ᠬᠠᠨ ᠬᠠᠶᠢᠷᠠᠬᠠᠨ ᠠᠯᠠᠱᠠ ᠮᠢᠨᠢ
ᠨᠡᠶᠢᠲᠡᠯᠡᠭᠰᠡᠨ ᠴᠠᠭ᠄
2020/12/22
 ᠪᠤᠷᠵᠢᠬᠢᠨ ᠡᠬᠦᠯᠡᠴᠢ ᠡᠨᠡ ᠰᠢᠯᠦᠭ ᠢ ᠬᠤᠶᠢᠨ᠎ᠠ ᠠᠴᠠ ᠨᠢ ᠤᠩᠰᠢᠭᠠᠷᠠᠢ ᠪᠤᠷᠵᠢᠬᠢᠨ ᠡᠬᠦᠯᠡᠴᠢ ᠠᠴᠠ ᠡᠶᠢᠮᠦ ᠯᠡ ᠰᠠᠶᠢᠬᠠᠨ ᠠᠯᠠᠱᠠ ᠮᠢᠨᠢ ᠡ︕ ᠬᠠᠶᠢᠷ᠎ᠠ ᠶᠢᠨ ᠦᠯᠦᠬᠡᠢ ᠠᠯᠠᠱᠠ ᠬᠠᠮᠤᠭ ᠳᠦᠮᠡᠨ ᠳᠡᠭᠡᠨ ᠢᠪᠡᠬᠡᠯᠡᠭᠳᠡᠭᠰᠡᠨ ᠳᠠᠷᠬᠠᠨ ᠰᠦᠷᠯᠦᠭ ᠠᠭᠤᠯᠠᠰ ᠲᠠᠢ︔ ᠡᠷᠳᠡᠨᠢᠰ ᠤᠨ ᠴᠢᠯᠠᠭᠤ ᠪᠠᠷ ᠬᠤᠶᠠᠭᠯᠠᠭᠰᠠᠨ ᠳᠡᠭᠷᠢᠯᠢᠭ ᠴᠢᠩᠬᠢᠰ ᠤᠨ ᠮᠦᠷ ᠲᠠᠢ︔ ᠳᠠᠶᠠᠩ ᠳᠡᠯᠡᠬᠡᠢ ᠳᠤ ᠮᠡᠳᠡᠷᠡᠭᠳᠡᠭᠰᠡᠨ ᠬᠠᠳᠠᠨ ᠵᠢᠷᠤᠭ ᠤᠨ ᠦᠵᠡᠬᠦᠯᠬᠡ ᠲᠠᠢ︔ ᠡᠷᠳᠡᠨ ᠤ ᠳᠤᠮᠤᠭ ᠢ ᠬᠠᠶᠢᠯᠠᠭᠰᠠᠨ ᠬᠠᠷ᠎ᠠ ᠭᠤᠤᠯ ᠤᠨ ᠱᠤᠤᠬᠢᠶᠠᠨ ᠲᠠᠢ︔ ᠳᠠᠯᠠᠢ ᠳᠠᠩᠬᠢᠰ ᠲᠠᠢ ᠮᠦᠷᠦᠬᠡᠴᠡᠭᠰᠡᠨ ᠰᠠᠩᠰᠠᠷ ᠤᠨ ᠭᠤᠶᠤᠬᠠᠨ ᠬᠤᠳᠠ ᠲᠠᠢ︔ ᠤᠭᠳᠠᠷᠭᠤᠢ ᠶᠢᠨ ᠴᠡᠬᠡᠯ ᠶᠢ ᠡᠵᠢᠮᠳᠡᠭᠰᠡᠨ ᠡᠩᠬᠡ ᠳᠠᠶᠢᠪᠠᠩ ᠠᠯᠠᠱᠠ ᠮᠢᠨᠢ ᠡ︕ ᠬᠠᠷ᠎ᠠ ᠨᠡᠬᠦᠷᠰᠦᠨ ᠤ ᠠᠭᠤᠷᠬᠠᠢ ᠲᠠᠢ︔ ᠬᠠᠬᠢᠷ ᠬᠦᠢᠳᠡᠨ ᠶᠢ ᠳᠤᠯᠠᠭᠤᠴᠠᠯᠠᠭᠴᠢ ᠬᠦᠬᠡ ᠳᠠᠪᠤᠰᠤᠨ ᠤ ᠭᠠᠷᠤᠯᠳᠠ ᠲᠠᠢ︔ ᠬᠦᠷᠦᠨ ᠳᠠᠮᠵᠢᠨ ᠪᠤᠷᠯᠠᠭᠤᠯᠤᠭᠳᠠᠬᠤ ᠬᠤᠤᠰ ᠪᠦᠬᠦᠳᠦ ᠳᠡᠮᠡᠭᠡ ᠲᠠᠢ︔ ᠳᠡᠯᠡᠬᠡᠢ ᠶᠢᠨ ᠵᠠᠢ ᠳᠤ ᠬᠤᠪᠤᠷᠳᠠᠭᠰᠠᠨ ᠬᠠᠨ ᠤᠪᠰᠢ ᠶᠢᠨ ᠳᠡᠤᠬᠡ ᠲᠠᠢ︔ ᠢᠵᠢᠯ ᠵᠠᠢ ᠠᠴᠠ ᠨᠦᠬᠦᠳᠡᠯᠡᠭᠰᠡᠨ ᠭᠤᠷᠪᠠᠨ ᠰᠠᠶᠢᠬᠠᠨ ᠮᠤᠩᠭᠤᠯ ᠲᠠᠢ︔ ᠤᠶᠢᠷᠠᠳ᠂ ᠬᠠᠯᠬ᠎ᠠ᠂ ᠳᠤᠷᠭᠤᠳ᠂ ᠭᠤᠷᠪᠠᠨ ᠰᠠᠶᠢᠬᠠᠨ ᠬᠤᠰᠢᠭᠤ ᠲᠠᠢ︔ ᠳᠤᠯᠠᠭ᠎ᠠ ᠶᠢᠨ ᠭᠤᠷᠪᠠᠨ ᠰᠢᠭ᠋ ᠬᠠᠨ ᠳᠡᠭᠷᠢ ᠠᠯᠠᠱᠠ ᠮᠢᠨᠢ ᠡ︕ ᠠᠷᠪᠢᠨ ᠰᠠᠶᠢᠬᠠᠨ ᠬᠢᠳ ᠲᠠᠢ︔ ᠬᠤᠰᠢᠭᠤ ᠤᠯᠠᠨ ᠳᠠᠭᠠᠨ ᠰᠦᠵᠦᠭᠯᠡᠳᠡᠭ ᠳᠤᠤᠷᠠᠢ ᠮᠤᠳᠤᠨ ᠤ ᠤᠢ ᠲᠠᠢ︔ ᠬᠤᠯᠠ ᠤᠶᠢᠷ᠎ᠠ ᠳᠠᠭᠠᠨ ᠨᠡᠷ᠎ᠡ ᠲᠠᠢ ᠠᠯᠳᠠᠨ᠂ ᠮᠦᠩᠬᠦᠨ ᠪᠤᠯᠤᠭ ᠲᠠᠢ︔ ᠬᠠᠮᠤᠭ ᠠᠮᠢᠳᠠᠳ ᠢ ᠤᠮᠳᠠᠯᠠᠭᠤᠯᠤᠭᠴᠢ ᠬᠠᠶᠢᠰᠠᠨ ᠴᠢᠯᠠᠭᠤᠳ ᠤᠨ ᠦᠵᠡᠮᠵᠢ ᠲᠠᠢ︔ ᠰᠤᠨᠢᠨ ᠬᠠᠴᠢᠨ ᠳᠦᠷᠢ ᠪᠠᠷ ᠢᠶᠠᠨ ᠪᠦᠳᠦᠭᠰᠡᠨ ᠪᠠᠳᠠᠢ ᠶᠢᠨ ᠵᠢᠷᠠᠨ ᠤ ᠭᠠᠭ᠋ᠠᠮᠰᠢᠭᠳᠠᠢ︔ ᠳᠠᠶᠠᠨ ᠤ ᠰᠤᠨᠤᠷ ᠲᠤ ᠳᠠᠷᠬᠠᠭᠳᠠᠭᠰᠠᠨ ᠠᠯᠠᠭ ᠠᠭᠤᠯᠠ᠂ ᠠᠯᠳᠠᠨ ᠳᠡᠪᠰᠢ ᠲᠠᠢ︔ ᠪᠠᠶᠠᠨ ᠳᠠᠩᠰᠤᠭ ᠪᠠᠷ ᠪᠦᠷᠢᠳᠡᠭᠰᠡᠨ ᠮᠢᠨᠤ ᠰᠠᠶᠢᠬᠠᠨ ᠠᠯᠠᠱᠠ ᠮᠢᠨᠢ ᠡ︕ ᠳᠡᠨᠳᠡᠬᠦᠤ ᠭᠤᠶᠤ ᠠᠯᠠᠱᠠ᠂ ᠳᠡᠯᠬᠡᠷ ᠪᠠᠶᠠᠨ ᠨᠤᠳᠤᠭ ᠲᠠᠢ᠂ ᠠᠪᠤᠷᠠᠯ ᠨᠢ ᠪᠤᠯᠤᠭᠰᠠᠨ ᠠᠯᠠᠱᠠ ᠮᠢᠨᠢ︔ ᠠᠤᠭ᠎ᠠ ᠬᠦᠴᠢᠳᠦ ᠪᠠᠭᠠᠳᠤᠷᠴᠤᠳ ᠤᠨ ᠦᠯᠦᠬᠡᠢ ᠨᠢ ᠪᠤᠯᠤᠭᠰᠠᠨ ᠠᠯᠠᠱᠠ ᠮᠢᠨᠢ︔ ᠴᠠᠭᠠᠴᠢ ᠠᠷᠪᠢᠨ ᠮᠤᠩᠭᠤᠯᠴᠤᠳ ᠤᠨ ᠳᠠᠷᠬᠠᠨ ᠰᠦᠯᠳᠡᠳᠦ ᠠᠯᠠᠱᠠ ᠮᠢᠨᠢ︔ ᠳᠠᠶᠠᠭᠠᠷ ᠤᠯᠠᠨ ᠮᠤᠩᠭᠤᠯ ᠳᠠᠭᠠᠨ᠂ ᠳᠦᠰᠢᠭ ᠮᠢᠨᠢ ᠪᠤᠯᠤᠭᠰᠠᠨ ᠠᠯᠠᠱᠠ ᠮᠢᠨᠢ︔ ᠳᠠᠶᠢᠨ ᠪᠠᠶᠢᠯᠳᠤᠭᠠᠨ ᠤ ᠦᠶ᠎ᠡ ᠳᠤ ᠬᠠᠨᠢ ᠮᠢᠨᠢ ᠪᠤᠯᠤᠭᠰᠠᠨ ᠠᠯᠠᠱᠠ ᠮᠢᠨᠢ︔ ᠭᠠᠰᠢᠭᠤᠨ ᠪᠡᠷᠬᠡ ᠶᠢᠨ ᠴᠠᠭ ᠲᠤ ᠦᠵᠡᠰᠬᠦᠯᠠᠩᠳᠦ ᠭᠤᠶᠤᠬᠠᠨ ᠠᠯᠠᠱᠠ ᠮᠢᠨᠢ ᠡ︕ ᠤᠷᠠᠨ ᠠᠷᠭ᠎ᠠ ᠪᠠᠷ ᠢᠶᠠᠨ ᠠᠪᠤᠭᠰᠠᠨ︔ ᠴᠢᠩ ᠤᠨ ᠪᠢᠯᠳᠠᠭᠤᠴᠢ ᠨᠤᠶᠠᠳ ᠠᠴᠠ ᠬᠤᠷᠤᠯᠠᠢ ᠨᠡᠷ᠎ᠡ ᠳᠤ ᠸᠠᠩ᠂ ᠭᠤᠷᠪᠠᠨ ᠵᠠᠭᠤᠨ ᠤ ᠳᠡᠷᠳᠡᠭᠡ ᠳᠤ ᠦᠩ ᠦᠷᠬᠡᠨ ᠠᠯᠠᠱᠠ ᠮᠢᠨᠢ︔ ᠦᠷᠦᠨ᠎ᠡ᠂ ᠳᠤᠷᠤᠨ᠎ᠠ ᠶᠢᠨ ᠰᠤᠨᠤᠷ ᠲᠤ ᠦᠪ ᠰᠤᠶᠤᠯ ᠶᠢ ᠮᠢᠨᠢ ᠬᠠᠳᠠᠭᠠᠯᠠᠭᠰᠠᠨ︔ ᠴᠢᠩᠬᠢᠰ ᠴᠢᠯᠠᠭᠤᠨ ᠬᠠᠳᠠᠨ ᠳᠠᠭᠠᠨ᠂ ᠦᠯᠦᠬᠡᠢ ᠨᠤᠳᠤᠭ ᠠᠯᠠᠱᠠ ᠮᠢᠨᠢ︔ ᠦᠯᠢᠬᠡᠷᠳᠦ ᠵᠢᠩᠭᠠᠷ ᠤᠨ ᠳᠡᠤᠬᠡ ᠲᠠᠢ᠂ ᠠᠯᠳᠠᠨ ᠰᠦᠮᠪᠦᠷᠳᠤ ᠬᠠᠶᠢᠷᠠᠬᠠᠨ ᠮᠢᠨᠢ︔ ᠠᠯᠳᠠᠢ ᠠᠭᠤᠯᠠ ᠮᠦᠷᠦᠬᠡᠴᠡᠭᠰᠡᠨ᠂ᠪᠡᠯᠡᠳᠬᠡᠭᠰᠡᠨ ᠨᠢ᠄ ᠡᠷᠳᠡᠨᠢᠬᠦᠦᠨᠠᠶᠢᠷᠠᠭᠤᠯᠤᠭᠰᠠᠨ ᠨᠢ᠄ ᠨᠠᠮᠤᠷᠬᠢᠨᠠᠭᠰᠠᠨ ᠨᠢ᠄ ᠤᠷᠢᠬᠠᠨ
 
ᠢᠷᠡᠯᠲᠡ᠄ ᠲᠤᠰ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号