ᠱᠠᠭ᠎ᠠ ᠶᠢᠨ ᠢᠷᠦᠬᠡᠯ
ᠨᠡᠶᠢᠲᠡᠯᠡᠭᠰᠡᠨ ᠴᠠᠭ᠄
2020/12/22
ᠪᠤᠷᠵᠢᠬᠢᠨ ᠡᠬᠦᠯᠡᠴᠢ ᠱᠠᠭ᠎ᠠ ᠶᠢᠨ ᠢᠷᠦᠬᠡᠯ ᠤᠮ ᠰᠠᠶᠢᠨ ᠠᠮᠤᠭᠤᠯᠠᠩ ᠳᠠᠨ ᠪᠤᠯᠳᠤᠭᠠᠢ︕ ᠡᠩᠬᠡ ᠰᠠᠶᠢᠬᠠᠨ ᠵᠢᠷᠭᠠᠯᠠᠩ ᠳᠠᠨ ᠪᠤᠯᠳᠤᠭᠠᠢ︕ ᠡᠩ ᠤᠷᠳᠤ ᠶᠢᠨ ᠨᠢᠬᠡᠨ ᠴᠠᠭ ᠲᠤ ᠡᠵᠡᠨ ᠪᠤᠭᠳᠠ ᠴᠢᠩᠬᠢᠰ ᠬᠠᠭᠠᠨ ᠪᠠᠭ᠎ᠠ ᠨᠠᠰᠤᠨ ᠳᠠᠭᠠᠨ ᠪᠠᠶᠢᠬᠤ ᠶᠢᠨ ᠴᠠᠭ ᠲᠤ ᠵᠠᠳᠠᠷᠠᠨ ᠤᠪᠤᠭ ᠤᠨ ᠵᠠᠮᠤᠬ᠎ᠠ ᠲᠠᠢ ᠤᠨᠤᠨ ᠮᠦᠷᠢᠨ ᠤ ᠮᠦᠰᠦᠨ ᠳᠡᠬᠡᠷ᠎ᠡ ᠠᠯᠳᠠᠨ ᠮᠦᠩᠬᠦᠨ ᠱᠠᠭ᠎ᠠ ᠳᠤᠭᠯᠠᠵᠤ ᠠᠩᠬᠠᠨ ᠤ ᠠᠨᠳᠠ ᠪᠤᠯᠤᠯᠴᠠᠨ ᠠᠷᠢᠭᠤᠨ ᠱᠠᠭ᠎ᠠ ᠰᠤᠯᠢᠯᠴᠠᠭᠰᠠᠨ ᠬᠡᠨ᠎ᠡ᠃ ᠵᠠ ᠡᠨᠡ ᠱᠠᠭ᠎ᠠ ᠶᠢ ᠨᠢ ᠠᠪᠤᠭᠠᠳ ᠰᠢᠨᠵᠢᠬᠡᠳ ᠦᠵᠡᠪᠡᠯ᠄ ᠠᠳᠤᠭᠤ ᠮᠠᠯ ᠳᠠᠪᠤᠨ ᠡᠷᠳᠡᠨᠢ ᠠᠯᠳᠠᠨ ᠱᠠᠭ᠎ᠠ ᠠᠷᠪᠠᠨ ᠡᠷᠳᠡᠨᠢ ᠮᠤᠷᠢᠨ ᠱᠠᠭ᠎ᠠ ᠮᠤᠯᠤᠷ ᠡᠷᠳᠡᠨᠢ ᠮᠦᠩᠬᠦᠨ ᠱᠠᠭ᠎ᠠ ᠪᠤᠶᠠᠨᠳᠤ ᠡᠷᠳᠡᠨᠢ ᠮᠠᠯ ᠶᠢᠨ ᠱᠠᠭ᠎ᠠ ᠮᠦᠩᠬᠡ ᠡᠷᠳᠡᠨᠢ ᠮᠠᠯᠴᠢᠨ ᠳᠦᠮᠡᠨ ᠤ ᠡᠷᠬᠡᠮ ᠡᠷᠳᠡᠨᠢ ᠬᠤᠨᠢᠨ ᠱᠠᠭ᠎ᠠ ᠬᠤᠪᠤᠷ ᠡᠷᠳᠡᠨᠢ ᠬᠤᠳᠠᠯᠠ ᠤᠯᠠᠨ ᠤ ᠳᠤᠭᠯᠠᠭᠠᠮ ᠶᠢᠨ ᠡᠷᠳᠡᠨᠢ ᠮᠢᠬᠠᠨ ᠳᠤᠳᠤᠷ᠎ᠠ ᠶᠠᠰᠤ ᠡᠷᠳᠡᠨᠢ ᠶᠠᠰᠤᠨ ᠳᠤᠳᠤᠷ᠎ᠠ ᠱᠠᠭ᠎ᠠ ᠡᠷᠳᠡᠨᠢ ᠳᠡᠭᠰᠢ ᠳᠠᠯ᠎ᠠ ᠨᠢ ᠮᠤᠷᠢᠨ ᠡᠷᠳᠡᠨᠢ ᠡᠰᠡᠷᠭ ᠳᠠᠯ᠎ᠠ ᠨᠢ ᠳᠡᠮᠡᠬᠡᠨ ᠡᠷᠳᠡᠨᠢ ᠬᠦᠳᠡᠩ ᠳᠠᠯ᠎ᠠ ᠨᠢ ᠦᠬᠡᠷ ᠡᠷᠳᠡᠨᠢ ᠬᠤᠳᠤᠩ ᠳᠠᠯ᠎ᠠ ᠨᠢ ᠬᠤᠨᠢ ᠢᠮᠠᠭᠠᠨ ᠤ ᠡᠷᠳᠡᠨᠢ ᠳᠡᠬᠡᠭᠰᠢ ᠶᠢᠨ ᠪᠠᠨ ᠬᠠᠨᠳᠤᠪᠠᠯ ᠠᠯᠳᠠᠨ ᠪᠠᠭᠠᠨ᠎ᠠ ᠳᠤᠭᠤᠭᠰᠢ ᠪᠠᠨ ᠬᠠᠨᠳᠤᠪᠠᠯ ᠱᠤᠷᠤᠨ ᠪᠠᠭᠠᠨ᠎ᠠ ᠬᠤᠷᠤᠢ ᠬᠤᠷᠤᠢ ᠬᠤᠷᠤᠢ ᠵᠠ ᠡᠨᠡ ᠳᠡᠭᠰᠢ ᠳᠠᠯ᠎ᠠ ᠠᠴᠠ ᠨᠢ ᠦᠵᠡᠪᠡᠯ᠄ ᠴᠡᠭᠷᠡᠸᠠᠷᠳᠢ ᠬᠠᠭᠠᠨ ᠤ ᠰᠠᠩ ᠳᠤ ᠰᠠᠩᠪᠤᠤ ᠵᠠᠯᠰᠠᠨ ᠤ ᠬᠠᠳᠤᠨ ᠤ ᠰᠦᠷᠦᠭ ᠲᠤ ᠽᠠᠨᠳᠠᠨ ᠬᠦᠷᠦᠩ ᠮᠤᠷᠢᠨ ᠠᠴᠠ ᠭᠠᠷᠤᠭᠰᠠᠨ ᠪᠢᠯᠡᠬᠦᠨ ᠬᠡᠬᠡᠷ᠎ᠡ ᠮᠤᠷᠢ ᠪᠠᠶᠢᠨ᠎ᠠ᠃ ᠴᠢᠬᠢᠭ ᠲᠠᠢ ᠭᠠᠵᠠᠷ ᠪᠡᠯᠴᠢᠬᠡᠷᠯᠡᠭᠰᠡᠨ ᠴᠡᠴᠡᠭ ᠲᠠᠢ ᠭᠠᠵᠠᠷ ᠵᠤᠭᠰᠤᠭᠠᠭᠰᠠᠨ ᠬᠢᠵᠡᠯᠡᠩ ᠳᠤ ᠨᠢ ᠬᠢᠨᠠᠭᠰᠠᠨ ᠰᠤᠶᠤᠯᠠᠩ ᠳᠤ ᠨᠢ ᠰᠤᠷᠢᠭᠰᠠᠨ ᠲᠦᠬᠡ ᠰᠠᠶᠢᠬᠠᠨ ᠴᠢᠬᠢ ᠲᠠᠢ ᠲᠦᠬᠦᠷᠡᠩ ᠬᠠᠷ᠎ᠠ ᠨᠢᠳᠦ ᠲᠠᠢ ᠳᠤᠷᠤᠭ ᠰᠠᠶᠢᠬᠠᠨ ᠪᠡᠶ᠎ᠡ ᠲᠠᠢ ᠳᠤᠭ ᠰᠠᠶᠢᠬᠠᠨ ᠰᠡᠬᠦᠯ ᠲᠠᠢ ᠦᠨᠳᠦᠷ ᠰᠠᠶᠢᠬᠠᠨ ᠪᠡᠶ᠎ᠡ ᠲᠠᠢ ᠦᠷᠬᠡᠨ ᠰᠠᠶᠢᠬᠠᠨ ᠴᠡᠬᠡᠵᠢ ᠲᠠᠢ ᠤᠷᠳᠤ ᠰᠠᠶᠢᠬᠠᠨ ᠵᠤ ᠲᠠᠢ ᠠᠭᠤᠵᠢᠮ ᠰᠠᠶᠢᠬᠠᠨ ᠳᠠᠰᠢᠶ᠎ᠠ ᠲᠠᠢ ᠬᠦᠯ ᠳᠡᠭᠡᠨ ᠵᠢᠷᠤᠭ᠎ᠠ ᠲᠠᠢ ᠬᠦᠵᠦᠬᠦᠨ ᠳᠡᠭᠡᠨ ᠤᠶᠠᠯᠭ᠎ᠠ ᠲᠠᠢ ᠦᠶᠡᠨ ᠳᠡᠭᠡᠨ ᠦᠵᠦᠭ ᠲᠠᠢ ᠦᠰᠦᠨ ᠳᠡᠭᠡᠨ ᠳᠡᠮᠳᠡᠭ ᠲᠠᠢ ᠡᠷᠳᠡᠨᠢ ᠶᠢᠨ ᠴᠠᠭᠠᠨ ᠮᠤᠷᠢ ᠪᠠᠶᠢᠨ᠎ᠠ᠃ ᠬᠤᠶᠠᠷ ᠴᠢᠬᠢ ᠨᠢ ᠬᠤᠩᠬᠤᠨ ᠸᠠᠴᠢᠷ ᠪᠤᠯᠤᠭᠰᠠᠨ ᠬᠠᠶᠠᠷ ᠨᠢᠳᠤ ᠨᠢ ᠳᠤᠷᠠᠨ ᠪᠤᠯᠤᠭᠰᠠᠨ ᠬᠤᠷᠢᠨ ᠳᠦᠷᠪᠡᠨ ᠯᠠᠪᠠᠢ ᠴᠠᠭᠠᠨ ᠰᠢᠳᠦ ᠨᠢ ᠠᠷᠪᠠᠨ ᠵᠦᠭ ᠤᠨ ᠳᠠᠬᠢᠯ ᠪᠤᠯᠤᠭᠰᠠᠨ ᠳᠡᠯ ᠰᠡᠬᠦᠯ ᠨᠢ ᠪᠠᠳᠮᠠᠨ ᠵᠢᠮᠰᠠ ᠪᠤᠯᠤᠭᠰᠠᠨ ᠵᠠᠭᠠᠨ ᠤ ᠳᠡᠷᠢᠬᠦᠨ ᠲᠠᠢ ᠯᠤᠤ ᠶᠢᠨ ᠬᠦᠵᠦᠬᠦᠤ ᠲᠠᠢ ᠭᠠᠷᠤᠳᠢ ᠶᠢᠨ ᠬᠤᠩᠰᠢᠶᠠᠷ ᠲᠠᠢ ᠠᠷᠰᠠᠯᠠᠨ ᠤ ᠬᠡᠳᠡᠰᠤ ᠲᠠᠢ ᠴᠤᠯᠤᠮᠠᠨ ᠬᠤᠶᠠᠷ ᠨᠢᠳᠤ ᠲᠠᠢ ᠴᠢᠨᠸ᠎ᠠ ᠶᠢᠨ ᠬᠤᠶᠠᠷ ᠴᠢᠬᠢ ᠲᠠᠢ ᠦᠶᠡᠩ ᠳᠦᠷᠪᠡᠨ ᠳᠤᠭᠤᠷᠠᠢ ᠲᠠᠢ ᠦᠰᠦ ᠪᠦᠷᠢ ᠨᠢ ᠦᠵᠡᠮᠵᠢ ᠲᠠᠢ ᠦᠶ᠎ᠡ ᠪᠦᠷᠢ ᠨᠢ ᠭᠠᠷᠴᠠᠭ ᠲᠠᠢ ᠡᠶᠢᠮᠤ ᠰᠠᠶᠢᠬᠠᠨ ᠳᠡᠭᠷᠢ ᠶᠢᠨ ᠶᠢᠰᠦᠨ ᠰᠢᠨᠵᠢ ᠳᠡᠬᠦᠰᠦᠭᠰᠠᠨ ᠠᠵᠢᠨᠠᠢ ᠬᠦᠯᠦᠭ ᠮᠤᠷᠢ ᠡᠷᠳᠡᠨᠢ ᠬᠡᠨ᠎ᠡ᠃ ᠬᠤᠷᠤᠢ ᠬᠤᠷᠤᠢ ᠬᠤᠷᠤᠢ ᠡᠨᠡ ᠳᠠᠯ᠎ᠠ ᠠᠴᠠ ᠨᠢ ᠢᠩᠬᠢᠵᠦ ᠬᠠᠷᠠᠪᠠᠯ ᠬᠤᠷᠮᠤᠰᠳᠠ ᠳᠡᠭᠷᠢ ᠶᠢᠨ ᠬᠤᠨ ᠴᠠᠭᠠᠨ ᠬᠤᠨ ᠴᠠᠭᠠᠨ ᠳᠡᠮᠡᠭᠡ ᠬᠡᠭᠴᠢ ᠨᠢ ᠪᠤᠯᠪᠠᠰᠤ᠄ ᠠᠷᠤ ᠭᠠᠵᠠᠷ ᠡᠬᠦᠳᠡᠭᠰᠡᠨ ᠳᠡᠮᠡᠭᠡ ᠬᠡᠨ᠎ᠡ ᠦᠯᠦᠬᠡᠢ ᠭᠠᠵᠠᠷ ᠦᠰᠦᠭᠰᠡᠨ ᠳᠡᠮᠡᠭᠡ ᠬᠡᠨ᠎ᠡ ᠪᠤᠳᠤᠭᠠᠨ ᠪᠡᠶ᠎ᠡ ᠳᠡᠭᠡᠨ ᠭᠤᠷᠪᠠᠨ ᠭᠤᠤᠯ ᠤᠨ ᠤᠰᠤ ᠶᠢ ᠳᠠᠰᠤ ᠵᠠᠯᠬᠢᠵᠦ ᠭᠤᠷᠪᠠᠳᠤᠭᠠᠷ ᠵᠢᠭᠠᠰᠤ ᠶᠢ ᠡᠮᠬᠦᠨ ᠠᠪᠴᠤ ᠠᠮᠠᠨ ᠳᠠᠭᠠᠨ ᠭᠠᠯ ᠪᠠᠳᠠᠷᠠᠭᠤᠯᠤᠭᠰᠠᠨ ᠬᠤᠨ ᠬᠡᠮᠡᠨ ᠨᠡᠷᠡᠶᠢᠳᠦᠭᠰᠡᠨ ᠳᠡᠮᠡᠭᠡ ᠤᠶᠢᠳᠤ ᠮᠡᠷᠬᠡᠨ᠂ ᠤᠷᠠᠨ ᠰᠡᠴᠡᠨ ᠬᠤᠶᠠᠭᠤᠯᠠ ᠮᠦᠩᠬᠦ ᠶᠢ ᠰᠤᠩᠭᠠᠵᠤ ᠪᠤᠶᠢᠯᠠ ᠵᠠᠰᠠᠭᠠᠳ ᠰᠤᠪᠤᠳ ᠢ ᠬᠡᠯᠬᠢᠵᠦ ᠪᠤᠷᠠᠨᠳᠠᠭ ᠵᠠᠰᠠᠭᠠᠳ ᠽᠠᠨᠳᠠᠨ ᠱᠠᠳᠤ ᠮᠠᠩᠨᠤᠭ ᠪᠠᠮᠪᠠᠢ ᠪᠠᠷ ᠴᠢᠮᠡᠭᠯᠡᠵᠦ ᠳᠤᠯᠤᠭᠠᠢ ᠨᠢ ᠮᠤᠯᠤᠷ ᠡᠷᠳᠡᠨᠢ ᠬᠤᠶᠠᠷ ᠨᠢᠳᠦ ᠨᠢ ᠰᠢᠯ ᠡᠷᠳᠡᠨᠢ ᠰᠢᠳᠦ ᠨᠢ ᠠᠪᠠᠢ ᠡᠷᠳᠡᠨᠢ ᠬᠦᠯ ᠨᠢ ᠬᠦᠷᠳᠦᠨ ᠡᠷᠳᠡᠨᠢ ᠬᠤᠭᠤᠯᠠᠢ ᠨᠢ ᠬᠤᠩᠬᠤᠨ ᠡᠷᠳᠡᠨᠢ ᠬᠤᠳᠤᠭᠠᠳᠤ ᠨᠢ ᠯᠤᠩᠬᠤᠨ ᠡᠷᠳᠡᠨᠢ ᠰᠡᠬᠦᠯ ᠨᠢ ᠰᠤᠪᠤᠳ ᠡᠷᠳᠡᠨᠢ ᠡᠳᠡᠬᠡᠷ ᠨᠠᠶᠢᠮᠠᠨ ᠡᠷᠳᠡᠨᠢ ᠪᠠᠷ ᠴᠢᠮᠡᠭᠯᠡᠵᠦ ᠬᠤᠯᠤᠭᠠᠨ᠎ᠠ ᠶᠢᠨ ᠴᠢᠬᠢ ᠲᠠᠢ ᠦᠬᠡᠷ ᠤᠨ ᠰᠡᠬᠡᠷ ᠲᠠᠢ ᠪᠠᠷᠠᠰ ᠤᠨ ᠬᠦᠴᠦ ᠲᠠᠢ ᠳᠠᠤᠯᠠᠢ ᠶᠢᠨ ᠤᠷᠤᠭᠤᠯ ᠲᠠᠢ ᠯᠤᠤ ᠶᠢᠨ ᠬᠦᠵᠦᠬᠦᠤ ᠲᠠᠢ ᠮᠤᠭᠠᠢ ᠶᠢᠨ ᠨᠢᠳᠦ ᠲᠠᠢ ᠮᠤᠷᠢᠨ ᠤ ᠰᠢᠳᠦ ᠲᠠᠢ ᠬᠤᠨᠢᠨ ᠤ ᠠᠬᠤᠷ ᠲᠠᠢ ᠪᠢᠴᠢᠨ ᠤ ᠦᠩᠬᠡ ᠲᠠᠢ ᠳᠠᠬᠢᠶ᠎ᠠ ᠶᠢᠨ ᠡᠪᠴᠡᠬᠦᠤ ᠲᠠᠢ ᠨᠤᠬᠠᠢ ᠶᠢᠨ ᠭᠤᠶ᠎ᠠ ᠲᠠᠢ ᠭᠠᠭ᠋ᠠᠢ ᠶᠢᠨ ᠰᠡᠬᠦᠯ ᠲᠠᠢ ᠮᠦᠨ ᠪᠡᠶ᠎ᠡ ᠳᠡᠭᠡᠨ ᠠᠷᠪᠠᠨ ᠬᠤᠶᠠᠷ ᠵᠢᠯ ᠢ ᠴᠤᠭᠴᠠᠯᠠᠵᠦ ᠠᠪᠴᠢᠷᠠᠭᠰᠠᠨ ᠳᠡᠮᠡᠭᠡ ᠠᠭᠠᠷ ᠳᠡᠭᠷᠢ ᠠᠴᠠ ᠢᠷᠡᠯ ᠲᠠᠢ ᠠᠯᠳᠠᠨ ᠳᠡᠯᠡᠬᠡᠢ ᠳᠤ ᠠᠯᠳᠠᠷ ᠲᠠᠢ ᠰᠡᠷᠡᠭᠡ ᠪᠦᠬᠦ ᠨᠢ ᠰᠠᠵᠢᠯᠠᠭᠠᠳ ᠦᠬᠡᠢ ᠱᠢᠷᠮᠡᠨ ᠳᠠᠪᠠᠭ ᠨᠢ ᠴᠤᠭᠤᠷᠠᠭᠠᠳ ᠦᠬᠡᠢ ᠪᠠᠭᠤᠮᠠᠯ ᠬᠦᠴᠦ ᠨᠢ ᠪᠠᠭᠤᠷᠠᠭᠠᠳ ᠦᠬᠡᠢ ᠪᠤᠯᠭᠠᠨ ᠰᠤᠷ ᠨᠢ ᠬᠤᠭᠤᠷᠠᠭᠠᠳ ᠦᠬᠡᠢ ᠠᠮᠪᠢᠨ ᠴᠠᠭᠠᠨ ᠳᠡᠮᠡᠭᠡ ᠡᠷᠳᠡᠨᠢ ᠬᠡᠵᠦ ᠡᠨᠡ ᠳᠠᠯ᠎ᠠ ᠶᠢ ᠨᠢ ᠬᠡᠯᠡᠨ᠎ᠡ︔ ᠬᠤᠷᠤᠢ ᠬᠤᠷᠤᠢ ᠬᠤᠷᠤᠢ ᠵᠠ ᠡᠨᠡ ᠬᠤᠨᠳᠤᠯᠠᠢ ᠳᠠᠯ᠎ᠠ ᠨᠢ ᠦᠬᠡᠷ ᠡᠷᠳᠡᠨᠢ ᠪᠢᠯᠡ ᠠᠪᠤᠨ ᠰᠠᠶᠢᠬᠠᠨ ᠰᠢᠨᠵᠢᠬᠡᠳ ᠦᠵᠡᠪᠡᠯ ᠠᠷᠢᠭᠤᠨ ᠳᠡᠭᠷᠢ ᠶᠢᠨ ᠤᠷᠤᠨ ᠳᠤ ᠤᠷᠤᠰᠢᠨ ᠪᠦᠬᠡᠳᠡᠯ᠎ᠡ ᠠᠮᠢᠳᠠᠨ ᠬᠦᠮᠦᠨ ᠶᠢ ᠳᠤᠰᠯᠠᠬᠤ ᠶᠢᠨ ᠳᠤᠯᠠᠳᠠ ᠡᠨᠡᠬᠦ ᠶᠢᠷᠳᠢᠨᠴᠤ ᠳᠤ ᠪᠠᠭᠤᠯᠭᠠᠭᠰᠠᠨ ᠨᠦᠢᠷᠰᠤᠭᠰᠠᠨ ᠮᠠᠳᠤ ᠨᠤᠮᠤᠬᠠᠨ ᠵᠠᠩ ᠲᠠᠢ ᠨᠤᠭᠤᠭ᠎ᠠ ᠳᠡᠯᠬᠡᠷᠡᠭᠰᠡᠨ ᠮᠡᠳᠦ ᠳᠠᠷᠭᠤ ᠬᠦᠴᠦ ᠲᠠᠢ ᠬᠤᠪ ᠰᠢᠷ᠎ᠠ ᠦᠬᠡᠷ ᠡ ᠬᠦᠨᠳᠠᠢ ᠲᠦᠬᠦᠷᠡᠩ ᠬᠡᠪᠳᠡᠷᠢ ᠲᠠᠢ ᠬᠦᠳᠡᠯ ᠲᠦᠬᠦᠷᠡᠩ ᠴᠤᠪᠠᠭ᠎ᠠ ᠲᠠᠢ ᠬᠤᠪ ᠰᠢᠷ᠎ᠠ ᠵᠢᠰᠦ ᠲᠠᠢ ᠽᠠᠨᠳᠠᠨ ᠬᠠᠷ᠎ᠠ ᠡᠪᠡᠷ ᠲᠠᠢ ᠴᠡᠯ ᠶᠡᠭᠡ ᠱᠠᠯᠠᠩ ᠲᠠᠢ ᠳᠤᠩ ᠴᠠᠩ ᠤᠨ ᠳᠠᠭᠤ ᠲᠠᠢ ᠴᠢᠬᠢᠨ ᠠᠴᠠ ᠪᠠᠨ ᠴᠡᠴᠡᠭ ᠰᠡᠬᠦᠯ ᠠᠴᠠ ᠪᠠᠨ ᠰᠦᠷ ᠲᠠᠢ ᠦᠰᠦᠨ ᠠᠴᠠ ᠪᠠᠨ ᠦᠰᠦᠭ ᠲᠠᠢ ᠠᠯᠤᠰ ᠳᠠᠯᠠᠩ ᠪᠡᠶ᠎ᠡ ᠲᠠᠢ ᠠᠯᠳᠠᠨ ᠳᠠᠯᠢᠮ ᠠᠯᠬᠤᠭ᠎ᠠ ᠲᠠᠢ ᠰᠠᠯᠠᠭ᠎ᠠ ᠲᠦᠷᠪᠡᠨ ᠲᠤᠭᠤᠷᠠᠢ ᠲᠠᠢ ᠰᠡᠨᠳᠠᠨ ᠤᠯᠠᠭᠠᠨ ᠦᠩᠬᠡ ᠲᠠᠢ ᠳᠡᠪᠢᠬᠦᠷ ᠠᠳᠠᠯᠢ ᠬᠡᠳᠡᠰᠤ ᠲᠠᠢ ᠳ᠋ᠠᠯᠡᠩ ᠲᠦᠬᠦᠷᠡᠩ ᠰᠦ ᠲᠠᠢ ᠰᠡᠷᠳᠡᠬᠡᠷ ᠬᠤᠶᠠᠷ ᠴᠢᠬᠢ ᠲᠠᠢ ᠰᠡᠷᠬᠡᠭ ᠬᠤᠶᠠᠷ ᠨᠢᠳᠦ ᠲᠠᠢ ᠮᠤᠰᠢᠭᠤ ᠬᠤᠶᠠᠷ ᠡᠪᠡᠷ ᠲᠠᠢ ᠮᠦᠩᠬᠦᠨ ᠬᠤᠩᠬᠤᠨ ᠳᠠᠭᠤ ᠲᠠᠢ ᠪᠤᠰᠤᠭ᠎ᠠ ᠦᠨᠳᠦᠷ ᠰᠡᠬᠡᠷ ᠲᠠᠢ ᠪᠤᠶᠠᠨ ᠬᠡᠰᠡᠭ ᠤᠨ ᠨᠢᠷᠤᠭᠤ ᠲᠠᠢ ᠬᠠᠩᠬᠠᠯ ᠲᠦᠬᠦᠷᠡᠩ ᠬᠠ ᠲᠠᠢ ᠬᠠᠰ ᠦᠯᠵᠡᠢ ᠶᠢᠨ ᠭᠤᠶ᠎ᠠ ᠲᠠᠢ ᠪᠦᠲᠦᠬᠦᠨ ᠱᠠᠷ ᠤᠨ ᠴᠤᠯᠠ ᠲᠠᠢ ᠪᠤᠮᠠᠨ ᠰᠠᠶ᠎ᠠ ᠪᠠᠷ ᠪᠡᠯᠴᠢᠳᠡᠭ ᠮᠤᠩᠭᠤᠯ ᠰᠠᠶᠢᠬᠠᠨ ᠦᠬᠡᠷ ᠡᠨᠡ ᠡ ᠬᠤᠷᠤᠢ ᠬᠤᠷᠤᠢ ᠬᠤᠷᠤᠢᠪᠡᠯᠡᠳᠬᠡᠭᠰᠡᠨ ᠨᠢ᠄ ᠡᠷᠳᠡᠨᠢᠬᠦᠦᠨᠠᠶᠢᠷᠠᠭᠤᠯᠤᠭᠰᠠᠨ ᠨᠢ᠄ ᠨᠠᠮᠤᠷᠬᠢᠨᠠᠭᠰᠠᠨ ᠨᠢ᠄ ᠤᠷᠢᠬᠠᠨ
 
ᠢᠷᠡᠯᠲᠡ᠄ ᠲᠤᠰ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号