ᠶᠠᠭᠠᠬᠢᠬᠤᠪ
ᠨᠡᠶᠢᠲᠡᠯᠡᠭᠰᠡᠨ ᠴᠠᠭ᠄
2020/12/22
ᠵᠡᠭᠦᠠᠭᠠᠷ ᠳ᠋ᠠᠮᠴᠤᠶᠢᠷᠠᠭᠪᠠ ᠬᠤᠶᠠᠷᠯᠠᠵᠤ ᠪᠣᠯᠲᠠᠭ ᠦᠭᠡᠢ ᠰᠡᠳᠭᠢᠯ ᠢ ᠬᠤᠪᠢᠶᠠᠬᠤ ᠬᠡᠳ ᠴᠤ ᠶᠠᠭᠠᠭᠢᠬᠤᠪ ᠬᠤᠯᠪᠣᠵᠤ ᠪᠣᠯᠲᠠᠭ ᠦᠭᠡᠢ ᠵᠠᠶᠠᠭ᠎ᠠ ᠶᠢ ᠨᠡᠶᠢᠯᠡᠭᠦᠯᠭᠦ ᠭᠡᠳ ᠴᠤ ᠶᠠᠭᠠᠭᠢᠬᠤᠪ ᠰᠠᠯᠭᠠᠵᠤ ᠪᠣᠯᠲᠠᠭ ᠦᠭᠡᠢ ᠬᠠᠶᠢᠷ᠎ᠠ ᠶᠢ ᠰᠠᠨᠲᠠᠭᠠᠬᠤ ᠭᠡᠳ ᠴᠤ ᠶᠠᠭᠠᠬᠢᠬᠤᠪ ᠰᠠᠭᠤᠵᠣ ᠪᠣᠯᠲᠠᠭ ᠦᠭᠡᠢ ᠲᠠᠪᠢᠯᠠᠩ ᠢ ᠬᠠᠮᠲᠣᠳᠬᠠᠬᠤ ᠭᠡᠳ ᠴᠣ᠋ ᠶᠠᠭᠠᠬᠢᠬᠤᠪ ᠲᠠᠯᠠᠯᠠᠵᠣ ᠪᠣᠯᠲᠠᠭ ᠦᠭᠡᠢ ᠵᠢᠷᠦᠭᠡ ᠶᠢ ᠬᠠᠭᠠᠰᠯᠠᠬᠤ ᠭᠡᠳ ᠴᠤ ᠶᠠᠭᠠᠬᠢᠬᠤᠪ ᠲᠠᠨᠢᠯᠴᠠᠵᠣ ᠪᠣᠯᠲᠠᠭ ᠦᠭᠡᠢ ᠣᠴᠠᠷᠠᠯ ᠢ ᠵᠣᠯᠭᠠᠭᠤᠯᠬᠤ ᠭᠡᠳ ᠴᠤ ᠶᠠᠭᠠᠬᠢᠬᠤᠪ ᠬᠠᠶᠢᠷᠠᠯᠠᠵᠤ ᠪᠣᠯᠲᠠᠭ ᠦᠭᠡᠢ ᠲᠣᠷᠠᠯᠠᠯ ᠢ ᠠᠯᠪᠠᠲᠠᠬᠤ ᠭᠡᠳ ᠴᠤ ᠶᠠᠭᠠᠬᠢᠬᠤᠪ ᠬᠠᠷᠠᠮᠨᠠᠵᠣ ᠪᠣᠯᠲᠠᠭ ᠦᠭᠡᠢ ᠨᠢᠯᠪᠣᠰᠤ ᠶᠢ ᠭᠠᠮᠨᠠᠬᠤ ᠭᠡᠳ ᠴᠤ ᠶᠠᠭᠠᠬᠢᠬᠤᠪ ᠭᠠᠷᠴᠠᠭ ᠦᠭᠡᠢ ᠲᠣᠲᠠᠭᠤ ᠲᠠᠷᠢᠬᠢ ᠲᠠᠢ ᠪᠢᠰᠢ ᠶᠣᠮ ᠪᠣᠯ ᠲᠣᠷᠠᠯᠠᠬᠤ ᠦᠭᠡᠢ ᠭᠡᠳ ᠴᠤ ᠶᠠᠭᠠᠬᠢᠬᠤᠪ ᠲᠩᠷᠢ ᠶᠢᠨ ᠲᠠᠭᠢᠨᠢ ᠰᠢᠭ ᠪᠦᠰᠡᠭᠦᠢ ᠳᠤ ᠲᠣᠭᠲᠣᠯᠬᠤ ᠦᠭᠡᠢ ᠭᠡᠳ ᠴᠤ ᠶᠠᠭᠠᠬᠢᠬᠤᠪ ᠲᠣᠷᠠᠯᠠᠬᠤ ᠦᠭᠡᠢ ᠪᠠᠶᠢᠨ᠎ᠠ ᠭᠡᠲᠡᠭ ᠴᠢᠨᠢ ᠲᠣᠲᠠᠭᠤ ᠣᠬᠠᠭᠠᠨ ᠲᠠᠢ ᠶᠢᠨ ᠵᠣᠪᠠᠯᠠᠩ ᠪᠠᠶᠢᠬ᠎ᠠ ᠬᠠᠶᠢᠷᠠᠯᠠᠬᠤ ᠦᠭᠡᠢ ᠪᠠᠶᠢᠨ᠎ᠠ ᠭᠡᠲᠡᠭ ᠴᠢᠨᠢ ᠬᠠᠭᠠᠰ ᠮᠡᠲᠠᠷᠠᠯ ᠲᠠᠢ ᠶᠢᠨ ᠭᠤᠨᠢᠭ ᠪᠠᠶᠢᠬ᠎ᠠ ᠪᠣᠷᠬᠠᠨ ᠠᠴᠠ ᠢᠪᠡᠭᠡᠭᠰᠡᠨ ᠭᠡᠰᠢᠭ ᠢ ᠬᠦᠷᠲᠡᠬᠦ ᠦᠭᠡᠢ ᠭᠡᠭᠴᠢ ᠨᠢ ᠶᠠᠭᠤᠨ ᠤ ᠪᠣᠢ ᠬᠤᠷᠮᠤᠰᠲᠠ ᠠᠴᠠ ᠰᠣᠶᠣᠷᠬᠠᠭᠰᠠᠨ ᠵᠢᠷᠭᠠᠯ ᠢ ᠬᠤᠪᠢᠲᠠᠬᠤ ᠦᠭᠡᠢ ᠭᠡᠭᠴᠢ ᠨᠢ ᠶᠠᠭᠤᠨ ᠤ ᠪᠣᠢ ᠬᠠᠶᠢᠷ᠎ᠠ ᠲᠣᠷᠠᠯᠠᠯ ᠤᠨ ᠰᠢᠲᠢ ᠶᠢ ᠮᠡᠲᠡᠷᠡᠵᠤ ᠣᠶᠢᠯᠠᠭᠠᠬᠤ ᠦᠭᠡᠢ ᠲᠡᠨᠡᠭ ᠲᠡᠷᠡ ᠡ ᠠᠵᠠ ᠵᠢᠷᠭᠠᠯ ᠤᠨ ᠠᠮᠲᠠ ᠶᠢ ᠠᠮᠰᠠᠵᠣ ᠮᠠᠲᠠᠬᠦ ᠦᠭᠡᠢ ᠮᠣᠨᠤᠭ ᠲᠡᠷᠡ ᠡᠪᠡᠯᠡᠳᠬᠡᠭᠰᠡᠨ ᠨᠢ᠄ ᠡᠷᠳᠡᠨᠢᠬᠦᠦᠨᠠᠶᠢᠷᠠᠭᠤᠯᠤᠭᠰᠠᠨ ᠨᠢ᠄ ᠨᠠᠮᠤᠷᠬᠢᠨᠠᠭᠰᠠᠨ ᠨᠢ᠄ ᠤᠷᠢᠬᠠᠨ
 
ᠢᠷᠡᠯᠲᠡ᠄ ᠲᠤᠰ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号