ᠬᠠᠭᠤᠷᠠᠢ ᠬᠤᠳᠳᠤᠭ ᠤᠨ ᠭᠥᠨ ᠳᠤ ᠁
ᠨᠡᠶᠢᠲᠡᠯᠡᠭᠰᠡᠨ ᠴᠠᠭ᠄
2020/12/4
ᠵᠡᠭᠦᠨᠭᠠᠷ ᠪᠤᠶᠠᠨᠪᠠᠲᠤ                             │ ᠠᠭᠤᠯᠠ ᠶᠢᠨ ᠪᠡᠯ ᠳᠤ ᠶᠠᠪᠤᠭ᠎ᠠ ᠪᠠᠨ ᠤᠷᠭᠢᠯ ᠳᠤ ᠶᠠᠪᠤᠨ᠎ᠠ                           ᠭᠡᠮᠡᠨ ᠠᠳᠡᠭᠦᠷᠡᠵᠥ ᠪᠠᠶᠢᠭ᠎ᠠ ᠭᠥᠮᠥᠰ ᠲᠤ ᠪᠡᠯᠡᠭᠯᠡᠪᠡᠬᠠᠭᠤᠷᠠᠢ ᠬᠤᠳᠳᠤᠭ ᠤᠨ ᠲᠤᠳᠤᠷ᠎ᠠ ᠵᠤᠭᠰᠤᠵᠤ ᠪᠠᠶᠢᠨ᠎ᠠ ᠁ᠬᠤᠳᠳᠤᠭ ᠤᠨ ᠠᠮᠠ   ᠪᠠᠷ ᠬᠠᠷᠠᠭᠳᠠᠭᠰᠠᠨ ᠲᠡᠭᠷᠢ ᠪᠠᠨᠴᠡᠯᠮᠡᠭᠦ ᠴᠦ ᠪᠢᠰᠢ᠂ ᠡᠭᠦᠯᠡᠰᠢᠭᠦ ᠴᠦ ᠪᠢᠰᠢ ᠪᠤᠯᠳᠠᠯ᠎ᠠ ᠨᠢ ᠮᠠᠭᠳᠠᠨ ᠲᠠᠭᠤᠯᠠᠵᠤᠵᠡᠭᠡᠷ᠎ᠡ ᠮᠡᠳᠤ ᠴᠠᠭ ᠬᠤᠭᠤᠴᠠᠭ᠎ᠠ ᠶᠢ ᠪᠥᠭᠡᠮ ᠪᠥᠭᠡᠮ ᠢᠶᠠᠷ ᠨᠢ ᠤᠰᠠᠳᠬᠠᠭᠰᠠᠨ ᠪᠠᠶᠢᠬᠤ ᠶᠤᠮᠨᠢᠭᠡ ᠶᠡᠭᠡ ᠶᠢ ᠮᠡᠳᠡᠳᠡᠭ ᠶᠤᠮ ᠰᠢᠭ ᠪᠠᠰᠠ ᠮᠡᠳᠡᠭᠦ ᠥᠭᠡᠢ ᠶᠤᠮ ᠰᠢᠭᠡᠩᠭᠡᠷ ᠢᠶᠠᠨ ᠪᠠᠯᠪᠠᠨ᠂ ᠡᠯᠢᠭᠡ ᠪᠠᠨ ᠵᠠᠳᠠᠯᠤᠨ ᠭᠥᠭᠦᠷᠡᠭᠦ ᠳᠤᠬᠠᠭᠰᠠᠷᠠᠭᠰᠠᠨ ᠤᠩᠭᠤᠴᠠᠨ ᠲᠡᠭᠡᠷ᠎ᠡ ᠬᠤᠷᠠᠭᠰᠠᠨ ᠪᠢᠯᠵᠤᠤᠬᠠᠢ ᠨᠤᠭᠤᠳ ᠴᠦᠢᠴᠢᠵᠥ ᠵᠤᠪᠠᠭ᠋ᠤ ᠳᠠᠭᠠᠨ ᠲᠡᠭᠢᠵᠤ ᠡᠷᠭᠢᠵᠥ ᠢᠷᠡᠭᠰᠡᠨ ᠥᠭᠡᠢᠬᠤᠳᠳᠤᠭ ᠲᠤᠳᠤᠷ᠎ᠠ ᠭᠡᠵᠢᠶ᠎ᠡ ᠤᠨᠠᠭᠰᠠᠨ ᠢᠶᠠᠨ ᠮᠡᠳᠡᠭᠦ ᠥᠭᠡᠢ ᠪᠠᠶᠢᠨ᠎ᠠᠬᠤᠷᠮᠤᠰᠳᠠ ᠶᠢᠨ ᠤᠮᠠᠳᠠᠭ ᠰᠢᠷᠳᠡᠵᠥ᠂ ᠰᠢᠯᠢ ᠪᠠᠨ ᠱᠥᠷᠭᠦᠭᠡᠵᠥ ᠶᠠᠪᠤᠭᠰᠠᠭᠠᠷᠬᠤᠷᠤᠳ ᠤᠨ ᠴᠢᠨᠡᠭᠡᠨ ᠴᠢᠯᠠᠭᠤᠨ ᠳᠤ ᠪᠥᠳᠥᠷᠢᠵᠥᠬᠠᠭᠤᠷᠠᠢ ᠬᠤᠳᠳᠤᠭ ᠤᠷᠤᠭᠤ ᠲᠤᠩᠭᠤᠴᠢᠵᠤ ᠤᠨᠠᠭᠰᠠᠨ ᠢᠶᠠᠨ ᠪᠥᠥᠷ ᠲᠥᠥᠷᠭᠡᠨ ᠰᠠᠨᠠᠨ᠎ᠠᠥᠪᠡᠷ ᠢᠶᠠᠨ ᠬᠠᠮᠢᠭ᠎ᠠ ᠵᠤᠭᠰᠤᠵᠤ ᠪᠠᠶᠢᠭ᠎ᠠ ᠪᠠᠨ ᠮᠡᠳᠡᠭᠦ ᠰᠠᠨ                    ᠥᠯᠥ ᠥᠵᠡᠭᠳᠡᠭᠴᠢ ᠬᠠᠭᠠᠯᠭ᠎ᠠᠥᠯᠥ ᠥᠵᠡᠭᠳᠡᠭᠴᠢ ᠬᠠᠭᠠᠯᠭ᠎ᠠ᠃ᠲᠡᠶᠢᠮᠥ ᠡ᠂ ᠥᠯᠥ ᠥᠵᠡᠭᠳᠡᠭᠴᠢ ᠬᠠᠴᠢᠨ ᠪᠥᠭᠦᠨ᠃ᠬᠠᠭᠤᠴᠢᠨᠰᠠᠭ ᠭᠢᠮᠡᠯ ᠢᠨᠢᠶᠡᠮᠰᠥᠭᠯᠡᠵᠥᠠᠳᠡ ᠢᠷᠡᠭᠦ ᠶᠤᠰᠤ ᠥᠭᠡᠢ ᠪᠠᠶᠢᠭᠰᠠᠨ᠃ᠥᠯᠥ ᠥᠵᠡᠭᠳᠡᠭᠴᠢ ᠬᠠᠭᠠᠯᠭ᠎ᠠ ᠪᠠᠷᠥᠷᠭᠦᠮᠡᠳᠡᠭᠡᠢ ᠬᠠᠪᠢ ᠵᠠᠶᠠᠭ᠎ᠠ ᠤᠷᠤᠵᠤ ᠭᠠᠷᠬᠤᠥᠭᠦᠯ ᠠᠮᠢᠳᠤᠷᠠᠯ ᠬᠤᠶᠠᠷ ᠵᠥᠷᠢᠵᠥ ᠮᠡᠨᠳᠥᠯᠡᠭᠦᠭᠤᠷᠪᠠᠨ ᠥᠯᠥ ᠮᠡᠳᠡᠭᠳᠡᠭᠴᠢ ᠲᠠᠢ ᠭᠤᠴᠢᠳᠤᠭᠠᠷ ᠵᠡᠷᠭᠡ ᠶᠢᠨ ᠲᠡᠭᠰᠢᠳᠭᠡᠯ ᠮᠡᠳᠤ ᠱᠠᠯ ᠤᠳᠬ᠎ᠠ ᠦᠭᠡᠢ ᠰᠠᠨᠠᠭᠳᠠᠨ᠎ᠠᠥᠯᠥ ᠥᠵᠡᠭᠳᠡᠭᠴᠢ ᠬᠠᠭᠠᠯᠭᠠᠨ ᠤ ᠴᠠᠭᠠᠨ᠎ᠠ ᠡᠰᠡᠪᠡᠯ ᠨᠠᠭᠠᠨ᠎ᠠᠲᠠᠮᠤ ᠴᠦ ᠪᠠᠶᠢᠬᠤ ᠰᠢᠭ᠋᠂ ᠳ᠋ᠧᠪᠠᠵᠢᠨ ᠴᠦ ᠪᠠᠶᠢᠬᠤ ᠰᠢᠭ᠋᠃ᠲᠠᠭᠠᠮᠠᠭ ᠴᠦ ᠪᠠᠶᠢᠬᠤ ᠰᠢᠭ᠋᠂ ᠲᠠᠰᠢᠶᠠᠷᠠᠯ ᠴᠦ ᠪᠠᠶᠢᠬᠤ ᠰᠢᠭ᠋᠃ᠡᠭᠦᠰᠥᠯ ᠴᠦ ᠪᠠᠶᠢᠬᠤ ᠰᠢᠭ᠋ ᠲᠡᠭᠦᠰᠭᠡᠯ ᠴᠦ ᠪᠠᠶᠢᠬᠤ ᠰᠢᠭ᠋᠃ᠦᠭᠡᠢ ᠨᠢ ᠴᠦ ᠪᠠᠶᠢᠬᠤ ᠰᠢᠭ᠋᠂ ᠪᠠᠶᠢᠬᠤ ᠨᠢ ᠴᠦ ᠪᠠᠶᠢᠬᠤ ᠰᠢᠭ᠋᠃ᠥᠯᠥ ᠥᠵᠡᠭᠳᠡᠭᠴᠢ ᠬᠠᠭᠠᠯᠭ᠎ᠠ ᠶᠢᠥᠵᠡᠭᠳᠡᠭᠦ ᠦᠭᠡᠢ ᠪᠤᠯᠳᠠᠯ᠎ᠠ ᠨᠢ ᠲᠤᠭᠰᠢᠪᠠ᠃ᠨᠢᠭᠡᠨ ᠭᠥᠯ ᠤᠨ ᠴᠢᠮᠡᠭᠡ ᠤᠶᠢᠷᠠᠳᠤᠵᠤ ᠢᠷᠡᠭᠰᠡᠨ ᠢᠶᠠᠨ ᠪᠤᠴᠠᠪᠠ᠃᠁ ᠨᠢᠭᠡᠮᠥᠰᠥᠨ ᠪᠠᠳᠠᠩ ᠬᠠᠷᠠᠩᠭᠤᠢ᠃᠁ ᠨᠡᠭᠡᠷᠡᠨ ᠬᠤᠯᠠᠭᠠᠶᠢᠯᠠᠭᠳᠠᠭᠰᠠᠨᠬᠠᠭᠤᠷᠮᠠᠭ ᠥᠵᠡᠭᠳᠡᠯ ᠮᠡᠳᠤ ᠡᠷᠭᠡ ᠴᠢᠯᠥᠭᠡ᠃ᠪᠡᠯᠡᠳᠬᠡᠭᠰᠡᠨ ᠨᠢ᠄ ᠡᠷᠳᠡᠨᠢᠬᠦᠦᠨᠠᠶᠢᠷᠠᠭᠤᠯᠤᠭᠰᠠᠨ ᠨᠢ᠄ ᠨᠠᠮᠤᠷᠬᠢᠨᠠᠭᠰᠠᠨ ᠨᠢ᠄ ᠤᠷᠢᠬᠠᠨ
 
ᠢᠷᠡᠯᠲᠡ᠄ ᠲᠤᠰ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号