ᠵᠡᠭᠦᠳᠥᠨ ᠳᠤ ᠢᠷᠡᠭᠰᠡᠨ ᠬᠤᠩᠭᠤᠷᠬᠠᠨ ᠥᠭᠢᠨ
ᠨᠡᠶᠢᠲᠡᠯᠡᠭᠰᠡᠨ ᠴᠠᠭ᠄
2020/12/4
ᠵᠡᠭᠦᠨᠭᠠᠷ ᠪᠤᠶᠠᠨᠪᠠᠲᠤ         ᠪᠢ ᠵᠡᠭᠦᠳᠥᠯᠡᠵᠥ ᠪᠠᠶᠢᠭ᠎ᠠ ᠠᠵᠢ᠄ᠭᠠᠵᠠᠷ ᠲᠠᠭᠠᠭᠠᠬᠤ ᠦᠭᠡᠢ ᠪᠠᠶᠠᠨ ᠴᠠᠳᠬᠤᠯᠠᠩ ᠪᠠᠶᠢᠬᠤ ᠶᠤᠮᠭᠠᠷᠴᠤ ᠤᠷᠤᠬᠤ ᠳᠠᠭᠠᠨ ᠭᠥᠯ ᠰᠢᠷᠤᠶᠢᠳᠠᠬᠤ ᠦᠭᠡᠢ ᠶᠠᠪᠤᠬᠤ ᠶᠤᠮᠪᠠᠶᠢᠰᠢᠩ ᠭᠡᠷ ᠢᠶᠠᠨ ᠠᠯᠮᠠᠰ ᠡᠷᠳᠡᠨᠢ ᠢᠶᠠᠷ ᠪᠤᠰᠬᠠᠭᠰᠠᠨ ᠪᠠᠶᠢᠬᠤ ᠶᠤᠮᠪᠠᠶᠢᠨ ᠪᠠᠶᠢᠨ ᠠᠯᠳᠠ ᠪᠠᠷ ᠭᠤᠯᠭᠢᠭᠠᠳ ᠭᠡᠪᠳᠡᠵᠥ ᠪᠠᠶᠢᠬᠤ ᠶᠤᠮᠭᠢᠮᠡᠯ ᠴᠡᠴᠡᠭ ᠤᠨ ᠥᠵᠡᠰᠭᠦᠯᠡᠩ ᠮᠡᠳᠤᠭᠡᠳᠥᠢ ᠴᠦ ᠶᠤᠮ ︵ᠪᠤᠤ ᠮᠡᠳᠡ︶ ᠨᠢᠭᠡ ᠯᠡ ᠤᠯᠠᠨ ᠥᠭᠢᠳ ᠤᠳᠭᠥᠭᠦ ᠲᠡᠯᠡᠩ ᠢᠶᠠᠨ ᠪᠤᠮᠪᠠᠯᠵᠠᠭᠤᠯᠤᠨ ᠶᠢᠰᠥᠨᠳᠡ ᠮᠤᠰᠭᠢᠷᠴᠤᠭᠡᠩᠭᠡᠷᠭᠡ ᠴᠠᠩ ᠨᠥᠷᠵᠢᠭᠢᠨᠡᠭᠦᠯᠥᠨ ᠨᠠᠳᠠ ᠤᠷᠤᠭᠤ ᠲᠠᠭᠠᠷᠢᠨᠠᠮᠬᠤᠭᠤᠷᠤᠨᠳᠤ ᠪᠠᠨ ᠲᠡᠮᠡᠴᠡᠯᠳᠤᠨ ᠤᠷᠠᠯᠴᠠᠵᠤᠬᠤᠷᠤᠨ ᠥᠭᠡ ᠪᠠᠷ ᠨᠢᠭᠡ ᠶᠢ ᠪᠠᠨ ︽ᠪᠤᠤᠳᠠᠨ ᠠᠯᠠᠵᠤ︾ᠭᠢᠮᠥᠰᠥ ᠪᠠᠷ ᠨᠢᠭᠡ ᠶᠢ ᠪᠠᠨ ᠴᠢᠴᠢᠨ ᠤᠨᠠᠭᠠᠵᠤᠬᠤᠷᠤᠭᠤ ᠪᠠᠷ ︽ᠨᠥᠭᠦᠭᠡᠳᠡᠭᠢ︾ ᠪᠠᠨ ᠪᠥᠯᠢᠨ ᠥᠳᠥᠭᠡᠵᠥᠨᠠᠳᠠ ᠲᠠᠢ ᠨᠠᠭᠠᠯᠳᠤᠵᠤ ᠨᠠᠭᠠᠯᠢᠩᠬᠠᠶᠢᠳᠠᠬᠤ ᠭᠡᠮᠡᠨᠨᠠᠭᠠᠳᠤᠮ ᠤᠨ ᠮᠤᠷᠢᠳ ᠰᠢᠭ᠋ ᠢᠷᠡᠵᠥ ᠶᠠᠪᠤᠨ᠎ᠠᠤᠷᠢᠨ ᠲᠠᠴᠢᠶᠠᠩᠭᠤᠢ ᠳᠤ ᠲᠡᠪᠴᠢᠶᠡᠷᠢ ᠠᠯᠳᠠᠨᠤᠯᠠᠭᠠᠨ ᠨᠢᠴᠥᠭᠦᠨ ᠥᠭᠢᠳ ᠲᠤ ᠤᠬᠠᠭᠠᠨ ᠠᠯᠳᠠᠵᠤᠤᠯᠠᠩᠭᠠᠰᠤᠭᠰᠠᠨ ᠪᠤᠬ᠎ᠠ ᠰᠢᠭ᠋ ᠪᠢ ᠤᠪᠤᠯᠵᠠᠵᠤ ᠭᠡᠪᠳᠡᠨᠡᠮᠪᠢ ᠵᠡᠭᠦᠳᠥᠯᠡᠵᠥ ᠪᠠᠶᠢᠭ᠎ᠠ ᠠᠵᠢ᠄ ᠁ᠨᠢᠭᠡ ᠥᠭᠢᠨ ᠥᠷᠢᠰᠥᠯᠳᠥᠭᠴᠢ ᠪᠠᠨ ᠪᠥᠷᠢᠨ ᠢᠯᠠᠭᠠᠳᠨᠢᠮᠭᠡᠨ ᠲᠤᠳᠤᠭᠤᠵᠢ ᠪᠠᠨ ᠰᠢᠪᠳᠤ ᠲᠠᠳᠠᠨᠨᠢᠰᠥᠭᠡᠳ ᠤᠷᠤᠵᠤ ᠢᠷᠡᠯ᠎ᠡ᠂ ᠥᠷᠥᠭᠡᠨ ᠳᠤ ᠮᠢᠨᠢᠨᠢᠰᠥᠩᠭᠦ ᠶᠢᠨ ᠰᠢᠭᠡᠷ ᠰᠢᠭ ᠨᠠᠭᠠᠯᠳᠤᠭᠠᠳ ᠥᠭᠭᠦᠯ᠎ᠡᠴᠢᠪᠠᠭ᠎ᠠ ᠰᠢᠭ᠋ ᠤᠷᠤᠭᠤᠯ ᠢᠶᠠᠷ ᠢᠶᠠᠨ ᠨᠠᠮᠠᠢᠢᠵᠢᠮᠢᠰᠥᠨ ᠤ ᠰᠢᠭᠦᠰᠥ ᠰᠢᠭ ᠰᠢᠮᠡᠵᠥᠨᠢᠭᠡ ᠭᠠᠷ ᠢᠶᠠᠨ ᠮᠥᠩᠭᠦ ᠲᠠᠢ ᠬᠠᠷᠮᠠᠨ ᠤᠷᠤᠭᠤᠨᠥᠭᠦᠭᠡ ᠭᠠᠷ ᠢᠶᠠᠨ ︽ᠭᠠᠯ︾ ᠲᠠᠢ ᠰᠠᠯᠳᠠᠭ᠎ᠠ ᠤᠷᠤᠭᠤ ᠰᠢᠷᠭᠤᠭᠤᠯᠵᠤ ᠤᠷᠭᠢᠯ᠎ᠠᠨᠢᠭᠡᠮᠥᠰᠥᠨ ᠪᠢ ᠤᠬᠠᠭᠠᠨ ᠠᠯᠳᠠᠵᠤ ᠤᠷᠭᠢᠪᠠ ᠁ᠪᠢ ᠵᠡᠭᠦᠳᠥᠯᠡᠵᠥ ᠪᠠᠶᠢᠭ᠎ᠠ ᠠᠵᠢ᠄ᠡᠷᠳᠡᠨᠢ ᠶᠢᠨ ᠪᠠᠶᠢᠰᠢᠩ ᠡᠷᠢᠶᠡᠨ ᠥᠭᠢᠳ ᠶᠠᠭᠤ ᠴᠦ ᠠᠯᠠᠭ᠎ᠠᠡᠭᠡ ᠠᠴᠠ ᠲᠥᠷᠥᠮ᠎ᠡ ᠱᠠᠯᠳᠠᠩ ᠪᠡᠶ᠎ᠡ ᠠᠴᠠ ᠥᠭᠡᠷ᠎ᠡ ᠥᠯᠡᠳᠡᠭᠰᠡᠨ ᠶᠠᠭᠤᠮ᠎ᠠ ᠠᠯᠠᠭ᠎ᠠᠡᠭᠡᠷ ᠲᠠᠳᠠᠵᠤ ᠡᠴᠢᠭᠡ ᠲᠡᠭᠷᠢ ᠪᠠᠨ ᠲᠠᠭᠤᠳᠠᠬᠤ ᠠᠴᠠ ᠥᠭᠡᠷ᠎ᠡ ᠬᠠᠷᠢᠭᠤ ᠠᠯᠠᠭ᠎ᠠᠡᠯᠡᠰᠥᠨ ᠲᠡᠭᠡᠷ᠎ᠡ ᠲᠥᠷᠥᠭᠦᠯᠭᠡ ᠪᠠᠨ ᠬᠠᠷᠠᠨ ᠢᠨᠴᠠᠭᠯᠠᠨ ᠭᠡᠪᠳᠡᠵᠥ ᠪᠠᠶᠢᠨ᠎ᠠᠡ︕ ᠮᠥᠩᠭᠦᠨ ᠤ ᠱᠤᠯᠤᠮ ᠤᠳᠡ︕ ᠥᠩᠭᠡᠨ ᠤ ᠰᠢᠨᠤᠭ ᠤᠳᠤᠮ ᠮᠠᠨᠢ ᠪᠠᠳ ᠮᠢ ᠬᠤᠮᠪᠢ ᠵᠡᠭᠦᠳᠥᠯᠡᠭᠰᠡᠨ ᠠᠵᠢ︕ᠪᠡᠯᠡᠳᠬᠡᠭᠰᠡᠨ ᠨᠢ᠄ ᠡᠷᠳᠡᠨᠢᠬᠦᠦᠨᠠᠶᠢᠷᠠᠭᠤᠯᠤᠭᠰᠠᠨ ᠨᠢ᠄ ᠨᠠᠮᠤᠷᠬᠢᠨᠠᠭᠰᠠᠨ ᠨᠢ᠄ ᠤᠷᠢᠬᠠᠨ
 
ᠢᠷᠡᠯᠲᠡ᠄ ᠲᠤᠰ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号