ᠢᠨᠠᠭ ᠠᠮᠠᠷᠠᠭ ᠭᠡᠵᠤ
ᠨᠡᠶᠢᠲᠡᠯᠡᠭᠰᠡᠨ ᠴᠠᠭ᠄
2020/12/22
ᠵᠡᠭᠦᠠᠭᠠᠷ ᠳ᠋ᠠᠮᠴᠤᠶᠢᠷᠠᠭᠪᠠ ᠦᠷᠦᠭᠡᠯ ᠤᠨ ᠪᠡᠶ᠎ᠡ ᠳᠤ ᠵᠠᠶᠠᠭᠠᠭᠰᠠᠨ ᠦᠷᠦᠴᠡᠨ ᠤ ᠢᠬᠢᠷ᠎ᠡ ᠵᠢᠷᠦᠬᠡ ᠶᠤᠮ ᠦᠪᠡᠷ ᠤᠨ ᠲᠣᠷᠠᠯᠠᠯ ᠳᠤ ᠲᠣᠲᠠᠭᠤᠲᠠᠭᠰᠠᠨ ᠦᠩᠭᠡᠯᠢᠭ ᠭᠡᠭᠡᠨ ᠲᠦᠷᠢ ᠶᠤᠮ ᠬᠤᠷᠸ᠎ᠠ ᠳᠤ ᠭᠠᠭᠴᠠᠬᠠᠨ ᠨᠠᠰᠤᠨ ᠤ ᠬᠤᠪᠢ ᠶᠡᠭᠡ ᠲᠠᠪᠢᠯᠠᠩ ᠶᠤᠮ ᠬᠤᠩᠭᠤᠷ ᠢᠨᠠᠭ ᠤᠨ ᠬᠤᠷ᠎ᠠ ᠪᠠᠷ ᠬᠤᠣᠰᠯᠠᠨ ᠣᠷᠭᠤᠭᠰᠠᠨ ᠴᠡᠴᠡᠭ ᠶᠤᠮ ᠢᠲᠡᠭᠡᠯ ᠤᠨ ᠲᠣᠷᠭᠠᠨ ᠬᠢᠯᠢ ᠪᠠᠨ ᠬᠠᠶᠢᠷ᠎ᠠ ᠪᠠᠷ ᠮᠠᠨᠠᠭᠰᠠᠨ ᠬᠠᠷᠠᠭᠤᠯ ᠶᠤᠮ ᠰᠡᠳᠭᠢᠯ ᠤᠨ ᠠᠮᠢᠨ ᠰᠢᠵᠢᠮ ᠢᠶᠠᠷ ᠵᠢᠷᠦᠭᠡ ᠪᠠᠨ ᠬᠤᠯᠪᠣᠭᠰᠠᠨ ᠬᠠᠨᠢ ᠶᠤᠮ ᠵᠠᠷᠢᠮ ᠤᠳ᠂ ᠭᠡᠲᠤ ᠤᠳ᠂ ᠶᠣᠷᠣ ᠤᠳ ᠵᠠᠷᠢᠮ ᠤᠳ᠂ ᠦᠩᠭᠡᠨ ᠤ ᠲᠠᠷᠠᠰᠣᠨ ᠳᠤ ᠵᠢᠯᠪᠢᠷᠡᠵᠤ ᠲᠠᠴᠢᠶᠠᠯ ᠤᠨ ᠱᠠᠯᠪᠠᠭ ᠲᠤ ᠴᠢᠴᠭᠦ ᠶᠣᠮ ᠵᠠᠷᠢᠮ ᠤᠳ᠂ ᠮᠦᠩᠭᠦᠨ ᠤ ᠮᠡᠩ ᠳᠤ ᠰᠠᠯᠪᠠᠯᠵᠠᠵᠣ ᠰᠢᠨᠣᠯ ᠤᠨ ᠮᠡᠰᠡᠨ ᠳᠤ ᠡᠰᠭᠡᠭᠲᠡᠭᠦ ᠶᠣᠮ ᠵᠠᠷᠢᠮ ᠤᠳ᠂ ᠠᠰᠢᠭ ᠤᠨ ᠣᠪᠣᠭ᠎ᠠ ᠮᠡᠷᠡᠵᠤ ᠨᠢᠭᠦᠯ ᠤᠨ ᠰᠠᠪᠠ ᠨᠢ ᠲᠦᠭᠦᠷᠬᠦ ᠶᠣᠮ ᠵᠠᠷᠢᠮ ᠤᠳ᠂ ᠠᠯᠲᠠᠷ ᠤᠨ ᠲᠣᠭᠤᠰᠣ ᠭᠤᠷᠢᠯᠠᠵᠣ ᠠᠲᠠᠭ ᠤᠨ ᠨᠣᠪᠰᠢᠨ ᠳᠤ ᠪᠣᠯᠠᠭᠲᠠᠬᠤ ᠶᠣᠮ ᠵᠠᠷᠢᠮ ᠤᠳ᠂ ᠡᠷᠬᠡ ᠶᠢᠨ ᠲᠠᠪᠠᠭ᠎ᠠ ᠮᠠᠴᠣᠵᠣ ᠨᠣᠲᠤᠭ ᠢᠶᠠᠨ ᠬᠤᠲᠠᠯᠲᠣᠴᠢᠬᠠᠭᠠᠳ ᠵᠢᠯᠶᠢᠬᠦ ᠶᠣᠮ ᠭᠡᠲᠣ ᠤᠳ᠂ ᠡᠪᠣᠷ ᠤᠨ ᠵᠢᠷᠭᠠᠯ ᠳᠤ ᠲᠠᠰᠢᠭᠤᠷᠠᠵᠣ ᠡᠭᠡᠨᠡᠷ ᠢᠶᠠᠨ ᠲᠠᠶᠠᠭᠲᠠᠵᠣ ᠵᠠᠪᠬᠠᠶᠢᠷᠠᠬᠤ ᠶᠣᠮ ᠭᠡᠲᠣ ᠤᠳ᠂ ᠲᠣᠰᠢᠶᠠᠯ ᠤᠨ ᠵᠦᠷᠢᠭ ᠢᠶᠠᠷ ᠱᠣᠭᠰᠢᠭᠤᠯᠵᠣ ᠲᠣᠯᠣᠮ ᠨᠢ ᠲᠡᠯᠪᠡᠷᠡᠵᠣ ᠰᠣᠶᠢᠷᠡᠭᠦ ᠶᠣᠮ ᠭᠡᠲᠣ ᠤᠳ᠂ ᠭᠡᠷᠭᠡᠮ ᠤᠨ ᠶᠡᠨᠲᠡᠷ ᠲᠤ ᠠᠪᠠᠷᠢᠵᠤ ᠭᠡᠮ ᠨᠢ ᠯᠠᠪᠠᠷᠠᠵᠣ ᠢᠰᠣᠬᠦ ᠶᠣᠮ ᠭᠡᠲᠣ ᠤᠳ᠂ ᠮᠡᠷᠭᠡᠳ ᠤᠨ ᠣᠷᠣ ᠡᠵᠡᠷᠬᠡᠵᠣ ᠣᠰᠣᠨ ᠲᠣᠯᠣᠭᠠᠶᠢᠯᠠᠵᠣ ᠲᠡᠨᠡᠭᠷᠡᠬᠦ ᠶᠣᠮ ᠭᠡᠲᠣ ᠤᠳ᠂ ᠬᠤᠣᠷ ᠤᠨ ᠵᠣᠷ ᠢᠶᠠᠨ ᠨᠠᠶᠢᠷᠠᠵᠣ ᠲᠠᠯᠲᠠᠭᠤᠷ ᠯᠠᠢ ᠭᠦᠶᠦᠯᠭᠡᠬᠦ ᠶᠣᠮ ᠶᠣᠷᠣ ᠤᠳ᠂ ᠪᠣᠯᠠᠭ᠎ᠠ ᠲᠣᠷᠭᠠᠨ ᠳᠤ ᠪᠣᠯᠠᠭᠲᠠᠪᠠᠴᠣ ᠪᠣᠵᠠᠷ ᠱᠦᠭᠯᠡᠭᠰᠡᠨ ᠰᠢᠮᠨᠤᠰ ᠤᠳ ᠪᠠᠶᠢᠪᠠ ᠶᠣᠷᠣ ᠤᠳ᠂ ᠪᠣᠷᠬᠠᠨ ᠴᠢᠷᠠᠶᠢᠯᠠᠵᠣ ᠢᠨᠢᠶᠡᠭᠰᠡᠨ ᠴᠣ᠋ ᠪᠣᠯᠠᠢ ᠲᠠᠷᠢᠭᠰᠠᠨ ᠵᠣᠯᠢᠭ ᠤᠳ ᠪᠠᠶᠢᠪᠠ ᠶᠣᠷᠣ ᠤᠳ᠂ ᠠᠯᠲᠠ ᠮᠦᠩᠭᠦ ᠪᠠᠷ ᠠᠰᠬᠠᠷᠠᠪᠠᠴᠣ ᠠᠷᠠᠳ ᠢᠶᠠᠨ ᠱᠣᠯᠣᠭᠰᠠᠨ ᠲᠡᠭᠡᠷᠡᠮ ᠤᠳ ᠪᠠᠶᠢᠪᠠ ᠶᠣᠷᠣ ᠤᠳ᠂ ᠣᠭ ᠣᠲᠣᠮ ᠢᠶᠠᠨ ᠣᠭᠤᠷᠣᠭᠰᠠᠨ ᠬᠦᠮᠦᠨ ᠦᠨᠦᠷ ᠦᠭᠡᠢ ᠬᠤᠪᠢᠯᠵᠠᠨ ᠨᠤᠭᠤᠳ ᠪᠠᠶᠢᠪᠠ ᠶᠣᠷᠣ ᠤᠳ᠂ ᠡᠪᠦᠭᠡ ᠲᠡᠭᠡᠲᠣᠰ ᠠᠴᠠ ᠪᠠᠨ ᠲᠡᠷᠰᠯᠡᠭᠰᠡᠨ ᠡᠷᠯᠢᠭ ᠴᠣ᠋ ᠭᠤᠯᠣᠬᠤ ᠪᠣᠭ ᠤᠳ ᠪᠠᠶᠢᠪᠠ ----ᠪᠡᠯᠡᠳᠬᠡᠭᠰᠡᠨ ᠨᠢ᠄ ᠡᠷᠳᠡᠨᠢᠬᠦᠦᠨᠠᠶᠢᠷᠠᠭᠤᠯᠤᠭᠰᠠᠨ ᠨᠢ᠄ ᠨᠠᠮᠤᠷᠬᠢᠨᠠᠭᠰᠠᠨ ᠨᠢ᠄ ᠤᠷᠢᠬᠠᠨ
 
ᠢᠷᠡᠯᠲᠡ᠄ ᠲᠤᠰ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号