᠯᠠ ᠶᠤᠮ ᠰᠠᠨᠵᠠᠢ ᠪᠢᠰᠢ ᠶᠤ᠋ | ᠤᠯᠠᠭᠠᠨ ᠭᠠᠯᠵᠢᠨ ᠬᠤᠴᠠ ᠲᠠᠢ ᠯᠠ ᠶᠤᠮ ᠰᠠᠨᠵᠠᠢ ᠪᠢᠰᠢ ᠶᠤ᠋ | ᠦᠯᠦᠩ ᠢᠶᠠᠷ ᠲᠦᠬᠦᠷᠡᠩ ᠦᠬᠡᠷ ᠲᠠᠢ ᠯᠠ ᠶᠤᠮ ᠰᠠᠨᠵᠠᠢ ᠪᠢᠰᠢ ᠶᠤ᠋ | ᠦᠨᠳᠦᠷ ᠤᠯᠠᠭᠠᠨ ᠪᠤᠬ᠎ᠠ ᠲᠠᠢ ᠯᠠ ᠶᠤᠮ ᠰᠠᠨᠵᠠᠢ ᠪᠢᠰᠢ ᠶᠤ᠋ | ᠳᠡᠰᠬᠢᠮ᠎ᠡ ᠪᠠᠷ ᠲᠦᠬᠦᠷᠡᠩ ᠳᠡᠮᠡᠭᠡ ᠲᠠᠢ ᠯᠠ ᠶᠤᠮ ᠰᠠᠨᠵᠠᠢ ᠪᠢᠰᠢ ᠶᠤ᠋ | ᠰᠡᠳᠬᠡᠯ ᠬᠠᠯᠳᠤᠮᠠ ᠪᠤᠤᠷ᠎ᠠ ᠲᠠᠢ ᠯᠠ ᠶᠤᠮ ᠰᠠᠨᠵᠠᠢ ᠪᠢᠰᠢ ᠶᠤ᠋ | 00000000000000 | ᠡ︔︔ ᠬᠦ᠋ ︐ ᠳᠤᠯᠮᠤᠭᠤᠷ ᠵᠡᠬᠡᠷᠳᠡ ᠶᠢᠨ ᠳᠤᠯᠤᠭ᠎ᠠ ᠲᠠᠢ ᠳᠤ | ᠳᠠᠭᠤᠤ ᠲᠠᠢ ᠵᠠᠩᠭᠠᠷ ᠤᠨ ᠬᠤᠪᠢ ᠲᠠᠢ ᠭᠦ᠋ | ᠬᠦᠨᠳᠦ ᠰᠡᠪᠠᠷ ᠤᠨ ᠬᠦᠴᠦ ᠲᠠᠢ ᠭᠦ᠋ | ᠬᠦᠮᠦᠨ ᠤ ᠬᠡᠯᠡᠨ ᠤ ᠰᠤᠪᠢᠨ ᠲᠠᠢ ᠭᠦ᠋ | ᠬᠠᠢ ᠬᠠᠢ ᠬᠠᠢ ᠬᠠᠢ | ᠡ︔︔ ᠭᠦ᠋ ᠦᠯᠦ ᠪᠤᠭᠤ ᠶᠢᠨ ᠠᠷᠠᠰᠤ ᠪᠠᠷ | ᠡᠮᠦᠨ᠎ᠡ ᠳᠡᠭᠡᠪᠦᠷ ᠢᠶᠠᠨ ᠳᠡᠯᠡᠳᠦᠭᠦᠯᠦᠬᠡᠳ | ᠦᠩᠬᠡ ᠪᠦᠷᠢ ᠶᠢᠨ ᠰᠤᠯᠤᠩᠭ᠎ᠠ ᠪᠠᠷ | ᠤᠭᠤᠰᠤᠷ ᠪᠦᠴᠡ ᠪᠠᠨ ᠳᠡᠯᠡᠳᠦᠬᠦᠯᠦᠬᠡᠳ | ᠬᠠᠢ ᠬᠠᠢ ᠬᠠᠢ ᠬᠠᠢ | ᠡ︔︔ ᠭᠦ᠋ ᠪᠠᠷᠰ ᠭᠤᠷ᠎ᠠ ᠶᠢᠨ ᠠᠷᠠᠰᠤ ᠪᠠᠷ | ᠪᠠᠷᠠᠭᠤᠨ ᠳᠡᠬᠡᠪᠦᠷ ᠢᠶᠠᠨ ᠳᠡᠯᠡᠳᠦᠬᠦᠯᠦᠬᠡᠳ | ᠪᠠᠰᠠ ᠨᠢᠬᠡ ᠦᠩᠬᠡ ᠶᠢᠨ ᠰᠤᠯᠤᠩᠭ᠎ᠠ ᠪᠠᠷ | ᠤᠭᠤᠰᠤᠷ ᠪᠦᠴᠡ ᠪᠠᠨ ᠳᠡᠯᠡᠳᠦᠬᠦᠯᠦᠬᠡᠳ | ᠬᠠᠢ ᠬᠠᠢ ᠬᠠᠢ ᠬᠠᠢ | ᠡ︔︔ ᠭᠦ᠋ ᠵᠦᠷ ᠭᠤᠷ ᠤᠨ ᠠᠷᠠᠰᠤ ᠪᠠᠷ | ᠵᠡᠬᠦᠨ ᠳᠡᠬᠡᠪᠦᠷ ᠢᠶᠠᠨ ᠳᠡᠯᠡᠳᠦᠬᠦᠯᠦᠬᠡᠳ | ᠵᠦᠰᠦᠨ ᠵᠦᠢᠯ ᠤᠨ ᠰᠤᠯᠤᠩᠭ᠎ᠠ ᠪᠠᠷ | ᠤᠭᠤᠰᠤᠷ ᠪᠦᠴᠡ ᠪᠠᠨ ᠳᠡᠯᠡᠳᠦᠬᠦᠯᠦᠬᠡᠳ | ᠬᠠᠢ ᠬᠠᠢ ᠬᠠᠢ ᠬᠠᠢ | ᠡ︔︔ ᠭᠦ᠋ ᠠᠯᠠᠭ ᠪᠤᠭᠤ ᠶᠢᠨ ᠠᠷᠠᠰᠤ ᠪᠠᠷ | ᠠᠷᠤ ᠳᠡᠬᠡᠪᠦᠷ ᠢᠶᠠᠨ ᠳᠡᠯᠡᠳᠦᠬᠦᠯᠦᠬᠡᠳ | ᠠᠷᠰᠯᠠᠨ ᠵᠠᠭᠠᠨ ᠤ ᠰᠤᠶᠤᠭ᠎ᠠ ᠪᠠᠷ | ᠤᠭᠤᠰᠤᠷ ᠪᠦᠴᠡ ᠪᠠᠨ ᠳᠡᠯᠡᠳᠦᠬᠦᠯᠦᠬᠡᠳ | ᠬᠠᠢ ᠬᠠᠢ ᠬᠠᠢ ᠬᠠᠢ | 0000000000000 | ᠵᠠ ᠡᠨᠡ ᠭᠤᠳᠤᠩ ᠲᠠᠯ᠎ᠠ ᠠᠴᠠ ᠨᠢ | ᠠᠪᠤᠨ ᠰᠢᠨᠵᠢᠨ ᠦᠵᠡᠪᠡᠯ | ᠠᠷᠤ ᠭᠠᠵᠠᠷ ᠬᠤᠷᠠᠭᠠᠯᠠᠭᠰᠠᠨ | ᠦᠪᠦᠷ ᠭᠠᠵᠠᠷ ᠦᠰᠦᠭᠰᠡᠨ | ᠬᠠᠩᠭᠠᠢ ᠨᠡᠷᠡᠳᠦ ᠭᠠᠵᠠᠷ ᠪᠡᠯᠴᠢᠬᠡᠷᠯᠡᠵᠦ | ᠬᠠᠷᠠᠮᠠᠭ ᠨᠡᠷᠡᠳᠦ ᠬᠠᠷᠠᠭᠠᠨ᠎ᠠ ᠪᠠᠷ ᠢᠳᠡᠰᠢᠯᠡᠭᠰᠡᠨ | ᠪᠤᠭᠳᠠ ᠴᠢᠩᠬᠢᠰ ᠤᠨ ᠬᠤᠨᠢᠨ ᠰᠦᠷᠦᠭ ᠲᠤ | ᠪᠤᠶᠠᠨᠳᠤ ᠬᠡᠭᠴᠢ ᠶᠢᠨ ᠬᠤᠳᠠ ᠳᠤ ᠭᠠᠷᠤᠭᠰᠠᠨ | ᠡᠷᠳᠡᠨᠢ ᠶᠢᠨ ᠴᠠᠭᠠᠨ ᠬᠤᠨᠢ ᠪᠤᠯ | ᠠᠷᠤ ᠭᠠᠵᠠᠷ ᠲᠤ ᠪᠡᠯᠴᠢᠬᠡᠷ ᠲᠠᠢ | ᠠᠷᠭᠠᠯ ᠴᠠᠭᠠᠨ ᠬᠤᠨᠢᠨ ᠠᠴᠠ ᠬᠤᠷᠠᠭᠠᠯᠠᠵᠤ | ᠬᠦᠬᠦᠨ ᠳᠤ ᠬᠦᠭᠨᠦᠬᠡᠳ ᠦᠬᠡᠢ | ᠬᠦᠢᠳᠡᠨ ᠭᠠᠵᠠᠷ ᠬᠤᠨᠤᠭᠠᠳ ᠦᠬᠡᠢ | ᠪᠤᠷᠤ ᠭᠠᠵᠠᠷ ᠶᠠᠪᠤᠭᠠᠳ ᠦᠬᠡᠢ | ᠪᠤᠷᠪᠢᠨ ᠳᠠᠭᠠᠨ ᠦᠰᠦ ᠲᠠᠢ | ᠬᠦᠳᠡᠭᠡ ᠭᠠᠵᠠᠷ ᠳᠤᠭᠯᠠᠭᠠᠳ ᠦᠬᠡᠢ | ᠬᠡᠤᠬᠡᠳ ᠰᠢᠤᠬᠤᠳ ᠪᠠᠷᠢᠭᠠᠳᠤᠢ | ᠬᠦᠵᠦᠬᠦᠦ ᠲᠦᠬᠦᠷᠡᠩ ᠠᠬᠤᠷ ᠲᠠᠢ | ᠬᠠᠨ᠎ᠠ ᠶᠢᠨ ᠳᠡᠳᠦᠢ ᠰᠡᠬᠦᠯ ᠲᠠᠢ | ᠬᠠᠩᠭᠠᠷ ᠦᠷᠬᠡᠨ ᠴᠡᠬᠡᠵᠢ ᠲᠠᠢ | ᠬᠠᠪᠬᠠᠭ ᠤᠨ ᠳᠡᠳᠤᠢ ᠰᠡᠬᠦᠯ ᠲᠠᠢ | ᠤᠭᠤᠯᠢᠨ ᠰᠢᠷ᠎ᠠ ᠨᠢᠳᠤ ᠲᠠᠢ | ᠤᠭᠠᠯᠵᠠᠨ ᠬᠤᠶᠠᠷ ᠡᠪᠡᠷ ᠲᠠᠢ | ᠳᠡᠪᠬᠢ ᠲᠦᠷᠪᠡᠨ ᠳᠤᠭᠤᠷᠠᠢ ᠲᠠᠢ | ᠳᠡᠭᠰᠢ ᠰᠠᠶᠢᠬᠠᠨ ᠪᠡᠶ᠎ᠡ ᠲᠠᠢ | ᠶᠢᠰᠦᠨ ᠪᠤᠯᠠᠭ ᠤᠨ ᠤᠰᠤᠨ ᠤ | ᠢᠳᠡ ᠬᠦᠴᠦ ᠪᠠᠷ ᠪᠤᠶᠢᠵᠢᠭᠰᠠᠨ | ᠢᠳᠡᠭᠰᠡᠨ ᠨᠤᠭᠤᠭ᠎ᠠ ᠶᠢᠨ ᠰᠢᠮ᠎ᠡ ᠪᠠᠷ | ᠳᠤᠷᠨᠢᠨ ᠪᠤᠶᠢᠵᠢᠵᠦ ᠦᠰᠦᠭᠰᠡᠨ | ᠲᠦᠷᠪᠡᠯᠵᠢᠨ ᠰᠠᠶᠢᠬᠠᠨ ᠪᠠᠶᠢᠳᠠᠯ ᠲᠠᠢ | ᠲᠦᠬᠦᠷᠡᠭᠬᠡᠨ ᠰᠠᠶᠢᠬᠠᠨ ᠡᠷᠳᠡᠨᠢ ᠲᠠᠢ | ᠳᠡᠷᠪᠡᠬᠡᠷ ᠰᠠᠶᠢᠬᠠᠨ ᠴᠢᠬᠢ ᠲᠠᠢ | ᠳᠤᠭᠤᠢ ᠰᠠᠶᠢᠬᠠᠨ ᠡᠪᠡᠷ ᠲᠠᠢ | ᠳᠡᠪᠢᠬᠦᠷ ᠰᠠᠶᠢᠬᠠᠨ ᠰᠡᠬᠦᠯ ᠲᠠᠢ | ᠬᠠᠩᠬᠠᠭᠠᠷ ᠡᠪᠯᠡᠭ ᠪᠡᠶ᠎ᠡ ᠲᠠᠢ | ᠬᠠᠪᠢᠰᠤᠨ ᠠᠷᠪᠢᠨ ᠤᠭᠤᠴᠠ ᠲᠠᠢ | ᠠᠴᠠ ᠲᠦ᠋ᠷᠪᠡᠨ | | ᠪᠡᠯᠡᠳᠬᠡᠭᠰᠡᠨ ᠨᠢ᠄ ᠡᠷᠳᠡᠨᠢᠬᠦᠦ | ᠨᠠᠶᠢᠷᠠᠭᠤᠯᠤᠭᠰᠠᠨ ᠨᠢ᠄ ᠨᠠᠮᠤᠷ | ᠬᠢᠨᠠᠭᠰᠠᠨ ᠨᠢ᠄ ᠤᠷᠢᠬᠠᠨ |