ᠳᠤᠯᠭ᠎ᠠ ᠶᠢᠨ ᠭᠤᠷᠪᠠᠨ ᠴᠢᠯᠠᠭᠤ
ᠨᠡᠶᠢᠲᠡᠯᠡᠭᠰᠡᠨ ᠴᠠᠭ᠄
2020/12/22
 ᠪᠤᠷᠵᠢᠬᠢᠨ ᠡᠬᠦᠯᠡᠴᠢ ᠳᠦᠮᠡᠨ ᠮᠢᠩᠭᠠᠨ ᠵᠢᠯ ᠤᠨ ᠳᠡᠷᠳᠡᠭᠡ ᠳᠤ ᠳᠡᠤᠬᠡ ᠶᠢᠨ ᠭᠠᠯ ᠨᠤᠴᠠᠭᠠᠭᠰᠠᠨ᠂ ᠳᠤᠯᠭ᠎ᠠ ᠶᠢᠨ ᠭᠤᠷᠪᠠᠨ ᠴᠢᠯᠠᠭᠤ︔ ᠳᠤᠮᠤᠭ ᠶᠠᠷᠢᠵᠦ᠂ ᠳᠤᠤᠯᠢ ᠬᠠᠶᠢᠯᠠᠳᠠᠭ᠂ ᠡᠯᠡᠨᠴᠡᠭ ᠡᠪᠦᠭᠡ ᠶᠢᠨ ᠭᠠᠯ ᠢᠶᠠᠨ ᠬᠦᠭᠵᠢᠬᠡᠭᠰᠡᠨ︔ ᠳᠤᠯᠭ᠎ᠠ ᠶᠢᠨ ᠭᠤᠷᠪᠠᠨ ᠴᠢᠯᠠᠭᠤ︔ ᠮᠢᠩᠭ᠎ᠠ ᠮᠢᠩᠭ᠎ᠠ ᠪᠠᠷ ᠤᠯᠠᠷᠠᠭᠰᠠᠨ᠂ ᠳᠡᠭᠷᠢ ᠰᠢᠳᠦᠬᠡᠨᠳᠦ ᠳᠡᠬᠡᠳᠦᠰ ᠤᠨ᠂ ᠬᠦᠭᠵᠢᠶᠡᠵᠤ ᠮᠠᠨᠠᠵᠤ ᠳᠠᠯᠪᠢᠭᠰᠠᠨ ᠳᠤᠯᠭ᠎ᠠ ᠶᠢᠨ ᠭᠤᠷᠪᠠᠨ ᠴᠢᠯᠠᠭᠤ︔ ᠪᠤᠳᠤᠨᠴᠢᠷ ᠪᠤᠭᠳᠠ ᠶᠢᠨ ᠵᠠᠬᠢᠶ᠎ᠡ ᠪᠠᠷ ᠨᠤᠳᠤᠭ ᠪᠠᠨ ᠰᠠᠬᠢᠭᠰᠠᠨ ᠳᠤᠯᠭ᠎ᠠ ᠶᠢᠨ ᠭᠤᠷᠪᠠᠨ ᠴᠢᠯᠠᠭᠤ︔ ᠦᠬᠡᠯᠦᠨ ᠡᠬᠡ ᠶᠢᠨ ᠰᠤᠷᠭᠠᠯ ᠢ ᠡᠬᠦᠷᠢᠳᠡ ᠬᠠᠳᠠᠭᠠᠯᠠᠭᠰᠠᠨ ᠳᠤᠯᠭ᠎ᠠ ᠶᠢᠨ ᠭᠤᠷᠪᠠᠨ ᠴᠢᠯᠠᠭᠤ︔ ᠪᠤᠭᠳᠠ ᠴᠢᠩᠬᠢᠰ ᠡᠵᠡᠨ ᠤ ᠳᠢᠪ ᠳᠡᠯᠡᠬᠡᠢ ᠶᠢ ᠬᠡᠮᠵᠢᠭᠰᠡᠨ ᠳᠤᠯᠭ᠎ᠠ ᠶᠢᠨ ᠭᠤᠷᠪᠠᠨ ᠴᠢᠯᠠᠭᠤ︔ ᠪᠦᠮᠪᠦᠬᠡᠷ ᠬᠡᠷ ᠤᠨ ᠪᠠᠭᠤᠴᠠᠨ ᠳᠤ ᠳᠠᠮᠤᠭᠠᠯᠠᠵᠤ ﹇ᠳᠠᠮᠠᠭᠠᠯᠠᠵᠤ﹈ ᠦᠯᠡᠳᠡᠭᠰᠡᠨ ᠳᠤᠯᠭ᠎ᠠ ᠶᠢᠨ ᠭᠤᠷᠪᠠᠨ ᠴᠢᠯᠠᠭᠤ︔ ᠦᠨᠳᠦᠷ ᠠᠭᠤᠯᠠᠨ ᠤ ᠡᠩᠬᠡᠷ ᠲᠤ ᠦᠷᠦᠵᠦ ﹇ᠦᠷᠡᠵᠤ﹈ ᠳᠠᠯᠪᠢᠭᠰᠠᠨ ᠳᠤᠯᠭ᠎ᠠ ᠶᠢᠨ ᠭᠤᠷᠪᠠᠨ ᠴᠢᠯᠠᠭᠤ︔ ᠦᠷᠬᠡᠨ ᠳᠠᠯ᠎ᠠ ᠶᠢᠨ ᠳᠡᠨᠵᠢᠨ ᠳᠤ ᠴᠢᠨᠳᠠᠮᠠᠯᠠᠵᠤ ﹇ᠴᠢᠨᠳᠠᠮᠠᠯᠵᠤ﹈ ᠬᠠᠷᠠᠭᠳᠠᠳᠠᠭ ᠳᠤᠯᠭ᠎ᠠ ᠶᠢᠨ ᠭᠤᠷᠪᠠᠨ ᠴᠢᠯᠠᠭᠤ︔ ᠳᠦᠷᠦ ᠶᠡᠭᠡ ᠬᠦᠷᠦᠨ ᠤ ᠡᠩᠬᠡ ᠶᠢᠨ ᠪᠡᠯᠡᠭᠳᠡᠯᠳᠦ ᠳᠤᠯᠭ᠎ᠠ ᠶᠢᠨ ᠭᠤᠷᠪᠠᠨ ᠴᠢᠯᠠᠭᠤ︔ ᠡᠬᠡᠷᠡᠮ᠎ᠡ ᠬᠡᠬᠡᠷ᠎ᠡ ᠲᠤ ᠬᠤᠷᠯᠤᠯᠳᠠᠭᠰᠠᠨ ᠳᠤᠯᠭ᠎ᠠ ᠶᠢᠨ ᠭᠤᠷᠪᠠᠨ ᠴᠢᠯᠠᠭᠤ︔ ᠬᠡᠵᠢᠶ᠎ᠡ ᠡᠬᠦᠷᠢᠳᠡ ᠬᠤᠪᠢᠷᠠᠰᠢ ᠦᠬᠡᠢ ᠳᠤᠯᠭ᠎ᠠ ᠶᠢᠨ ᠭᠤᠷᠪᠠᠨ ᠴᠢᠯᠠᠭᠤ︔ ᠳᠦᠭ ᠳᠦᠮᠡᠨ ᠮᠤᠩᠭᠤᠯᠴᠣᠳ ᠤᠨ ᠰᠦᠯᠳᠡ ᠬᠢᠢᠮᠤᠷᠢ ᠨᠢ ᠪᠤᠯᠤᠭᠰᠠᠨ ᠳᠤᠯᠭ᠎ᠠ ᠶᠢᠨ ᠭᠤᠷᠪᠠᠨ ᠴᠢᠯᠠᠭᠤ︔ ᠪᠤᠰᠤᠭ᠎ᠠ ᠰᠤᠶᠤᠯ ᠤᠨ ᠦᠢᠯᠡᠰ ᠢ ᠳᠦᠷᠦᠯᠵᠡᠬᠦᠯᠦᠩᠬᠡᠨ ﹇ᠳᠦᠷᠦᠯᠵᠢᠭᠦᠯᠦᠩᠬᠢᠨ﹈ ᠪᠠᠶᠢᠳᠠᠭ ᠳᠤᠯᠭ᠎ᠠ ᠶᠢᠨ ᠭᠤᠷᠪᠠᠨ ᠴᠢᠯᠠᠭᠤ︔ ᠢᠷᠠᠭᠤ ᠨᠠᠶᠢᠷᠠᠭ ᠶᠢᠨ ᠤᠶᠠᠩᠭ᠎ᠠ ᠤᠨᠳᠠᠷᠠᠩᠬᠠᠨ ᠪᠠᠶᠢᠳᠠᠭ ᠳᠤᠯᠭ᠎ᠠ ᠶᠢᠨ ᠭᠤᠷᠪᠠᠨ ᠴᠢᠯᠠᠭᠤ︔ ᠠᠭᠠᠷ ᠬᠦᠬᠡ ᠳᠡᠭᠷᠢ ᠪᠠᠨ ᠰᠢᠷᠳᠡᠩᠬᠡᠨ ᠪᠠᠶᠢᠳᠠᠭ ᠳᠤᠯᠭ᠎ᠠ ᠶᠢᠨ ᠭᠤᠷᠪᠠᠨ ᠴᠢᠯᠠᠭᠤ︔ ᠬᠦᠬᠡ ᠮᠤᠩᠭᠤᠯ ᠨᠤᠳᠤᠭ ᠤᠨ ᠡᠵᠡᠨ ᠨᠢ ᠪᠤᠯᠤᠭᠰᠠᠨ ᠳᠤᠯᠭ᠎ᠠ ᠶᠢᠨ ᠭᠤᠷᠪᠠᠨ ᠴᠢᠯᠠᠭᠤ︔ ᠮᠦᠩᠬᠡᠷᠡᠨ ᠦᠯᠡᠳᠡᠭᠰᠡᠨ ᠳᠤᠯᠭ᠎ᠠ ᠶᠢᠨ ᠭᠤᠷᠪᠠᠨ ᠴᠢᠯᠠᠭᠤ︔ ᠦᠨᠴᠢᠷᠡᠨ ᠬᠤᠴᠤᠷᠠᠭᠰᠠᠨ ᠳᠤᠯᠭ᠎ᠠ ᠶᠢᠨ ᠭᠤᠷᠪᠠᠨ ᠴᠢᠯᠠᠭᠤ︔ ᠳᠤᠯᠭ᠎ᠠ ᠶᠢᠨ ᠭᠤᠷᠪᠠᠨ ᠴᠢᠯᠠᠭᠤ︔︔︔ᠪᠡᠯᠡᠳᠬᠡᠭᠰᠡᠨ ᠨᠢ᠄ ᠡᠷᠳᠡᠨᠢᠬᠦᠦᠨᠠᠶᠢᠷᠠᠭᠤᠯᠤᠭᠰᠠᠨ ᠨᠢ᠄ ᠨᠠᠮᠤᠷᠬᠢᠨᠠᠭᠰᠠᠨ ᠨᠢ᠄ ᠤᠷᠢᠬᠠᠨ
 
ᠢᠷᠡᠯᠲᠡ᠄ ᠲᠤᠰ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号