ᠨᠠᠶᠢᠷᠠᠭᠴᠢ ᠪᠤᠶᠠᠨᠪᠠᠲᠤ ᠬᠢᠭᠡᠳ ᠮᠣᠩᠭᠤᠯ ᠤᠨ ᠢᠷᠠᠭᠤ ᠨᠠᠶᠢᠷᠠᠭ
ᠨᠡᠶᠢᠲᠡᠯᠡᠭᠰᠡᠨ ᠴᠠᠭ᠄
2018/12/7
ᠠᠯᠠᠱᠨ ᠨᠠᠶᠢᠷᠠᠭᠴᠢ ᠶᠢᠨ ᠲᠤᠬᠠᠢ ᠰᠤᠳᠤᠯᠤᠯ —2.ᠨᠠᠶᠢᠷᠠᠭᠴᠢ ᠪᠤᠶᠠᠨᠪᠠᠲᠤ ᠬᠢᠭᠡᠳ ᠮᠣᠩᠭᠤᠯ ᠤᠨ ᠢᠷᠠᠭᠤ ᠨᠠᠶᠢᠷᠠᠭ   ᠳ᠋᠊᠂ ᠪᠠᠳᠣ             ︵ᠪᠠᠷᠠᠭᠤᠨ ᠬᠤᠶᠢᠲᠣ ᠶᠢᠨ ᠥᠨᠲᠥᠰᠥᠲᠡᠨ ᠤ ᠶᠡᠭᠡ ᠰᠣᠷᠭᠠᠭᠤᠯᠢ ᠶᠢᠨ ᠮᠣᠩᠭᠤᠯ ᠭᠡᠯᠡ ᠰᠣᠶᠣᠯ  ᠤᠨ ᠲᠡᠭᠡᠲᠣ ᠰᠣᠷᠭᠠᠭᠤᠯᠢ ᠶᠢᠨ ᠫᠷᠤᠹᠧᠰᠰᠤᠷ︶ ᠢᠷᠠᠭᠤ ᠨᠠᠶᠢᠷᠠᠭᠴᠢ ᠪᠤᠶᠠᠨᠪᠠᠲᠤ ᠬᠢᠭᠡᠳ ᠮᠣᠩᠭᠤᠯ ᠤᠨ ᠢᠷᠠᠭᠤ ᠨᠠᠶᠢᠷᠠᠭ                  —  ᠰᠢᠨ᠎ᠡ ᠢᠷᠠᠭᠤ ᠨᠠᠶᠢᠷᠠᠭ ᠤᠨ ᠤᠯᠠᠮᠵᠢᠯᠠᠯ ᠰᠢᠨᠡᠴᠢᠯᠡᠯ ᠤᠨ ᠠᠰᠠᠭᠤᠳᠠᠯ ᠮᠣᠩᠭᠤᠯ ᠤᠷᠠᠨ ᠵᠣᠬᠢᠶᠠᠯ ᠤᠨ ᠬᠥᠭᠵᠢᠯ ᠤᠨ ᠦᠨᠳᠦᠰᠦᠨ ᠠᠰᠠᠭᠤᠳᠠᠯ ᠤᠨ ᠨᠢᠭᠡ ᠪᠣᠯᠬᠤ ᠤᠯᠠᠮᠵᠢᠯᠠᠯ ᠰᠢᠨᠡᠴᠢᠯᠡᠯ  ᠤᠨ ᠲᠠᠯ᠎ᠠ ᠪᠠᠷ ᠶᠡᠭᠡ ᠡᠷᠳᠡᠮᠲᠡᠨ ᠴ᠊ · ᠳᠠᠮᠳᠢᠨᠰᠦ᠋ᠷᠦᠩ ᠬᠢᠭᠡᠳ ᠲᠡᠭᠦᠨ ᠤ ᠱᠠᠪᠢ ᠳ᠋᠊ · ᠴᠡᠷᠡᠨᠰᠣᠳᠨᠠᠮ᠂ ᠯ᠊ · ᠬᠦᠷᠡᠯᠪᠠᠭᠠᠲᠤᠷ᠂ ᠳ᠋᠊ · ᠶᠣᠨᠳᠤᠨ ᠭᠡᠬᠦ ᠡᠷᠳᠡᠮᠲᠡᠳ ︽ᠢᠷᠭᠡᠨᠰᠢᠯ︾ ᠭᠡᠬᠦ ᠦᠭᠡ ᠪᠠᠷ ᠬᠤᠷᠢᠶᠠᠩᠭᠤᠶᠢᠯᠠᠨ᠂ ᠥᠪᠡᠷᠮᠢᠴᠡ ᠪᠠᠷ ᠠᠪᠴᠤ ᠦᠵᠡᠭᠰᠡᠨ ᠪᠠᠶᠢᠳᠠᠭ᠃ ᠥᠭᠡᠷ᠎ᠡ ᠪᠠᠷ ᠬᠡᠯᠡᠪᠡᠯ᠂ ᠬᠠᠷᠢ ᠶᠢᠨ ᠬᠢᠭᠡᠳ ᠪᠤᠰᠤᠳ ᠦᠨᠳᠦᠰᠦᠲᠡᠨ ᠤ ᠤᠳᠬ᠎ᠠ ᠵᠣᠬᠢᠶᠠᠯ ᠢ ᠦᠨᠳᠦᠰᠦᠲᠡᠨ ᠤ ᠰᠣᠶᠣᠯ ᠤᠨ ᠬᠥᠷᠥᠰᠥᠨ ᠳᠡᠭᠡᠷ᠎ᠡ ᠬᠡᠷᠬᠢᠨ ᠤᠷᠭᠤᠭᠤᠯᠵᠤ ᠂ ᠠᠮᠢᠯᠠᠭᠤᠯᠵᠤ᠂ ᠥᠪᠡᠷ ᠤᠨ ᠦᠨᠳᠦᠰᠦᠲᠡᠨ ᠤ ᠤᠳᠬ᠎ᠠ ᠵᠣᠬᠢᠶᠠᠯ ᠤᠨ ᠥᠪᠡᠷᠮᠢᠴᠡ ᠵᠦᠢᠯ ᠪᠣᠯᠭᠠᠵᠤ ᠴᠢᠳᠠᠵᠤ ᠪᠠᠶᠢᠭ᠎ᠠ ᠶᠢ ᠥᠭᠦᠯᠡᠵᠦ᠂ ᠡᠭᠦᠨ ᠤ ᠳ᠋ᠦᠩ ᠳᠤ ᠨᠢᠭᠡᠨ ᠦᠨᠳᠦᠰᠦᠲᠡᠨ ᠤ ᠰᠣᠶᠣᠯ ᠨᠢ ᠪᠤᠰᠤᠳ ᠦᠨᠳᠦᠰᠦᠲᠡᠨ ᠤ ᠰᠣᠶᠣᠯ ᠠᠴᠠ ᠥᠪᠡᠷᠮᠢᠴᠡ ᠪᠠᠷ ᠬᠥᠭᠵᠢᠵᠦ ᠴᠢᠳᠠᠭ᠎ᠠ ᠦᠭᠡᠢ ᠪᠣᠯ ᠪᠤᠰᠤᠳ ᠦᠨᠳᠦᠰᠦᠲᠡᠨ ᠤ ᠰᠣᠶᠣᠯ ᠢ ᠲᠡᠶᠢᠮᠦ ᠠᠮᠠᠷᠬᠠᠨ ᠬᠦᠯᠢᠶᠡᠵᠦ ᠠᠪᠴᠤ ᠴᠢᠳᠠᠳᠠᠭ ᠦᠭᠡᠢ ᠶᠢᠨ ᠶᠣᠰᠣ ᠤᠴᠢᠷ ᠢ ᠢᠯᠡᠷᠡᠭᠦᠯᠦᠨ ᠭᠠᠷᠭᠠᠭᠰᠠᠨ ᠪᠠᠶᠢᠳᠠᠭ᠃ ᠥᠭᠡᠷ᠎ᠡ ᠪᠠᠷ ᠬᠡᠯᠡᠪᠡᠯ᠂ ᠶᠠᠭᠤᠨ ᠳᠤ ᠪᠤᠰᠤᠳ ᠦᠨᠳᠦᠰᠦᠲᠡᠨ ᠤ ᠰᠣᠶᠣᠯ ᠢ ᠬᠦᠯᠢᠶᠡᠨ ᠠᠪᠳᠠᠭ ᠪᠤᠢ︖ ᠥᠪᠡᠷ  ᠲᠤ ᠪᠠᠶᠢᠬᠤ ᠦᠭᠡᠢ᠂ ᠥᠪᠡᠷ ᠤᠨ ᠠᠷᠠᠳ ᠲᠦᠮᠡᠨ ᠳᠤ ᠲᠠᠰᠤᠯ ᠪᠣᠯᠤᠭ᠎ᠠ ᠦᠭᠡᠢ᠂ ᠠᠰᠢᠭ ᠬᠡᠷᠡᠭᠴᠡᠭᠡ ᠦᠭᠡᠢ ᠵᠦᠢᠯ ᠢ ᠪᠤᠰᠤᠳ ᠠᠴᠠ ᠠᠪᠳᠠᠭ ᠦᠭᠡᠢ᠃ ᠬᠠᠷᠢᠨ ᠥᠪᠡᠷ ᠤᠨ ᠦᠨᠳᠦᠰᠦᠲᠡᠨ ᠤ ᠰᠣᠶᠣᠯ ᠨᠢ ᠳᠡᠭᠡᠳᠦ ᠬᠡᠮᠵᠢᠶᠡᠨ  ᠳᠤ ᠬᠥᠭᠵᠢᠭᠰᠡᠨ ᠤᠴᠢᠷ᠂ ᠪᠢᠳᠠᠨ ᠳᠤ ᠬᠡᠷᠡᠭᠴᠡᠭᠡ ᠲᠠᠢ᠂ ᠪᠢᠳᠠᠨ ᠳᠤ ᠬᠠᠨᠢ ᠢᠵᠢᠯᠢ ᠪᠣᠯᠣᠮᠠᠷ᠂ ᠨᠥᠬᠦᠳ ᠨᠠᠶᠢᠵᠠ ᠪᠣᠯᠣᠮᠠᠷ ᠪᠤᠰᠤᠳ ᠤᠨ ᠰᠢᠯᠢᠳᠡᠭ ᠰᠣᠶᠣᠯ ᠢ ᠬᠦᠯᠢᠶᠡᠨ ᠠᠪᠴᠤ᠂ ᠥᠪᠡᠷ ᠤᠨ ᠰᠣᠶᠣᠯ ᠢ ᠪᠠᠶᠠᠵᠢᠭᠤᠯᠳᠠᠭ ᠪᠠᠶᠢᠨ᠎ᠠ᠃ ᠰᠣᠶᠣᠯ ᠤᠨ ᠬᠠᠷᠠᠭ᠎ᠠ ᠠᠴᠠ᠂ ᠰᠣᠶᠣᠯ ᠤᠨ ᠬᠡᠷᠡᠭᠴᠡᠭᠡ ᠠᠴᠠ ᠪᠤᠰᠤᠳ ᠤᠨ ᠳᠠᠪᠰᠢᠩᠭᠤᠢ᠂ ᠨᠢᠳᠦᠨ  ᠳᠤ ᠲᠣᠷᠬᠤ ᠰᠠᠶᠢᠨ ᠰᠠᠶᠢᠬᠠᠨ ᠤ ᠵᠦᠢᠯ ᠢ ᠰᠢᠯᠢᠨ ᠠᠪᠴᠤ ᠴᠢᠳᠠᠳᠠᠭ ᠨᠢ ᠮᠣᠩᠭᠤᠯᠴᠤᠳ ᠤᠨ ᠡᠷᠲᠡ ᠳᠡᠭᠡᠳᠦ  ᠠᠴᠠ ᠤᠯᠠᠮᠵᠢᠯᠠᠯ ᠲᠠᠢ ᠪᠦᠲᠦᠭᠡᠯᠴᠢ ᠲᠤᠷᠰᠢᠯᠭ᠎ᠠ ᠶᠤᠮ᠃ ᠮᠣᠩᠭᠤᠯ ᠤᠨ ᠣᠷᠴᠢᠨ ᠦᠶ᠎ᠡ ᠶᠢᠨ ᠤᠷᠠᠨ ᠵᠣᠬᠢᠶᠠᠯ ᠴᠦ ᠮᠥᠨ ᠬᠦ ᠵᠢᠮ᠎ᠡ ᠶᠣᠰᠣ ᠶᠢ ᠪᠠᠷᠢᠮᠲᠠᠯᠠᠭᠰᠠᠭᠠᠷ᠂ ᠬᠠᠭᠤᠴᠢᠨ ᠤ ᠤᠷᠠᠨ ᠵᠣᠬᠢᠶᠠᠯ ᠤᠨ ᠰᠠᠭᠤᠷᠢ ᠳᠡᠭᠡᠷ᠎ᠡ ᠰᠢᠨ᠎ᠡ ᠤᠷᠠᠨ ᠵᠣᠬᠢᠶᠠᠯ ᠢ ᠪᠤᠢ ᠪᠣᠯᠭᠠᠵᠤ ᠬᠥᠭᠵᠢᠭᠦᠯᠦᠭᠰᠡᠭᠡᠷ ᠢᠷᠠᠪᠠ᠃ ᠳᠦᠷᠪᠡᠨ ᠤᠯᠠᠷᠢᠯ᠂ ᠡᠬᠡ ᠨᠤᠲᠤᠭ ᠤᠨ ᠲᠤᠬᠠᠢ ᠪᠠᠶᠢᠭᠠᠯᠢ ᠶᠢᠨ ᠤᠶᠠᠩᠭ᠎ᠠ᠂ ᠡᠬᠡ ᠡᠴᠢᠭᠡ᠂ ᠢᠨᠠᠭ ᠠᠮᠠᠷᠠᠭ ᠤᠨ ᠲᠤᠬᠠᠢ ᠰᠢᠯᠦᠭ ᠵᠡᠷᠭᠡ ᠳᠤ ᠤᠯᠠᠮᠵᠢᠯᠠᠯ ᠨᠢ ᠰᠠᠭᠤᠷᠢ ᠪᠣᠯᠵᠤ᠂ ᠰᠢᠨᠡᠴᠢᠯᠡᠯ ᠨᠢ ᠡᠭᠦᠳᠦᠯᠲᠡ ᠪᠣᠯᠣᠭᠰᠠᠨ ᠶᠤᠮ᠃ ᠡᠳᠦᠭᠡ ᠴᠠᠭ ᠤᠨ ᠮᠣᠩᠭᠤᠯ ᠤᠨ ᠢᠷᠠᠭᠤ ᠨᠠᠶᠢᠷᠠᠭ ᠲᠤ ᠮᠥᠨ ᠲᠡᠷᠡ ᠬᠦ ᠲᠤᠷᠰᠢᠯᠭ᠎ᠠ ᠰᠤᠷᠭᠠᠮᠵᠢ ᠶᠢᠨ ᠴᠢᠬᠤᠯᠠ ᠭᠡᠳᠡᠭ ᠢ ᠬᠠᠷᠠᠭᠤᠯᠤᠭᠰᠠᠨ ᠰᠠᠶᠢᠬᠠᠨ ᠵᠢᠱᠢᠶ᠎ᠡ ᠣᠯᠠᠨ ᠪᠤᠢ᠃  ᠢᠷᠠᠭᠤ ᠨᠠᠶᠢᠷᠠᠭᠴᠢ ᠪ᠊ · ᠶᠠᠪᠤᠬᠤᠯᠠᠩ᠂ ᠳ᠋᠊ · ᠫᠦᠷᠪᠦᠳᠣᠷᠵᠢ᠂ ᠪ᠊ · ᠯᠾᠠᠬᠠᠪᠠᠰᠦ᠋ᠷᠦᠩ ᠨᠠᠷ  ᠤᠨ ᠰᠢᠯᠦᠭ ᠵᠣᠬᠢᠶᠠᠯ ᠨᠢ ᠪᠢᠳᠠᠨ ᠳᠤ ᠠᠮᠢᠳᠤ ᠰᠠᠶᠢᠬᠠᠨ ᠤᠷᠠᠨ ᠰᠠᠶᠢᠬᠠᠨ ᠤ ᠲᠤᠷᠰᠢᠯᠭ᠎ᠠ᠂ ᠪᠦᠲᠦᠭᠡᠯᠴᠢ ᠬᠥᠳᠡᠯᠮᠦᠷᠢ ᠶᠢᠨ ᠳᠠᠭᠤᠷᠢᠶᠠᠯ ᠪᠣᠯᠵᠤ ᠪᠠᠶᠢᠳᠠᠭ ᠶᠤᠮ᠃ ᠰᠢᠨ᠎ᠡ ᠤᠷᠠᠨ ᠵᠣᠬᠢᠶᠠᠯ ᠤᠨ ᠬᠥᠭᠵᠢᠯ ᠤᠨ ᠦᠨᠳᠦᠰᠦᠨ ᠵᠢᠮ᠎ᠡ ᠶᠣᠰᠣ ᠨᠢ ᠤᠯᠠᠮᠵᠢᠯᠠᠯ ᠰᠢᠨᠵᠢᠯᠡᠯ ᠤᠨ ᠠᠰᠠᠭᠤᠳᠠᠯ ᠶᠤᠮ᠃ ᠤᠯᠠᠮᠵᠢᠯᠠᠯ ᠰᠢᠨᠡᠴᠢᠯᠡᠯ ᠤᠨ ᠠᠰᠠᠭᠤᠳᠠᠯ ᠢ ᠬᠡᠷᠬᠢᠨ ᠨᠡᠭᠡᠭᠡᠵᠦ᠂ ᠪᠦᠲᠦᠭᠡᠯᠴᠢ ᠪᠠᠷ ᠬᠥᠭᠵᠢᠭᠦᠯᠵᠦ ᠴᠢᠳᠠᠵᠤ ᠪᠠᠶᠢᠭ᠎ᠠ ᠭᠡᠳᠡᠭ ᠠᠴᠠ ᠨᠠᠶᠢᠷᠠᠭᠴᠢ ᠵᠣᠬᠢᠶᠠᠯᠴᠢ ᠶᠢᠨ ᠨᠢᠭᠡᠨ ᠥᠪᠡᠷᠮᠢᠴᠡ ᠰᠢᠨᠵᠢ ᠠᠵᠢᠭᠯᠠᠭᠳᠠᠳᠠᠭ᠃ ᠠᠯᠠᠱᠨ ᠨᠤᠲᠤᠭ ᠲᠠᠢ ᠢᠷᠠᠭᠤ ᠨᠠᠶᠢᠷᠠᠭᠴᠢ ᠪᠤᠶᠠᠨᠪᠠᠲᠤ ᠶᠢᠨ ᠣᠯᠠᠨ ᠰᠠᠶᠢᠬᠠᠨ ᠰᠢᠯᠦᠭ ᠨᠢ ᠡᠨᠡ ᠲᠠᠯ᠎ᠠ ᠪᠠᠷ ᠪᠢᠳᠠᠨ ᠤ ᠠᠩᠬᠠᠷᠤᠯ ᠢ ᠲᠠᠲᠠᠵᠤ ᠪᠠᠶᠢᠨ᠎ᠠ᠃ ᠰᠠᠶᠢᠨ ᠲᠤᠷᠰᠢᠯᠭ᠎ᠠ᠂ ᠵᠥᠪ ᠵᠠᠮ ᠨᠢ ᠢᠷᠠᠭᠤ ᠨᠠᠶᠢᠷᠠᠭᠴᠢ ᠶᠢ ᠥᠰᠬᠡᠵᠦ᠂ ᠬᠤᠵᠢᠮ ᠤᠨ ᠦᠢᠯᠡᠰ᠂ ᠠᠮᠵᠢᠯᠲᠠ ᠳᠤ ᠬᠦᠷᠳᠡᠭ ᠲᠤᠯᠠ ᠨᠠᠶᠢᠷᠠᠭᠴᠢ ᠪᠤᠶᠠᠨᠪᠠᠲᠤ ᠶᠢᠨ ᠰᠢᠯᠦᠭ ᠢ ᠤᠯᠠᠮᠵᠢᠯᠠᠯ ᠰᠢᠨᠡᠴᠢᠯᠡᠯ ᠤᠨ ᠠᠰᠠᠭᠤᠳᠠᠯ ᠲᠠᠢ ᠬᠤᠯᠪᠣᠨ ᠦᠵᠡᠬᠦ ᠨᠢ ᠴᠢᠬᠤᠯᠠ ᠠᠴᠢ ᠬᠤᠯᠪᠣᠭᠳᠠᠯ ᠲᠠᠢ ᠪᠥᠭᠡᠳ ᠲᠡᠷᠡ ᠲᠤᠬᠠᠢ ᠰᠢᠨᠵᠢᠯᠡᠨ ᠥᠭᠦᠯᠡᠬᠦ ᠨᠢ ᠵᠦᠢ ᠵᠣᠬᠢᠰᠲᠠᠢ ᠬᠡᠷᠡᠭ ᠶᠤᠮ᠃ᠢᠷᠠᠭᠤ ᠨᠠᠶᠢᠷᠠᠭᠴᠢ ᠪᠤᠶᠠᠨᠪᠠᠲᠤ ᠶᠢᠨ ᠰᠢᠯᠦᠭ ᠵᠣᠬᠢᠶᠠᠯ ᠢ ᠦᠵᠡᠬᠦ ᠳᠤ ᠮᠣᠩᠭᠤᠯ ᠤᠨ ᠣᠷᠴᠢᠨ ᠦᠶ᠎ᠡ ᠬᠢᠭᠡᠳ ᠰᠢᠨ᠎ᠡ ᠦᠶ᠎ᠡ ᠶᠢᠨ ᠢᠷᠠᠭᠤ ᠨᠠᠶᠢᠷᠠᠭ ᠠᠴᠠ ᠰᠢᠮ᠎ᠡ ᠲᠡᠵᠢᠭᠡᠯ ᠠᠪᠬᠤ ᠶᠢᠨ ᠵᠡᠷᠭᠡᠴᠡᠭᠡ᠂ ︽ᠥᠪᠡᠷ ᠤᠨ ᠪᠡᠶ᠎ᠡ ᠶᠢ ᠢᠷᠯᠡᠵᠦ︾᠂ ᠰᠡᠳᠬᠢᠯ ᠤᠨ ᠲᠡᠭᠷᠢ ᠨᠢ ᠭᠡᠶᠢᠵᠦ᠂ ᠣᠩᠭᠤᠳ ᠤᠨ ᠰᠠᠬᠢᠭᠤᠰᠤ ᠨᠢ ᠰᠡᠷᠭᠦᠵᠦ᠂ ᠠᠪᠢᠶᠠᠰ ᠤᠨ ᠨᠠᠷᠠᠨ ᠨᠢ ᠮᠠᠨᠳᠤᠵᠤ᠂ ᠪᠢᠯᠢᠭ ᠤᠨ ᠬᠤᠷ᠎ᠠ ᠨᠢ ᠠᠰᠬᠠᠷᠠᠭᠰᠠᠨ ᠨᠠᠶᠢᠷᠠᠭᠴᠢ ᠪᠣᠯᠵᠠᠢ᠃ ᠲᠡᠷᠡ ᠢᠷᠠᠭᠤ ᠨᠠᠶᠢᠷᠠᠭ ᠤᠨ ᠤᠷᠠᠨ ᠠᠪᠢᠶᠠᠰ ᠢᠶᠠᠷ ᠢᠶᠠᠨ ᠳ᠋᠊ · ᠨᠠᠴᠤᠭᠳᠣᠷᠵᠢ᠂ ᠪ᠊ · ᠶᠠᠪᠤᠬᠤᠯᠠᠩ᠂ ᠷ᠊ · ᠴᠣᠶᠢᠨᠣᠮ᠂ ᠪ᠊ · ᠯᠾᠠᠬᠠᠪᠠᠰᠦ᠋ᠷᠦᠩ᠂ ᠳ᠋᠊ · ᠤᠷᠢᠶᠠᠩᠬᠠᠢ᠂ ᠣ᠂ ᠳᠠᠰᠢᠪᠠᠯᠪᠠᠷ᠂ ᠳ᠋᠊ · ᠨᠢᠮᠠᠰᠦ᠋ᠷᠦᠩ ᠨᠠᠷ ᠲᠠᠢ ᠰᠠᠳᠤᠨ ᠲᠥᠷᠥᠯ ᠪᠣᠯᠣᠭᠰᠠᠨ ᠮᠡᠲᠦ᠂ ᠰᠢᠯᠦᠭ ᠵᠣᠬᠢᠶᠠᠯ ᠤᠨ ᠠᠶᠠᠰ ᠬᠥᠭ ᠨᠢ ︽ᠠᠭᠠᠷ᠎ᠠ ᠨᠢᠭᠡᠨ ᠮᠡᠲᠦ︾ ᠰᠠᠨᠠᠭᠳᠠᠪᠠ᠃ ᠨᠠᠶᠢᠷᠠᠭᠴᠢ ᠪᠤᠶᠠᠨᠪᠠᠲᠤ ᠠᠴᠠ ᠨᠢᠭᠡᠨ ᠰᠢᠯᠦᠭ ᠲᠤ ᠪᠠᠨ ︽ᠪᠢᠳ᠋ᠨ ᠨᠠᠴᠤᠭᠳᠣᠷᠵᠢ ᠶᠢᠨ ᠬᠡᠦᠬᠡᠳ ᠤᠳ ᠡ︾ ᠭᠡᠵᠤ ᠰᠢᠯᠦᠭᠯᠡᠭᠰᠡᠨ ᠨᠢ ᠴᠦ ᠪᠠᠰᠠ ᠤᠴᠢᠷ  ᠲᠠᠢ ᠶᠤᠮ᠃ᠨᠠᠶᠢᠷᠠᠭᠴᠢ ᠪᠤᠶᠠᠨᠪᠠᠲᠤ ᠶᠢᠨ ᠤᠷᠠᠨ ᠪᠦᠲᠦᠭᠡᠯᠴᠢ ᠭᠠᠶᠢᠬᠠᠮᠰᠢᠭᠲᠠᠢ ᠰᠢᠯᠦᠭ ᠠᠴᠠ ᠨᠢᠭᠡᠨ ᠭᠠᠶᠢᠬᠠᠯᠲᠠᠢ  ᠵᠢᠱᠢᠶ᠎ᠡ ᠶᠢ ᠳᠤᠷᠠᠳᠪᠠᠯ ︵ᠪᠤᠶᠠᠨᠪᠠᠲᠤ ᠶᠢᠨ ᠡᠨᠡ ᠰᠢᠯᠦᠭ ᠠᠴᠠ ᠥᠭᠡᠷ᠎ᠡ ᠬᠡᠨ ᠢᠩᠭᠢᠵᠦ ᠪᠢᠴᠢᠵᠦ ᠳᠡᠶᠢᠯᠬᠦ ᠪᠣᠯ ᠳ᠋ᠠ ᠭᠡᠬᠦ ᠪᠣᠳᠣᠯ ᠲᠥᠷᠥᠳᠡᠭ︶᠂ ᠲᠡᠷᠡ ᠲᠣᠷᠤᠨ᠎ᠠ ᠶᠢᠨ ᠶᠡᠭᠡ ᠢᠷᠠᠭᠤ ᠨᠠᠶᠢᠷᠠᠭᠴᠢ ᠳ᠋ᠠᠨᠽᠠᠨ ᠤ ᠨᠢᠮᠠᠰᠦ᠋ᠷᠦᠩ ᠤᠨ ︽ᠠᠮᠢᠲ᠋ᠠᠪᠠ︾ ᠤᠨ ᠠᠶᠠᠰ ᠲᠤᠷ ᠨᠡᠶᠢᠯᠡᠭᠦᠯᠦᠭᠰᠡᠨ ᠪᠦᠯᠦᠭᠡ ᠭᠡᠵᠤ ᠲᠣᠳᠣᠷᠬᠠᠶᠢᠯᠠᠯᠲᠠ ᠬᠢᠵᠦ᠂ ︽ᠠᠮᠢᠲ᠋ᠠᠪᠠ ᠰᠢᠭ᠋ ᠮᠥᠷᠥᠭᠡᠳᠦᠯ︾ ᠭᠡᠬᠦ ᠰᠢᠯᠦᠭ ᠪᠢᠴᠢᠪᠡ᠃ ᠡᠨᠡ ᠪᠣᠯ ᠰᠢᠨ᠎ᠡ ᠣᠷᠣᠯᠳᠣᠯᠭ᠎ᠠ᠂ ᠰᠢᠨ᠎ᠡ ᠡᠷᠢᠯ᠂ ᠰᠢᠨ᠎ᠡ ᠠᠮᠵᠢᠯᠲᠠ ᠶᠤᠮ᠃ᠳ᠋ᠠᠨᠽᠠᠨ ᠤ ᠨᠢᠮᠠᠰᠦ᠋ᠷᠦᠩ ᠤᠨ ︽ᠠᠮᠢᠲ᠋ᠠᠪᠠ︾ ᠰᠢᠯᠦᠭ ᠲᠤ᠂ᠶᠠᠭᠠᠬᠢᠵᠤ ᠪᠢ ᠠᠮᠢᠲ᠋ᠠᠪᠠ ᠰᠢᠭ᠋᠂ ᠬᠥᠯ ᠢᠶᠠᠨ ᠴᠡᠴᠡᠭᠡᠨ ᠥᠯᠵᠡᠢ ᠵᠠᠪᠢᠯᠠᠬᠤ ᠪᠤᠢ︖ ᠶᠠᠭᠠᠬᠢᠵᠤ ᠪᠢ ᠠᠮᠢᠲ᠋ᠠᠪᠠ ᠰᠢᠭ᠋᠂ ᠴᠢᠮᠠᠶᠢ ᠪᠠᠨ ᠪᠤᠷᠬᠠᠨ ᠤ ᠲᠢᠭ ᠲᠤ ᠪᠦᠲᠦᠭᠡᠬᠦ ᠪᠤᠢ︖ ᠶᠠᠭᠠᠬᠢᠵᠤ ᠪᠢ ᠠᠮᠢᠲ᠋ᠠᠪᠠ ᠰᠢᠭ᠋᠂ ᠬᠦᠢᠰᠦᠨ ᠤ ᠨᠢᠭᠤᠴᠠ ᠶᠢ ᠬᠤᠷᠤᠭᠤ ᠪᠠᠷ ᠢᠶᠠᠨ ᠲᠣᠮᠢᠶᠠᠯᠠᠬᠤ ᠪᠤᠢ︖ ᠶᠠᠭᠠᠬᠢᠵᠤ ᠪᠢ ᠠᠮᠢᠲ᠋ᠠᠪᠠ ᠰᠢᠭ᠋᠂ ᠬᠡᠦᠬᠡᠨ ᠤ ᠪᠡᠯᠬᠡᠭᠦᠰᠦ ᠶᠢ ᠠᠯᠲᠠᠨ ᠬᠠᠷᠭᠠᠨ᠎ᠠ ᠪᠠᠷ ᠦᠢᠰᠦᠯᠡᠬᠦ ᠪᠤᠢ︖ ᠶᠠᠭᠠᠬᠢᠵᠤ ᠪᠢ ᠠᠮᠢᠲ᠋ᠠᠪᠠ ᠰᠢᠭ᠋᠂ ᠭᠠᠵᠠᠷ ᠤᠨ ᠭᠦᠨ ᠳᠠᠬᠢ ᠦᠨᠳᠦᠰᠦᠨ ᠤ ᠦᠵᠦᠭᠦᠷ ᠤᠷᠤᠭᠤ ᠵᠠᠯᠪᠠᠷᠢᠬᠤ ᠪᠤᠢ︖ ᠶᠠᠭᠠᠬᠢᠵᠤ ᠪᠢ ᠠᠮᠢᠲ᠋ᠠᠪᠠ ᠰᠢᠭ᠋᠂ ᠶᠢᠰᠦᠨ ᠡᠷᠳᠡᠨᠢ ᠶᠢᠨ ᠴᠢᠯᠠᠭᠤ ᠪᠠᠷ ᠴᠢᠮᠠᠶᠢ ᠪᠠᠨ ᠴᠢᠮᠡᠬᠦ ᠪᠤᠢ︖ ᠭᠡᠵᠤ ᠰᠢᠯᠦᠭᠯᠡᠭᠰᠡᠨ ᠪᠣᠯ ᠨᠠᠶᠢᠷᠠᠭᠴᠢ ᠪᠤᠶᠠᠨᠪᠠᠲᠤ ︽ᠠᠮᠢᠲ᠋ᠠᠪᠠ ᠰᠢᠭ᠋ ᠮᠥᠷᠥᠭᠡᠳᠦᠯ︾ ᠭᠡᠬᠦ ᠰᠢᠯᠦᠭ ᠲᠤ ᠪᠠᠨ᠂ᠪᠢ ᠶᠠᠭᠠᠬᠢᠵᠤ ᠭᠤᠪᠢ ᠶᠢᠨ ᠰᠠᠯᠬᠢᠨ ᠤ ᠤᠷᠤᠭᠤᠯ ᠳᠡᠭᠡᠷ᠎ᠡ ᠥᠪᠡᠷ ᠢ ᠢᠶᠠᠨ ᠲᠠᠬᠢᠨ ᠰᠡᠶᠢᠯᠵᠦ ᠦᠯᠡᠳᠡᠭᠡᠬᠦ ᠪᠤᠢ ᠪᠢ ᠶᠠᠭᠠᠬᠢᠵᠤ ᠬᠡᠯᠡ ᠳᠤ ᠣᠷᠤᠭ᠎ᠠ ᠦᠭᠡᠢ ᠬᠡᠦᠬᠡᠳ ᠤᠨ ᠬᠡᠯᠡᠭᠰᠡᠨ ᠦᠭᠡᠨ ᠳᠡᠭᠡᠷ᠎ᠡ ᠤᠨᠠᠭᠠᠨ ᠲᠥᠷᠬᠦ ᠪᠠᠨ ᠵᠢᠷᠤᠬᠤ ᠪᠤᠢ ᠪᠢ ᠶᠠᠭᠠᠬᠢᠵᠤ ᠣᠷᠴᠢᠯᠠᠩ ᠤᠨ ᠬᠤᠭᠤᠰᠤᠨ ᠴᠢᠨᠠᠷ ᠲᠤ ᠪᠡᠶᠡᠲᠦ ᠰᠦᠨᠡᠰᠦ ᠪᠠᠨ ᠭᠡᠷᠡᠯᠲᠦᠭᠦᠯᠦᠨ ᠳᠠᠭᠤᠯᠠᠬᠤ ᠪᠤᠢ ᠪᠢ ᠶᠠᠭᠠᠬᠢᠵᠤ  ᠬᠥᠮᠥᠨ ᠤ ᠶᠢᠷᠲᠢᠨᠴᠦ ᠶᠢᠨ ᠰᠡᠭᠦᠳᠡᠷ ᠠᠴᠠ ᠵᠢᠪᠡᠷᠡᠭᠰᠡᠨ ᠵᠢᠷᠦᠬᠡ ᠪᠠᠨ ᠪᠤᠯᠢᠶᠠᠵᠤ ᠠᠪᠴᠢᠷᠠᠬᠤ ᠪᠤᠢᠪᠢ ᠶᠠᠭᠠᠬᠢᠵᠤ ᠨᠢᠭᠡ ᠬᠤᠨᠳᠠᠭ᠎ᠠ ᠳᠠᠷᠠᠰᠤ ᠪᠠᠷ ᠮᠢᠩᠭᠠᠨ ᠭᠤᠨᠢᠭ ᠢᠶᠠᠨ ᠲᠠᠶᠢᠯᠵᠤ ᠲᠠᠶᠢᠳᠬᠤᠷᠠᠬᠤ ᠪᠤᠢ ᠪᠢ ᠶᠠᠭᠠᠬᠢᠵᠤ ᠵᠤᠲᠠᠷᠠᠭᠰᠠᠨ ᠮᠣᠩᠭᠤᠯ ᠤᠨ ᠢᠶᠠᠨ ᠲᠡᠦᠬᠡᠨ ᠰᠢᠷᠬ᠎ᠠ ᠶᠢ ᠰᠡᠷᠭᠦᠨ ᠮᠠᠨᠳᠤᠯ ᠢᠶᠠᠷ ᠠᠨᠠᠭᠠᠬᠤ ᠪᠤᠢ ᠁ ︵︽ᠠᠮᠢᠲ᠋ᠠᠪᠠ ᠰᠢᠭ᠋ ᠮᠥᠷᠥᠭᠡᠳᠦᠯ︾︶ ᠭᠡᠵᠡᠢ᠃ᠡᠨᠡ ᠬᠤᠶᠠᠷ ᠰᠢᠯᠦᠭ ᠢ ᠲᠤᠰ ᠲᠤᠰ ᠰᠠᠯᠤᠩᠭᠢᠳᠠ ᠤᠩᠰᠢᠬᠤ ᠳᠤ ᠮᠠᠰᠢ ᠣᠶᠢᠷᠠᠯᠴᠠᠭ᠎ᠠ᠂ ᠬᠠᠶᠢᠩᠭᠤ ᠤᠩᠰᠢᠭᠴᠢ ᠨᠠᠳᠠ ᠰᠢᠭ᠋ ᠬᠥᠮᠥᠨ ᠳᠤ ᠪᠣᠯ ︽ᠥ ᠳ᠋ᠠ᠂ ᠶᠡᠷᠦ ᠨᠢ ᠳ᠋ᠠᠨᠽᠠᠨ ᠤ ᠨᠢᠮᠠᠰᠦ᠋ᠷᠦᠩ ᠤᠨ ︽ᠠᠮᠢᠲ᠋ᠠᠪᠠ︾ ᠰᠢᠯᠦᠭ ᠢ ᠳᠠᠭᠤᠷᠢᠶᠠᠯᠭᠠᠵᠤ ᠪᠢᠴᠢᠭᠰᠡᠨ ᠪᠣᠯᠣᠯᠲᠠᠢ᠂ ᠡᠭᠦᠨ ᠢ ᠢ ᠤᠩᠰᠢᠭᠰᠠᠨ ᠴᠦ ᠪᠣᠯᠣᠨ᠎ᠠ᠂ ᠦᠭᠡᠢ ᠴᠦ ᠪᠣᠯᠣᠨ᠎ᠠ︾ ᠭᠡᠳ ᠥᠩᠭᠡᠷᠡᠬᠦ ᠮᠠᠭᠠᠳ᠃ ᠡᠰᠡᠬᠦᠯ᠎ᠡ ᠠᠮᠢᠲ᠋ᠠᠪᠠ ᠭᠡᠭᠴᠢ ᠶᠠᠭᠤ ᠪᠤᠢ︖ ᠡᠨᠡ ᠴᠢᠨᠢ ᠪᠠᠰᠠ ᠨᠢᠭᠡ ︽ᠣᠶᠢᠯᠠᠭᠠᠭᠳᠠᠬᠤ ᠦᠭᠡᠢ ᠰᠢᠯᠦᠭ︾ ᠪᠠᠶᠢᠨ᠎ᠠ ᠭᠡᠵᠤ ᠪᠣᠳᠣᠬᠤ ᠴᠦ ᠮᠠᠭᠠᠳ᠃ ᠭᠡᠲᠡᠯ᠎ᠡ ᠡᠨᠡ ᠬᠤᠶᠠᠷ ᠰᠢᠯᠦᠭ ᠢ ᠵᠡᠷᠭᠡᠴᠡᠭᠦᠯᠦᠭᠡᠳ ᠦᠵᠡᠪᠡᠯ᠂ ᠬᠡᠯᠪᠡᠷᠢ ᠶᠢᠨ ᠬᠤᠪᠢ ᠳᠤ᠂ ᠠᠭᠤᠯᠭ᠎ᠠ ᠶᠢᠨ ᠬᠤᠪᠢ ᠳᠤ᠂ ᠪᠠᠰᠠ ᠤᠷᠠᠯᠠᠬᠤ ᠠᠪᠢᠶᠠᠰ ᠥᠪᠡᠷᠮᠢᠴᠡ ᠪᠦᠲᠦᠭᠡᠯᠴᠢ ᠴᠢᠨᠠᠷ ᠢᠶᠠᠷ ᠢᠶᠠᠨ ᠮᠠᠰᠢ ᠥᠭᠡᠷ᠎ᠡ ᠬᠤᠶᠠᠷ ᠶᠠᠩᠵᠤ ᠶᠢᠨ ᠰᠣᠷᠭᠤᠭ ᠴᠡᠴᠡᠭ ᠪᠠᠶᠢᠯ᠎ᠠ᠃ ᠬᠡᠯᠪᠡᠷᠢ ᠶᠢᠨ ᠬᠤᠪᠢ ᠳᠤ ᠡᠮᠦᠨᠡᠬᠢ ︽ᠠᠮᠢᠲ᠋ᠠᠪᠠ︾ ᠭᠡᠵᠤ ᠭᠠᠷᠴᠠᠭᠯᠠᠭᠰᠠᠨ ᠪᠣᠯ ᠬᠤᠶᠢᠨᠠᠬᠢ ᠨᠢ ︽ᠠᠮᠢᠲ᠋ᠠᠪᠠ ᠰᠢᠭ᠋ ᠮᠥᠷᠥᠭᠡᠳᠦᠯ︾ ᠭᠡᠵᠤ᠂ ᠡᠮᠦᠨᠡᠬᠢ ᠨᠢ ︽ᠶᠠᠭᠠᠬᠢᠵᠤ ᠪᠢ ᠠᠮᠢᠲ᠋ᠠᠪᠠ ᠰᠢᠭ᠋︾ ᠭᠡᠬᠦ ᠮᠥᠷ ᠢᠶᠠᠷ ᠵᠢᠭᠰᠠᠭᠠᠭᠰᠠᠨ ᠪᠣᠯ ᠬᠤᠶᠢᠨᠠᠬᠢ ︽ᠪᠢ ᠶᠠᠭᠠᠬᠢᠵᠤ︾ ᠭᠡᠵᠤ ︽ᠠᠮᠢᠲ᠋ᠠᠪᠠ ᠰᠢᠭ᠋︾ ᠭᠡᠳᠡᠭ ᠢ ᠭᠠᠷᠴᠠᠭ ᠳᠣᠲᠣᠷ᠎ᠠ ᠨᠢᠭᠡ ᠯᠡ ᠤᠳᠠᠭ᠎ᠠ᠂ ᠰᠢᠯᠦᠭ ᠤᠨ ᠡᠴᠦᠰ ᠤᠨ ᠮᠥᠷ ᠳᠡᠭᠡᠷ᠎ᠡ ᠪᠠᠰᠠ ᠨᠢᠭᠡ ᠤᠳᠠᠭ᠎ᠠ ᠳᠤᠷᠠᠳᠴᠤ ᠪᠠᠶᠢᠨ᠎ᠠ  ︵︽ᠪᠢ ᠶᠠᠭᠠᠬᠢᠵᠤ ᠠᠮᠢᠲ᠋ᠠᠪᠠ ᠰᠢᠭ᠋ ᠮᠥᠷᠥᠭᠡᠳᠦᠯ ᠢᠶᠠᠨ ᠠᠮᠢᠳᠤ ᠶᠢᠨ ᠵᠠᠶᠠᠭᠠᠨ ᠳᠠᠭᠠᠨ ᠦᠵᠡᠬᠦ ᠪᠤᠢ︾︶᠃ ᠡᠳᠡᠭᠡᠷ ᠨᠢ ᠡᠨᠡ ᠬᠤᠶᠠᠷ ᠰᠢᠯᠦᠭ ᠤᠨ ᠢᠯᠭᠠᠭ᠎ᠠ ᠦᠦ︖ ᠭᠡᠪᠡᠯ ᠢᠯᠭᠠᠭ᠎ᠠ ᠪᠢᠰᠢ᠃ ᠬᠠᠷᠢᠨ ᠢᠯᠭᠠᠭ᠎ᠠ ᠨᠢ ᠶᠠᠭᠤ ᠭᠡᠪᠡᠯ ᠠᠭᠤᠯᠭ᠎ᠠ᠂ ᠰᠡᠳᠬᠢᠯᠭᠡᠨ ᠤ ᠤᠷ᠎ᠠ ᠴᠢᠳᠠᠪᠤᠷᠢ ᠪᠠᠶᠢᠯ᠎ᠠ᠃ ᠥᠭᠡᠷ᠎ᠡ ᠪᠠᠷ ᠬᠡᠯᠡᠪᠡᠯ᠂ ᠶᠠᠭᠤ ᠶᠢ ᠢᠯᠡᠷᠬᠡᠶᠢᠯᠡᠭᠰᠡᠨ᠂ ᠶᠠᠮᠠᠷ ᠵᠣᠷᠢᠭᠤᠯᠤᠯᠲᠠ ᠲᠠᠢ ᠭᠡᠳᠡᠭ ᠢᠶᠠᠷ ᠢᠶᠠᠨ ᠢᠯᠭᠠᠭ᠎ᠠ ᠲᠠᠢ ᠪᠠᠶᠢᠵᠤ ᠪᠣᠯᠬᠤ ᠶᠤᠮ᠃ ︽ᠪᠢ ᠶᠠᠭᠠᠬᠢᠵᠤ ᠬᠡᠯᠡ  ᠳᠤ ᠣᠷᠤᠭ᠎ᠠ ᠦᠭᠡᠢ ᠬᠡᠦᠬᠡᠳ ᠤᠨ ᠬᠡᠯᠡᠭᠰᠡᠨ ᠦᠭᠡᠨ ᠳᠡᠭᠡᠷ᠎ᠡ ᠤᠨᠠᠭᠠᠨ ᠲᠥᠷᠬᠦ ᠪᠠᠨ ᠵᠢᠷᠤᠬᠤ ᠪᠤᠢ︾ ᠭᠡᠬᠦ ᠭᠠᠭᠴᠠ ᠮᠥᠷ ᠴᠦ ᠨᠠᠶᠢᠷᠠᠭᠴᠢ ᠪᠤᠶᠠᠨᠪᠠᠲᠤ ᠶᠢᠨ ᠰᠢᠯᠦᠭ ᠤᠨ ᠪᠦᠬᠦ ᠤᠳᠬ᠎ᠠ ᠶᠢ ᠬᠠᠷᠠᠭᠤᠯᠵᠤ ᠪᠣᠯᠬᠤ ᠶᠤᠮ᠃ ᠬᠡᠷᠪᠡ ᠡᠨᠡ ᠮᠥᠷ ᠢ ︽ᠶᠠᠭᠠᠬᠢᠵᠤ ᠪᠢ ᠬᠡᠯᠡ ᠳᠤ ᠣᠷᠤᠭ᠎ᠠ ᠦᠭᠡᠢ ᠬᠡᠦᠬᠡᠳ ᠤᠨ ᠬᠡᠯᠡᠭᠰᠡᠨ ᠦᠭᠡᠨ ᠳᠡᠭᠡᠷ᠎ᠡ ᠤᠨᠠᠭᠠᠨ ᠲᠥᠷᠬᠦ ᠪᠠᠨ ᠵᠢᠷᠤᠬᠤ ᠪᠤᠢ︾ ᠭᠡᠰᠡᠨ ᠪᠣᠯ ᠪᠠᠰᠠ ᠥᠭᠡᠷ᠎ᠡ ᠪᠠᠶᠢᠭᠰᠠᠨ ᠮᠠᠭᠠᠳ᠃ ᠭᠡᠬᠦ ᠳᠡᠭᠡᠨ ᠨᠠᠶᠢᠷᠠᠭᠴᠢ ᠪᠤᠶᠠᠨᠪᠠᠲᠤ ᠶᠢᠨ ᠰᠢᠯᠦᠭ ᠲᠤ ︽ᠪᠢ︾ ᠶᠠᠭᠠᠬᠢᠵᠤ ︽ᠪᠢ︾ ᠶᠢ ᠣᠯᠬᠤ ᠨᠢ ᠴᠢᠬᠤᠯᠠ ᠠᠭᠤᠯᠭ᠎ᠠ ᠪᠣᠯᠵᠤ᠂ ᠮᠥᠨ ︽ᠪᠢ︾ ᠶᠠᠭᠠᠬᠢᠵᠤ ︽ᠪᠢ︾ ᠪᠠᠷ ᠦᠯᠡᠳᠡᠬᠦ ᠨᠢ ᠭᠤᠣᠯ ᠠᠰᠠᠭᠤᠳᠠᠯ ᠪᠣᠯᠣᠭᠰᠠᠨ ᠨᠢ ᠢᠯᠡᠷᠬᠡᠢ ᠶᠤᠮ᠃ ᠡᠶᠢᠮᠦ  ᠠᠴᠠ ᠲᠤᠰ ᠰᠢᠯᠦᠭ ᠤᠨ ᠡᠴᠦᠰ ᠤᠨ ᠪᠠᠳᠠᠭ ᠲᠤ᠂ᠪᠢ ᠶᠠᠭᠠᠬᠢᠵᠤ ᠭᠦᠨ ᠰᠥᠨᠢ ᠶᠢᠨ ᠠᠨᠢᠷ ᠵᠡᠭᠦᠳᠦᠨ ᠳᠤᠮᠳᠠᠭᠤᠷ ᠰᠦᠯᠵᠢᠯᠳᠦᠬᠦ ᠶᠢ ᠴᠢᠩᠨᠠᠬᠤ ᠪᠤᠢᠪᠢ ᠶᠠᠭᠠᠬᠢᠵᠤ ᠳᠠᠯᠳᠠ ᠲᠡᠭᠷᠢ ᠶᠢᠨ ᠭᠡᠷᠡᠯ ᠵᠢᠷᠦᠬᠡᠨ ᠳᠤᠮᠳᠠᠭᠤᠷ ᠳᠠᠪᠬᠢᠯᠳᠤᠬᠤ ᠶᠢ ᠢᠲᠡᠭᠡᠬᠦ ᠪᠤᠢ ᠪᠢ ᠶᠠᠭᠠᠬᠢᠵᠤ ᠭᠡᠷᠡᠯ ᠨᠢ ᠭᠡᠷᠡᠯ ᠢᠶᠠᠨ᠂ ᠰᠡᠭᠦᠳᠡᠷ ᠨᠢ ᠰᠡᠭᠦᠳᠡᠷ ᠢᠶᠠᠨ ᠵᠠᠯᠭᠢᠳᠠᠭ ᠢ ᠳᠠᠶᠢᠯᠠᠬᠤ ᠪᠤᠢ ᠪᠢ ᠶᠠᠭᠠᠬᠢᠵᠤ ᠭᠡᠮ ᠵᠢᠮ ᠦᠭᠡᠢ ᠬᠥᠮᠥᠨ ᠢ ᠪᠤᠷᠬᠠᠨ ᠤ ᠥᠮᠥᠭᠯᠡᠯ ᠳᠤ ᠲᠤᠰᠢᠶᠠᠬᠤ ᠪᠤᠢ ᠪᠢ ᠶᠠᠭᠠᠬᠢᠵᠤ ᠵᠣᠪᠠᠯᠠᠩ ᠤᠨ ᠰᠢᠯᠲᠠᠭᠠᠨ ᠵᠢᠷᠭᠠᠯᠠᠩ ᠳᠤᠷ ᠪᠠᠶᠢᠳᠠᠭ ᠢ ᠤᠬᠠᠭᠠᠷᠠᠬᠤ ᠪᠤᠢ ᠪᠢ ᠶᠠᠭᠠᠬᠢᠵᠤ ᠠᠮᠢᠲ᠋ᠠᠪᠠ ᠰᠢᠭ᠋ ᠮᠥᠷᠥᠭᠡᠳᠦᠯ ᠢ ᠠᠮᠢᠳᠤ ᠶᠢᠨ ᠵᠠᠶᠠᠭᠠᠨ ᠳᠠᠭᠠᠨ ᠦᠵᠡᠬᠦ ᠪᠤᠢ ᠭᠡᠵᠤ ᠰᠢᠯᠦᠭᠯᠡᠭᠰᠡᠨ ᠪᠠᠶᠢᠨ᠎ᠠ᠃ᠳ᠋ᠠᠨᠽᠠᠨ ᠤ ᠨᠢᠮᠠᠰᠦ᠋ᠷᠦᠩ ᠤᠨ ︽ᠠᠮᠢᠲ᠋ᠠᠪᠠ︾ ᠰᠢᠯᠦᠭ ᠲᠤ ᠤᠳᠬ᠎ᠠ ᠰᠠᠨᠠᠭ᠎ᠠ ᠶᠢ ᠲᠡᠭᠦᠯᠳᠡᠷ ᠰᠠᠶᠢᠬᠠᠨ ᠢᠯᠡᠷᠬᠡᠶᠢᠯᠡᠭᠰᠡᠨ ᠢᠶᠠᠷ ᠢᠶᠠᠨ ᠭᠤᠶᠣ ᠲᠠᠩᠰᠤᠭ᠂ ᠵᠣᠬᠢᠴᠠᠯ ᠲᠡᠩᠴᠡᠭᠦᠬᠡᠨ ᠰᠠᠶᠢᠬᠠᠨ ᠪᠠᠶᠢᠬᠤ ᠳᠤ ᠨᠠᠶᠢᠷᠠᠭᠴᠢ ᠪᠤᠶᠠᠨᠪᠠᠲᠤ ᠶᠢᠨ ᠰᠢᠯᠦᠭ ᠲᠤ ︽ᠪᠢ︾ ᠶᠢ ᠢᠯᠡᠷᠬᠡᠶᠢᠯᠡᠭᠰᠡᠨ ᠤᠳᠬ᠎ᠠ ᠰᠠᠨᠠᠭᠠᠨ ᠤ ᠭᠦᠨᠵᠡᠭᠡᠶᠢᠷᠡᠯ᠂ ᠳ᠋ᠠᠨᠽᠠᠨ ᠤ ᠨᠢᠮᠠᠰᠦ᠋ᠷᠦᠩ ᠤᠨ ᠪᠤᠰᠤᠳ ᠰᠢᠯᠦᠭ ᠲᠤ ᠪᠠᠶᠢᠳᠠᠭ ᠤᠶᠠᠩᠭ᠎ᠠ ᠶᠢᠨ ᠠᠶᠠᠰ ᠢᠶᠠᠷ ᠳᠣᠲᠣᠭᠠᠳᠤ ᠰᠡᠳᠬᠢᠯᠭᠡ ᠶᠢᠨ ᠢᠯᠡᠷᠬᠡᠶᠢᠯᠡᠯ ᠢ ᠬᠦᠴᠦᠲᠡᠢ ᠭᠠᠷᠭᠠᠭᠰᠠᠨ ᠢᠶᠠᠷ ᠢᠶᠠᠨ ᠣᠨᠴᠠᠯᠢᠭ ᠪᠦᠲᠦᠭᠡᠯ ᠪᠣᠯᠣᠭᠰᠠᠨ ᠶᠤᠮ᠃ ᠡᠭᠦᠨ ᠢ ᠰᠢᠨᠡᠴᠢᠯᠡᠯ ᠂ ᠥᠪᠡᠷᠮᠢᠴᠡ ᠡᠭᠦᠳᠦᠨ ᠪᠦᠲᠦᠭᠡᠯᠲᠡ᠂ ᠮᠥᠨ ᠨᠠᠶᠢᠷᠠᠭᠴᠢ ᠶᠢᠨ ᠠᠪᠢᠶᠠᠰ ᠡᠷᠳᠡᠮ ᠭᠡᠵᠤ ᠬᠡᠯᠡᠬᠦ ᠠᠴᠠ ᠥᠭᠡᠷ᠎ᠡ ᠠᠷᠭ᠎ᠠ ᠦᠭᠡᠢ ᠶᠤᠮ᠃ ᠤᠳᠬ᠎ᠠ ᠵᠣᠬᠢᠶᠠᠯ ᠤᠨ ᠰᠢᠨᠡᠴᠢᠯᠡᠯ ᠥᠭᠡᠷᠡᠴᠢᠯᠡᠯᠲᠡ ᠭᠡᠵᠤ ᠶᠠᠭᠤ ᠪᠤᠢ ᠭᠡᠪᠡᠯ ᠢᠷᠠᠭᠤ ᠨᠠᠶᠢᠷᠠᠭᠴᠢ ᠪ᠊ · ᠶᠠᠪᠤᠬᠤᠯᠠᠩ ᠤᠨ ᠬᠡᠯᠡᠭᠰᠡᠨ ᠮᠡᠲᠦ ︽ᠰᠢᠨ᠎ᠡ ᠨᠢ ᠬᠠᠭᠤᠴᠢᠨ ᠠᠴᠠ ᠪᠠᠨ ᠰᠠᠷᠠ ᠮᠡᠲᠦ ᠰᠣᠨᠳᠣᠭᠤᠢ᠂ ᠰᠠᠨᠰᠠᠷ ᠮᠡᠲᠦ ᠵᠠᠶᠢᠲᠠᠢ ᠪᠠᠶᠢᠳᠠᠭ ᠦᠭᠡᠢ ᠪᠥᠭᠡᠳ ᠭᠠᠵᠢ ᠣᠨᠳᠣᠣ ᠪᠠᠷ ᠪᠢᠰᠢ᠂ ᠭᠠᠷᠴᠠᠭ᠎ᠠ ᠦᠭᠡᠢ ︿ᠨᠣᠮ ᠢᠶᠠᠷ﹀ ᠨᠢ ᠤᠷᠠᠯᠠᠵᠤ ᠬᠡᠮᠡᠨ ᠨᠢ ᠰᠢᠨ᠎ᠡ ᠶᠢ ᠪᠦᠲᠦᠭᠡᠳᠡᠭ ᠤᠴᠢᠷ ᠠᠴᠠ ᠬᠡᠨ ᠬᠥᠮᠥᠨ ᠳᠤ ᠠᠪᠤᠭᠰᠠᠭᠠᠷ ᠠᠵᠢᠭᠯᠠᠭᠳᠠᠳᠠᠭ ᠦᠭᠡᠢ ᠪᠢᠯᠡ︾ ᠭᠡᠵᠤ ᠬᠡᠯᠡᠭᠰᠡᠨ ᠠᠳᠠᠯᠢ ᠶᠠᠮᠠᠷᠪᠠ ᠰᠢᠨᠡᠴᠢᠯᠡᠯ ᠥᠭᠡᠷᠡᠴᠢᠯᠡᠯᠲᠡ ᠶᠢ ᠵᠥᠪᠬᠡᠨ ᠥᠪᠡᠷ ᠤᠨ ᠲᠦᠪᠰᠢᠨ ᠳᠡᠭᠲᠡᠷ ᠠᠴᠠ ᠠᠵᠢᠬᠤ ᠶᠤᠮ ᠪᠣᠯ ᠬᠡᠨ ᠴᠦ ᠣᠯᠵᠤ ᠭᠠᠷᠬᠤ ᠦᠭᠡᠢ ᠪᠠᠶᠢᠵᠤ ᠮᠠᠭᠠᠳ᠃ ᠭᠠᠭᠴᠠ ᠬᠦ ᠥᠷᠭᠡᠨ ᠬᠦᠷᠢᠶᠡᠨ ᠳᠤ᠂ ᠲᠡᠦᠬᠡ ᠶᠢᠨ ᠬᠠᠷᠢᠴᠠᠭᠠᠨ ᠳᠤ ᠠᠪᠴᠤ ᠦᠵᠡᠪᠡᠰᠦ ᠲᠡᠷᠡ ᠬᠦ ᠰᠢᠨᠡᠴᠢᠯᠡᠯ ᠥᠭᠡᠷᠡᠴᠢᠯᠡᠯ ᠤᠨ ᠤᠭ ᠤᠴᠢᠷ ᠢ ᠣᠯᠵᠤ ᠪᠣᠯᠬᠤ ᠪᠢᠯᠡ᠃ ᠪᠢᠳᠠ ᠪᠤᠶᠠᠨᠪᠠᠲᠤ ᠨᠠᠶᠢᠷᠠᠭᠴᠢ ᠶᠢᠨ ᠥᠭᠡᠷ᠎ᠡ ᠨᠢᠭᠡ ᠰᠢᠯᠦᠭ ᠢ ᠵᠢᠱᠢᠶ᠎ᠡ ᠶᠢ ᠠᠪᠴᠤ ᠦᠵᠡᠶ᠎ᠡ᠃ ᠠᠯᠢ ᠡᠷᠲᠡ ᠶᠠᠪᠤᠬᠤᠯᠠᠩ ᠨᠠᠶᠢᠷᠠᠭᠴᠢ ᠨᠢᠭᠡᠨ ᠰᠢᠯᠦᠭ ᠲᠤ ᠪᠠᠨ ︽ᠠᠮᠢᠳᠤᠷᠠᠯ ᠭᠡᠭᠴᠢ ᠠᠮᠠᠷᠠᠯᠲᠠ ᠳᠤ ᠪᠠᠶᠢᠭ᠎ᠠ ᠶᠤᠮ ᠰᠢᠭ᠋᠂ ᠢᠷᠡᠬᠦ ᠳᠡᠭᠡᠨ ᠥᠪᠡᠷ ᠤᠨ ᠣᠬᠢᠯᠠᠵᠤ ᠢᠷᠡᠳᠡᠭ ᠪᠤᠴᠠᠬᠤ ᠪᠠᠨ ᠪᠤᠰᠤᠳ ᠢ ᠣᠬᠢᠯᠠᠭᠤᠯᠵᠤ ᠶᠠᠪᠤᠳᠠᠭ︾ ᠭᠡᠵᠤ ᠬᠡᠯᠡᠭᠰᠡᠨ ᠪᠣᠯ ᠯ᠊ · ᠳᠦᠳᠡᠪ ᠨᠢᠭᠡᠨ ᠵᠣᠬᠢᠶᠠᠯ ᠳᠤ ᠪᠠᠨ ︽ᠪᠢ ᠡᠨᠡ ᠬᠤᠷᠸ᠎ᠠ ᠳᠤ ᠡᠮᠦᠰᠦᠭᠰᠡᠨ ᠴᠠᠮᠴᠠ ᠴᠦ ᠦᠭᠡᠢ᠂ ᠭᠠᠷ ᠬᠤᠭᠤᠰᠤᠨ ᠢᠷᠡᠭᠰᠡᠨ ᠪᠣᠯᠪᠠᠴᠤ᠂ ᠬᠤᠷᠸ᠎ᠠ ᠪᠣᠯ ᠶᠠᠨᠳᠠᠰᠢ ᠦᠭᠡᠢ ᠪᠠᠶᠠᠨ ᠪᠠᠶᠢᠭᠰᠠᠨ︾ ᠭᠡᠳᠡᠭ᠃ ᠭᠡᠲᠡᠯ᠎ᠡ ᠨᠠᠶᠢᠷᠠᠭᠴᠢ ᠪᠤᠶᠠᠨᠪᠠᠲᠤ ᠪᠠᠰᠠ ᠡᠶᠢᠮᠤᠷᠬᠦᠦ ᠰᠠᠨᠠᠭ᠎ᠠ ᠶᠢ ᠳᠦᠷᠰᠦᠯᠡᠬᠦ ᠳᠡᠭᠡᠨ᠂ᠡᠨᠡ ᠬᠤᠷᠸ᠎ᠠ ᠳᠤ ᠠᠩᠬ᠎ᠠ ᠢᠷᠡᠬᠦ ᠳᠡᠭᠡᠨ ᠪᠢᠣᠬᠢᠯᠠᠵᠤ ᠢᠷᠡᠭᠰᠡᠨᠳᠤᠷ᠎ᠠ ᠦᠭᠡᠢ ᠳᠡᠭᠡᠨ ᠪᠢᠰᠢ ᠡᠡᠵᠢ ᠶᠢᠨ ᠠᠯᠲᠠᠨ ᠬᠡᠪᠡᠯᠢ ᠠᠴᠠ ᠥᠭᠡᠷ᠎ᠡ ᠰᠣᠩᠭᠤᠳᠠᠭ ᠬᠡᠪᠲᠡᠷᠢ ᠦᠭᠡᠢ ᠪᠠᠶᠢᠭᠰᠠᠨᠡᠨᠡ ᠣᠷᠴᠢᠯᠠᠩ ᠳᠤ ᠲᠥᠷᠥᠬᠦ ᠳᠡᠭᠡᠨ ᠪᠢᠴᠢᠷᠠᠮᠠᠨ ᠨᠢᠴᠦᠭᠦᠨ ᠲᠥᠷᠥᠭᠰᠡᠨᠬᠤᠭᠤᠰᠤᠨ ᠳᠠᠭᠠᠨ ᠪᠢᠰᠢ ᠡᠬᠤᠷᠸ᠎ᠠ ᠠᠴᠠ ᠪᠤᠴᠠᠬᠤ ᠳᠠᠭᠠᠨ ᠪᠢ ᠶᠠᠭᠤ ᠴᠦ ᠠᠪᠴᠤ ᠶᠠᠪᠤᠬᠤ ᠦᠭᠡᠢ ᠪᠠᠨ ᠮᠡᠳᠡᠵᠦ ᠪᠠᠶᠢᠭᠰᠠᠨᠡᠨᠡ ᠶᠢᠷᠲᠢᠨᠴᠦ ᠳᠤ ᠢᠨᠢᠶᠡᠬᠦ ᠠᠴᠠ ᠪᠠᠨ ᠤᠷᠢᠳ ᠪᠢᠣᠬᠢᠯᠠᠵᠤ ᠰᠤᠷᠤᠭᠰᠠᠨᠵᠣᠪᠠᠯᠠᠩ ᠲᠠᠢ ᠳᠠᠭᠠᠨ ᠪᠢᠰᠢᠬᠤᠳᠠᠯ ᠢᠨᠢᠶᠡᠳᠦᠨ ᠠᠴᠠ ᠵᠢᠩᠬᠢᠨᠢ ᠨᠢᠯᠪᠤᠰᠤ ᠦᠨᠡᠲᠡᠢ ᠪᠠᠶᠢᠭᠰᠠᠨ ᠁ᠡᠨᠡ ᠬᠤᠷᠸ᠎ᠠ ᠳᠤ ᠪᠢ︽ᠡᠵᠢ ᠡ︾ ᠭᠡᠵᠤ ᠬᠡᠯᠡ ᠳᠤ ᠣᠷᠣᠭᠰᠠᠨᠦᠭᠡ ᠣᠯᠳᠠᠬᠤ ᠦᠭᠡᠢ ᠳᠡᠭᠡᠨ ᠪᠢᠰᠢ ᠡᠡᠭᠦᠨ ᠠᠴᠠ ᠶᠡᠭᠡ ᠠᠭᠤᠤ ᠦᠭᠡ ᠬᠠᠮᠢᠭ᠎ᠠ ᠴᠦ ᠪᠠᠶᠢᠬᠤ ᠦᠭᠡᠢ ᠪᠠᠶᠢᠭᠰᠠᠨ ︵︽ᠪᠠᠯᠴᠢᠷᠬᠠᠨ ᠨᠠᠰᠤᠨ ᠠᠴᠠ ᠪᠠᠨ ᠬᠤᠷᠸ᠎ᠠ ᠶᠢ ᠤᠬᠠᠭᠠᠷᠠᠭᠰᠠᠨ ᠮᠢᠨᠢ ᠤᠴᠢᠷᠲᠠᠢ︾︶ ᠭᠡᠵᠡᠢ᠃ ᠢᠯᠠᠩᠭᠤᠶ᠎ᠠ ᠨᠠᠶᠢᠷᠠᠭᠴᠢ ᠪᠤᠶᠠᠨᠪᠠᠲᠤ ᠳᠤ ︽ᠡᠨᠡ ᠬᠤᠷᠸ᠎ᠠ ᠳᠤ ᠠᠩᠬ᠎ᠠ ᠢᠷᠡᠬᠦ︾ ᠦᠶ᠎ᠡ ᠶᠢᠨ ︽ᠣᠬᠢᠯᠠᠵᠤ ᠢᠷᠡᠭᠰᠡᠨ︾ ᠢᠶᠠᠨ ︽ᠳᠤᠷ᠎ᠠ ᠦᠭᠡᠢ ᠳᠡᠭᠡᠨ ᠪᠢᠰᠢ ᠡ︾᠂ ︽ᠴᠢᠷᠠᠮᠠᠨ ᠨᠢᠴᠦᠭᠦᠨ ᠲᠥᠷᠥᠭᠰᠡᠨ︾ ᠢᠶᠠᠨ ︽ᠬᠤᠭᠤᠰᠤᠨ ᠳᠠᠭᠠᠨ ᠪᠢᠰᠢ ᠡ︾᠂ ︽ᠢᠨᠢᠶᠡᠬᠦ ᠠᠴᠠ ᠪᠠᠨ ᠤᠷᠢᠳ ᠣᠬᠢᠯᠠᠵᠤ ᠰᠤᠷᠤᠭᠰᠠᠨ︾ ᠢᠶᠠᠨ ᠵᠣᠪᠠᠯᠠᠩ ᠲᠠᠢ ᠳᠠᠭᠠᠨ ᠪᠢᠰᠢ᠂ ᠠᠩᠬ᠎ᠠ ᠡᠬᠢᠯᠡᠵᠦ ︽ᠡᠵᠢ ᠡ︾ ᠭᠡᠵᠤ ᠬᠡᠯᠡ ᠳᠤ ᠣᠷᠣᠭᠰᠠᠨ ᠢᠶᠠᠨ ︽ᠦᠭᠡ ᠣᠯᠳᠠᠬᠤ ᠦᠭᠡᠢ ᠳᠡᠭᠡᠨ ᠪᠢᠰᠢ ᠡ︾ ᠭᠡᠵᠤ ᠬᠡᠯᠡᠭᠡᠳ᠂ ᠳᠠᠷᠠᠭ᠎ᠠ ᠨᠢ ︽ᠡᠵᠢ ᠶᠢᠨ ᠠᠯᠲᠠᠨ ᠬᠡᠪᠡᠯᠢ ᠠᠴᠠ ᠥᠭᠡᠷ᠎ᠡ ᠰᠣᠩᠭᠤᠳᠠᠭ ᠬᠡᠪᠲᠡᠷᠢ ᠦᠭᠡᠢ ᠪᠠᠶᠢᠭᠰᠠᠨ︾᠂ ︽ᠬᠤᠷᠸ᠎ᠠ ᠠᠴᠠ ᠪᠤᠴᠠᠬᠤ ᠳᠠᠭᠠᠨ ᠪᠢ ᠶᠠᠭᠤ ᠴᠦ ᠠᠪᠴᠤ ᠶᠠᠪᠤᠬᠤ ᠦᠭᠡᠢ ᠪᠠᠨ ᠮᠡᠳᠡᠵᠦ ᠪᠠᠶᠢᠭᠰᠠᠨ︾᠂ ︽ᠬᠤᠳᠠᠯ ᠢᠨᠢᠶᠡᠳᠦᠨ  ᠠᠴᠠ ᠵᠢᠩᠬᠢᠨᠢ ᠨᠢᠯᠪᠤᠰᠤ ᠦᠨᠡᠲᠡᠢ ᠪᠠᠶᠢᠭᠰᠠᠨ︾᠂ ︽ᠡᠭᠦᠨ ᠠᠴᠠ ᠶᠡᠭᠡ ᠠᠭᠤᠤ ᠦᠭᠡ ᠬᠠᠮᠢᠭ᠎ᠠ ᠴᠦ ᠪᠠᠶᠢᠬᠤ ᠦᠭᠡᠢ ᠪᠠᠶᠢᠭᠰᠠᠨ︾ ᠭᠡᠵᠤ ᠤᠷᠠᠨ ᠢᠶᠠᠷ ᠤᠴᠢᠷ ᠶᠣᠰᠣᠲᠠᠢ ᠲᠠᠶᠢᠯᠪᠤᠷᠢᠯᠠᠵᠤ ᠴᠢᠳᠠᠭᠰᠠᠨ ᠳᠤ ᠡᠨᠡ ᠰᠢᠯᠦᠭ ᠤᠨ ᠵᠢᠩᠬᠢᠨᠢ ᠦᠨ᠎ᠡ ᠥᠷᠳᠡᠭ ᠣᠷᠣᠰᠢᠵᠤ ᠪᠠᠶᠢᠨ᠎ᠠ᠃ ᠢᠷᠠᠭᠤ ᠨᠠᠶᠢᠷᠠᠭᠴᠢ ᠶᠢᠨ ᠪᠦᠲᠦᠭᠡᠯᠴᠢ ᠠᠪᠢᠶᠠᠰ ᠨᠢ ᠡᠨᠡ ᠪᠥᠭᠡᠳ ᠮᠥᠨ ᠰᠢᠯᠦᠭ ᠢ ᠤᠳᠬ᠎ᠠ ᠲᠡᠭᠦᠯᠳᠡᠷ᠂ ᠪᠦᠷᠢᠨ ᠴᠢᠩᠳᠠ ᠪᠣᠯᠭᠠᠭᠰᠠᠨ ᠶᠤᠮ᠃ ᠢᠯᠠᠩᠭᠤᠶ᠎ᠠ ᠲᠤᠰ ᠰᠢᠯᠦᠭ ᠤᠨ ᠰᠡᠭᠦᠯ ᠤᠨ ᠬᠤᠶᠠᠷ ᠪᠠᠳᠠᠭ ᠲᠤ᠂ᠪᠠᠯᠴᠢᠷᠬᠠᠨ ᠨᠠᠰᠤᠨ ᠠᠴᠠ ᠪᠠᠨᠬᠤᠷᠸ᠎ᠠ ᠶᠢ ᠤᠬᠠᠭᠠᠷᠠᠭᠰᠠᠨ ᠮᠢᠨᠢ ᠤᠴᠢᠷᠲᠠᠢ ᠭᠡᠳᠡᠭ ᠨᠢ ᠪ᠊ · ᠶᠠᠪᠤᠬᠤᠯᠠᠩ ᠤᠨ ︽ᠠᠯᠠᠭ ᠳᠡᠯᠡᠬᠡᠢ ᠳᠤ ᠲᠥᠷᠥᠭᠰᠡᠨ ᠮᠢᠨᠢ ᠤᠴᠢᠷ ᠲᠠᠢ︾ ᠭᠡᠳᠡᠭ ᠲᠠᠢ ᠠᠳᠠᠯᠢ ᠮᠡᠲᠦ ᠪᠢᠳᠠᠨ ᠳᠤ ᠰᠠᠨᠠᠭᠳᠠᠭᠤᠯᠬᠤ ᠪᠣᠯᠪᠠᠴᠤ᠂ ︽ᠬᠤᠷᠸ᠎ᠠ ᠶᠢ ᠤᠬᠠᠭᠠᠷᠠᠭᠰᠠᠨ︾ ᠭᠡᠳᠡᠭ ᠢᠶᠠᠷ ᠨᠢ ᠪᠤᠶᠠᠨᠪᠠᠲᠤ ᠶᠢᠨ ᠰᠢᠯᠦᠭ ᠨᠢ ᠥᠪᠡᠷᠮᠢᠴᠡ ᠪᠣᠯᠬᠤ ᠪᠠᠨ ᠬᠠᠷᠠᠭᠤᠯᠬᠤ ᠶᠢᠨ ᠳᠠᠭᠠᠤ ︽ᠬᠠᠷᠠᠭᠳᠠᠭᠰᠠᠨ ᠪᠦᠬᠦᠨ ᠢ ᠪᠤᠷᠬᠠᠨ ᠰᠡᠳᠬᠢᠯ ᠢᠶᠠᠷ ᠲᠥᠰᠥᠭᠡᠯᠡᠳᠡᠭ︾ ᠬᠥᠮᠥᠨ ᠪᠦᠬᠦᠨ ᠤ ᠬᠡᠦᠬᠡᠳ ᠦᠶ᠎ᠡ ᠶᠢᠨ ᠴᠠᠶᠢᠯᠭᠠᠨ ᠰᠡᠳᠬᠢᠯ᠂ ︽ᠬᠦᠰᠡᠭᠰᠡᠨ ᠪᠦᠬᠦᠨ ᠥᠪᠡᠷ ᠢᠶᠠᠨ ᠢᠷᠡᠳᠡᠭ ᠦᠭᠡᠢ︾ ᠶᠢᠷᠲᠢᠨᠴᠦ ᠶᠢᠨ ᠬᠠᠤᠯᠢ ᠵᠢᠮ᠎ᠡ ᠶᠢ ᠤᠷᠠᠨ ᠲᠣᠳᠣ ᠲᠤᠰᠬᠠᠭᠰᠠᠨ ᠨᠢ ᠦᠨᠡᠬᠡᠷ ᠡᠨᠡ ᠰᠢᠯᠦᠭ ᠤᠨ ᠨᠢᠭᠡᠨ ᠭᠠᠶᠢᠬᠠᠮᠰᠢᠭ ᠢᠯᠡᠷᠬᠡᠶᠢᠯᠡᠯ ᠮᠥᠨ ᠭᠡᠵᠤ ᠪᠣᠯᠬᠤ ᠶᠤᠮ᠃ ᠨᠠᠶᠢᠷᠠᠭᠴᠢ ᠪᠤᠶᠠᠨᠪᠠᠲᠤ ᠶᠢᠨ ︽ᠪᠢ ᠲᠠᠮᠠᠬᠢ ᠪᠠᠨ ᠲᠠᠲᠠᠭᠠᠳ ᠯᠡ︾ ᠭᠡᠳᠡᠭ ᠰᠢᠯᠦᠭ ᠤᠨ ᠬᠥᠭ ᠠᠶᠠᠰ᠂ ᠥᠩᠭᠡ ᠲᠥᠷᠬᠦ ᠨᠢ ᠪ᠊ · ᠶᠠᠪᠤᠬᠤᠯᠠᠩ ᠤᠨ ︽ᠨᠡᠭᠦᠳᠡᠯᠴᠢᠨ ᠤ ᠨᠠᠮᠤᠷ︾ ᠰᠢᠯᠦᠭ ᠲᠠᠢ ᠶᠡᠭᠡ ᠲᠥᠰᠥᠭᠡᠲᠡᠢ ᠰᠠᠨᠠᠭᠳᠠᠳᠠᠭ᠃ ᠪ᠊ · ᠶᠠᠪᠤᠬᠤᠯᠠᠩ ᠤᠨ ︽ᠨᠡᠭᠦᠳᠡᠯᠴᠢᠨ ᠤ ᠨᠠᠮᠤᠷ︾ ᠰᠢᠯᠦᠭ ᠨᠢ᠄ ᠨᠠᠷᠠᠰᠤ ᠨᠠᠶᠢᠭᠤᠭᠠᠳ ᠯᠡ ᠨᠠᠪᠴᠢᠰ ᠬᠡᠶᠢᠰᠦᠭᠡᠳ ᠯᠡ ᠠᠭᠤᠯᠠ ᠶᠢᠨ ᠣᠷᠣᠢ ᠳᠤ ᠪᠤᠳᠠᠩ ᠰᠠᠭᠤᠭᠠᠳ ᠯᠡ᠂ ᠰᠢᠪᠠᠭᠤ ᠪᠤᠴᠠᠭᠠᠳ ᠯᠡ ᠬᠢᠷᠠᠭᠤ ᠤᠨᠠᠭᠠᠳ ᠯᠡ ᠡᠪᠡᠰᠦᠨ ᠲᠣᠯᠣᠭᠠᠢ ᠳᠤ ᠴᠠᠩ ᠪᠠᠭᠤᠭᠠᠳ ᠯᠡ᠂ ᠲᠠᠯ᠎ᠠ ᠰᠢᠷᠠᠯᠠᠭᠠᠳ ᠯᠡ ᠮᠠᠯ  ᠬᠤᠯᠬᠢᠭᠠᠳ ᠯᠡ ᠮᠠᠯᠴᠢᠨ ᠤ ᠰᠡᠳᠬᠢᠯ ᠭᠡᠨᠡᠳᠲᠡ ᠳᠣᠭᠳᠣᠯᠤᠭᠠᠳ ᠯᠡ ᠰᠠᠯᠬᠢ ᠰᠡᠪᠡᠭᠡᠳ ᠯᠡ ᠡᠷᠦᠬᠡ ᠳᠡᠪᠡᠭᠡᠳ ᠯᠡ ᠥᠯᠥᠨ ᠲᠣᠭᠤᠰᠣ ᠲᠡᠭᠷᠢ ᠳᠤ ᠪᠣᠰᠣᠭᠠᠳ ᠯᠡ ᠠᠶᠢᠯ ᠤᠳ ᠨᠡᠭᠦᠭᠡᠳ ᠯᠡ ᠠᠮᠠᠷᠠᠭ ᠤᠳ ᠬᠤᠯᠠᠳᠠᠭᠠᠳ ᠯᠡ ᠠᠶ᠎ᠠ ᠬᠥᠭᠡᠷᠦᠬᠦᠢ ᠨᠡᠭᠦᠳᠡᠯᠴᠢᠨ ᠤ ᠨᠠᠮᠤᠷ ᠡ ᠭᠡᠵᠤ ᠪᠠᠶᠢᠭ᠎ᠠ ᠪᠣᠯ ᠨᠠᠶᠢᠷᠠᠭᠴᠢ ᠪᠤᠶᠠᠨᠪᠠᠲᠤ ᠶᠢᠨ ︽ᠪᠢ ᠲᠠᠮᠠᠬᠢ  ᠪᠠᠨ ᠲᠠᠲᠠᠭᠠᠳ ᠯᠡ︾ ᠭᠡᠳᠡᠭ ᠰᠢᠯᠦᠭ ᠨᠢ᠄ ᠪᠢ ᠲᠠᠮᠠᠬᠢ ᠲᠠᠲᠠᠭᠠᠳ ᠯᠡ ᠠᠭᠤᠯᠵᠠᠬᠤ ᠦᠭᠡᠢ ᠤᠳᠠᠪᠠᠯ ᠤᠲᠠᠰᠤ ᠪᠠᠷ ᠶᠠᠷᠢᠬᠤ ᠦᠭᠡᠢ ᠪᠣᠯ ᠤᠯᠠᠮ ᠠᠴᠠ ᠤᠯᠠᠮ ᠲᠠᠲᠠᠭᠠᠳ ᠯᠡ ᠲᠠᠮᠠᠬᠢᠨ ᠤ ᠰᠢᠯᠪᠢ ᠶᠢ ᠤᠷᠤᠭᠤᠯ ᠢ ᠴᠢᠨᠢ ᠭᠡᠵᠤ ᠥᠪᠡᠷ ᠢ ᠪᠠᠨ ᠬᠠᠭᠤᠷᠤᠨ ᠰᠣᠷᠣᠭᠠᠳ ᠯᠡ ᠪᠢ ᠲᠠᠮᠠᠬᠢ ᠪᠠᠨ ᠲᠠᠲᠠᠭᠠᠳ ᠯᠡ ᠁ ᠲᠠᠮᠠᠬᠢᠨ ᠤ ᠤᠲᠤᠭ᠎ᠠ ᠭᠤᠨᠢᠭ ᠤᠨ ᠮᠠᠨᠠᠨ ᠰᠢᠭ᠋ ᠰᠤᠭᠤᠨᠠᠭᠯᠠᠭᠠᠳ ᠯᠡ ᠲᠠᠨᠢᠬᠤ ᠦᠭᠡᠢ ᠬᠡᠦᠬᠡᠨ ᠢ ᠴᠢᠮᠠᠶᠢ ᠭᠡᠵᠤ ᠠᠳᠡᠭᠦᠷᠡᠭᠡᠳ ᠯᠡ ᠲᠠᠶᠢᠪᠤᠩ ᠣᠷᠴᠢᠨ ᠳᠤ ᠰᠠᠭᠤᠵᠤ ᠶᠠᠳᠠᠨ ᠬᠤᠯᠬᠢᠭᠠᠳ ᠯᠡ ᠴᠢᠨᠦ ᠤᠶᠠᠩᠭᠠᠯᠢᠭ ᠳᠠᠭᠤ ᠬᠤᠭᠤᠯᠠᠢ ᠶᠢ ᠦᠶ᠎ᠡ ᠦᠶ᠎ᠡ ᠳᠤᠷᠠᠰᠤᠭᠠᠳ ᠯᠡ ᠪᠢ ᠲᠠᠮᠠᠬᠢ ᠪᠠᠨ ᠲᠠᠲᠠᠭᠠᠳ ᠯᠡ ᠁ ᠬᠥᠭᠡᠷᠦᠬᠦᠨ ᠠᠭᠠᠰᠢ ᠶᠢ ᠴᠢᠨᠢ ᠦᠭᠡᠶᠢᠯᠡᠭᠡᠳ ᠯᠡ ᠬᠥᠩᠭᠡᠨ ᠭᠤᠨᠢᠭ ᠲᠤ ᠠᠪᠲᠠᠭᠠᠳ ᠯᠡ ᠬᠦᠷᠦᠭᠡᠳ ᠢᠷᠡᠬᠦ ᠶᠤᠮ ᠰᠢᠭ᠋ ᠰᠣᠪᠢᠲᠠᠭᠠᠳ ᠯᠡ ᠬᠥᠮᠥᠨ ᠤ ᠬᠢ ᠪᠣᠯᠴᠢᠬᠠᠭᠰᠠᠨ ᠰᠢᠭ᠋ ᠵᠣᠪᠠᠭᠠᠳ ᠯᠡ ᠪᠢ ᠲᠠᠮᠠᠬᠢ ᠪᠠᠨ ᠤᠯᠠᠮ ᠢᠯᠡᠭᠦᠦ ᠲᠠᠲᠠᠭᠠᠳ ᠯᠡ ᠁ ᠭᠡᠵᠤ ᠭᠠᠷᠳᠠᠭ᠃ ᠡᠨᠡ ᠬᠤᠶᠠᠷ ᠰᠢᠯᠦᠭ ᠲᠤ ᠨᠢᠭᠡᠨ ᠠᠳᠠᠯᠢ ᠲᠠᠯ᠎ᠠ ᠪᠣᠯ ᠨᠢᠭᠡ ᠨᠠᠮᠤᠷ ᠴᠠᠭ ᠤᠨ ᠤᠶᠢᠳᠬᠠᠷ᠂ ᠨᠥᠭᠦᠭᠡ ᠨᠢ ᠵᠠᠯᠠᠭᠤ ᠨᠠᠰᠤᠨ ᠤ ᠤᠶᠢᠳᠬᠠᠷ ᠢ ᠮᠠᠰᠢ ᠥᠪᠡᠷᠮᠢᠴᠡ ᠬᠥᠭ ᠠᠶᠠᠯᠭᠤ ᠲᠠᠢ ᠢᠯᠡᠷᠬᠡᠶᠢᠯᠡᠵᠦ ᠴᠢᠳᠠᠭᠰᠠᠨ ᠳᠤ ᠪᠠᠶᠢᠭ᠎ᠠ ᠶᠤᠮ᠃ ᠡᠮᠦᠨᠡᠬᠢ ᠵᠢᠱᠢᠶᠡᠨ ᠳᠤ ᠪᠠᠶᠢᠭ᠎ᠠ  ︽ᠨᠠᠶᠢᠭᠤᠭᠠᠳ ᠯᠡ︾᠂ ︽ᠬᠡᠶᠢᠰᠦᠭᠡᠳ ᠯᠡ︾᠂ ︽ᠰᠠᠭᠤᠭᠠᠳ ᠯᠡ︾᠂ ︽ᠪᠤᠴᠠᠭᠠᠳ ᠯᠡ︾᠂ ︽ᠤᠨᠠᠭᠠᠳ ᠯᠡ︾᠂ ︽ᠪᠠᠭᠤᠭᠠᠳ ᠯᠡ︾᠂  ︽ᠰᠢᠷᠠᠯᠠᠭᠠᠳ ᠯᠡ︾᠂ ︽ᠬᠤᠯᠬᠢᠭᠠᠳ ᠯᠡ︾᠂ ︽ᠳᠣᠭᠳᠣᠯᠤᠭᠠᠳ ᠯᠡ︾᠂ ︽ᠰᠡᠪᠡᠭᠡᠳ ᠯᠡ︾᠂ ︽ᠳᠡᠪᠡᠭᠡᠳ ᠯᠡ︾᠂ ︽ᠪᠣᠰᠣᠭᠠᠳ ᠯᠡ︾᠂ ︽ᠨᠡᠭᠦᠭᠡᠳ ᠯᠡ︾᠂ ︽ᠬᠤᠯᠠᠳᠠᠭᠠᠳ ᠯᠡ︾ ᠭᠡᠵᠤ ᠨᠠᠮᠤᠷ ᠴᠠᠭ ᠤᠨ ᠶᠠᠭᠤᠮ᠎ᠠ ᠦᠵᠡᠭᠳᠡᠯ ᠢ ᠳᠦᠷᠰᠦᠯᠡᠨ᠂ ᠰᠡᠳᠬᠢᠯ ᠤᠨ ᠨᠢᠭᠡᠨ ᠥᠪᠡᠷᠮᠢᠴᠡ ︵ᠭᠤᠨᠢᠭ ᠲᠠᠢ︶ ᠪᠠᠶᠢᠳᠠᠯ ᠢ ᠤᠶᠠᠩᠭᠠᠯᠠᠨ ᠳᠦᠷᠰᠦᠯᠡᠭᠰᠡᠨ ᠪᠣᠯ ᠳᠠᠷᠠᠭ᠎ᠠ ᠶᠢᠨ ᠰᠢᠯᠦᠭ ᠲᠤ ︽ᠪᠢ ᠲᠠᠮᠠᠬᠢ ᠲᠠᠲᠠᠭᠠᠳ ᠯᠡ ᠁ ᠤᠯᠠᠮ ᠠᠴᠠ ᠤᠯᠠᠮ ᠲᠠᠲᠠᠭᠠᠳ ᠯᠡ ᠁ ᠰᠣᠷᠣᠭᠠᠳ ᠯᠡ ᠁ ᠭᠤᠨᠢᠭ ᠤᠨ ᠮᠠᠨᠠᠨ ᠰᠢᠭ᠋ ᠰᠤᠭᠤᠨᠠᠭᠯᠠᠭᠠᠳ ᠯᠡ ᠁︾ ᠭᠡᠵᠤ ᠰᠡᠳᠬᠢᠯ ᠤᠨ ᠶᠠᠮᠠᠷ ᠨᠢᠭᠡᠨ ᠭᠤᠨᠢᠭᠲᠠᠢ ᠪᠠᠶᠢᠳᠠᠯ  ᠢ ᠲᠠᠮᠠᠬᠢ ᠲᠠᠲᠠᠵᠤ ᠪᠠᠶᠢᠭ᠎ᠠ ᠪᠠᠶᠢᠳᠠᠯ ᠢᠶᠠᠷ ᠢᠯᠡᠷᠬᠡᠶᠢᠯᠡᠵᠦ᠂ ᠵᠠᠯᠭᠠᠭᠠᠳ ︽᠁ ᠴᠢᠮᠠᠶᠢ ᠭᠡᠵᠤ ᠠᠳᠡᠭᠦᠷᠡᠭᠡᠳ ᠯᠡ ᠁ ᠰᠠᠭᠤᠵᠤ ᠶᠠᠳᠠᠨ ᠬᠤᠯᠬᠢᠭᠠᠳ ᠯᠡ ᠁ ᠦᠶ᠎ᠡ ᠦᠶ᠎ᠡ ᠳᠤᠷᠠᠰᠤᠭᠠᠳ ᠯᠡ ᠁ ᠬᠥᠭᠡᠷᠦᠬᠦᠨ ᠠᠭᠠᠰᠢ ᠶᠢ ᠴᠢᠨᠢ ᠦᠭᠡᠶᠢᠯᠡᠭᠡᠳ ᠯᠡ᠂ ᠬᠥᠩᠭᠡᠨ ᠭᠤᠨᠢᠭ ᠲᠤ ᠠᠪᠲᠠᠭᠠᠳ ᠯᠡ᠂ ᠬᠦᠷᠦᠭᠡᠳ ᠢᠷᠡᠬᠦ ᠶᠤᠮ ᠰᠢᠭ᠋ ᠰᠣᠪᠢᠲᠠᠭᠠᠳ ᠯᠡ᠂ ᠬᠥᠮᠥᠨ ᠤ ᠬᠢ ᠪᠣᠯᠴᠢᠬᠠᠭᠰᠠᠨ ᠰᠢᠭ᠋ ᠵᠣᠪᠠᠭᠠᠳ ᠯᠡ ᠁ ᠲᠠᠮᠠᠬᠢ ᠪᠠᠨ ᠤᠯᠠᠮ ᠢᠯᠡᠭᠦᠦ ᠲᠠᠲᠠᠭᠠᠳ ᠯᠡ︾ ᠭᠡᠵᠤ ᠲᠤᠰ ᠰᠢᠯᠦᠭ ᠲᠡᠭᠦᠰᠴᠦ ᠪᠠᠶᠢᠭ᠎ᠠ ᠨᠢ ᠨᠠᠮᠤᠷ ᠤᠨ ᠤᠯᠠᠷᠢᠯ ᠮᠡᠲᠦ ᠪᠠᠶᠢᠭᠠᠯᠢ ᠶᠢᠨ ᠦᠵᠡᠭᠳᠡᠯ ᠢᠶᠠᠷ ᠪᠢᠰᠢ᠂ ᠬᠠᠷᠢᠨ ︽ᠲᠠᠮᠠᠬᠢ ᠲᠠᠲᠠᠬᠤ ᠦᠢᠯᠡᠳᠦᠯ︾ ᠢᠶᠠᠷ ᠳᠣᠲᠣᠭᠠᠳᠤ ᠰᠡᠳᠬᠢᠯ ᠤᠨ ᠭᠦᠨ ᠠᠴᠠ᠂ ᠤᠷᠠᠨ ᠲᠣᠳᠣ ᠥᠪᠡᠷᠮᠢᠴᠡ ᠢᠯᠡᠷᠬᠡᠶᠢᠯᠡᠯ ᠢᠶᠠᠷ ᠳᠠᠮᠵᠢᠨ ᠳᠦᠷᠰᠦᠯᠡᠨ ᠭᠠᠷᠭᠠᠭᠰᠠᠨ ᠳᠤ ᠨᠠᠶᠢᠷᠠᠭᠴᠢ ᠶᠢᠨ ᠥᠪᠡᠷᠮᠢᠴᠡ ᠤᠷ᠎ᠠ ᠵᠦᠢ ᠢᠯᠡᠷᠡᠵᠦ ᠪᠠᠶᠢᠨ᠎ᠠ᠃ ᠤᠴᠢᠷ ᠨᠢ ᠴᠢᠮ᠎ᠠ ᠶᠢ ᠰᠠᠨᠠᠵᠤ ᠪᠣᠳᠣᠵᠤ᠂ ᠬᠠᠶᠢᠷᠠᠯᠠᠵᠤ ᠪᠠᠶᠢᠭ᠎ᠠ  ᠨᠢ ᠲᠠᠮᠠᠬᠢ ᠲᠠᠲᠠᠬᠤ ᠶᠢᠨ ᠰᠢᠯᠲᠠᠭᠠᠨ ᠪᠣᠯᠵᠤ᠂ ︽ᠲᠠᠲᠠᠭᠠᠳ ᠪᠠᠶᠢᠳᠠᠭ ᠦᠢᠯᠡ︾ ᠨᠢ ᠲᠡᠷᠡ ᠬᠦ ᠬᠠᠶᠢᠷ᠎ᠠ ᠶᠢᠨ ᠬᠢᠨᠢ ᠢᠯᠡᠷᠡᠯ ᠪᠣᠯᠪᠠ᠃ ᠡᠨᠡ ᠶᠠᠮᠠᠷ ᠨᠢᠭᠡᠨ ᠦᠢᠯᠡ ᠪᠠᠷ ᠰᠡᠳᠬᠢᠯ ᠢ ᠢᠯᠡᠷᠬᠡᠶᠢᠯᠡᠭᠰᠡᠨ ᠤ ᠥᠪᠡᠷᠮᠢᠴᠡ ᠵᠢᠱᠢᠶ᠎ᠡ ᠪᠣᠯᠵᠠᠢ᠃ ᠡᠨᠡ ᠮᠡᠲᠦ ᠪᠤᠶᠠᠨᠪᠠᠲᠤ ᠶᠢᠨ ᠰᠢᠯᠦᠭ ᠨᠢ ᠶᠠᠪᠤᠬᠤᠯᠠᠩ ᠤᠨ ᠰᠢᠯᠦᠭ ᠤᠨ ᠤᠯᠠ ᠮᠥᠷ ᠬᠠᠷᠠᠭᠳᠠᠵᠤ ᠪᠠᠶᠢᠭ᠎ᠠ ᠪᠣᠯᠪᠠᠴᠤ᠂ ᠳᠦᠷᠰᠦᠯᠡᠯ᠂ ᠠᠭᠤᠯᠭ᠎ᠠ᠂ ᠦᠵᠡᠯ ᠰᠠᠨᠠᠭ᠎ᠠ᠂ ᠤᠷᠠᠯᠠᠬᠤ ᠡᠷᠳᠡᠮ ᠤᠨ ᠬᠤᠪᠢ ᠳᠤ ᠥᠪᠡᠷ ᠤᠨ ᠪᠡᠶ᠎ᠡ ᠳᠠᠭᠠᠭᠠᠭᠰᠠᠨ ᠥᠪᠡᠷᠮᠢᠴᠡ ᠪᠦᠲᠦᠭᠡᠯᠴᠢ ᠰᠢᠨᠵᠢ ᠴᠢᠨᠠᠷ ᠲᠠᠢ ᠪᠣᠯᠣᠭᠰᠠᠨ ᠨᠢ ᠢᠯᠠ ᠬᠠᠷᠠᠭᠳᠠᠵᠤ ᠪᠠᠶᠢᠨ᠎ᠠ᠃ ᠡᠭᠦᠨ  ᠠᠴᠠ ᠭᠠᠳᠠᠨ᠎ᠠ᠂ ᠪᠤᠶᠠᠨᠪᠠᠲᠤ ᠶᠢᠨ ᠰᠢᠯᠦᠭ ᠲᠤ ᠪᠠᠰᠠ  ᠪ᠊ · ᠯᠾᠠᠬᠠᠪᠠᠰᠦ᠋ᠷᠦᠩ᠂ ᠳ᠋᠊ · ᠤᠷᠢᠶᠠᠩᠬᠠᠢ ᠨᠠᠷ ᠤᠨ ᠢᠷᠠᠭᠤ ᠨᠠᠶᠢᠷᠠᠭ ᠤᠨ ᠨᠥᠯᠥᠭᠡ ᠲᠤᠰᠬᠠᠯ ᠬᠠᠷᠠᠭᠳᠠᠳᠠᠭ᠃ ᠨᠠᠶᠢᠷᠠᠭᠴᠢ ᠪᠤᠶᠠᠨᠪᠠᠲᠤ ᠶᠢᠨ ︽ᠰᠢᠯᠦᠭ ᠪᠢᠴᠢᠬᠦ ᠶᠢᠨ ᠰᠢᠯᠲᠠᠭᠠᠨ︾ ᠭᠡᠬᠦ ᠰᠢᠯᠦᠭ ᠲᠤ ᠡᠶᠢᠮᠦ ᠳᠥᠷᠪᠡᠨ ᠮᠥᠷ ᠪᠤᠢ᠃ᠡᠷ᠎ᠡ ᠬᠥᠮᠥᠨ ᠤ ᠳᠣᠲᠣᠭᠰᠢ ᠪᠠᠨ ᠤᠷᠤᠰᠤᠭᠰᠠᠨ ᠨᠢᠯᠪᠤᠰᠤᠨ ᠳᠤ ᠵᠢᠪᠴᠦ ᠪᠢ ᠰᠢᠯᠦᠭ ᠪᠢᠴᠢᠳᠡᠭᠡᠬᠡ ᠪᠠᠨ ᠰᠠᠨᠠᠭᠰᠠᠨ ᠦᠷ᠎ᠡ ᠶᠢᠨ ᠮᠥᠷᠥᠭᠡᠳᠦᠯ ᠳᠤ ᠣᠩᠭᠤᠨ ᠢᠶᠠᠨ ᠡᠭᠰᠢᠭᠡᠵᠦ ᠪᠢ ᠰᠢᠯᠦᠭ ᠪᠢᠴᠢᠳᠡᠭᠡᠷᠲᠡ ᠳᠡᠭᠡᠳᠦ ᠶᠢᠨ ᠳᠠᠭᠤᠰᠤᠭ᠎ᠠ ᠦᠭᠡᠢ ᠦᠯᠢᠭᠡᠷ ᠲᠤ ᠥᠪᠡᠷ ᠢ ᠪᠠᠨ ᠢᠷᠯᠡᠵᠦ ᠪᠢ ᠰᠢᠯᠦᠭ ᠪᠢᠴᠢᠳᠡᠭᠡᠬᠢᠯᠡᠬᠦ ᠭᠡᠵᠤ ᠲᠡᠭᠦᠰᠦᠭᠰᠡᠨ ᠰᠢᠯᠦᠭ ᠪᠢᠴᠢᠬᠦ ᠶᠢᠨ ᠰᠢᠯᠲᠠᠭᠠᠨ ᠳᠠᠭᠠᠨ ᠰᠢᠨᠠᠯᠵᠤ ᠪᠢ ᠰᠢᠯᠦᠭ ᠪᠢᠴᠢᠳᠡᠭ᠃ ᠡᠨᠡ ᠰᠢᠯᠦᠭ ᠠᠴᠠ ᠢᠷᠠᠭᠤ ᠨᠠᠶᠢᠷᠠᠭᠴᠢ ᠪ᠊ · ᠯᠾᠠᠬᠠᠪᠠᠰᠦ᠋ᠷᠦᠩ᠂ ᠳ᠋᠊ · ᠤᠷᠢᠶᠠᠩᠬᠠᠢ ᠨᠠᠷ ᠤᠨ ᠬᠥᠭ ᠠᠶᠠᠰ ᠰᠣᠨᠣᠰᠳᠠᠵᠤ ᠪᠠᠶᠢᠳᠠᠭ᠃ ᠵᠢᠱᠢᠶ᠎ᠡ ᠨᠢ ᠪ᠊ · ᠯᠾᠠᠬᠠᠪᠠᠰᠦ᠋ᠷᠦᠩ ᠨᠢᠭᠡᠨ ᠰᠢᠯᠦᠭ ᠲᠤ ᠪᠠᠨ ︽ᠥᠪᠡᠷ ᠢ ᠪᠠᠨ ᠡᠯᠡᠭᠡᠵᠦ ᠥᠷᠥᠭᠡᠯ ᠢ ᠢᠷᠯᠡᠵᠦ ᠳᠠᠭᠤᠰᠬᠤ ᠥᠨᠵᠢᠭᠦᠯ ᠤᠨ ᠴᠡᠩᠬᠡᠷ ᠪᠢᠯᠡᠭᠦᠦ ᠶᠢᠨ ᠬᠡᠯᠲᠡᠷᠬᠡᠢ ᠪᠢ︾ ᠭᠡᠵᠤ ᠰᠢᠯᠦᠭᠯᠡᠭᠰᠡᠨ ᠪᠠᠶᠢᠳᠠᠭ᠃ ᠲᠤᠰ ᠰᠢᠯᠦᠭ ᠲᠤ ᠭᠠᠷᠬᠤ ︽ᠥᠪᠡᠷ ᠢ ᠢᠷᠯᠡᠬᠦ︾᠂ ︽ᠡᠷ᠎ᠡ ᠬᠥᠮᠥᠨ ᠤ ᠳᠣᠲᠣᠭᠰᠢ ᠪᠠᠨ ᠤᠷᠤᠰᠤᠭᠰᠠᠨ ᠨᠢᠯᠪᠤᠰᠤ︾ ᠭᠡᠬᠦ ᠮᠡᠲᠦ ᠦᠭᠡ ᠨᠢ ᠪ᠊ · ᠯᠾᠠᠬᠠᠪᠠᠰᠦ᠋ᠷᠦᠩ ᠤᠨ ᠰᠢᠯᠦᠭ ᠠᠳᠠᠯᠢ ᠬᠤᠷᠴᠠ ᠳᠦᠷᠰᠦᠯᠡᠯ᠂ ᠥᠪᠡᠷᠮᠢᠴᠡ ᠢᠯᠡᠷᠬᠡᠶᠢᠯᠡᠯ ᠪᠠᠶᠢᠭ᠎ᠠ ᠪᠣᠯ ᠲᠤᠰ ᠰᠢᠯᠦᠭ ᠤᠨ ︽ᠡᠬᠢᠯᠡᠬᠦ ᠭᠡᠭᠡᠳ ᠲᠡᠭᠦᠰᠦᠭᠰᠡᠨ ᠰᠢᠯᠦᠭ ᠪᠢᠴᠢᠬᠦ ᠶᠢᠨ ᠰᠢᠯᠲᠠᠭᠠᠨ ᠳᠤ ᠪᠠᠨ ᠰᠢᠨᠠᠯᠵᠤ︾ ᠭᠡᠬᠦ ᠬᠢᠭᠡᠳ ᠮᠥᠨ ᠰᠢᠯᠦᠭ ᠤᠨ ᠪᠤᠰᠤᠳ ᠮᠥᠷ ᠪᠠᠳᠠᠭ  ᠲᠤ ᠪᠠᠶᠢᠭ᠎ᠠ ᠰᠠᠶᠢᠨ ᠢ ᠨᠢ ᠰᠢᠯᠢᠭᠡᠳ ᠦᠯᠡᠳᠡᠭᠡᠭᠰᠡᠨ ᠡᠮᠵᠡᠭ ᠠᠰᠠᠭᠤᠳᠠᠯ ᠪᠣᠯᠬᠤ ︽ᠵᠣᠪᠠᠯᠠᠩ︾᠂ ︽ᠨᠢᠯᠪᠤᠰᠤ︾᠂ ︽ᠤᠶᠢᠳᠬᠠᠷ︾᠂ ︽ᠮᠥᠬᠦᠯ︾᠂ ︽ᠬᠠᠷᠠᠩᠭᠤᠢ︾ ᠪᠠᠷ ᠨᠢ ︽ᠪᠢ ᠁ ᠰᠢᠯᠦᠭ ᠪᠢᠴᠢᠭᠰᠡᠨ︾᠂ ᠮᠥᠨ ︽ᠪᠦᠲᠦᠨ ᠪᠣᠯᠵᠤ ᠴᠢᠳᠠᠭ᠎ᠠ ᠦᠭᠡᠢ ᠬᠤᠷᠸ᠎ᠠ ᠶᠢᠨ ᠳᠤᠲᠠᠭᠤ ᠶᠢ ᠨᠥᠬᠦᠵᠦ︾᠂ ︽ᠪᠦᠰᠡᠭᠦᠢ ᠬᠥᠮᠥᠨ ᠤ ᠲᠦᠮᠡᠨ ᠨᠢᠭᠤᠴᠠ ᠳᠤ ᠨᠡᠪᠲᠡᠷᠡᠵᠦ︾᠂ ︽ᠪᠦᠬᠦᠶᠢᠯᠡ ᠣᠷᠴᠢᠯᠠᠩ ᠤᠨ ᠰᠣᠩᠭᠤᠳᠠᠭ ᠭᠤᠨᠢᠭ ᠢ ᠮᠡᠳᠡᠷᠡᠵᠦ︾᠂ ︽ᠪᠤᠷᠬᠠᠨ ᠪᠤᠭ ᠬᠤᠶᠠᠷ ᠤᠨ ᠠᠭᠤᠯᠵᠠᠪᠤᠷᠢ ᠳᠡᠭᠡᠷ᠎ᠡ ᠁︾ ᠪᠢ ︽ᠰᠢᠯᠦᠭ ᠪᠢᠴᠢᠳᠡᠭ︾ ᠭᠡᠰᠡᠨ ᠮᠥᠷ ᠪᠠᠶᠢᠳᠠᠭ ᠨᠢ ᠳ᠋᠊ · ᠤᠷᠢᠶᠠᠩᠬᠠᠢ᠂ ᠣ᠂ ᠳᠠᠰᠢᠪᠠᠯᠪᠠᠷ ᠤᠨ ᠠᠳᠠᠯᠢ ᠮᠠᠰᠢ ᠡᠷᠡᠮᠡᠬᠡᠢ᠂ ᠬᠤᠷᠴᠠ᠂ ᠰᠣᠳᠣᠨ ᠪᠥᠭᠡᠳ ᠭᠦᠨ ᠪᠢᠰᠢᠯᠭᠠᠯ  ᠤᠨ ᠠᠶᠠᠰ ᠲᠠᠢ ᠰᠢᠯᠦᠭ ᠪᠣᠯᠣᠭᠰᠠᠨ ᠨᠢ ᠨᠠᠶᠢᠷᠠᠭᠴᠢ ᠪᠤᠶᠠᠨᠪᠠᠲᠤ ᠶᠢᠨ ᠤᠷᠠᠯᠠᠬᠤ ᠮᠡᠷᠭᠡᠵᠢᠯ᠂ ᠠᠪᠢᠶᠠᠰ ᠪᠢᠯᠢᠭ ᠤᠨ ᠨᠢᠭᠡᠨ ᠥᠪᠡᠷᠮᠢᠴᠡ ᠲᠠᠯ᠎ᠠ ᠢᠯᠡᠷᠡᠭᠰᠡᠨ ᠪᠠᠶᠢᠭ᠎ᠠ ᠶᠤᠮ᠃ ᠰᠠᠶᠢᠨ ᠰᠢᠯᠦᠭ ᠭᠡᠭᠴᠢ ᠢᠷᠠᠭᠤ ᠨᠠᠶᠢᠷᠠᠭᠴᠢ ᠪ᠊ · ᠶᠠᠪᠤᠬᠤᠯᠠᠩ ᠤᠨ ᠬᠡᠯᠡᠭᠰᠡᠨ ᠮᠡᠲᠦ ︽ᠭᠠᠵᠢ ᠣᠨᠳᠣᠣ ᠪᠠᠷ ᠪᠢᠰᠢ᠂ ᠭᠠᠷᠴᠠᠭ᠎ᠠ ᠦᠭᠡᠢ ᠨᠣᠮ ᠢᠶᠠᠷ ᠨᠢ ᠤᠷᠠᠯᠠᠵᠤ︾ ᠪᠦᠲᠦᠭᠡᠭᠰᠡᠨ ᠭᠡᠳᠡᠭ ᠶᠣᠰᠣ ᠡᠭᠦᠨ ᠢ ᠬᠠᠷᠠᠭᠤᠯᠵᠤ ᠪᠠᠶᠢᠨ᠎ᠠ᠃ ᠨᠠᠶᠢᠷᠠᠭᠴᠢ ᠪᠤᠶᠠᠨᠪᠠᠲᠤ ᠶᠢᠨ ᠰᠢᠯᠦᠭ ᠨᠢ ᠳᠡᠭᠡᠷ᠎ᠡ ᠳᠤᠷᠠᠳᠤᠭᠰᠠᠨ ᠪ᠊ · ᠶᠠᠪᠤᠬᠤᠯᠠᠩ᠂ ᠪ᠊ · ᠯᠾᠠᠬᠠᠪᠠᠰᠦ᠋ᠷᠦᠩ᠂ ᠳ᠋᠊ · ᠤᠷᠢᠶᠠᠩᠬᠠᠢ ᠨᠠᠷ ᠤᠨ ᠠᠳᠠᠯᠢ ᠨᠢᠭᠡᠨ ᠰᠢᠨ᠎ᠡ ᠣᠳᠣ ᠲᠡᠭᠷᠢ ᠳᠡᠭᠡᠷ᠎ᠡ ᠵᠡᠷᠭᠡᠴᠡᠨ ᠭᠢᠯᠠᠯᠵᠠᠵᠤ ᠪᠠᠶᠢᠬᠤ ᠰᠢᠭ᠋ ᠲᠥᠷᠥᠭᠳᠡᠯ ᠢ ᠥᠭᠴᠦ ᠪᠠᠶᠢᠨ᠎ᠠ᠃ ᠨᠠᠶᠢᠷᠠᠭᠴᠢ ᠪᠤᠶᠠᠨᠪᠠᠲᠤ ᠶᠢᠨ ᠰᠢᠯᠦᠭ ᠨᠢ ᠳᠡᠭᠡᠷ᠎ᠡ ᠥᠭᠦᠯᠡᠭᠰᠡᠨ ᠤᠷ᠎ᠠ ᠤᠬᠠᠭᠠᠨ ᠤ ᠡᠷᠳᠡᠮ ᠢ ᠢᠷᠯᠡᠵᠦ ᠪᠦᠲᠦᠭᠡᠭᠳᠡᠭᠰᠡᠨ ᠰᠢᠨᠵᠢ ᠪᠠᠶᠢᠬᠤ ᠶᠢᠨ ᠵᠡᠷᠭᠡᠴᠡᠭᠡ ᠪᠢ ᠲᠡᠭᠦᠨ ᠢ ᠪᠠᠰᠠ ᠬᠤᠷᠴᠠ ᠬᠦᠨᠳᠦ ᠠᠰᠠᠭᠤᠳᠠᠯ ᠢ ᠬᠥᠨᠳᠡᠵᠦ ᠂ ᠷᠢ᠊ · ᠴᠣᠶᠢᠨᠣᠮ ᠠᠳᠠᠯᠢ ᠰᠢᠭᠦᠮᠵᠢᠯᠡᠬᠦ ᠰᠡᠳᠬᠢᠯᠭᠡ ᠲᠠᠢ᠂ ᠣ᠂ ᠳᠠᠰᠢᠪᠠᠯᠪᠠᠷ ᠠᠳᠠᠯᠢ ᠬᠡᠷᠡᠭ ᠶᠠᠭᠤᠮ᠎ᠠ ᠶᠢ ᠤᠴᠢᠷᠯᠠᠨ ᠲᠠᠶᠢᠯᠪᠤᠷᠢᠯᠠᠵᠤ ᠳᠦᠷᠰᠦᠯᠡᠬᠦ ᠶᠠᠩᠵᠤ ᠪᠦᠷᠢ ᠶᠢᠨ ᠠᠶᠠᠰ ᠪᠦᠬᠦ ᠰᠢᠯᠦᠭ ᠵᠣᠬᠢᠶᠠᠯ ᠳᠤᠨᠢ ᠠᠭᠤᠰᠤᠨ ᠰᠢᠩᠭᠡᠭᠰᠡᠨ ᠪᠠᠶᠢᠳᠠᠭ᠃ ᠲᠡᠶᠢᠮᠦ ᠤᠴᠢᠷ ᠨᠠᠶᠢᠷᠠᠭᠴᠢ ᠪᠤᠶᠠᠨᠪᠠᠲᠤ ᠶᠢᠨ ᠰᠢᠯᠦᠭ ᠵᠣᠬᠢᠶᠠᠯ ᠳᠤ ᠨᠢ ᠬᠥᠮᠥᠨ ᠠᠷᠠᠳ ᠢ ᠤᠬᠠᠭᠠᠷᠠᠭᠤᠯᠬᠤ ᠭᠡᠰᠡᠨ᠂ ᠨᠡᠶᠢᠭᠡᠮ ᠢ ᠶᠢᠨ ᠮᠠᠭᠤ ᠮᠠᠭᠤᠬᠠᠢ ᠶᠢ ᠶᠠᠰᠤᠨ ᠳᠤ ᠪᠠᠨ ᠣᠷᠣᠲᠠᠯ᠎ᠠ ᠬᠤᠷᠣᠰᠤᠭᠰᠠᠨ ᠵᠠᠨᠤᠯᠬᠢᠯᠠᠭᠰᠠᠨ ᠪᠠᠶᠢᠳᠠᠭ᠃ ᠭᠡᠬᠦ ᠳᠡᠭᠡᠨ ᠰᠢᠭᠤᠳ ᠪᠤᠰᠤ ᠪᠢᠲᠡᠭᠦᠦ᠂ ᠳᠠᠯᠳᠠ᠂ ᠤᠷᠠᠨ ᠳᠦᠷᠰᠦᠯᠡᠯ ᠢᠶᠠᠷ ᠢᠯᠡᠷᠬᠡᠶᠢᠯᠡᠭᠰᠡᠨ ᠨᠢ ᠭᠠᠶᠢᠬᠠᠮᠰᠢᠭ ᠶᠤᠮ᠃ ᠵᠢᠱᠢᠶ᠎ᠡ ᠨᠢ ︽ᠰᠠᠭᠠᠷᠠᠯ ᠬᠤᠲᠠ ᠶᠢᠨ ᠬᠥᠮᠥᠰ︾ ᠭᠡᠳᠡᠭ ᠪᠣᠯ ᠬᠥᠮᠥᠨ  ᠤ ᠮᠥᠨ ᠴᠢᠨᠠᠷ ᠰᠠᠭᠠᠷᠠᠯᠳᠤᠵᠤ ᠪᠠᠶᠢᠭ᠎ᠠ ᠶᠢ ᠲᠤᠰᠬᠠᠵᠤ᠂ ᠪᠠᠰᠠ ᠬᠥᠮᠥᠨ ᠬᠥᠮᠥᠨ ᠢᠶᠠᠨ ᠢᠳᠡᠬᠦ᠂ ᠬᠥᠮᠥᠨ ᠬᠥᠮᠥᠨ  ᠢᠶᠠᠨ ᠮᠥᠬᠦᠭᠡᠬᠦ ᠮᠡᠲᠦ ᠬᠠᠷᠠᠩᠭᠤᠢ ᠶᠢᠨ ᠲᠤᠰᠬᠠᠯ ᠪᠠᠶᠢᠭ᠎ᠠ ᠶᠤᠮ᠃ ᠲᠡᠷᠡ ︽ᠬᠥᠮᠥᠨ ᠲᠥᠷᠥᠯᠬᠢᠲᠡᠨ᠂ ᠮᠥᠨ ᠴᠢᠨᠠᠷ᠂ ᠮᠥᠬᠦᠯ ᠰᠤᠶᠢᠷᠠᠯ︾ ᠰᠢᠯᠦᠭ ᠲᠤ ᠪᠠᠨ᠂ᠣᠷᠴᠢᠯᠠᠩ ᠬᠤᠷᠸ᠎ᠠ ᠶᠢᠨ ᠪᠦᠬᠦ ᠶᠠᠭᠤᠮ᠎ᠠ ᠬᠥᠮᠥᠨ ᠲᠥᠷᠥᠯᠬᠢᠲᠡᠨ ᠤ ᠬᠢ ᠪᠠᠶᠢᠬᠤ ᠤᠴᠢᠷᠲᠠᠢᠣᠪᠣᠶᠢᠵᠤ ᠱᠣᠪᠣᠶᠢᠭᠰᠠᠨ ᠪᠦᠬᠦ ᠵᠦᠢᠯ ᠬᠥᠮᠥᠨ ᠲᠥᠷᠥᠯᠬᠢᠲᠡᠨ ᠳᠤ ᠨᠣᠮᠣᠬᠠᠨ ᠭᠦᠯᠢᠴᠠᠩᠭᠦᠢ ᠦᠢᠯᠡᠴᠢᠯᠡᠬᠦ ᠶᠣᠰᠣᠲᠠᠢᠰᠢᠷᠭᠤᠯᠵᠢ ᠡᠭᠦᠷ ᠢᠶᠠᠨ ᠣᠩᠭᠤᠶᠢᠯᠭᠠᠬᠤ ᠳᠤ ᠬᠥᠮᠥᠨ ᠠᠴᠠ ᠵᠥᠪᠰᠢᠶᠡᠷᠡᠯ ᠠᠪᠤᠭᠰᠠᠨ ᠪᠠᠶᠢᠬᠤ ᠬᠡᠷᠡᠭᠲᠡᠢᠰᠢᠪᠠᠭᠤᠳ ᠳᠠᠭᠤᠤ ᠪᠠᠨ ᠳᠠᠭᠤᠯᠠᠬᠤ ᠳᠤ ᠬᠥᠮᠥᠨ ᠠᠴᠠ ᠠᠯᠪᠠᠨ ᠭᠡᠷᠡᠴᠢᠯᠡᠭᠡ ᠬᠢᠯᠭᠡᠭᠰᠡᠨ ᠪᠠᠶᠢᠬᠤ ᠬᠡᠷᠡᠭᠲᠡᠢᠵᠡᠭᠡᠷ᠎ᠡ ᠬᠡᠳᠦᠢ ᠬᠦᠷᠲᠡᠯ᠎ᠡ ᠦᠷᠡᠵᠢᠬᠦ ᠪᠠᠨ ᠰᠤᠮᠤ ᠳᠠᠷᠢ ᠠᠴᠠ ᠥᠷᠥᠰᠢᠶᠡᠯ ᠭᠤᠶᠤᠭᠰᠠᠨ ᠪᠠᠶᠢᠬᠤ ᠬᠡᠷᠡᠭᠲᠡᠢᠢᠮᠠᠭ᠎ᠠ ᠬᠠᠮᠢᠭᠠᠭᠤᠷ ᠬᠡᠵᠢᠶ᠎ᠡ ᠪᠣᠯᠲᠠᠯ᠎ᠠ ᠪᠡᠯᠴᠢᠬᠦ ᠪᠠᠨ ᠵᠠᠰᠠᠭ ᠲᠥᠷᠥ ᠠᠴᠠ ᠴᠢᠷᠠᠶᠢᠴᠢᠯᠠᠭᠰᠠᠨ ᠪᠠᠶᠢᠬᠤ ᠬᠡᠷᠡᠭᠲᠡᠢ ᠁︵ᠬᠡᠷᠢᠶ᠎ᠡ ᠬᠥᠮᠥᠨ ᠬᠤᠶᠠᠷ ᠤᠨ ᠬᠡᠨ ᠨᠢ ᠴᠣᠬᠤᠮ ᠬᠠᠷ᠎ᠠ ᠶᠤᠮ ᠪᠣᠯ ᠡ⁉︶ᠬᠡᠷᠢᠶ᠎ᠡ ᠬᠠᠷ᠎ᠠ ᠪᠣᠯᠪᠠᠴᠤ ᠦᠷ᠎ᠡ ᠳᠡᠭᠡᠨ᠂ ᠪᠠᠶᠢᠭᠠᠯᠢ ᠳᠡᠯᠡᠬᠡᠢ ᠳᠡᠭᠡᠨ ᠴᠠᠭᠠᠨ ᠪᠦᠯᠦᠭᠡ᠃ᠬᠡᠷᠢᠶ᠎ᠡ ᠬᠠᠷ᠎ᠠ ᠪᠣᠯᠪᠠᠴᠤ ᠮᠡᠳᠡᠭᠡᠯᠡᠯ ᠤᠨ ᠴᠠᠭᠠᠨ ᠰᠢᠪᠠᠭᠤ ᠪᠦᠯᠦᠭᠡ᠃ᠭᠡᠲᠡᠯ᠎ᠡ ᠬᠥᠮᠥᠨ ᠥᠪᠡᠷ ᠢᠶᠠᠨ ᠬᠡᠷᠢᠶ᠎ᠡ ᠳᠤ ᠴᠦ ᠶᠤᠮ ᠦᠦ ᠬᠢᠯᠭᠠᠨ᠎ᠠ ᠳᠤ ᠴᠦ ᠶᠤᠮ ᠦᠦ ᠭᠡᠭᠡᠨ ᠴᠠᠭᠠᠨ ᠬᠠᠷᠠᠭᠳᠠᠳᠠᠭ ᠭᠡᠵᠢ ᠦᠦ⁉ᠭᠠᠭ᠋ᠠᠢ ᠳᠤᠷᠠᠲᠠᠢ ᠳᠠᠭᠠᠨ ᠲᠠᠷᠭᠤᠯᠠᠵᠤ ᠪᠠᠶᠢᠭ᠎ᠠ ᠶᠤᠮ ᠪᠢᠰᠢ ᠡ ᠁ ᠴᠤᠯᠴᠠᠯᠵᠠᠭᠰᠠᠨ ᠥᠭᠡᠬᠦ ᠶᠢ ᠠᠮᠠ ᠬᠠᠮᠠᠷ  ᠢᠶᠠᠨ ᠣᠯᠬᠤ ᠦᠭᠡᠢ ᠭᠤᠯᠭᠤᠭᠤᠯᠵᠤ ᠰᠠᠭᠤᠬᠤ ᠳᠠᠭᠠᠨ ᠵᠦᠭᠡᠷ ᠪᠠᠶᠢᠬᠤ ᠦᠭᠡᠢ ᠪᠠᠰᠠ ᠵᠠᠯᠬᠠᠭᠤ ᠬᠥᠯᠴᠥᠭᠦᠦ᠂ ᠵᠠᠪᠠᠭᠠᠨ ᠮᠠᠭᠤᠬᠠᠢ᠂ ᠲᠠᠷᠢᠬᠢ ᠳᠤᠨᠳᠠᠭᠤᠷ᠂ ᠲᠠᠪᠢᠯᠠᠩ ᠪᠠᠷᠤᠭᠲᠠᠢ ᠁ ᠪᠠᠨ ︽ᠭᠠᠭ᠋ᠠᠢ ᠰᠢᠭ᠋︾ ᠭᠡᠵᠤ ᠳᠣᠷᠣᠮᠵᠢᠯᠠᠬᠤ ᠳᠤᠷᠠᠲᠠᠢ ᠶᠢ ᠶᠠᠭᠠᠬᠢᠨ᠎ᠠ᠃ ᠮᠥᠨ ᠠᠳᠠᠯᠢ ᠪᠠᠷ ᠲᠠᠬᠢᠶ᠎ᠠ ᠨᠣᠬᠠᠢ ᠮᠤᠤᠷ ᠨᠤᠭᠤᠰᠤ ᠁ ᠮᠡᠲᠦ  ᠶᠢᠨ ᠭᠠᠷᠰᠢᠭᠤᠯᠤᠭᠰᠠᠨ ᠠᠮᠢᠲᠠᠳ ᠤᠨ ᠪᠠᠶᠢᠭᠠᠯᠢᠯᠢᠭ ᠴᠢᠳᠠᠪᠤᠷᠢ ᠶᠢ ᠨᠢ ᠪᠠᠯᠠᠯᠵᠤ ᠪᠠᠷᠠᠭᠳᠠᠭᠤᠯᠴᠢᠬᠠᠭᠠᠳ᠂ ᠮᠠᠭᠤ ᠪᠦᠬᠦᠨ ᠢᠶᠠᠨ ᠲᠡᠳ᠋ᠨ ᠨᠠᠷ ᠢᠶᠠᠷ ᠵᠦᠢᠷᠯᠡᠵᠦ᠂ ᠲᠠᠪᠠ ᠲᠤᠬ᠎ᠠ ᠪᠠᠨ ᠳᠡᠪᠲᠦᠭᠡᠨ ᠳᠦᠪᠴᠢᠭᠡᠨᠡᠬᠦ ᠨᠢ ᠭᠠᠶᠢᠬᠠᠮᠠᠷ ᠵᠦᠢᠯ ᠪᠢᠰᠢ᠃  ᠡᠨᠡ ᠪᠣᠯ ᠬᠥᠮᠥᠨ ᠲᠥᠷᠥᠯᠬᠢᠲᠡᠨ ᠤ ᠭᠡᠮ ᠪᠢᠰᠢ ᠵᠠᠩ᠂ ᠪᠦᠷ ᠲᠣᠳᠣᠷᠠᠭᠤᠯᠵᠤ ᠬᠡᠯᠡᠪᠡᠯ ᠢᠯᠠᠨ ᠳᠠᠯᠠᠨ ᠦᠭᠡᠢ ᠮᠥᠨ ᠴᠢᠨᠠᠷ ᠨᠢ ︵︽ᠬᠥᠮᠥᠨ ᠲᠥᠷᠥᠯᠬᠢᠲᠡᠨ᠂ ᠮᠥᠨ ᠴᠢᠨᠠᠷ᠂ ᠮᠥᠬᠦᠯ ᠰᠤᠶᠢᠷᠠᠯ︾︶᠃ ᠡᠨᠡ ᠰᠢᠯᠦᠭ ᠲᠤ ᠬᠥᠮᠥᠨ ᠲᠥᠷᠥᠯᠬᠢᠲᠡᠨ ᠢ ︽ᠡᠨᠡ ᠶᠢᠷᠲᠢᠨᠴᠦ ᠶᠢᠨ ᠴᠣᠷ ᠭᠠᠭᠴᠠ ᠁ ᠭᠠᠷᠴᠠᠭ᠎ᠠ ᠦᠭᠡᠢ ︵ᠮᠠᠷᠭᠤᠰᠢ ᠦᠭᠡᠢ︶ ᠡᠵᠡᠨ ᠨᠢ ᠪᠠᠶᠢᠬᠤ ᠶᠣᠰᠣᠲᠠᠢ︾ ᠭᠡᠵᠤ ᠥᠭᠦᠯᠡᠭᠰᠡᠨ ᠪᠣᠯᠪᠠᠴᠤ᠂ ᠴᠠᠭᠠᠨᠠᠬᠢ ᠤᠳᠬ᠎ᠠ ᠨᠢ ᠡᠵᠡᠨ ᠪᠠᠶᠢᠬᠤ ᠶᠢᠨ ᠤᠴᠢᠷ᠂ ᠶᠢᠷᠲᠢᠨᠴᠦ ᠶᠢ ᠬᠠᠶᠢᠷᠠᠯᠠᠬᠤ᠂ ᠬᠠᠷᠢᠭᠤᠴᠠᠬᠤ᠂ ᠶᠢᠷᠲᠢᠨᠴᠦ ᠶᠢᠨ ᠪᠦᠬᠦ ᠶᠠᠭᠤᠮ᠎ᠠ ᠶᠢ ᠵᠢᠮ᠎ᠡ ᠬᠠᠤᠯᠢ ᠪᠠᠷ ᠨᠢ᠂ ᠪᠠᠶᠠᠷ ᠪᠠᠶᠠᠰᠬᠤᠯᠠᠩ ᠢᠶᠠᠷ ᠤᠳᠤᠷᠢᠳᠬᠤ ᠬᠡᠷᠡᠭᠲᠡᠢ ᠭᠡᠰᠡᠨ ᠰᠠᠨᠠᠭ᠎ᠠ ᠶᠢ ᠢᠯᠡᠷᠬᠡᠶᠢᠯᠡᠵᠡᠢ᠃ ᠬᠥᠮᠥᠨ ᠨᠢ ᠬᠡᠷᠢᠶ᠎ᠡ ᠠᠴᠠ ᠬᠠᠷ᠎ᠠ᠂ ᠬᠠᠷᠠᠩᠭᠤᠢ ᠪᠠᠶᠢᠵᠤ ᠶᠠᠭᠠᠬᠢᠵᠤ ᠡᠵᠡᠨ ᠪᠣᠯᠬᠤ ᠪᠤᠢ︖ ᠬᠥᠮᠥᠨ ᠤ ᠲᠥᠯᠥᠭᠡ ᠨᠠᠶᠢᠷᠠᠭᠴᠢ ᠢᠴᠢᠵᠦ ᠰᠢᠷᠪᠢᠭᠰᠡᠨ ᠪᠠᠶᠢᠨ᠎ᠠ᠃ ᠬᠥᠮᠥᠨ ᠬᠥᠮᠥᠨ ᠳᠤ ᠪᠠᠨ ᠬᠡᠷᠬᠢᠨ ᠬᠠᠨᠳᠤᠬᠤ ᠶᠢ ᠨᠠᠶᠢᠷᠠᠭᠴᠢ ᠰᠢᠭᠤᠳ ᠬᠡᠯᠡᠭᠡ ᠦᠭᠡᠢ ᠪᠣᠯᠪᠠᠴᠤ᠂ ᠠᠮᠢᠲᠠᠨ ᠳᠤ᠂ ᠪᠠᠶᠢᠭᠠᠯᠢ ᠶᠢᠷᠲᠢᠨᠴᠦ ᠳᠤ ︽ᠨᠢᠳᠦ ᠦᠭᠡᠢ︾᠂ ︽ᠰᠡᠳᠬᠢᠯ ᠦᠭᠡᠢ︾ ᠬᠠᠷᠭᠢᠰ ᠢᠶᠠᠷ ᠬᠠᠨᠳᠤᠵᠤ ᠪᠠᠶᠢᠭ᠎ᠠ ᠲᠤᠯᠠ ᠭᠠᠷᠴᠠᠭ᠎ᠠ ᠦᠭᠡᠢ ᠠᠴᠢ ᠲᠤᠰᠠ ᠬᠢᠵᠦ ᠪᠠᠶᠢᠭ᠎ᠠ᠂ ᠰᠠᠶᠢᠨ ᠤ ᠲᠥᠯᠥᠭᠡ ᠵᠢᠳᠬᠦᠵᠦ ᠪᠠᠶᠢᠭ᠎ᠠ ᠦᠨᠡᠨ ᠵᠢᠷᠦᠬᠡᠲᠡᠨ ᠳᠤ ᠬᠥᠮᠥᠨ ᠪᠤᠰᠤ ᠪᠠᠷ ᠬᠠᠨᠳᠤᠬᠤ ᠨᠢ ᠭᠠᠷᠴᠠᠭ᠎ᠠ ᠦᠭᠡᠢ᠃ ᠡᠶᠢᠮᠦ ᠠᠴᠠ ︽ᠬᠥᠮᠥᠨ ᠲᠥᠷᠥᠯᠬᠢᠲᠡᠨ᠂ ᠮᠥᠨ ᠴᠢᠨᠠᠷ᠂ ᠮᠥᠬᠦᠯ ᠰᠤᠶᠢᠷᠠᠯ︾ ᠭᠡᠵᠤ ᠰᠢᠯᠦᠭ ᠢᠶᠠᠨ ᠨᠡᠷᠡᠯᠡᠭᠰᠡᠨ  ᠨᠢ ᠤᠴᠢᠷᠲᠠᠢ ᠶᠤᠮ᠃ ᠮᠥᠨ ᠪᠠᠶᠢᠭᠠᠯᠢ ᠶᠢᠷᠲᠢᠨᠴᠦ ᠭᠡᠭᠴᠢ ᠪᠠᠰᠠ ᠥᠪᠡᠷ ᠤᠨ ᠵᠢᠮ᠎ᠡ ᠲᠠᠢ ᠶᠤᠮ᠃ ᠨᠠᠶᠢᠷᠠᠭᠴᠢ ︽ᠡᠬᠢᠯᠡᠯ ᠪᠤᠰᠤ ᠲᠡᠭᠦᠰᠬᠡᠯ ᠪᠤᠰᠤ︾ ᠰᠢᠯᠦᠭ ᠲᠤ ᠪᠠᠨ᠄ᠬᠥᠮᠥᠨ ᠦᠬᠦᠬᠦ ᠶᠢᠨ ᠲᠥᠯᠥᠭᠡ ᠮᠡᠨᠳᠦᠯᠡᠳᠡᠭ ᠪᠤᠰᠤᠬᠦᠢᠲᠡᠨ ᠬᠠᠯᠠᠭ᠋ᠳ ᠰᠡᠯᠭᠦᠬᠦ ᠬᠤᠷᠸ᠎ᠠ ᠳᠤᠣᠯᠳᠠᠭᠰᠠᠨ ᠭᠠᠭᠴᠠ ᠨᠠᠰᠤᠨ ᠳᠠᠭᠠᠨ ᠵᠢᠷᠭᠠᠬᠤ ᠭᠡᠵᠤᠣᠨᠣᠭᠳᠠᠭᠰᠠᠨ ᠵᠣᠪᠠᠯᠠᠩ ᠲᠠᠢ ᠪᠠᠨ ᠳᠡᠷᠰᠡᠯᠳᠤᠵᠤ ᠠᠮᠢᠳᠤᠷᠠᠳᠠᠭᠬᠤᠨᠢ ᠥᠷᠥᠴᠡᠯᠡᠭᠦᠯᠬᠦ ᠶᠢᠨ ᠲᠥᠯᠥᠭᠡ ᠦᠷᠡᠵᠢᠳᠡᠭ ᠪᠤᠰᠤᠬᠤᠷᠣᠭᠳᠠᠬᠤ ᠨᠡᠮᠡᠭᠳᠡᠬᠦ ᠢᠬᠡᠷᠡᠯᠡᠬᠦ ᠰᠢᠯᠲᠠᠭᠠᠨ ᠳᠤᠬᠤᠷᠢᠶ᠎ᠠ ᠬᠠᠰᠢᠶ᠎ᠠ ᠪᠠᠨ ᠰᠦᠯᠡᠬᠦ ᠭᠡᠵᠤᠬᠢᠲᠤᠭᠠᠨ ᠤ ᠢᠷ ᠲᠠᠢ ᠵᠣᠷᠢᠵᠤ ᠪᠡᠯᠴᠢᠳᠡᠭ ᠭᠡᠬᠦ ᠮᠡᠲᠦ ᠮᠠᠰᠢ ᠭᠦᠨ ᠤᠬᠠᠭᠠᠯᠢᠭ ᠰᠢᠯᠦᠭ ᠮᠥᠷ ᠢ ᠪᠢᠴᠢᠭᠰᠡᠨ ᠪᠠᠶᠢᠨ᠎ᠠ᠃ ᠶᠠᠮᠠᠷ ᠴᠦ ᠶᠠᠭᠤᠮ᠎ᠠ ᠠᠮᠢᠳᠤᠷᠠᠨ ᠣᠷᠣᠰᠢᠬᠤ ᠶᠢᠨ ᠲᠤᠯᠠ ᠬᠠᠷᠰᠢ ᠵᠦᠢᠯ ᠲᠠᠢ ᠲᠡᠮᠡᠴᠡᠵᠦ᠂ ᠬᠤᠪᠢ ᠣᠷᠣᠰᠢᠬᠤᠢ ᠶᠢ ᠪᠠᠲᠤᠯᠠᠬᠤ ᠨᠢ ᠵᠦᠢᠲᠡᠢ ᠭᠡᠳᠡᠭ ᠢ ᠥᠭᠦᠯᠡᠭᠰᠡᠨ ᠪᠠᠶᠢᠨ᠎ᠠ᠃ ᠲᠡᠷᠡᠴᠢᠯᠡᠨ ᠡᠨᠡ ᠰᠢᠯᠦᠭ ᠤᠨ ᠳᠠᠷᠠᠭ᠎ᠠ ᠶᠢᠨ ᠪᠠᠳᠠᠭ ᠲᠤ ︽ᠴᠡᠴᠡᠭ ᠵᠤᠯᠭᠠᠷᠠᠬᠤ ᠶᠢᠨ ᠲᠥᠯᠥᠭᠡ ᠳᠡᠯᠭᠡᠷᠡᠳᠡᠭ ᠪᠤᠰᠤ︾᠂ ᠬᠠᠷᠢᠨ ︽ᠤᠯᠠᠷᠢᠯ ᠤᠨ ᠪᠣᠭᠤᠨᠢ ᠲᠠᠢ ᠥᠷᠢᠰᠴᠦ ᠤᠷᠭᠤᠳᠠᠭ︾᠂ ︽ᠨᠠᠷᠠ ᠵᠢᠷᠭᠠᠬᠤ ᠶᠢᠨ ᠲᠥᠯᠥᠭᠡ ᠮᠠᠨᠳᠤᠳᠠᠭ ᠪᠤᠰᠤ︾᠂ ︽ᠤᠴᠢᠭ ᠬᠠᠷᠠᠩᠭᠤᠢ ᠲᠠᠢ ᠤᠷᠠᠯᠴᠠᠵᠤ ᠡᠷᠭᠢᠳᠡᠭ︾ ᠭᠡᠬᠦ ᠮᠡᠲᠦᠴᠢᠯᠡᠨ᠂ ᠬᠥᠮᠥᠨ ᠠᠮᠢᠲᠠᠨ᠂ ᠤᠷᠭᠤᠮᠠᠯ᠂ ᠪᠠᠶᠢᠭᠠᠯᠢ ᠶᠢᠨ ︽ᠡᠬᠢᠯᠡᠯ ᠲᠡᠭᠦᠰᠬᠡᠯ︾ ᠨᠢ ᠬᠢᠵᠠᠭᠠᠷ ᠦᠭᠡᠢ ᠲᠡᠮᠡᠦᠯᠵᠦ᠂ ᠥᠰᠦᠨ ᠥᠭᠡᠳᠡᠯᠡᠬᠦ ᠶᠢᠨ ᠪᠡᠯᠭᠡᠳᠡᠯ ᠪᠣᠯᠵᠤ ᠪᠠᠶᠢᠳᠠᠭ ᠢ ᠳᠦᠷᠰᠦᠯᠡᠨ ᠢᠯᠡᠷᠬᠡᠶᠢᠯᠡᠪᠡ᠃ ᠡᠨᠡ ᠨᠢ ᠶᠢᠷᠲᠢᠨᠴᠦ ᠶᠢᠨ ᠬᠡᠷᠡᠭ ᠶᠠᠭᠤᠮ᠎ᠠ ᠶᠢᠨ ᠡᠭᠦᠰᠦᠯ ᠲᠡᠭᠦᠰᠬᠡᠯ ᠤᠨ ᠲᠤᠬᠠᠢ ᠨᠠᠶᠢᠷᠠᠭᠴᠢ ᠶᠢᠨ ᠨᠢᠭᠡᠨ ᠥᠪᠡᠷᠮᠢᠴᠡ ᠲᠠᠨᠢᠯᠲᠠ᠂ ᠠᠮᠢᠳᠤᠷᠠᠨ ᠣᠷᠣᠰᠢᠬᠤᠢ ᠶᠢᠨ ᠬᠠᠤᠯᠢ ᠵᠦᠢ ᠪᠣᠯᠬᠤ ᠭᠦᠨ ᠤᠳᠬ᠎ᠠ ᠶᠢ ᠢᠯᠡᠷᠬᠡᠶᠢᠯᠡᠭᠰᠡᠨ ᠶᠤᠮ᠃ᠨᠠᠶᠢᠷᠠᠭᠴᠢ ᠪᠤᠶᠠᠨᠪᠠᠲᠤ ᠶᠢᠨ ᠰᠢᠨᠠᠯᠤᠯ ᠨᠢ ᠬᠥᠮᠥᠨ ᠲᠥᠷᠥᠯᠬᠢᠲᠡᠨ ᠤ ᠣᠷᠣᠰᠢᠨ ᠲᠣᠭᠲᠠᠨᠢᠬᠤ ᠶᠢᠨ ᠭᠦᠨ ᠠᠰᠠᠭᠤᠳᠠᠯ ᠢ ᠬᠥᠨᠳᠡᠵᠦ᠂ ᠮᠥᠬᠦᠯ ᠤᠨ ᠢᠷᠮᠡᠭ ᠲᠤ ᠲᠤᠯᠵᠤ ᠪᠠᠶᠢᠭ᠎ᠠ ᠬᠥᠮᠥᠨ ᠴᠢᠨᠠᠷ ᠢ ᠠᠪᠤᠷᠠᠬᠤ ᠭᠡᠰᠡᠨ ᠠᠭᠤᠤ ᠬᠦᠰᠡᠯᠡᠩ ᠪᠠᠶᠢᠭ᠎ᠠ ᠶᠤᠮ᠃ ᠡᠶᠢᠮᠦ ᠤᠴᠢᠷ ᠪᠤᠰᠤᠳ ᠨᠠᠶᠢᠷᠠᠭᠴᠢ ᠶᠢᠨ ᠬᠡᠳᠦᠢ ᠦᠶ᠎ᠡ ᠠᠴᠠ ᠳᠠᠭᠤᠯᠠᠭᠠᠳ ᠢᠷᠡᠭᠰᠡᠨ ︽ᠪᠢ︾᠂ ︽ᠣᠷᠣᠰᠢᠬᠤᠢ ᠶᠢᠨ ᠬᠤᠪᠢ ᠵᠠᠶᠠᠭᠠᠨ︾ ᠤ ᠠᠰᠠᠭᠤᠳᠠᠯ ᠢ ᠨᠠᠶᠢᠷᠠᠭᠴᠢ ᠥᠨᠥ ᠶᠢᠨ ᠬᠥᠮᠥᠨ  ᠤ ᠨᠢᠳᠦ ᠴᠢᠬᠢ ᠪᠠᠷ᠂ ᠳᠠᠭᠤ ᠬᠤᠭᠤᠯᠠᠢ ᠪᠠᠷ ᠦᠷᠭᠦᠯᠵᠢᠯᠡᠨ᠂ ᠬᠦᠴᠦᠲᠡᠢ ᠳᠠᠭᠤᠯᠠᠭᠴᠢ ᠶᠢᠨ ᠨᠢᠭᠡ ᠶᠤᠮ᠃ ᠲᠡᠭᠦᠨ ᠤ ᠰᠢᠯᠦᠭ ᠵᠣᠬᠢᠶᠠᠯ ᠳᠤ ᠪᠢᠳᠠᠨ ᠤ ᠣᠷᠣᠰᠢᠬᠤ ᠡᠰᠡᠬᠦ ᠶᠢᠨ ︽ᠪᠢ︾ ᠶᠢᠨ ᠬᠤᠪᠢ ᠲᠠᠪᠢᠯᠠᠩ ᠢ ᠳᠣᠷᠪᠢᠲᠠᠢ ᠢᠯᠡᠷᠡᠭᠦᠯᠦᠭᠰᠡᠨ ᠪᠢᠯᠡ᠃ ᠡᠨᠡ ᠲᠠᠯ᠎ᠠ ᠪᠠᠷ ᠪᠢ ᠨᠠᠶᠢᠷᠠᠭᠴᠢ ᠶᠢᠨ ᠲᠤᠬᠠᠢ ᠥᠭᠡᠷ᠎ᠡ ᠨᠢᠭᠡ ᠰᠢᠭᠦᠮᠵᠢ ᠳᠤ ᠵᠢᠱᠢᠶ᠎ᠡ ᠲᠠᠢ ᠥᠭᠦᠯᠡᠭᠰᠡᠨ ᠪᠣᠯᠬᠤᠷ ᠠᠳᠡ ᠨᠤᠷᠰᠢᠬᠤ ᠶᠢ ᠪᠣᠯᠢᠶ᠎ᠠ᠃ ᠬᠠᠷᠢᠨ ᠨᠠᠶᠢᠷᠠᠭᠴᠢ ᠶᠢᠨ ᠰᠢᠯᠦᠭ ᠨᠢ ᠪᠢᠳᠠᠨ  ᠳᠤ ᠶᠡᠭᠡ ᠣᠶᠢᠷ᠎ᠠ᠂ ᠬᠥᠭ ᠠᠶᠠᠰ ᠨᠢ ᠢᠯᠡᠭᠦᠦ ᠳᠣᠲᠣᠨᠣ᠂ ᠥᠪᠡᠷ ᠤᠨ ᠬᠢ ᠭᠡᠵᠤ ᠪᠣᠳᠣᠭᠤᠯᠬᠤ ᠲᠠᠯ᠎ᠠ ᠪᠠᠷ ᠨᠠᠶᠢᠷᠠᠭᠴᠢ ᠪᠤᠶᠠᠨᠪᠠᠲᠤ ᠶᠢ ︽ᠥᠨᠥ ᠴᠠᠭ ᠦᠶ᠎ᠡ ᠶᠢᠨ ᠳᠠᠭᠤᠴᠢ︾ ᠭᠡᠵᠤ ᠨᠡᠷᠡᠯᠡᠮᠡᠷ ᠪᠠᠶᠢᠭ᠎ᠠ ᠶᠤᠮ᠃ ᠲᠡᠷᠡ ᠨᠢᠭᠡᠨ ᠨᠠᠶᠢᠷᠠᠭᠴᠢ ᠳᠤ ᠵᠣᠷᠢᠭᠤᠯᠵᠤ ᠪᠢᠴᠢᠭᠰᠡᠨ ᠰᠢᠯᠦᠭ ᠲᠤ ᠪᠠᠨ᠂ᠪᠢ ᠴᠢᠮ᠎ᠠ ᠳᠤ ᠶᠠᠭᠠᠬᠢᠭᠰᠠᠨ ᠣᠶᠢᠷᠠᠬᠠᠨ ᠪᠠᠶᠢᠨ᠎ᠠ ᠪᠤᠢᠰᠢᠯᠦᠭ ᠤᠨ ᠨᠣᠮ ᠤᠨ ᠴᠢᠨᠢ ᠨᠥᠭᠦᠭᠡ ᠨᠢᠭᠤᠷ ᠳᠡᠭᠡᠷ᠎ᠡ ᠪᠢ ᠶᠠᠪᠤᠵᠤ ᠪᠠᠶᠢᠨ᠎ᠠᠰᠢᠯ ᠴᠣᠩᠬᠤᠨ ᠤ ᠴᠢᠨᠢ ᠨᠠᠭᠠᠳᠤ ᠲᠠᠯ᠎ᠠ ᠳᠡᠭᠡᠷ᠎ᠡ ᠪᠢ ᠡᠷᠭᠢᠴᠡᠵᠦ ᠪᠠᠶᠢᠨ᠎ᠠᠰᠢᠲᠠᠭᠰᠠᠨ ᠲᠠᠮᠠᠬᠢᠨ ᠤ ᠴᠢᠨᠢ ᠴᠤᠭ ᠤᠨ ᠭᠡᠷᠡᠯ ᠳᠤ ᠪᠢ ᠵᠣᠭᠰᠣᠵᠤ ᠪᠠᠶᠢᠨ᠎ᠠᠰᠢᠨᠠᠯᠤᠭᠰᠠᠨ ᠰᠡᠳᠬᠢᠯ ᠤᠨ ᠴᠢᠨᠢ ᠭᠦᠨ ᠮᠡᠳᠡᠷᠡᠬᠦᠢ ᠶᠢ ᠪᠢ ᠰᠣᠨᠣᠰᠴᠤ ᠪᠠᠶᠢᠨ᠎ᠠ ︵︽ᠮᠥᠷᠥᠭᠡᠳᠦᠯ ᠤᠨ ᠡᠭᠦᠳᠡᠨ ᠳᠡᠭᠡᠷ᠎ᠡ ᠮᠥᠩᠬᠡ ᠶᠢᠨ ᠷᠠᠰᠢᠶᠠᠨ ᠠᠮᠰᠠᠬᠤ ᠮᠡᠲᠦ︾︶ ᠭᠡᠵᠤ ᠰᠢᠯᠦᠭᠴᠢ ᠠᠴᠠ ᠳᠤᠯᠠᠮᠵᠠᠪ ᠨᠠᠶᠢᠷᠠᠭᠴᠢ ᠳᠡᠭᠦᠦ  ᠳᠡᠭᠡᠨ ᠪᠢᠴᠢᠭᠰᠡᠨ ᠪᠣᠯ ᠡᠨᠡ ᠰᠢᠯᠦᠭ ᠤᠨ ᠤᠩᠰᠢᠭᠴᠢ ᠳᠤ ᠥᠭᠬᠦ ᠲᠥᠷᠥᠭᠳᠡᠯ ᠨᠢ ᠥᠭᠡᠷ᠎ᠡ ᠪᠠᠶᠢᠳᠠᠭ᠃ ᠶᠠᠭ ᠯᠡ ᠤᠩᠰᠢᠭᠴᠢ ᠪᠢᠳᠠ ᠪᠤᠶᠠᠨᠪᠠᠲᠤ ᠨᠠᠶᠢᠷᠠᠭᠴᠢ ᠳᠤ ᠵᠣᠷᠢᠭᠤᠯᠵᠤ ᠪᠢᠴᠢᠭᠰᠡᠨ ᠮᠡᠲᠦ ᠰᠡᠳᠬᠢᠭᠳᠡᠯ ᠢ ᠥᠭᠴᠦ ᠪᠠᠶᠢᠨ᠎ᠠ᠃ ᠰᠢᠯᠦᠭ ᠲᠤ ᠵᠠᠯᠭᠠᠭᠠᠳ᠂︽ᠴᠢ ᠪᠢᠳᠠ ᠬᠤᠶᠠᠷ ᠤᠨ ᠳᠤᠮᠳᠠᠭᠤᠷᠡᠭᠦᠯᠡ ᠤᠷᠭᠤᠬᠤ ᠦᠭᠡᠢ ᠪᠣᠷᠣᠭᠠᠨ ᠠᠰᠭᠭᠷᠭᠠᠳ ᠯᠡ ᠁ᠴᠢ ᠪᠢᠳᠠ ᠬᠤᠶᠠᠷ ᠤᠨ ᠳᠤᠮᠳᠠᠭᠤᠷᠰᠡᠭᠦᠳᠡᠷ ᠲᠠᠲᠠᠬᠤ ᠦᠭᠡᠢ ᠰᠣᠯᠣᠩᠭ᠎ᠠ ᠲᠠᠲᠠᠭᠠᠳ ᠯᠡ ᠁ᠴᠢ ᠪᠢᠳᠠ ᠬᠤᠶᠠᠷ ᠤᠨ ᠳᠤᠮᠳᠠᠭᠤᠷᠵᠢᠪᠠᠷ ᠰᠢᠷᠭᠤᠬᠤ ᠦᠭᠡᠢ ᠵᠢᠷᠭᠠᠯ ᠭᠡᠷᠡᠯᠲᠦᠭᠡᠳ ᠯᠡ ᠁ᠴᠢ ᠪᠢᠳᠠ ᠬᠤᠶᠠᠷ ᠤᠨ ᠳᠤᠮᠳᠠᠭᠤᠷᠴᠠᠭ ᠬᠤᠭᠤᠴᠠᠭ᠎ᠠ ᠤᠷᠤᠰᠬᠤ ᠦᠭᠡᠢ ᠢᠨᠢᠶᠡᠳᠦ ᠤᠷᠤᠰᠤᠭᠠᠳ ᠯᠡ ᠁︾ ︵︽ᠮᠥᠷᠥᠭᠡᠳᠦᠯ ᠤᠨ ᠡᠭᠦᠳᠡᠨ ᠳᠡᠭᠡᠷ᠎ᠡ ᠮᠥᠩᠬᠡ ᠶᠢᠨ ᠷᠠᠰᠢᠶᠠᠨ ᠠᠮᠰᠠᠬᠤ ᠮᠡᠲᠦ︾︶ ᠭᠡᠵᠤ ᠪᠠᠶᠢᠭ᠎ᠠ ᠶᠢᠨ ︽ᠴᠢ︾ ᠪᠣᠯ ᠨᠠᠶᠢᠷᠠᠭᠴᠢ ᠪᠤᠶᠠᠨᠪᠠᠲᠤ᠂ ︽ᠪᠢᠳᠠ︾ ᠭᠡᠳᠡᠭ ᠨᠢ ᠪᠤᠰᠤᠳ ᠨᠠᠶᠢᠷᠠᠭᠴᠢ ᠬᠢᠭᠡᠳ ᠤᠩᠰᠢᠭᠴᠢ ᠪᠢᠳᠠ ᠶᠢ ᠵᠢᠭᠠᠵᠤ ᠪᠠᠶᠢᠭ᠎ᠠ ᠭᠡᠬᠦ ᠳᠤ ᠪᠣᠯᠬᠤ ᠦᠭᠡᠢ ᠵᠦᠢᠯ ᠦᠭᠡᠢ ᠮᠡᠲᠦ ᠰᠠᠨᠠᠭᠳᠠᠨ᠎ᠠ᠃ ᠲᠡᠶᠢᠮᠦ ᠤᠴᠢᠷ ᠨᠠᠶᠢᠷᠠᠭᠴᠢ ᠪᠤᠶᠠᠨᠪᠠᠲᠤ ᠨᠢ ᠪᠢᠳ᠋ᠨ ᠳᠤ ︽ᠣᠶᠢᠷᠠᠬᠠᠨ ᠪᠠᠶᠢᠨ᠎ᠠ︾᠂ ᠪᠢᠳᠠᠨ ᠤ ︽ᠵᠢᠷᠦᠬᠡᠨ ᠤ ᠳᠠᠭᠤᠯᠠᠭᠴᠢ ᠪᠣᠯ ᠨᠠᠶᠢᠷᠠᠭᠴᠢ ᠲᠡᠷᠡ ᠪᠠᠶᠢᠨ᠎ᠠ︾ ᠭᠡᠵᠤ ᠬᠡᠯᠡᠵᠦ ᠪᠦᠷᠢᠨ ᠪᠣᠯᠬᠤ ᠮᠡᠲᠦ ᠰᠠᠨᠠᠭᠳᠠᠵᠤ᠂ ᠲᠡᠷᠡ ᠪᠢᠳᠡᠨ ᠬᠤᠶᠠᠷ ᠤᠨ ᠳᠤᠮᠳᠠᠭᠤᠷ ︽ᠪᠣᠷᠣᠭᠠᠨ ᠠᠰᠠᠭᠠᠬᠤ︾᠂  ︽ᠰᠣᠯᠣᠩᠭ᠎ᠠ ᠲᠠᠲᠠᠬᠤ︾᠂ ︽ᠵᠢᠷᠭᠠᠯ ᠭᠡᠷᠡᠯᠲᠦᠬᠦ︾᠂ ︽ᠢᠨᠢᠶᠡᠳᠦ ᠤᠷᠤᠰᠬᠤ︾ ᠨᠢ ︽ᠡᠭᠦᠯᠡ᠂ ᠰᠡᠭᠦᠳᠡᠷ᠂ ᠵᠢᠪᠠᠷ᠂ ᠴᠠᠭ ᠬᠤᠭᠤᠴᠠᠭ᠎ᠠ︾ ᠭᠡᠬᠦ ᠨᠥᠬᠦᠴᠡᠯ ᠰᠢᠯᠲᠠᠭᠠᠨ ᠢᠶᠠᠷ ᠪᠤᠰᠤ᠂ ᠬᠠᠷᠢᠨ ᠳᠣᠲᠣᠭᠠᠳᠤ ᠮᠡᠳᠡᠷᠡᠮᠵᠢ ᠪᠠᠷ ᠰᠢᠭᠤᠳ ᠬᠤᠯᠪᠣᠭᠳᠠᠵᠤ ᠪᠠᠶᠢᠭ᠎ᠠ ᠶᠤᠮ᠃ᠨᠠᠶᠢᠷᠠᠭᠴᠢ ᠪᠤᠶᠠᠨᠪᠠᠲᠤ ᠶᠢᠨ ᠰᠢᠯᠦᠭ ᠵᠣᠬᠢᠶᠠᠯ ᠨᠢ ᠮᠣᠩᠭᠤᠯ ᠤᠨ ᠣᠷᠴᠢᠨ ᠦᠶ᠎ᠡ ᠶᠢᠨ ᠢᠷᠠᠭᠤ ᠨᠠᠶᠢᠷᠠᠭ ᠤᠨ ᠰᠢᠯᠢᠳᠡᠭ ᠪᠦᠲᠦᠭᠡᠯ ᠠᠴᠠ ᠰᠢᠮ᠎ᠡ ᠲᠡᠵᠢᠭᠡᠯ ᠠᠪᠴᠤ᠂ ᠮᠣᠩᠭᠤᠯ ᠢᠷᠠᠭᠤ ᠨᠠᠶᠢᠷᠠᠭ ᠤᠨ ᠰᠢᠨ᠎ᠡ ᠬᠠᠭᠤᠳᠠᠰᠤ ᠶᠢ ᠥᠪᠡᠷᠮᠢᠴᠡ ᠪᠠᠷ ᠨᠡᠭᠡᠭᠡᠵᠦ᠂ ᠠᠮᠵᠢᠯᠲᠠ ᠣᠯᠵᠤ ᠪᠠᠶᠢᠭ᠎ᠠ ᠨᠢᠭᠡᠨ ᠪᠢᠯᠡ᠃ ᠲᠡᠭᠦᠨ ᠤ ᠢᠷᠠᠭᠤ ᠨᠠᠶᠢᠷᠠᠭ ᠤᠨ ᠥᠪᠡᠷᠮᠢᠴᠡ ᠢᠯᠡᠷᠬᠡᠶᠢᠯᠡᠯ᠂ ᠠᠪᠢᠶᠠᠰ᠂ ᠤᠷ᠎ᠠ ᠮᠡᠷᠭᠡᠵᠢᠯ ᠨᠢ ᠥᠪᠥᠷ ᠮᠣᠩᠭᠤᠯ ᠤᠨ ᠰᠢᠨ᠎ᠡ ᠦᠶ᠎ᠡ ᠶᠢᠨ ᠢᠷᠠᠭᠤ ᠨᠠᠶᠢᠷᠠᠭ ᠤᠨ ᠨᠢᠭᠡᠨ ᠣᠷᠭᠢᠯ᠂ ᠤᠩᠰᠢᠭᠴᠢ ᠰᠣᠨᠢᠷᠬᠠᠭᠴᠢ ᠶᠢᠨ ᠤᠷᠠᠯᠢᠭ ᠤᠨ ᠶᠢᠷᠲᠢᠨᠴᠦ ᠶᠢ ᠭᠡᠷᠡᠯᠲᠦᠭᠦᠯᠦᠭᠴᠢ ᠨᠢᠭᠡᠨ ᠴᠠᠮᠬᠠᠭ᠂ ᠰᠢᠨ᠎ᠡ ᠰᠡᠳᠬᠢᠮᠵᠢ᠂ ᠰᠢᠨ᠎ᠡ ᠰᠠᠨᠠᠭ᠎ᠠ᠂ ᠰᠢᠨ᠎ᠡ ᠬᠡᠯᠪᠡᠷᠢ᠂ ᠰᠢᠨ᠎ᠡ ᠡᠷᠢᠯᠬᠢᠯᠡᠯ ᠪᠣᠯᠣᠭᠰᠠᠨ ᠢᠶᠠᠷ  ᠢᠶᠠᠨ ᠮᠣᠩᠭᠤᠯ ᠢᠷᠠᠭᠤ ᠨᠠᠶᠢᠷᠠᠭ ᠤᠨ ᠨᠢᠭᠡᠨ ᠰᠢᠨ᠎ᠡ ᠬᠥᠭᠵᠢᠯ᠂ ᠮᠥᠨ ᠰᠢᠨ᠎ᠡ ᠢᠷᠡᠭᠡᠳᠦᠢ ᠳᠤ ᠲᠡᠮᠡᠦᠯᠵᠦ ᠪᠠᠶᠢᠭ᠎ᠠ ᠂ ᠰᠢᠨ᠎ᠡ ᠣᠷᠣᠯᠳᠣᠯᠭ᠎ᠠ᠂ ᠰᠢᠨ᠎ᠡ ᠠᠮᠵᠢᠯᠲᠠ ᠪᠠᠶᠢᠭ᠎ᠠ ᠶᠤᠮ᠃  ᠲᠡᠶᠢᠮᠦ ᠤᠴᠢᠷ ᠠᠳᠡ ᠬᠡᠳᠦᠨ ᠵᠦᠢᠯ ᠢ ᠲᠣᠳᠣᠷᠠᠭᠤᠯᠤᠨ ᠬᠡᠯᠡᠬᠦ ᠨᠢ ᠵᠦᠢᠲᠡᠢ ᠪᠠᠶᠢᠬ᠎ᠠ᠃ ᠨᠢᠭᠡᠳᠦᠭᠡᠷ ᠲᠤ᠂ ᠦᠨᠳᠦᠰᠦᠲᠡᠨ ᠤ ᠤᠷᠠᠨ ᠵᠣᠬᠢᠶᠠᠯ ᠤᠨ ᠵᠦᠢ ᠲᠣᠭᠲᠠᠭᠠᠯ ᠳᠤ ᠬᠡᠳᠦᠶᠢᠪᠡᠷ ᠵᠣᠬᠢᠶᠠᠯᠴᠢ ᠪᠦᠷᠢ ᠨᠢ ᠥᠪᠡᠷ ᠤᠨ ᠣᠨᠴᠠᠯᠢᠭ ᠪᠤᠢ ᠪᠣᠯᠪᠠᠴᠤ᠂ ᠨᠢᠭᠡ ᠦᠨᠳᠦᠰᠦᠲᠡᠨ  ᠤ ᠨᠡᠶᠢᠲᠡ ᠤᠬᠠᠮᠰᠠᠷ᠂ ︽ᠨᠡᠶᠢᠲᠡ ᠶᠢᠨ ᠤᠬᠠᠮᠰᠠᠷᠠᠬᠤᠢ ᠶᠢᠨ ᠳᠠᠯᠳᠠ ᠴᠣᠭᠴᠠ︾ ᠭᠡᠳᠡᠭ ᠵᠦᠢᠯ ᠨᠢ ᠦᠨᠳᠦᠰᠦᠲᠡᠨ ᠤ ᠨᠢᠳᠦ ᠴᠢᠬᠢ ᠪᠣᠯᠵᠤ ᠪᠠᠶᠢᠭ᠎ᠠ ᠵᠢᠩᠬᠢᠨᠢ ᠵᠣᠬᠢᠶᠠᠯᠴᠢᠳ ᠢ ᠵᠠᠬᠢᠷᠴᠤ ᠪᠠᠶᠢᠳᠠᠭ᠃ ᠲᠡᠶᠢᠮᠦ ᠤᠴᠢᠷ ᠦᠨᠳᠦᠰᠦᠲᠡᠨ ᠤ ᠤᠷᠠᠨ ᠵᠣᠬᠢᠶᠠᠯ ᠤᠨ ᠤᠯᠠᠮᠵᠢᠯᠠᠯ ᠰᠢᠨᠡᠴᠢᠯᠡᠯ ᠤᠨ ᠠᠰᠠᠭᠤᠳᠠᠯ ᠪᠣᠯ ᠦᠨᠳᠦᠰᠦᠲᠡᠨ ᠤ ᠤᠷᠠᠨ ᠵᠣᠬᠢᠶᠠᠯ ᠤᠨ ᠨᠢᠭᠡᠨ ᠠᠮᠢᠨ ᠰᠦᠨᠡᠰᠦ ᠪᠣᠯᠵᠤ ᠪᠠᠶᠢᠳᠠᠭ ᠶᠤᠮ᠃ ᠨᠠᠶᠢᠷᠠᠭᠴᠢ ᠪᠤᠶᠠᠨᠪᠠᠲᠤ ᠶᠢ ᠰᠢᠯᠦᠭ ᠨᠢ ᠡᠨᠡ ᠲᠠᠯ᠎ᠠ ᠳᠤ ᠡᠷᠢᠯ ᠬᠠᠶᠢᠭᠤᠯ ᠬᠢᠵᠦ᠂ ᠪᠦᠲᠦᠭᠡᠯᠴᠢ ᠤᠷᠠᠨ ᠰᠠᠶᠢᠬᠠᠨ ᠤ ᠲᠤᠷᠰᠢᠯᠭ᠎ᠠ ᠶᠢ ᠴᠣᠭᠴᠠᠯᠠᠵᠤ᠂ ᠠᠮᠵᠢᠯᠲᠠ ᠣᠯᠣᠭᠰᠠᠨ ᠨᠢᠭᠡᠨ ᠭᠡᠵᠤ ᠣᠨᠴᠠᠯᠠᠨ ᠲᠡᠮᠳᠡᠭᠯᠡᠬᠦ ᠶᠢ ᠵᠣᠷᠢᠪᠠ ︵ᠲᠤᠰ ᠰᠢᠭᠦᠮᠵᠢ ᠥᠭᠦᠯᠡᠯ ᠳᠤ︶᠃ ᠬᠤᠶᠠᠳᠤᠭᠠᠷ  ᠲᠤ᠂ ᠡᠳᠦᠭᠡ ᠶᠢᠨ ᠥᠪᠥᠷ ᠮᠣᠩᠭᠤᠯ ᠤᠨ ᠤᠷᠠᠨ ᠵᠣᠬᠢᠶᠠᠯ ᠳᠤ ᠵᠢᠩᠬᠢᠨᠢ ᠤᠳᠬ᠎ᠠ ᠶᠢᠨ ᠪᠣᠯᠪᠠᠰᠤᠷᠠᠵᠤ ᠴᠠᠭᠠᠷᠠᠭᠰᠠᠨ ᠢᠷᠠᠭᠤ ᠨᠠᠶᠢᠷᠠᠭᠴᠢ ᠭᠡᠭᠴᠢ ᠦᠨᠡᠬᠡᠷ ᠡᠳᠦᠷ ᠤᠨ ᠣᠳᠣ ᠰᠢᠭ᠋ ᠬᠤᠪᠣᠷ ᠪᠠᠶᠢᠨ᠎ᠠ᠃ ᠭᠡᠷᠡᠴᠢ ᠨᠢ ᠡᠳᠦᠭᠡ ᠶᠢᠨ ᠵᠠᠯᠠᠭᠤ ᠢᠷᠠᠭᠤ ᠨᠠᠶᠢᠷᠠᠭᠴᠢᠳ ᠢ ᠬᠤᠰᠢᠭᠤᠷᠠᠨ ᠳᠠᠭᠠᠯᠭᠠᠬᠤ ᠪᠠᠷ᠂ ᠪᠠᠰᠠ ᠲᠤᠭ᠂ ᠰᠢᠲᠦᠭᠡᠨ ᠪᠣᠯᠣᠨ ᠲᠡᠳᠡᠨ ᠢ ᠳᠡᠷᠪᠡᠭᠦᠯᠵᠦ ᠬᠥᠳᠡᠯᠭᠡᠬᠦ᠂ ᠴᠤᠯᠭᠤᠶᠢᠷᠠᠨ ᠭᠠᠷᠤᠭᠰᠠᠨ ᠨᠢ ᠬᠠᠷᠠᠬᠠᠨ ᠬᠠᠷᠠᠭᠳᠠᠬᠤ ᠦᠭᠡᠢ ᠪᠠᠶᠢᠨ᠎ᠠ᠃ ᠶᠠᠭᠠᠬᠢᠭᠠᠳ ᠭᠡᠪᠡᠯ ᠪᠢᠳᠠᠨ ᠳᠤ ᠰᠠᠶᠢᠨ ᠵᠣᠬᠢᠶᠠᠯ ᠦᠭᠡᠢ ᠭᠡᠰᠡᠨ ᠪᠢᠰᠢ᠂ ᠬᠠᠷᠢᠨ ᠰᠢᠭᠦᠮᠵᠢᠯᠡᠭᠴᠢ᠂ ᠰᠤᠳᠤᠯᠤᠭᠴᠢ᠂ ᠰᠢᠨᠵᠢᠯᠡᠭᠴᠢ᠂ ᠡᠷᠢᠵᠦ ᠬᠠᠶᠢᠭᠴᠢ ᠨᠠᠷ ᠳᠤᠲᠠᠭᠤ ᠪᠠᠶᠢᠨ᠎ᠠ᠃ ᠲᠡᠶᠢᠮᠦ ᠠᠴᠠ ᠨᠠᠶᠢᠷᠠᠭᠴᠢ ᠪᠤᠶᠠᠨᠪᠠᠲᠤ ᠶᠢᠨ ᠵᠠᠮᠨᠠᠯ᠂ ᠠᠪᠢᠶᠠᠰ᠂ ᠴᠢᠳᠠᠪᠤᠷᠢ᠂ ᠮᠥᠨ ᠲᠤᠭᠤᠷᠪᠢᠭᠰᠠᠨ ᠰᠢᠯᠦᠭ ᠵᠣᠬᠢᠶᠠᠯ ᠳᠤ ᠬᠤᠵᠢᠮ ᠤᠨ ᠵᠠᠯᠠᠭᠤ ᠨᠠᠶᠢᠷᠠᠭᠴᠢ ᠳᠤ ᠳᠠᠭᠤᠷᠢᠶᠠᠯ ᠪᠣᠯᠬᠤ ᠵᠦᠢᠯ ᠶᠡᠭᠡ ᠪᠠᠶᠢᠭ᠎ᠠ ᠲᠤᠯᠠ ᠠᠷᠠᠳ ᠣᠯᠠᠨ ᠳᠤ ᠲᠤᠰᠠ ᠨᠡᠮᠡᠷᠢ ᠪᠣᠯᠬᠤ ᠶᠢ ᠪᠣᠳᠣᠯᠬᠢᠯᠠᠵᠤ ᠡᠨᠡ ᠬᠦ ᠰᠢᠭᠦᠮᠵᠢ ᠥᠭᠦᠯᠡᠯ ᠢ ᠪᠢᠴᠢᠭᠰᠡᠨ ᠶᠤᠮ᠃ᠭᠤᠷᠪᠠᠳᠤᠭᠠᠷ ᠲᠤ᠂ ᠰᠢᠨ᠎ᠡ ᠤᠷᠠᠨ ᠵᠣᠬᠢᠶᠠᠯ ᠨᠢ ᠤᠯᠠᠮᠵᠢᠯᠠᠯ  ᠤᠨ ᠰᠠᠭᠤᠷᠢ ᠳᠡᠭᠡᠷ᠎ᠡ ᠪᠤᠢ ᠪᠣᠯᠳᠠᠭ ᠵᠢᠮ᠎ᠡ ᠲᠠᠢ ᠲᠤᠯᠠ ᠨᠠᠶᠢᠷᠠᠭᠴᠢ ᠪᠤᠶᠠᠨᠪᠠᠲᠤ ᠶᠢᠨ ᠰᠢᠯᠦᠭ ᠨᠢ ᠲᠡᠷᠡ ᠬᠦ ᠵᠢᠮ᠎ᠡ  ᠶᠢ ᠵᠥᠪ ᠠᠯᠬᠤᠵᠤ ᠵᠥᠪ ᠵᠠᠮᠨᠠᠭᠰᠠᠨ ᠤ ᠤᠴᠢᠷ᠂ ᠲᠡᠭᠦᠨ ᠤ ᠲᠤᠭᠤᠷᠪᠢᠭᠰᠠᠨ ᠥᠪᠡᠷᠮᠢᠴᠡ ᠵᠣᠬᠢᠶᠠᠯ ᠪᠦᠲᠦᠭᠡᠯ ᠨᠢ ᠪᠦᠲᠦᠭᠡᠯᠴᠢ ᠲᠤᠷᠰᠢᠯᠭ᠎ᠠ ᠪᠣᠯᠵᠤ᠂ ᠡᠨᠡ ᠬᠦ ᠥᠴᠥᠭᠡᠨ ᠥᠭᠦᠯᠡᠯ ᠪᠢᠴᠢᠬᠦ ᠳᠤ ᠤᠷᠢᠳᠠᠯ ᠨᠥᠬᠦᠴᠡᠯ ᠪᠣᠯᠣᠭᠰᠠᠨ ᠶᠤᠮ᠃ ᠲᠡᠷᠡᠴᠢᠯᠡᠨ ᠨᠠᠶᠢᠷᠠᠭᠴᠢ ᠪᠤᠶᠠᠨᠪᠠᠲᠤ ᠶᠢᠨ ᠢᠷᠠᠭᠤ ᠨᠠᠶᠢᠷᠠᠭ ᠨᠢ ᠥᠭᠡᠷ᠎ᠡ ᠬᠡᠨ ᠲᠠᠢ ᠴᠦ ᠳᠠᠪᠬᠤᠴᠠᠬᠤ ᠦᠭᠡᠢ᠂ ᠥᠪᠡᠷ ᠤᠨ ᠲᠥᠷᠬᠦ ᠨᠠᠮᠪᠠ ᠶᠢ ᠣᠯᠵᠤ᠂ ᠮᠥᠨ ᠰᠢᠨ᠎ᠡ ᠪᠠᠷ ᠡᠷᠴᠢᠮ ᠲᠠᠢ ᠥᠰᠴᠦ ᠪᠠᠶᠢᠭ᠎ᠠ ᠦᠵᠡᠭᠳᠡᠯ ᠪᠣᠯᠬᠤ ᠪᠥᠭᠡᠳ ᠲᠡᠭᠦᠨ ᠢ  ᠰᠢᠨ᠎ᠡ ᠡᠷᠡᠨ ᠤ ᠢᠷᠠᠭᠤ ᠨᠠᠶᠢᠷᠠᠭ ᠤᠨ ᠨᠢᠭᠡᠨ ᠭᠤᠣᠯ ᠲᠥᠯᠥᠭᠡᠯᠡᠭᠴᠢ᠂ ᠰᠢᠨᠡᠴᠢᠯᠡᠭᠴᠢ ᠭᠡᠵᠤ ᠪᠦᠷᠢᠨ ᠬᠡᠯᠡᠵᠦ ᠪᠣᠯᠣᠨ᠎ᠠ᠃ ᠡᠶᠢᠮᠦ ᠶᠢᠨ ᠲᠤᠯᠠ ᠨᠠᠶᠢᠷᠠᠭᠴᠢ ᠶᠢᠨ ᠰᠠᠶᠢᠬᠠᠨ ᠦᠢᠯᠡᠰ ᠲᠤ ᠢᠷᠡᠭᠡᠳᠦᠢ ᠶᠢᠨ ᠠᠤᠭ᠎ᠠ ᠠᠮᠵᠢᠯᠲᠠ ᠶᠢ ᠬᠦᠰᠡᠨ ᠢᠷᠦᠭᠡᠯ ᠤᠨ ᠬᠠᠳᠠᠭ᠂ ᠰᠦᠨ ᠰᠠᠴᠤᠯᠢ ᠲᠠᠢ ᠡᠷᠭᠦᠨ ᠳᠡᠪᠰᠢᠭᠦᠯᠵᠦ ᠪᠠᠶᠢᠨ᠎ᠠ᠃
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号