ᠭᠠᠵᠢᠭ ᠬᠤᠷᠸ᠎ᠠ
ᠨᠡᠶᠢᠲᠡᠯᠡᠭᠰᠡᠨ ᠴᠠᠭ᠄
2020/12/4
ᠵᠡᠭᠦᠨᠭᠠᠷ ᠪᠤᠶᠠᠨᠪᠠᠲᠤ              ᠲᠡᠭᠷᠢ ᠨᠢ ᠮᠢᠨᠤ ᠲᠤᠯᠤᠭᠠᠢ ᠲᠡᠭᠡᠷ᠎ᠡ ᠲᠠᠴᠢᠭᠢᠨᠠᠵᠤ      ᠬᠤᠷ᠎ᠠ ᠨᠢ ᠭᠥᠮᠥᠨ ᠤ ᠨᠤᠳᠤᠭ ᠲᠤ ᠠᠰᠬᠠᠷᠠᠨ᠎ᠠ      ᠲᠡᠮᠡᠭᠡ ᠨᠢ ᠮᠢᠨᠤ ᠪᠡᠯᠴᠢᠭᠡᠷ ᠲᠤ ᠰᠢᠷᠡᠭᠡᠯᠡᠵᠥ      ᠨᠤᠤᠰᠤ ᠨᠢ ᠭᠥᠮᠥᠨ ᠤ ᠰᠤᠮᠠᠯ ᠳᠤ ᠴᠢᠭᠢᠯᠳᠥᠨ᠎ᠡ      ᠲᠡᠭᠡ ᠨᠢ ᠮᠢᠨᠤ ᠬᠤᠳᠠᠨ ᠳᠤ ᠪᠠᠪᠠᠨᠠᠳᠤᠵᠤ      ᠲᠥᠯ ᠨᠢ ᠪᠤᠰᠤᠳ ᠤᠨ ᠬᠠᠰᠢᠶᠠᠨ ᠳᠤ ᠲᠡᠪᠭᠡᠷᠥᠯᠳᠥᠨ᠎ᠡ      ᠲᠥᠯᠡᠭᠡ ᠨᠢ ᠮᠢᠨᠤ ᠨᠤᠳᠤᠭ ᠲᠤ ᠭᠥᠭᠯᠡᠷᠡᠵᠥ      ᠭᠠᠯ ᠨᠢ ᠠᠶᠢᠯ ᠤᠨ ᠲᠤᠯᠭᠠᠨ ᠳᠤ ᠪᠤᠶᠢᠯᠠᠯᠳᠤᠨ᠎ᠠ            ︵ᠮᠢᠨᠤ ᠨᠢᠳᠤᠨ ᠳᠤ ᠥᠰᠥᠭᠰᠡᠨ ᠥᠭᠢᠨ      ᠭᠥᠮᠥᠨ ᠤ ᠬᠠᠳᠠᠪᠴᠢᠨ ᠳᠤ ᠪᠡᠷᠢ ᠪᠤᠯᠵᠤ ᠭᠠᠩᠭᠠᠷᠠᠨ᠎ᠠ      ᠮᠢᠨᠤ ᠭᠠᠳᠠᠭ᠎ᠠ ᠭᠥᠯᠪᠡᠷᠢᠭᠰᠡᠨ ᠴᠢᠯᠠᠭᠤ      ᠭᠥᠮᠥᠨ ᠤ ᠭᠡᠳᠡᠪᠴᠢᠨ ᠳᠤ ᠮᠥᠩᠭᠦ ᠪᠤᠯᠵᠤ ᠲᠠᠩᠭᠠᠷᠠᠨ᠎ᠠ      ᠮᠢᠨᠤ ᠰᠤᠨᠤᠰᠬᠤᠯᠠᠩ ᠳᠤ ᠥᠳᠥᠯᠡᠭᠰᠡᠨ ᠰᠢᠪᠠᠭᠤ      ᠭᠥᠮᠥᠨ ᠤ ᠪᠠᠶᠠᠰᠬᠤᠯᠠᠩ ᠳᠤ ᠲᠠᠭᠤᠤ ᠪᠠᠨ ᠰᠠᠮᠤᠷᠠᠨ᠎ᠠ      ᠮᠢᠨᠤ ᠰᠢᠯᠥᠭ ᠲᠤ ᠨᠢᠯᠬᠠᠷᠠᠭᠰᠠᠨ ᠨᠤᠳᠤᠭ      ᠭᠥᠮᠥᠨ ᠤ ᠴᠡᠩᠭᠡᠯ ᠳᠤ ᠲᠡᠭᠡᠵᠢ ᠪᠠᠨ ᠶᠡᠭᠦᠯᠡᠨ᠎ᠡ︶            ᠠᠷᠭᠤᠮᠠᠭ ᠢ ᠨᠢ ᠭᠥᠮᠥᠨ ᠵᠠᠶᠢᠳᠠᠯᠠᠵᠤ      ᠠᠳᠤᠭᠤ ᠶᠢ ᠨᠢ ᠪᠢᠳᠠ ᠬᠠᠷᠢᠭᠤᠯᠤᠨ᠎ᠠ      ᠠᠶᠢᠷᠠᠭ ᠢ ᠨᠢ ᠭᠥᠮᠥᠨ ︽ᠭᠥᠵᠡᠭᠡᠯᠡᠵᠥ︾      ᠠᠶᠠᠭ᠎ᠠ ᠶᠢ ᠨᠢ ᠪᠢᠳᠠ ᠲᠤᠯᠢᠶᠠᠨ᠎ᠠ      ︽ᠭᠤᠯᠢᠷ ᠢ ᠨᠢ ᠭᠥᠮᠥᠨ ᠢᠳᠡᠵᠥ      ᠲᠠᠭᠠᠷᠴᠤᠭ ᠢ ᠨᠢ ᠪᠢᠳᠠ ᠡᠭᠦᠷᠥᠨ᠎ᠡ︾      ᠪᠤᠶᠠᠨ ᠢ ᠨᠢ ᠭᠥᠮᠥᠨ ᠡᠳ᠋ᠯᠡᠵᠥ      ᠪᠤᠷᠬᠠᠨ ᠢ ᠨᠢ ᠪᠢᠳᠠ ᠲᠠᠭᠢᠨ᠎ᠠ᠃ᠪᠡᠯᠡᠳᠬᠡᠭᠰᠡᠨ ᠨᠢ᠄ ᠡᠷᠳᠡᠨᠢᠬᠦᠦᠨᠠᠶᠢᠷᠠᠭᠤᠯᠤᠭᠰᠠᠨ ᠨᠢ᠄ ᠨᠠᠮᠤᠷᠬᠢᠨᠠᠭᠰᠠᠨ ᠨᠢ᠄ ᠤᠷᠢᠬᠠᠨ
 
ᠢᠷᠡᠯᠲᠡ᠄ ᠲᠤᠰ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号