ᠢᠷᠠᠭᠤ ᠨᠠᠶᠢᠷᠠᠭᠴᠢ ᠶᠢ ᠤᠶᠢᠯᠠᠭᠠᠮᠤ
ᠨᠡᠶᠢᠲᠡᠯᠡᠭᠰᠡᠨ ᠴᠠᠭ᠄
2020/12/4
ᠵᠡᠭᠦᠨᠭᠠᠷ ᠪᠤᠶᠠᠨᠪᠠᠲᠤ             ᠡᠵᠡᠨ ᠬᠠᠭᠠᠨ ᠢ ᠲᠤᠷᠤᠮᠵᠢᠯᠠᠵᠤ ᠪᠤᠯᠤᠨ᠎ᠠ      ᠢᠷᠠᠭᠤ ᠨᠠᠶᠢᠷᠠᠭᠴᠢ ᠶᠢ ᠲᠤᠷᠤᠮᠵᠢᠯᠠᠵᠤ ᠪᠤᠯᠬᠤ ᠥᠭᠡᠢ      ︵ᠲᠤᠷᠤᠨᠠᠳᠠᠭᠢᠨ ᠤ ᠮᠡᠷᠭᠡᠨ ᠥᠭᠡ︶       ᠢᠷᠠᠭᠤ ᠨᠠᠶᠢᠷᠠᠭᠴᠢ ᠶᠢ ᠤᠶᠢᠯᠠᠭᠠᠵᠤ ᠴᠢᠳᠠᠪᠠᠰᠤ      ᠶᠢᠷᠳᠢᠨᠴᠤ ᠶᠢᠨ ᠤᠭ ᠴᠢᠨᠠᠷ ᠲᠤᠷ ᠨᠡᠪᠳᠡᠷᠡᠵᠥ ᠴᠢᠳᠠᠮᠤᠢ      ︵ᠵᠤᠭᠢᠶᠠᠭᠴᠢ ᠶᠢᠨ ᠴᠡᠴᠡᠷᠭᠡᠯ︶      ᠴᠥᠳᠡᠨᠵᠡ ᠵᠢᠷᠤᠬᠤ ᠳᠤ ᠬᠠᠷᠠᠩᠭᠤᠢ ᠤᠷᠠᠭᠳᠠᠬᠤ ᠮᠡᠳᠤ      ᠤᠩᠭᠤᠳ ᠤᠨ ᠰᠤᠪᠢᠩ ᠴᠠᠮᠨᠠᠬᠤ ᠳᠤ      ᠴᠥ᠋ ᠬᠠᠶᠠᠬᠤ ᠮᠡᠳᠤ ᠰᠢᠯᠥᠭ ᠤᠨ ᠱᠠᠳ      ᠲᠡᠭᠷᠢ ᠶᠢᠨ ᠬᠠᠷᠢᠶᠠᠳᠤ ᠮᠡᠳᠤ      ᠨᠠᠪᠴᠢ ᠪᠠᠨ ᠭᠥᠪᠢᠭᠰᠡᠨ ᠮᠤᠳᠤ ᠶᠢ      ᠬᠤᠪᠴᠠᠰᠤ ᠪᠠᠨ ᠲᠠᠶᠢᠴᠢᠭᠰᠠᠨ ᠪᠥᠰᠡᠭᠦᠢ ᠮᠡᠳᠤ      ᠲᠠᠴᠢᠶᠠᠵᠤ ᠬᠠᠷᠠᠬᠤ ᠳᠤ      ᠨᠠᠷᠠᠨ ᠤ ᠰᠢᠵᠢᠷ ᠨᠢᠯᠪᠤᠰᠤ ᠪᠠᠷ ᠭᠡᠮᠡᠯᠢᠭᠦᠯᠥᠨ      ᠵᠠᠭᠤᠨ ᠲᠠᠮᠵᠢᠨ ᠥᠯᠡᠳᠡᠭᠦ      ᠭᠥᠮᠥᠨ ᠴᠢᠯᠠᠭᠤ ᠮᠡᠳᠤ      ᠢᠷᠠᠭᠤ ᠠᠨᠢᠷᠠᠭᠴᠢ ᠶᠢ ᠤᠶᠢᠯᠠᠭᠠᠮᠤ︕      ᠲᠡᠭᠡᠪᠥᠷ ᠵᠢᠩᠳᠡᠭᠡᠭᠦ ᠴᠠᠭᠠᠨ ᠭᠢᠷᠠᠭᠤ      ᠠᠯᠠᠭᠠᠨ ᠲᠡᠭᠡᠷ᠎ᠡ ᠢᠷᠡᠵᠥ ᠰᠢᠩᠭᠡᠭᠦ ᠳᠤ      ᠲᠠᠭᠤᠤ ᠶᠢᠨ ᠡᠭᠢᠨ ᠤ ᠪᠠᠳᠠᠭ ᠮᠡᠳᠤ      ᠲᠡᠷᠡᠨ ᠲᠡᠭᠡᠷ᠎ᠡ ᠤᠷᠭᠢᠭᠰᠠᠨ ᠵᠡᠭᠦᠳᠥ ᠪᠠᠨ ᠴᠥᠯᠮᠥᠵᠥ      ᠡᠭᠡᠰᠢᠭ ᠤᠨ ᠰᠤᠯᠤᠩᠭ᠎ᠠ ᠰᠥᠯᠵᠢᠭᠦ ᠳᠤ      ᠲᠤᠷᠠᠯᠠᠯ ᠤᠨ ᠠᠩᠬᠠᠨ ᠤ ᠵᠠᠭᠢᠶ᠎ᠠ ᠮᠡᠳᠤ      ᠲᠡᠨᠵᠢ ᠶᠢᠨ ᠡᠪᠡᠰᠤ ᠲᠠᠭᠠᠭᠢᠷᠠᠳᠠᠯ᠎ᠠ ᠲᠡᠰᠢᠵᠥ      ᠢᠩᠭᠡ ᠪᠤᠶᠢᠯᠠᠬᠤ ᠴᠢᠮᠡᠭᠡᠨ ᠳᠤ      ᠲᠡᠯᠡᠭᠡᠢ ᠶᠢᠨ ᠮᠠᠨᠠᠨ ᠰᠡᠭᠰᠥᠷᠡᠳᠡᠯ᠎ᠡ ᠢᠨᠴᠠᠭᠠᠵᠤ      ᠠᠳᠤᠭᠤ ᠬᠤᠶᠢᠯᠠᠷᠠᠬᠤ ᠴᠢᠯᠥᠭᠡᠨ ᠳᠤ      ᠲᠤᠮᠤᠭ ᠤᠨ ᠭᠠᠯᠵᠠᠭᠤ ᠪᠠᠭᠠᠳᠤᠷ ᠮᠡᠳᠤ      ᠢᠷᠠᠭᠤ ᠠᠨᠢᠷᠠᠭᠴᠢ ᠶᠢ ᠤᠶᠢᠯᠠᠭᠠᠮᠤ︕      ᠪᠤᠤᠬᠠᠢ ᠮᠡᠳᠤ ᠴᠠᠭ ᠢ ᠪᠤᠯᠵᠤᠮᠤᠷ ᠮᠡᠳᠤ ᠵᠢᠷᠭᠢᠭᠦᠯᠵᠥ      ᠥᠨᠥᠳᠥᠷ ᠲᠡᠯᠡᠭᠡᠢ ᠳᠤ᠂ ᠮᠠᠷᠭᠠᠰᠢ ᠳ᠋ᠧᠪᠠᠵᠢᠨ ᠳᠤ      ᠷᠤᠮᠠᠨᠲ᠋ᠢᠭᠯᠠᠵᠤ ᠮᠡᠳᠡᠭᠦ      ᠪᠤᠯᠤᠷ ᠬᠤᠨᠳᠠᠭᠠᠨ ᠳᠤ ᠵᠡᠭᠦᠷᠮᠡᠭᠯᠡᠭᠰᠡᠨ ᠰᠠᠷᠬᠤᠳ ᠮᠡᠳᠤ      ᠰᠠᠷᠠᠨ ᠤ ᠢᠨᠢᠶᠡᠮᠰᠥᠭᠯᠡᠯ ᠲᠡᠭᠡᠷ᠎ᠡ      ᠨᠠᠷ᠎ᠠ ᠪᠠᠨ ᠰᠢᠭᠢᠳᠭᠡᠵᠥ ᠨᠢᠯᠬᠠᠷᠠᠬᠤ      ᠪᠤᠷᠬᠠᠨ ᠠᠴᠠ ᠥᠭᠡ ᠰᠤᠨᠤᠰᠴᠤ      ᠲᠠᠯ᠎ᠠ ᠮᠡᠳᠤ ᠲᠠᠶᠢᠳᠬᠤᠷᠠᠬᠤ      ᠴᠡᠩᠭᠡᠷ ᠲᠠᠩᠭᠢᠰ ᠤᠨ ᠤᠮᠤᠭᠯᠠᠩ ᠵᠢᠷᠠᠭᠠᠬᠠᠢ ᠮᠡᠳᠤ      ᠡᠷᠭᠡ ᠴᠢᠯᠥᠭᠡᠨ ᠳᠤ ᠲᠤᠷᠠᠯᠠᠵᠤ      ᠥᠭᠦᠯ ᠮᠡᠳᠤ ᠰᠢᠨᠠᠯᠬᠤ      ᠢᠷᠠᠭᠤ ᠠᠨᠢᠷᠠᠭᠴᠢ ᠶᠢ ᠤᠶᠢᠯᠠᠭᠠᠮᠤ︕ᠪᠡᠯᠡᠳᠬᠡᠭᠰᠡᠨ ᠨᠢ᠄ ᠡᠷᠳᠡᠨᠢᠬᠦᠦᠨᠠᠶᠢᠷᠠᠭᠤᠯᠤᠭᠰᠠᠨ ᠨᠢ᠄ ᠨᠠᠮᠤᠷᠬᠢᠨᠠᠭᠰᠠᠨ ᠨᠢ᠄ ᠤᠷᠢᠬᠠᠨ
 
ᠢᠷᠡᠯᠲᠡ᠄ ᠲᠤᠰ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号