ᠨᠠᠶᠢᠷᠠᠭᠴᠢ ᠪᠤᠶᠠᠨᠪᠠᠲᠤ ᠶᠢᠨ ᠰᠢᠯᠦᠭ ᠬᠢᠭᠡᠳ ︽ᠪᠢ︾ ᠶᠢᠨ ᠤᠬᠠᠮᠰᠠᠷ
ᠨᠡᠶᠢᠲᠡᠯᠡᠭᠰᠡᠨ ᠴᠠᠭ᠄
2018/12/7
   ᠳ᠋᠊ · ᠪᠠᠲᠤ ᠶᠢᠨ ᠲᠠᠨᠢᠯᠴᠠᠭᠤᠯᠭ᠎ᠠ     ᠳ᠋᠊ · ᠪᠠᠲᠤ 1960 ᠣᠨ ᠤ 2 ᠰᠠᠷ᠎ᠠ ᠶᠢᠨ 15 ᠤ ᠡᠳᠦᠷ᠂ ᠥᠪᠥᠷ ᠮᠣᠩᠭᠤᠯ ᠤᠨ ᠠᠯᠠᠱᠨ ᠪᠠᠷᠠᠭᠤᠨ ᠬᠤᠰᠢᠭᠤᠨ ᠤ ᠨᠦᠦᠷᠭᠡᠢ ᠰᠤᠮᠤ ᠶᠢᠨ ᠠᠯᠳᠠᠨᠲᠠᠯ᠎ᠠ ᠭᠠᠴᠠᠭ᠎ᠠ ᠶᠢᠨ ᠮᠠᠯᠴᠢᠨ ᠠᠷᠠᠳ ᠳ᠋ᠠᠷᠵᠠ ᠶᠢᠨ ᠣᠳᠬᠤᠨ ᠬᠥᠪᠡᠭᠦᠨ ᠪᠣᠯᠵᠤ ᠲᠥᠷᠥᠵᠡᠢ᠃ ᠲᠡᠷᠡ ᠪᠠᠷ 1983 ᠣᠨ ᠳᠤ ᠪᠠᠷᠠᠭᠤᠨ ᠬᠤᠶᠢᠲᠤ ᠶᠢᠨ ᠦᠨᠳᠦᠰᠦᠲᠡᠨ ᠤ ᠳᠡᠭᠡᠳᠦ ᠰᠤᠷᠭᠠᠭᠤᠯᠢ ᠶᠢᠨ ᠴᠥᠭᠡᠨ ᠲᠣᠭᠠᠲᠤ ᠦᠨᠳᠦᠰᠦᠲᠡᠨ ᠤ ᠬᠡᠯᠡ ᠤᠳᠬ᠎ᠠ ᠵᠣᠬᠢᠶᠠᠯ ᠤᠨ ᠰᠠᠯᠪᠤᠷᠢ ᠠᠴᠠ ᠲᠡᠭᠦᠰᠴᠦ᠂ ᠮᠥᠨ ᠰᠤᠷᠭᠠᠭᠤᠯᠢ ᠳᠠᠭᠠᠨ ᠪᠠᠭᠰᠢᠯᠠᠪᠠ᠃ 1985 ᠣᠨ ᠠᠴᠠ 1987 ᠣᠨ ᠤ ᠬᠤᠭᠤᠷᠣᠨᠳᠤ ᠥᠪᠥᠷ ᠮᠣᠩᠭᠤᠯ ᠤᠨ ᠪᠠᠭᠰᠢ ᠶᠢᠨ ᠶᠡᠭᠡ ᠰᠤᠷᠭᠠᠭᠤᠯᠢ ᠳᠤ ᠮᠡᠷᠭᠡᠵᠢᠯ ᠳᠡᠭᠡᠭᠰᠢᠯᠡᠭᠦᠯᠵᠦ᠂ 1998 ᠣᠨ ᠠᠴᠠ 1999 ᠣᠨ ᠬᠦᠷᠲᠡᠯᠡᠬᠢ ᠨᠢᠭᠡ ᠵᠢᠯ᠂ ᠮᠣᠩᠭᠤᠯ ᠤᠯᠤᠰ ᠤᠨ ᠤᠯᠤᠰ ᠤᠨ ᠶᠡᠭᠡ ᠰᠤᠷᠭᠠᠭᠤᠯᠢ ᠳᠤ ᠰᠤᠷᠪᠤᠯᠵᠢᠯᠠᠭᠴᠢ ᠡᠷᠳᠡᠮᠲᠡᠨ ᠢᠶᠠᠷ ᠰᠤᠷᠤᠯᠴᠠᠵᠤ᠂ 2001ᠣᠨ ᠳᠤ ᠮᠣᠩᠭᠤᠯ ᠤᠯᠤᠰ ᠤᠨ ᠰᠢᠨᠵᠢᠯᠡᠬᠦ ᠤᠬᠠᠭᠠᠨ  ᠤ ᠠᠺᠠᠳᠧᠮᠢ ᠬᠢᠭᠡᠳ ᠠᠺᠠᠳᠧᠮᠢ ᠶᠢᠨ ᠳᠡᠷᠭᠡᠳᠡᠬᠢ ᠤᠯᠠᠭᠠᠨᠪᠠᠭᠠᠲᠤᠷ  ᠤᠨ ᠶᠡᠭᠡ ᠰᠤᠷᠭᠠᠭᠤᠯᠢ ᠳᠤ ︽ᠠᠯᠠᠱᠨ ᠬᠠᠯᠬᠠᠴᠤᠳ ᠤᠨ ᠤᠷᠲᠤ ᠶᠢᠨ ᠳᠠᠭᠤᠤ ᠶᠢᠨ ᠲᠡᠦᠬᠡᠨ ᠬᠤᠪᠢᠰᠤᠯ︾ ᠭᠡᠳᠡᠭ ᠰᠡᠳᠦᠪ ᠢᠶᠠᠷ ᠬᠡᠯᠡ ᠪᠢᠴᠢᠭ ᠤᠨ ᠤᠬᠠᠭᠠᠨ ᠤ ᠳ᠋ᠣᠺᠲ᠋ᠣᠷ ᠵᠡᠷᠭᠡ ᠬᠠᠮᠠᠭᠠᠯᠠᠪᠠ᠃ 2002 ᠣᠨ ᠳᠤ ᠳᠡᠳ᠋ ᠫᠷᠣᠹᠧᠰᠰᠣᠷ ᠪᠣᠯᠵᠤ᠂ 2008 ᠣᠨ ᠳᠤ ᠫᠷᠣᠹᠧᠰᠰᠣᠷ ᠪᠣᠯᠪᠠ᠃ ᠳ᠋᠊ · ᠪᠠᠲᠤ 1991 ᠣᠨ ᠠᠴᠠ ᠡᠬᠢᠯᠡᠨ ᠰᠢᠯᠦᠭ᠂ ᠨᠠᠶᠢᠷᠠᠭᠤᠯᠤᠯ᠂ ᠥᠭᠦᠯᠡᠯᠭᠡ᠂ ᠤᠷᠠᠨ ᠵᠣᠬᠢᠶᠠᠯ ᠤᠨ ᠰᠢᠭᠦᠮᠵᠢ ᠪᠣᠯᠣᠨ ᠡᠷᠳᠡᠮ ᠰᠢᠨᠵᠢᠯᠡᠭᠡᠨ ᠤ ᠥᠭᠦᠯᠡᠯ ᠪᠢᠴᠢᠵᠦ᠂ ︽ᠴᠠᠬᠢᠭᠤᠷᠲᠤ ᠮᠡᠷᠭᠡᠨ ᠪᠣᠭᠳᠠ ᠬᠠᠭᠠᠨ︾ ︵ᠤᠯᠠᠭᠠᠨᠪᠠᠭᠠᠲᠤᠷ᠂ 1999 ᠣᠨ︶᠂ ︽ᠤᠯᠠᠭᠠᠨ ᠱᠠᠩᠳᠠ︾ ︵ᠥᠭᠦᠯᠡᠯᠭᠡ ᠨᠠᠶᠢᠷᠠᠭᠤᠯᠤᠯ ᠤᠨ ᠲᠡᠭᠦᠪᠦᠷᠢ᠂ ᠤᠯᠠᠭᠠᠨᠪᠠᠭᠠᠲᠤᠷ᠂ 2001ᠣᠨ︶᠂ ︽ᠠᠯᠠᠱᠨ ᠳᠠᠬᠢ ᠬᠠᠯᠬᠠᠴᠤᠳ ᠤᠨ ᠤᠷᠲᠤ ᠶᠢᠨ ᠳᠠᠭᠤᠤ ᠶᠢᠨ ᠤᠯᠠᠮᠵᠢᠯᠠᠯ︾ ︵ᠬᠥᠬᠡᠬᠤᠲᠠ᠂ 2004 ᠣᠨ︶᠂ ︽ᠮᠣᠩᠭᠤᠯ ᠠᠷᠠᠳ ᠤᠨ ᠳᠠᠭᠤᠤ ᠶᠢᠨ ᠲᠡᠦᠬᠡᠨ ᠡᠬᠢ ᠰᠤᠷᠪᠤᠯᠵᠢ ᠪᠠ ᠲᠧᠺᠰᠲ ᠰᠤᠳᠤᠯᠤᠯ︾ ︵ᠪᠡᠭᠡᠵᠢᠩ᠂ 2006 ᠣᠨ︶᠂ ︽ᠰᠠᠷᠲᠠᠭᠤᠯ ᠤᠨ ᠬᠤᠷᠯᠣ ᠴᠣᠷᠵᠢ ᠯᠠᠮᠠᠲᠠᠨ — ᠯᠤᠪᠰᠠᠩᠳᠠᠮᠪᠢᠳᠤᠮᠢ︾ ︵ᠪᠤᠰᠤᠳ ᠲᠠᠢ ᠬᠠᠮᠲᠤ᠂ ᠤᠯᠠᠭᠠᠨᠪᠠᠭᠠᠲᠤᠷ᠂ 2007 ᠣᠨ︶᠂ ︽ᠦᠯᠢᠭᠡᠷᠴᠢ ᠬᠢᠭᠡᠳ ᠦᠯᠢᠭᠡᠷ ᠤᠯᠠᠮᠵᠢᠯᠠᠬᠤ ᠵᠠᠩ ᠦᠢᠯᠡ︾ ︵2009 ᠣᠨ︶᠂ ︽ᠠᠭᠸᠠᠩᠴᠣᠶᠢᠳᠡᠷ ᠤᠨ ᠶᠠᠷᠢᠭᠰᠠᠨ ᠮᠣᠩᠭᠤᠯ ᠲᠥᠪᠡᠳ ᠪᠤᠷᠬᠠᠨ ᠱᠠᠰᠢᠨ ᠤ ᠠᠮᠠᠨ ᠲᠡᠦᠬᠡ︾ ︵2011︶ ᠵᠡᠷᠭᠡ ᠨᠣᠮ ᠬᠡᠪᠯᠡᠭᠦᠯᠦᠭᠰᠡᠨ ᠪᠥᠭᠡᠳ ᠮᠣᠩᠭᠤᠯ ᠠᠷᠠᠳ ᠤᠨ ᠳᠠᠭᠤᠤ᠂ ᠠᠷᠠᠳ ᠤᠨ ᠰᠢ ᠵᠦᠴᠦᠭᠡ ᠲᠣᠭᠯᠠᠭᠠᠮ᠂ ᠠᠮᠠᠨ ᠦᠯᠢᠭᠡᠷ᠂ ᠵᠠᠩ ᠵᠠᠩᠰᠢᠯ ᠬᠢᠭᠡᠳ ᠪᠤᠷᠬᠠᠨ  ᠤ ᠱᠠᠰᠢᠨ ᠤ ᠲᠡᠦᠬᠡ ᠳᠣᠮᠤᠭ ᠤᠨ ᠲᠤᠬᠠᠢ ᠵᠢᠷᠠ ᠭᠠᠷᠤᠢ ᠡᠷᠳᠡᠮ ᠰᠢᠨᠵᠢᠯᠡᠭᠡᠨ ᠤ ᠥᠭᠦᠯᠡᠯ ᠪᠢᠴᠢᠵᠦ᠂ ᠤᠯᠤᠰ  ᠤᠨ ᠭᠠᠳᠠᠭᠠᠳᠤ ᠳᠣᠲᠣᠭᠠᠳᠤ ᠶᠢᠨ ᠡᠷᠳᠡᠮ ᠰᠢᠨᠵᠢᠯᠡᠭᠡᠨ ᠤ ᠰᠡᠳᠬᠦᠯ ᠳᠤ ᠨᠡᠶᠢᠲᠡᠯᠡᠭᠦᠯᠵᠦ᠂ ᠱᠠᠩᠨᠠᠯ ᠬᠥᠬᠢᠭᠦᠯᠦᠯ ᠬᠦᠷᠲᠡᠵᠡᠢ᠃ᠡᠳᠦᠭᠡ ᠪᠠᠷᠠᠭᠤᠨ ᠬᠤᠶᠢᠲᠤ ᠶᠢᠨ ᠦᠨᠳᠦᠰᠦᠲᠡᠨ ᠤ ᠶᠡᠭᠡ ᠰᠤᠷᠭᠠᠭᠤᠯᠢ ᠶᠢᠨ ᠮᠣᠩᠭᠤᠯ ᠬᠡᠯᠡ ᠰᠣᠶᠣᠯ ᠤᠨ ᠳᠡᠭᠡᠳᠦ ᠰᠤᠷᠭᠠᠭᠤᠯᠢ ᠳᠤ ᠮᠣᠩᠭᠤᠯ ᠠᠮᠠᠨ ᠵᠣᠬᠢᠶᠠᠯ᠂ ᠮᠣᠩᠭᠤᠯ ᠵᠠᠩᠰᠢᠯ ᠢᠶᠠᠷ ᠠᠰᠫᠢᠷᠠᠨᠲ᠂ ᠳ᠋ᠣᠺᠲ᠋ᠣᠷᠠᠨ᠋ᠲ  ᠬᠥᠮᠥᠵᠢᠭᠦᠯᠵᠦ᠂ ᠦᠨᠳᠦᠰᠦᠨ ᠠᠩᠭᠢ ᠳᠤ ︽ᠤᠳᠬ᠎ᠠ ᠵᠣᠬᠢᠶᠠᠯ ᠤᠨ ᠣᠨᠣᠯ︾᠂ ︽ᠭᠤᠸ᠎ᠠ ᠵᠦᠢ︾᠂ ︽ᠥᠷᠥᠨᠡᠳᠠᠬᠢᠨ ᠤ ᠤᠳᠬ᠎ᠠ ᠵᠣᠬᠢᠶᠠᠯ ᠤᠨ ᠣᠨᠣᠯ︾᠂ ︽ᠬᠤᠷᠢᠳᠤᠭᠠᠷ ᠵᠠᠭᠤᠨ ᠤ ᠤᠳᠬ᠎ᠠ ᠵᠣᠬᠢᠶᠠᠯ ᠤᠨ ᠰᠤᠳᠤᠯᠤᠯ ᠰᠢᠭᠦᠮᠵᠢ ᠶᠢᠨ ᠠᠷᠭ᠎ᠠ ᠵᠦᠢ︾᠂ ︽ᠥᠷᠥᠨᠡᠳᠠᠬᠢᠨ ᠤ ᠣᠳᠣᠬᠢ ᠪᠦᠯᠦᠭ ᠤᠨ ᠤᠳᠬ᠎ᠠ ᠵᠣᠬᠢᠶᠠᠯ︾ ᠵᠡᠷᠭᠡ ᠬᠢᠴᠢᠶᠡᠯ ᠢ ᠵᠢᠭᠠᠵᠤ᠂ ᠠᠰᠫᠢᠷᠠᠨᠲ᠂ ᠳ᠋ᠣᠺᠲ᠋ᠣᠷᠠᠨ᠋ᠲ ᠨᠠᠷ ᠲᠤ ︽ᠭᠠᠳᠠᠭᠠᠳᠤ ᠶᠢᠨ ᠮᠣᠩᠭᠤᠯ ᠰᠤᠳᠤᠯᠤᠯ︾᠂ ︽ᠮᠣᠩᠭᠤᠯ ᠰᠣᠶᠣᠯ ᠤᠨ ᠪᠡᠯᠭᠡᠳᠡᠯ ᠵᠦᠢ︾᠂ ︽ᠣᠶᠢᠷᠠᠳ ᠤᠨ ᠠᠮᠠᠨ ᠵᠣᠬᠢᠶᠠᠯ ᠰᠤᠳᠤᠯᠤᠯ︾ ᠵᠡᠷᠭᠡ ᠬᠢᠴᠢᠶᠡᠯ ᠢ ᠵᠢᠭᠠᠵᠤ ᠪᠠᠶᠢᠨ᠎ᠠ᠃  ᠮᠥᠨ ᠤᠯᠤᠰ ᠤᠨ ᠨᠡᠶᠢᠭᠡᠮ ᠤᠨ ᠰᠢᠨᠵᠢᠯᠡᠬᠦ ᠤᠬᠠᠭᠠᠨ ᠤ ᠰᠠᠭᠤᠷᠢ ᠮᠥᠩᠭᠦ ᠶᠢᠨ ︽ᠪᠠᠷᠠᠭᠤᠨ ᠮᠣᠩᠭᠤᠯ ᠠᠷᠠᠳ ᠤᠨ ᠳᠠᠭᠤᠤ ᠶᠢᠨ ᠰᠤᠳᠤᠯᠤᠯ︾ ︵2006︶᠂ ︽ᠬᠥᠬᠡᠨᠠᠭᠤᠷ ᠮᠣᠩᠭᠤᠯᠴᠤᠳ ᠤᠨ ᠠᠷᠠᠳ  ᠤᠨ ᠠᠮᠠᠨ ᠲᠡᠦᠬᠡ ᠰᠤᠳᠤᠯᠤᠯ︾ ︵2015︶ ᠤᠯᠤᠰ᠂ ᠣᠷᠣᠨ ᠤ ᠨᠡᠯᠢᠶᠡᠳ ᠣᠯᠠᠨ ᠰᠢᠨᠵᠢᠯᠡᠬᠦ ᠤᠬᠠᠭᠠᠨ ᠢ ᠲᠥᠰᠥᠯ ᠳᠡᠭᠡᠷ᠎ᠡ ᠠᠵᠢᠯᠯᠠᠵᠤ ᠪᠠᠶᠢᠨ᠎ᠠ᠃ᠳ᠋᠊ · ᠪᠠᠲᠤ ᠶᠢᠨ ︽ᠠᠭᠸᠠᠩᠴᠣᠶᠢᠳᠡᠷ ᠤᠨ ᠶᠠᠷᠢᠭᠰᠠᠨ ᠮᠣᠩᠭᠤᠯ ᠲᠥᠪᠡᠳ ᠪᠤᠷᠬᠠᠨ ᠱᠠᠰᠢᠨ ᠤ ᠠᠮᠠᠨ ᠲᠡᠦᠬᠡ︾ ᠨᠣᠮ ᠨᠢ 2013 ᠣᠨ ᠳᠤ ᠪᠦᠬᠦ ᠤᠯᠤᠰ ᠲᠤ ᠤᠯᠠᠮᠵᠢᠯᠠᠨ ᠲᠠᠷᠬᠠᠬᠤ ᠦᠨᠳᠦᠰᠦᠲᠡᠨ ᠤ ᠵᠠᠭᠤᠨ ᠰᠢᠯᠢᠳᠡᠭ ᠪᠦᠲᠦᠭᠡᠯ ᠳᠤ ᠰᠣᠩᠭᠤᠭᠳᠠᠨ ᠣᠷᠣᠭᠰᠠᠨ ᠪᠥᠭᠡᠳ 2015 ᠣᠨ ᠳᠤ᠂ ᠤᠯᠤᠰ ᠤᠨ ᠰᠤᠷᠭᠠᠨ ᠬᠥᠮᠥᠵᠢᠯ ᠤᠨ ᠶᠠᠮᠤᠨ ᠤ ᠳᠣᠯᠣᠳᠤᠭᠠᠷ ᠬᠤᠭᠤᠴᠠᠭᠠᠨ ᠤ ᠶᠡᠭᠡ ᠰᠤᠷᠭᠠᠭᠤᠯᠢ ᠶᠢᠨ ᠡᠷᠳᠡᠮ ᠰᠢᠨᠵᠢᠯᠡᠭᠡᠨ ᠤ ᠰᠢᠯᠢᠳᠡᠭ ᠪᠦᠲᠦᠭᠡᠯ  ᠤᠨ ᠬᠤᠶᠠᠳᠤᠭᠠᠷ ᠱᠠᠩᠨᠠᠯ᠂ ᠭᠠᠨᠰᠤ ᠮᠤᠵᠢ ᠶᠢᠨ ᠶᠡᠭᠡ ᠳᠡᠭᠡᠳᠦ ᠰᠤᠷᠭᠠᠭᠤᠯᠢ ᠶᠢᠨ ᠡᠷᠳᠡᠮ ᠰᠢᠨᠵᠢᠯᠡᠭᠡᠨ ᠤ ᠰᠢᠯᠢᠳᠡᠭ ᠪᠦᠲᠦᠭᠡᠯ ᠤᠨ ᠭᠤᠷᠪᠠᠳᠤᠭᠠᠷ ᠲᠡᠰ ᠤᠨ ᠱᠠᠩᠨᠠᠯ ᠢ ᠲᠤᠰ ᠲᠤᠰ ᠬᠦᠷᠲᠡᠭᠰᠡᠨ ᠪᠠᠶᠢᠨ᠎ᠠ᠃ ᠡᠳᠦᠭᠡ ᠪᠠᠷᠠᠭᠤᠨ ᠬᠤᠶᠢᠲᠤ ᠶᠢᠨ ᠦᠨᠳᠦᠰᠦᠲᠡᠨ ᠤ ᠶᠡᠭᠡ ᠰᠤᠷᠭᠠᠭᠤᠯᠢ ᠶᠢᠨ ᠮᠣᠩᠭᠤᠯ ᠰᠣᠶᠣᠯ ᠤᠨ ᠳᠡᠭᠡᠳᠦ ᠰᠤᠷᠭᠠᠭᠤᠯᠢ ᠳᠤ ᠪᠠᠭᠰᠢᠯᠠᠵᠤ ᠪᠠᠶᠢᠨ᠎ᠠ᠃                                                         ᠠᠯᠠᠱᠨ ᠨᠠᠶᠢᠷᠠᠭᠴᠢ ᠶᠢᠨ ᠲᠤᠬᠠᠢ ᠰᠤᠳᠤᠯᠤᠯ —1.ᠨᠠᠶᠢᠷᠠᠭᠴᠢ ᠪᠤᠶᠠᠨᠪᠠᠲᠤ ᠶᠢᠨ ᠰᠢᠯᠦᠭ ᠬᠢᠭᠡᠳ ︽ᠪᠢ︾ ᠶᠢᠨ ᠤᠬᠠᠮᠰᠠᠷ ᠳ᠋᠊᠂ ᠪᠠᠳᠣ             ︵ᠪᠠᠷᠠᠭᠤᠨ ᠬᠤᠶᠢᠲᠣ ᠶᠢᠨ ᠥᠨᠲᠥᠰᠥᠲᠡᠨ ᠤ ᠶᠡᠭᠡ ᠰᠣᠷᠭᠠᠭᠤᠯᠢ ᠶᠢᠨ ᠮᠣᠩᠭᠤᠯ ᠭᠡᠯᠡ ᠰᠣᠶᠣᠯ  ᠤᠨ ᠲᠡᠭᠡᠲᠣ ᠰᠣᠷᠭᠠᠭᠤᠯᠢ ᠶᠢᠨ ᠫᠷᠤᠹᠧᠰᠰᠤᠷ︶  ᠨᠠᠶᠢᠷᠠᠭᠴᠢ ᠪᠤᠶᠠᠨᠪᠠᠲᠤ ᠶᠢᠨ ᠰᠢᠯᠦᠭ ᠬᠢᠭᠡᠳ ︽ᠪᠢ︾ ᠶᠢᠨ ᠤᠬᠠᠮᠰᠠᠷ            — ︽ᠲᠡᠨᠳᠡ ᠠᠴᠠ ᠨᠠᠮ᠎ᠠ ᠶᠢ ᠪᠢᠲᠡᠭᠡᠢ ᠬᠠᠶᠢᠭᠠᠷᠠᠢ︾ ᠭᠡᠬᠦ ᠵᠡᠷᠭᠡ ᠰᠢᠯᠦᠭ ᠤᠨ ᠵᠢᠱᠢᠶᠡᠨ ᠳᠡᠭᠡᠷ᠎ᠡ ᠨᠠᠶᠢᠷᠠᠭᠴᠢ ᠪᠤᠶᠠᠨᠪᠠᠲᠤ ᠶᠢᠨ ︽ᠲᠡᠨᠳᠡ ᠠᠴᠠ ᠨᠠᠮ᠎ᠠ ᠶᠢ ᠪᠢᠲᠡᠭᠡᠢ ᠬᠠᠶᠢᠭᠠᠷᠠᠢ︾ ᠭᠡᠳᠡᠭ ᠨᠡᠷ᠎ᠡ ᠲᠠᠢ᠂ ᠮᠥᠨ ︽ᠲᠡᠨᠳᠡ ᠠᠴᠠ ᠨᠠᠮ᠎ᠠ ᠶᠢ ᠬᠠᠶᠢᠭᠠᠷᠠᠢ︾ ᠭᠡᠬᠦ ᠲᠡᠭᠦᠰᠬᠡᠯ ᠲᠠᠢ ᠨᠢᠭᠡᠨ ᠰᠢᠯᠦᠭ ᠢ ᠤᠩᠰᠢᠭᠠᠳ ᠨᠢᠭᠡ ᠲᠠᠯ᠎ᠠ ᠪᠠᠷ ᠭᠠᠶᠢᠬᠠᠵᠤ᠂ ᠨᠥᠭᠦᠭᠡ ᠲᠠᠯ᠎ᠠ ᠪᠠᠷ ᠮᠠᠰᠢ ᠰᠣᠨᠢᠷᠬᠠᠪᠠ᠃ ᠤᠴᠢᠷ ᠨᠢ ᠡᠬᠢᠯᠡᠭᠡᠳ ᠰᠢᠯᠦᠭ ᠢ ᠤᠩᠰᠢᠬᠤ ᠳᠤ ᠪᠢᠳᠠ ᠶᠠᠭᠤᠨ ᠳᠤ ᠵᠣᠬᠢᠶᠠᠭᠴᠢ ᠶᠢᠨ ᠪᠢ ᠶᠢ ᠬᠠᠶᠢᠬᠤ ᠪᠢᠯᠡ᠂ ᠲᠡᠭᠦᠨ ᠢ ᠬᠠᠶᠢᠭᠠᠳ ᠶᠠᠭᠠᠬᠢᠬᠤ ᠪᠢᠯᠡ︖ ᠶᠡᠷᠦ ᠨᠢ ᠲᠡᠶᠢᠮᠦ ᠵᠣᠷᠢᠯᠲᠠ ᠴᠦ ᠪᠢᠳᠠᠨ ᠳᠤ ᠪᠠᠶᠢᠬᠤ ᠦᠭᠡᠢ ᠭᠡᠬᠦ ᠮᠡᠲᠦ ᠪᠠᠶᠢᠭᠰᠠᠨ ᠢᠶᠠᠨ᠂ ᠬᠠᠷᠢᠨ ᠰᠢᠯᠦᠭ ᠤᠨ ᠡᠴᠦᠰ  ᠲᠤ ᠨᠠᠶᠢᠷᠠᠭᠴᠢ ᠶᠢᠨ ︽ᠪᠢ︾ ᠶᠢ ᠡᠷᠢᠬᠦ᠂ ᠶᠠᠮᠠᠷ ᠨᠢᠭᠡᠨ ᠲᠡᠮᠡᠦᠯᠦᠯ ᠳᠤ ᠪᠢᠳᠠᠨ ᠢ ᠬᠥᠲᠥᠯᠥᠭᠰᠡᠨ ᠮᠡᠲᠦ ᠰᠡᠳᠬᠢᠭᠳᠡᠯ ᠢ ᠥᠭᠪᠡ᠃ ᠲᠡᠭᠡᠭᠡᠳ ᠰᠡᠳᠬᠢᠯ ᠳᠣᠭᠳᠣᠯᠤᠨ ᠪᠠᠶᠢᠵᠤ ᠶᠠᠳᠠᠨ᠎ᠠ᠃ᠰᠢᠯᠦᠭ ᠲᠤ ᠡᠬᠢᠯᠡᠭᠡᠳ ︽ᠨᠠᠮ᠎ᠠ ᠶᠢ ᠪᠦᠦ ᠬᠠᠢ︕︾᠂ ︽ᠲᠡᠨᠳᠡ ᠴᠢᠨᠢ ᠪᠢ ᠪᠠᠶᠢᠬᠤ ᠦᠭᠡᠢ ᠰᠢᠦ︾ ᠭᠡᠬᠦ ᠮᠡᠲᠦ ᠪᠠᠷ ᠰᠢᠯᠦᠭᠴᠢ ᠰᠡᠳᠬᠢᠯ ᠢᠶᠠᠨ ᠢᠯᠡᠷᠬᠡᠶᠢᠯᠡᠪᠡ᠃ ᠳᠠᠷᠤᠢ ᠨᠠᠶᠢᠷᠠᠭᠴᠢ ᠠᠴᠠ ᠡᠬᠢᠯᠡᠨ ᠨᠠᠮ᠎ᠠ ᠶᠢ ᠬᠠᠶᠢᠵᠤ ᠪᠣᠯᠬᠤ ᠦᠭᠡᠢ ᠭᠠᠵᠠᠷ ᠢ ᠣᠨᠴᠠᠯᠠᠨ ᠵᠢᠭᠠᠪᠠ᠃ ᠳᠠᠷᠠᠭ᠎ᠠ ᠨᠢ ︽ᠨᠠᠮ᠎ᠠ︾ ᠶᠢᠨ ᠪᠠᠶᠢᠭ᠎ᠠ ᠭᠠᠵᠠᠷ ᠨᠢ ᠬᠠᠮᠢᠭ᠎ᠠ ᠪᠠᠶᠢᠬᠤ᠂ ᠲᠡᠨᠳᠡ ᠠᠴᠠ ᠲᠡᠭᠦᠨ ᠢ ᠡᠷᠢᠵᠦ ᠣᠯᠵᠤ ᠪᠣᠯᠬᠤ ᠲᠥᠰᠥᠭᠡᠯᠡᠯ ᠢ ᠰᠠᠨᠠᠭᠤᠯᠪᠠ᠃ ᠡᠨᠡ ᠲᠥᠰᠥᠭᠡᠯᠡᠯ  ᠠᠴᠠ ᠪᠢᠳᠠ᠂ ᠡᠬᠢᠯᠡᠭᠡᠳ ᠠᠯᠮᠠᠶᠢᠳᠠᠵᠤ᠂ ᠡᠷᠭᠢᠯᠳᠦᠵᠦ ᠪᠠᠶᠢᠭᠰᠠᠨ ᠰᠡᠳᠬᠢᠭᠳᠡᠯ ᠤᠨ ᠡᠭᠡᠳᠡᠷᠡᠭᠡ ᠭᠠᠷᠴᠤ᠂ ᠬᠠᠶᠢᠬᠤ  ᠶᠢᠨ ᠵᠣᠷᠢᠯᠲᠠ ᠦᠭᠡᠢ ᠪᠠᠶᠢᠭᠰᠠᠨ ᠠᠴᠠ ᠶᠠᠮᠠᠷ ᠨᠢᠭᠡᠨ ᠵᠦᠢᠯ ᠢ ᠬᠠᠶᠢᠵᠤ ᠡᠷᠢᠬᠦ ᠵᠠᠮ ᠳᠤ ᠴᠢᠭᠯᠡᠭᠰᠡᠨ ᠪᠠᠶᠢᠨ᠎ᠠ᠃ ᠰᠢᠯᠦᠭ ᠲᠤ᠂ ︽ᠬᠠᠰ ᠬᠤᠨᠳᠠᠭ᠎ᠠ ᠬᠠᠷᠰᠢᠯᠳᠤᠬᠤ ᠪᠣᠯᠣᠷ ᠣᠷᠳᠣᠨ ᠤ ᠬᠤᠶᠢᠮᠤᠷ ︵ᠪᠠᠶᠠᠷ ᠴᠡᠩᠭᠡᠯ︶ ᠠᠴᠠᠬᠠᠭᠠᠰ ᠳᠤᠲᠠᠭᠤ ᠠᠨᠢᠭᠠᠰᠤᠲᠠᠢ ᠨᠣᠶᠢᠷᠮᠤᠭ ᠨᠢᠳᠦᠨ ᠤ ᠵᠣᠪᠬᠢ ︵ᠭᠤᠨᠢᠭ ᠵᠣᠪᠠᠯᠠᠩ︶ ᠠᠴᠠᠨᠠᠮ᠎ᠠ ᠶᠢ ᠪᠦᠦ ᠬᠠᠢ︕ᠲᠠᠩᠰᠤᠭ ᠠᠲᠠᠯ᠎ᠠ ᠪᠠᠨ ᠲᠠᠷᠴᠢᠭ ᠶᠢᠷᠲᠢᠨᠴᠦ ︵ᠬᠠᠭᠤᠷᠮᠠᠬᠠᠢ︶ ᠠᠴᠠᠲᠠ ᠨᠠᠷ ᠨᠠᠮ᠎ᠠ ᠶᠢ ᠪᠦᠦ ᠬᠠᠶᠢᠭᠠᠷᠠᠢ︕ᠲᠡᠨᠳᠡ ᠴᠢᠨᠢ ᠪᠢ ᠪᠠᠶᠢᠬᠤ ᠦᠭᠡᠢ ᠰᠢᠦᠲᠡᠨᠳᠡ ᠠᠴᠠ ᠮᠢᠨᠤ ᠮᠥᠷᠥᠭᠡᠳᠦᠯ ᠤᠨ ᠥᠭᠡᠳᠡᠰᠦ ᠶᠢ ᠴᠦ ᠣᠯᠬᠤ ᠦᠭᠡᠢ ᠳ᠋ᠠᠮᠥᠷᠭᠦᠭᠰᠡᠨ ᠮᠥᠯᠬᠦᠭᠰᠡᠨ ᠮᠥᠩᠬᠡ ᠶᠢᠨ ᠪᠣᠭᠤᠯ ᠤᠳ ᠳᠤᠮᠳᠠ ᠠᠴᠠᠮᠥᠬᠦᠭᠰᠡᠨ ᠰᠥᠨᠥᠭᠰᠡᠨ ᠭᠠᠯᠲᠤ ᠠᠭᠤᠯᠠ ᠶᠢᠨ ᠲᠠᠮᠲᠤᠭ ᠠᠴᠠᠠᠮᠢᠳᠤ ᠶᠠᠪᠤᠭ᠎ᠠ ᠪᠠᠨ ᠠᠮᠢᠰᠬᠤᠯ ᠤᠨ ᠲᠣᠭᠠᠯᠠᠨ ᠢᠶᠠᠷ ᠬᠡᠮᠵᠢᠳᠡᠭᠠᠷᠠᠢ ᠶᠠᠳᠠᠭᠰᠠᠨ ᠨᠢᠭᠡ ᠶᠢ ᠪᠠᠨ ᠠᠩᠭᠠᠯ ᠤᠷᠤᠭᠤ ᠲᠦᠯᠬᠢᠳᠡᠭᠠᠯᠢᠶ᠎ᠠ ᠰᠠᠯᠪᠠᠭᠠᠲᠠᠢ ᠶᠢᠨ ᠦᠵᠡᠬᠦᠯᠪᠤᠷᠢ ᠳᠤ ᠭᠠᠶᠢᠬᠠᠯᠲᠠᠢ ᠭᠠᠷᠰᠢᠭᠰᠠᠨ ᠠᠢ ᠲᠦᠮᠡᠨ ᠢᠶᠠᠷ ᠢᠶᠠᠨ ᠨᠢᠭᠡ ᠯᠡ ᠵᠦᠢᠯ ᠳᠡᠭᠡᠷ᠎ᠡ ᠬᠤᠰᠢᠭᠤᠷᠠᠨ ᠦᠢᠮᠡᠭᠰᠡᠨ ︵ᠳᠡᠮᠡᠶᠢᠷᠡᠯ ᠲᠡᠨᠡᠭᠯᠡᠯ︶ᠮᠥᠳᠳᠡᠬᠡᠨ ᠳᠠᠭᠤᠰᠬᠤ ᠭᠡᠵᠤ ᠪᠤᠢ ᠰᠠᠪᠠᠨ ᠤ ᠢᠷᠤᠭᠠᠯ ᠠᠴᠠᠮᠥᠴᠢ ᠲᠠᠴᠢᠬᠠᠨ ᠵᠣᠭᠰᠣᠭᠰᠠᠨ ᠬᠥᠯ ᠤᠨ ᠥᠯᠮᠡᠢ ᠠᠴᠠᠰᠣᠬᠤᠷ ᠨᠣᠮᠣᠨ ᠰᠢᠭ᠋ ᠣᠶᠣᠨ ᠰᠠᠨᠠᠭᠠᠨ ᠤ ᠣᠷᠴᠢᠯᠠᠩ ︵ᠬᠠᠷᠠᠩᠭᠤᠢ︶ ᠠᠴᠠᠰᠣᠯᠣᠭᠠᠢ ᠵᠥᠪ ᠨᠢ ᠪᠠᠨᠲᠠᠩ ᠰᠢᠭ᠋ ᠬᠤᠳᠬᠤᠯᠳᠤᠭᠰᠠᠨ ᠣᠷᠣᠨ ᠵᠠᠢ ︵ᠡᠷᠦᠢ ᠬᠤᠷᠤᠢ᠂ ᠡᠬᠢ ᠠᠳᠠᠭ ᠦᠭᠡᠢ︶  ᠠᠴᠠᠴᠠᠭ ᠤᠨ ᠰᠠᠯᠬᠢ ᠪᠠᠷ ᠳᠠᠷᠪᠠᠭᠤᠯ ᠢᠶᠠᠨ ᠬᠡᠶᠢᠰᠬᠡᠭᠰᠡᠨᠴᠠᠳᠬᠤᠯᠠᠩ ᠶᠡᠭᠡ ᠠᠭᠤᠷ ᠠᠮᠢᠰᠬᠤᠯ ︵ ᠬᠡᠢ ᠬᠤᠭᠤᠰᠤᠨ︶ ᠠᠴᠠᠦᠵᠡᠨ ᠶᠠᠳᠠᠯᠲᠠ᠂ ᠦᠯᠦ ᠲᠣᠭᠤᠮᠰᠠᠷᠡᠯ᠂ ᠠᠲᠠᠭ᠎ᠠ ᠬᠤᠷᠣᠰᠤᠯ ᠤᠨ ᠬᠤᠷᠮᠣᠢ ᠠᠴᠠᠦᠨᠦᠰᠦᠭᠦᠯᠬᠦ ᠦᠭᠡᠢ ᠪᠠᠶᠢᠭᠰᠠᠭᠠᠷ ᠤᠳᠠᠭᠰᠠᠨ ᠬᠠᠲᠠᠭᠰᠠᠨ ᠨᠠᠪᠴᠢ ᠰᠢᠭ᠋ ᠤᠷᠤᠭᠤᠯ ᠠᠴᠠ ᠨᠠᠮ᠎ᠠ ᠶᠢ ᠪᠦᠦ ᠬᠠᠢ︕ ᠁ ᠭᠡᠬᠦ ᠮᠡᠲᠦᠴᠢᠯᠡᠨ᠂ ᠡᠳᠦᠭᠡ ᠶᠢᠨ ᠠᠮᠢᠳᠤᠷᠠᠯ ᠤᠨ ᠶᠠᠩᠵᠤ ᠪᠦᠷᠢ ᠶᠢᠨ ᠣᠷᠴᠢᠨ ᠠᠬᠤᠢ᠂ ᠥᠭᠡᠷ᠎ᠡ ᠪᠠᠷ ᠬᠡᠯᠡᠪᠡᠯ᠂ ᠪᠠᠶᠠᠷ ᠴᠡᠩᠭᠡᠯ᠂ ᠭᠤᠨᠢᠭ ᠵᠣᠪᠠᠯᠠᠩ᠂ ᠦᠭᠡᠶᠢᠷᠡᠯ ᠳᠣᠷᠣᠶᠢᠲᠠᠯ᠂ ᠪᠠᠯᠠᠶᠢᠷᠠᠯ᠂ ᠪᠠᠯᠠᠷ ᠬᠠᠷᠠᠩᠭᠤᠢ᠂ ᠡᠯᠡᠢ ᠬᠤᠯᠠᠢ᠂ ᠣᠮᠣᠷᠬᠠᠭ ᠪᠠᠷᠳᠠᠮ᠂ ᠰᠠᠭᠰᠠᠭᠤ ᠬᠤᠶᠢᠷᠭᠤ᠂ ᠮᠥᠨ ᠨᠢᠭᠦᠯ ᠱᠦᠭᠦᠯᠯᠡᠭᠰᠡᠨ᠂ ᠬᠠᠭᠤᠷᠠᠢ ᠵᠢᠪᠡᠭᠦᠨ ︵᠁ ᠬᠠᠲᠠᠭᠰᠠᠨ ᠨᠠᠪᠴᠢ ᠰᠢᠭ᠋ ᠤᠷᠤᠭᠤᠯ ᠮᠡᠲᠦ︶ ᠠᠴᠠ  ᠨᠠᠮ᠎ᠠ ᠶᠢ ᠪᠦᠦ ᠬᠠᠢ︕ ᠭᠡᠵᠤ ᠠᠨᠳᠠᠭᠠᠶᠢᠯᠠᠨ ᠲᠠᠩᠭᠠᠷᠢᠭᠯᠠᠵᠤ᠂ ᠵᠠᠨᠤᠯᠬᠢᠯᠠᠨ ᠥᠭᠦᠯᠡᠭᠰᠡᠨ ᠪᠠᠶᠢᠨ᠎ᠠ᠃ ᠦᠨᠡᠨ ᠳᠡᠭᠡᠨ ᠡᠨᠡ ᠣᠷᠴᠢᠯᠠᠩ ᠤᠨ ᠪᠣᠯᠬᠢ ᠪᠦᠳᠦᠭᠦᠯᠢᠭ᠂ ᠪᠠᠯᠠᠷ ᠬᠠᠷᠠᠩᠭᠤᠢ ᠳᠤ ᠮᠢᠨᠴᠦᠭᠦᠷᠡᠭᠰᠡᠨ ᠪᠢᠳᠠᠨ ᠳᠤ ᠴᠣᠬᠤᠮ ᠳᠠᠭᠠᠨ ᠬᠡᠨ ᠢ ᠬᠠᠶᠢᠬᠤ᠂ ᠮᠥᠨ ᠬᠠᠶᠢᠬᠤ ᠬᠡᠷᠡᠭᠴᠡᠭᠡ ᠶᠠᠭᠤ ᠭᠡᠳᠡᠭ ᠢ ᠮᠡᠳᠡᠬᠦ ᠦᠭᠡᠢ ᠪᠠᠶᠢᠭᠰᠠᠨ ᠶᠢᠷᠲᠢᠨᠴᠦ ᠳᠤ ᠨᠠᠶᠢᠷᠠᠭᠴᠢ ᠠᠴᠠ ᠠᠶᠤᠩᠭ᠎ᠠ ᠨᠢᠵᠢᠭᠢᠨᠡᠬᠦᠯᠣᠨ᠂ ︽ᠲᠠ ᠨᠠᠷ ᠨᠠᠮ᠎ᠠ ᠶᠢ ᠪᠦᠦ ᠬᠠᠶᠢᠭᠠᠷᠠᠢ︕ ᠲᠡᠨᠳᠡ ᠴᠢᠨᠢ ᠪᠢ ᠪᠠᠶᠢᠬᠤ ᠦᠭᠡᠢ ᠰᠢᠦ᠂ ᠲᠡᠨᠳᠡ ᠠᠴᠠ ᠮᠢᠨᠤ ᠮᠥᠷᠥᠭᠡᠳᠦᠯ ᠤᠨ ᠥᠭᠡᠳᠡᠰᠦ ᠶᠢ ᠴᠦ ᠣᠯᠬᠤ ᠦᠭᠡᠢ ᠳ᠋ᠠ︾ ᠭᠡᠵᠤ ᠬᠠᠰᠬᠢᠷᠤᠭᠰᠠᠨ ᠮᠡᠲᠦ ᠰᠠᠨᠠᠭᠳᠠᠨ᠎ᠠ᠃ ᠨᠠᠶᠢᠷᠠᠭᠴᠢ ᠠᠴᠠ ︽ᠪᠠᠶᠢᠭ᠎ᠠ ᠪᠤᠶᠤ ᠪᠠᠶᠢᠵᠤ ᠪᠠᠶᠢᠭ᠎ᠠ ᠣᠷᠣᠨ ᠵᠠᠢ︾  ᠶᠢ ᠵᠢᠭᠠᠭᠰᠠᠨ ᠴᠦ᠂ ᠬᠠᠷᠠᠭᠳᠠᠵᠤ ᠦᠵᠡᠭᠳᠡᠵᠦ ᠪᠠᠶᠢᠭ᠎ᠠ ᠲᠡᠷᠡ ᠵᠦᠢᠯ ᠪᠤᠰᠤ᠂ ᠲᠡᠭᠦᠨ ᠠᠴᠠ ᠥᠭᠡᠷ᠎ᠡ ᠶᠠᠮᠠᠷ ᠨᠢᠭᠡᠨ ᠵᠦᠢᠯ ︵ᠨᠠᠶᠢᠷᠠᠭᠴᠢ ᠶᠢᠨ ︽ᠪᠢ︾︶ ᠵᠠᠪᠠᠯ ︽ᠬᠠᠶᠢᠬᠤ ᠶᠣᠰᠣᠲᠠᠢ︾ ᠶᠢ ᠤᠷᠢᠶᠠᠯᠠᠵᠤ᠂ ᠬᠥᠮᠥᠨ ᠣᠯᠠᠨ  ᠳᠤ ᠰᠡᠩᠬᠡᠷᠡᠯ ᠣᠯᠭᠤᠯ᠎ᠠ᠃ᠶᠡᠷᠦ ᠠᠴᠠ ᠪᠠᠨ ᠤᠨᠲᠠᠵᠤ ᠪᠠᠶᠢᠭᠰᠠᠨ ᠴᠦ ᠶᠤᠮ ᠦᠦ᠂ ᠮᠠᠨᠠᠷᠠᠵᠤ ᠪᠠᠶᠢᠭᠰᠠᠨ ᠴᠦ ᠶᠤᠮ ᠦᠦ︖ ᠠᠳᠤᠭᠤᠰᠤ ᠠᠳᠠᠯᠢ ︽ᠨᠢᠭᠡ ᠯᠡ ᠵᠦᠢᠯ ᠳᠡᠭᠡᠷ᠎ᠡ ᠬᠤᠰᠢᠭᠤᠷᠠᠨ ᠦᠢᠮᠡᠭᠰᠡᠨ︾᠂ ︽ᠦᠵᠡᠨ ᠶᠠᠳᠠᠯᠲᠠ᠂ ᠦᠯᠦ ᠲᠣᠭᠤᠮᠰᠠᠷᠡᠯ᠂ ᠠᠲᠠᠭ᠎ᠠ ᠬᠤᠷᠣᠰᠤᠯ︾ ᠪᠠᠷ ᠬᠤᠶᠠᠭᠯᠠᠭᠰᠠᠨ᠂ ᠣᠶᠣᠨ ᠰᠠᠨᠠᠭ᠎ᠠ ᠨᠢ ︽ᠬᠠᠲᠠᠭᠰᠠᠨ ᠨᠠᠪᠴᠢ︾ ᠪᠣᠯᠣᠭᠰᠠᠨ ᠪᠢᠳᠠᠨ  ᠳᠤ ᠠᠮᠢᠳᠤᠷᠠᠵᠤ ᠪᠠᠶᠢᠭ᠎ᠠ ᠲᠡᠨᠡᠭᠯᠡᠯ ᠠᠴᠠ ᠠᠪᠤᠷᠠᠭᠳᠠᠬᠤ ᠤᠬᠠᠮᠰᠠᠷ ᠤᠨ ᠶᠢᠷᠲᠢᠨᠴᠦ ᠳᠤ ᠭᠡᠷᠡᠯ ᠭᠠᠷᠴᠤ᠂ ᠭᠤᠣᠯ  ᠳᠤ ᠠᠮᠢ ᠣᠷᠣᠬᠤ ᠮᠡᠲᠦ ᠨᠠᠶᠢᠷᠠᠭᠴᠢ ᠶᠢᠨ ︽ᠪᠢ︾ ᠶᠢᠨ ᠭᠡᠷᠡᠯ ᠳᠤᠰᠤᠵᠤ ᠪᠠᠶᠢᠨ᠎ᠠ᠃ ᠪᠢᠳᠠ ᠨᠠᠶᠢᠷᠠᠭᠴᠢ ᠶᠢᠨ ︽ᠪᠢ︾ ᠶᠢ ᠬᠡᠲᠦᠷᠬᠡᠢ ᠶᠡᠭᠡ ᠭᠠᠳᠠᠭᠤᠷᠴᠢᠯᠠᠵᠤ ᠪᠠᠶᠢᠭᠰᠠᠨ ᠢᠶᠠᠨ ᠰᠠᠨᠠᠯ᠎ᠠ᠃ ᠶᠠᠭᠠᠬᠢᠭᠠᠳ ᠪᠤᠢ ᠭᠡᠪᠡᠯ᠂ ᠪᠢᠳᠠ ᠨᠠᠶᠢᠷᠠᠭᠴᠢ ᠶᠢᠨ ︽ᠪᠢ︾ ᠶᠢ ᠪᠡᠶ᠎ᠡ ᠲᠠᠢ ᠪᠠᠨ ᠠᠳᠠᠯᠢᠬᠠᠨ ᠦᠵᠡᠵᠦ᠂  ᠰᠢᠯᠦᠭ  ᠲᠤ ᠢᠯᠡᠷᠬᠡᠶᠢᠯᠡᠵᠦ ᠪᠠᠶᠢᠭ᠎ᠠ ᠲᠡᠷᠡ ᠣᠯᠠᠨ ᠦᠵᠡᠭᠳᠡᠯ ᠳᠤᠮᠳᠠ ᠪᠦᠷ ᠪᠠᠶᠢᠭ᠎ᠠ ᠭᠡᠵᠤ ᠪᠣᠳᠣᠳᠠᠭ ᠨᠢ ᠬᠠᠷᠠᠮᠰᠠᠯᠲᠠᠢ ᠶᠤᠮ᠃  ᠪᠢᠳᠠ ︽ᠵᠢᠷᠭᠠᠯ ᠲᠠᠢ︾ ᠭᠡᠵᠤ ᠪᠡᠶ᠎ᠡ ᠪᠠᠨ ᠪᠣᠳᠣᠬᠤ ᠳᠠᠭᠠᠨ ︽ᠭᠤᠨᠢᠵᠤ ᠭᠠᠩᠰᠠᠷᠠᠵᠤ ᠰᠠᠭᠤᠳᠠᠭ ᠬᠥᠮᠥᠨ︾ ᠢ ᠡᠭᠳᠡᠭᠦᠴᠡᠵᠦ ᠪᠠᠶᠢᠭᠰᠠᠨ ᠮᠠᠭᠠᠳ᠃ ᠲᠠ ᠥᠨᠥᠳᠥᠷ ᠢᠨᠢᠶᠡᠵᠦ᠂ ᠪᠠᠶᠠᠷᠯᠠᠵᠤ ᠪᠠᠶᠢᠭ᠎ᠠ ᠢᠶᠠᠷ ᠢᠶᠠᠨ ᠶᠢᠷᠲᠢᠨᠴᠦ ᠶᠢᠨ ᠬᠥᠮᠥᠨ ᠪᠦᠬᠦᠨ ᠢ ᠪᠠᠶᠠᠰᠬᠠᠵᠤ ᠪᠤᠢ ᠭᠡᠪᠡᠯ᠂ ᠲᠡᠭᠦᠨ ᠠᠴᠠ ᠬᠤᠳᠠᠯ᠂ ᠲᠡᠭᠦᠨ ᠠᠴᠠ ᠬᠤᠣᠷ ᠲᠠᠢ ᠵᠦᠢᠯ ᠪᠠᠶᠢᠬᠤ ᠦᠭᠡᠢ ᠶᠤᠮ᠃ ᠲᠠ ᠥᠨᠥᠳᠥᠷ ᠬᠡᠨ ᠢ ᠴᠦ ᠬᠠᠶᠢᠬᠤ ᠦᠭᠡᠢ᠂ ᠪᠢ ᠪᠠᠶᠢᠭᠰᠠᠨ ᠢᠶᠠᠷ ᠪᠦᠲᠦᠨ ᠭᠡᠵᠤ ᠪᠣᠳᠣᠵᠤ ᠪᠠᠶᠢᠭ᠎ᠠ ᠪᠣᠯ ᠲᠡᠭᠦᠨ ᠰᠢᠭ ᠰᠢᠪᠰᠢᠭᠲᠡᠢ ᠵᠦᠢᠯ ᠪᠠᠶᠢᠬᠤ ᠦᠭᠡᠢ ᠶᠤᠮ᠃ ᠲᠠ ᠤᠳᠠᠬᠤ ᠦᠭᠡᠢ ᠪᠤᠴᠠᠯᠵᠤ ᠰᠢᠯᠵᠠᠯᠤᠭᠳᠠᠬᠤ ᠭᠡᠵᠤ ᠪᠠᠶᠢᠭ᠎ᠠ ᠲᠣᠭᠤᠭᠠᠨ ᠳᠤ ᠪᠦᠯᠢᠶᠡᠴᠡᠵᠦ᠂ ᠲᠡᠭᠦᠨ ᠢᠶᠠᠨ ︽ᠬᠠᠯᠠᠭᠤᠨ ᠳᠤᠯᠠᠭᠠᠨ︾ ᠭᠡᠵᠤ ᠲᠣᠭᠤᠭᠠᠨ ᠤ ᠡᠵᠡᠨ ᠳᠤ ᠲᠠᠯᠠᠷᠬᠠᠨ ᠰᠥᠭᠦᠳᠴᠦ ᠮᠥᠷᠭᠦᠵᠦ᠂ ᠲᠡᠭᠦᠨ ᠢ ᠠᠮᠠ ᠬᠠᠮᠬᠢᠯ ᠦᠭᠡᠢ ᠮᠠᠭᠲᠠᠵᠤ ᠪᠠᠶᠢᠭ᠎ᠠ ᠪᠣᠯ ᠴᠢᠮ᠎ᠠ ᠠᠴᠠ ᠲᠡᠨᠡᠭ᠂ ᠬᠤᠭ ᠤᠨ ᠨᠣᠪᠰᠢ ᠭᠡᠵᠤ ᠥᠭᠡᠷ᠎ᠡ  ᠪᠠᠶᠢᠬᠤ ᠦᠭᠡᠢ ᠶᠤᠮ᠃ᠲᠡᠶᠢᠮᠦ ᠤᠴᠢᠷ ᠪᠢᠳᠠ ᠡᠬᠢᠯᠡᠭᠡᠳ ᠨᠠᠶᠢᠷᠠᠭᠴᠢ ᠶᠢ ᠶᠠᠭᠠᠬᠢᠭᠰᠠᠨ ᠣᠮᠣᠭᠯᠠᠩ ᠪᠤᠢ︖ ᠪᠢᠳᠠ ᠴᠢᠮ᠎ᠠ ᠶᠢ ᠬᠠᠶᠢᠭ᠎ᠠ ᠦᠭᠡᠢ ᠰᠢᠦ︕ ᠭᠡᠵᠤ ᠬᠡᠯᠡᠮᠡᠷ ᠰᠡᠳᠬᠢᠭᠳᠡᠭᠰᠡᠨ ᠪᠣᠯ ᠲᠡᠷᠡ ᠪᠦᠬᠦᠨ ᠠᠳᠡᠭᠦᠷᠡᠯ᠂ ᠮᠥᠨ ᠲᠡᠨᠡᠭᠯᠡᠯ᠂ ᠣᠶᠣᠨ ᠤ ᠬᠠᠷᠠᠩᠭᠤᠢ ᠪᠠᠶᠢᠵᠤ ᠮᠡᠳᠡᠬᠦ ᠶᠤᠮ᠃ ᠲᠡᠭᠡᠪᠡᠯ ᠪᠢᠳᠠ ᠨᠠᠶᠢᠷᠠᠭᠴᠢ ᠶᠢᠨ ︽ᠪᠢ︾ ᠶᠢ ︽ᠲᠡᠨᠳᠡ︾ ᠠᠴᠠ ᠪᠢᠰᠢ᠂ ᠥᠭᠡᠷ᠎ᠡ ᠬᠠᠮᠢᠭ᠎ᠠ ᠠᠴᠠ ᠡᠷᠢᠬᠦ ᠪᠤᠢ︖ ᠨᠠᠶᠢᠷᠠᠭᠴᠢ ᠶᠢᠨ ︽ᠪᠢ︾ ᠨᠢ ᠪᠢᠳᠠᠨ ᠤ ᠬᠡᠵᠢᠶ᠎ᠡ ᠴᠦ ᠡᠷᠢᠵᠦ ᠣᠯᠬᠤ ᠦᠭᠡᠢ ︽ᠨᠢᠭᠤᠴᠠ︾ ᠭᠠᠵᠠᠷ ᠪᠠᠶᠢᠯ᠎ᠠ᠃ ᠪᠣᠯᠭᠢᠭᠰᠠᠨ ᠲᠠᠭ᠎ᠠ ᠠᠴᠠ ᠤᠨᠠᠬᠤ ᠳᠤ ᠵᠥᠭᠡᠯᠡᠷᠡᠵᠦ ᠲᠣᠰᠣᠭᠰᠠᠨ ᠪᠤᠭᠤᠷᠤᠯ ᠳᠡᠭᠡᠳᠦᠰ ᠤᠨ ᠮᠢᠨᠢ ᠭᠠᠷ ᠢᠶᠠᠨ ᠲᠤᠯᠵᠤ ᠪᠣᠰᠣᠭᠰᠠᠨ ᠲᠡᠶᠢᠮᠦ ᠭᠠᠵᠠᠷ ᠲᠤ ᠴᠢᠨᠢ ᠪᠢ ᠪᠠᠶᠢᠨ᠎ᠠ ᠲᠡᠨᠳᠡ ᠠᠴᠠ ᠨᠠᠮ᠎ᠠ ᠶᠢ ᠬᠠᠶᠢᠭᠠᠷᠠᠢ︕ ᠥᠪᠡᠷ ᠤᠨ ᠬᠢ ᠪᠠᠷ ᠢᠶᠠᠨ ᠦᠯᠡᠳᠡᠭᠰᠡᠨ ᠭᠠᠭᠴᠠᠭᠠᠷᠳᠠᠯ ᠠᠴᠠ ᠁ ᠥᠷᠭᠡᠰᠦ ᠲᠠᠢ ᠪᠤᠲᠠᠨ ᠤ ᠳᠣᠣᠷ᠎ᠠ ᠦᠳᠡᠯᠡᠭᠡᠳ ᠶᠠᠪᠤᠭᠰᠠᠨ ᠲᠠᠤᠯᠠᠢ ᠶᠢᠨ ᠬᠡᠪᠲᠡᠷᠢ ᠠᠴᠠ ᠥ ᠰᠡᠪ᠂ ᠠᠯᠳᠠᠭᠠᠨ ᠤ ᠴᠤᠭᠯᠠᠷᠠᠯ ᠠᠴᠠ ᠁ ᠲᠠᠶᠢᠯᠤᠭ᠎ᠠ ᠦᠭᠡᠢ ᠣᠨᠢᠰᠤᠭ᠎ᠠ ᠲᠠᠭᠠᠪᠤᠷᠢ ᠲᠠᠨᠢᠯᠴᠠᠭ᠎ᠠ ᠦᠭᠡᠢ ᠨᠠᠶᠢᠵᠠ ᠶᠢᠨ ᠲᠣᠭᠤᠷᠢᠭ ᠠᠴᠠ ᠁ ᠣᠴᠢᠵᠤ ᠦᠵᠡᠭᠡ ᠦᠭᠡᠢ ᠭᠠᠵᠠᠷ ᠤᠨ ᠨᠢᠭᠤᠴᠠ ᠣᠭᠲᠣ ᠲᠣᠭᠤᠵᠤ ᠤᠩᠰᠢᠭ᠎ᠠ ᠦᠭᠡᠢ ᠰᠢᠯᠦᠭ ᠤᠨ ᠮᠥᠷ ᠠᠴᠠ ᠰᠠᠨᠠᠭᠠᠨ ᠳᠤ ᠦᠭᠡᠢ ᠵᠥᠷᠢᠵᠦ ᠥᠩᠭᠡᠷᠡᠭᠰᠡᠨ ᠰᠠᠷᠠ ᠰᠢᠭ᠋ ᠪᠦᠰᠡᠭᠦᠢ ᠶᠢᠨ ᠠᠩᠬᠠᠨ ᠤ ᠬᠠᠷᠠᠴᠠ ᠶᠢᠨ ᠳᠤᠷᠠᠯᠠᠯ ᠠᠴᠠ ᠮᠠᠷᠲᠠᠭᠳᠠᠭᠰᠠᠨ ᠶᠠᠭᠤᠮ᠎ᠠ ᠶᠢᠨ ᠰᠢᠨ᠎ᠡ ᠰᠠᠨᠠᠮᠵᠢ ᠠᠴᠠ ᠮᠠᠭᠠᠳ ᠦᠭᠡᠢ ᠮᠢᠨᠤ ᠨᠡᠷ᠎ᠡ ᠪᠠᠷ ᠬᠠᠰᠬᠢᠷᠴᠤ ᠰᠡᠷᠡᠬᠦ ᠬᠤᠵᠢᠮ ᠤᠨ ᠵᠠᠭᠤᠨ ᠠᠴᠠ ᠡᠷᠢᠵᠦ ᠣᠯᠣᠯ᠎ᠠ᠃ ︽ᠣᠯᠣᠯ᠎ᠠ ︾ ᠭᠡᠵᠤ ᠳ᠋ᠠ᠂ ᠣᠯᠬᠤ ᠶᠣᠰᠣᠲᠠᠢ ᠶᠢ ᠤᠬᠠᠭᠠᠷᠠᠵᠤ ᠮᠡᠳᠡᠯ᠎ᠡ᠃ ᠤᠬᠠᠭᠠᠷᠠᠵᠤ ᠮᠡᠳᠡᠭᠡᠳ ᠣᠶᠣᠨ ᠤ ᠮᠡᠯᠮᠡᠢ ᠨᠢ ︽ᠰᠣᠬᠤᠷ ᠨᠣᠮᠣᠨ︾ ᠰᠢᠭ᠋ ᠭᠡᠷᠡᠯ ᠦᠭᠡᠢ ᠪᠣᠯ ᠪᠠᠰᠠ ᠣᠯᠵᠤ ᠴᠢᠳᠠᠬᠤ ᠦᠭᠡᠢ ᠶᠤᠮ᠃ᠨᠠᠶᠢᠷᠠᠭᠴᠢ ᠶᠢᠨ ︽ᠪᠢ︾ ᠶᠢ ᠬᠠᠶᠢᠭᠰᠠᠭᠠᠷ ᠡᠴᠦᠰ ᠲᠤ ᠪᠢᠳᠠ ᠰᠠᠶ᠋ᠢ ᠥᠪᠡᠷ ᠤᠨ ︽ᠪᠢ︾ ᠶᠢ ᠲᠠᠨᠢᠵᠤ᠂ ᠨᠠᠶᠢᠷᠠᠭᠴᠢ ᠶᠢ ᠬᠠᠶᠢᠵᠤ ᠣᠯᠵᠠᠢ᠃ ᠡᠨᠡ ᠰᠢᠯᠦᠭ ᠲᠤ ᠨᠠᠶᠢᠷᠠᠭᠴᠢ ︽ᠨᠠᠮ᠎ᠠ︾ ᠶᠢ ᠬᠠᠶᠢᠬᠤ ᠶᠢᠨ ᠤᠴᠢᠷ ᠢ ᠥᠭᠦᠯᠡᠭᠡᠳ ᠪᠠᠶᠢᠭᠰᠠᠨ ᠨᠢ ᠡᠴᠦᠰ ᠲᠤ ᠬᠥᠮᠥᠨ ᠤ ︽ᠪᠢ︾ ᠶᠢ ᠡᠷᠢᠯᠬᠢᠯᠡᠭᠰᠡᠨ ᠬᠡᠷᠡᠭ ᠪᠠᠶᠢᠯ᠎ᠠ᠃ ᠪᠢᠳᠠ ︽ᠪᠢ︾ ᠦᠭᠡᠢ ᠪᠣᠯᠴᠢᠬᠠᠭᠰᠠᠨ ᠲᠤᠯᠠ ︽ᠬᠠᠰ ᠬᠤᠨᠳᠠᠭ᠎ᠠ ᠬᠠᠷᠰᠢᠯᠳᠤᠬᠤ ᠪᠣᠯᠣᠷ ᠣᠷᠳᠣᠨ ᠤ ᠬᠤᠶᠢᠮᠤᠷ ︵ᠪᠠᠶᠠᠷ ᠴᠡᠩᠭᠡᠯ︶ ᠠᠴᠠ᠂ ᠬᠠᠭᠠᠰ ᠳᠤᠲᠠᠭᠤ ᠠᠨᠢᠭᠠᠰᠤᠲᠠᠢ ᠨᠣᠶᠢᠷᠮᠤᠭ ᠨᠢᠳᠦᠨ ᠤ ᠵᠣᠪᠬᠢ ︵ᠭᠤᠨᠢᠭ ᠵᠣᠪᠠᠯᠠᠩ︶ ᠠᠴᠠ ᠁︾ ᠭᠡᠬᠦ ᠮᠡᠲᠦ ᠦᠵᠡᠭᠳᠡᠯ ᠳᠤ ᠭᠠᠭᠴᠠ ᠨᠢᠭᠡ ᠪᠤᠰᠤ ᠬᠡᠳᠦ ᠳᠠᠬᠢᠨ ᠢᠶᠠᠷ ᠪᠢᠳᠠ ᠣᠷᠣᠰᠢᠵᠤ ᠪᠠᠶᠢᠵᠠᠢ᠃ ᠭᠡᠲᠡᠯ᠎ᠡ ︽ᠪᠢ︾ ᠦᠭᠡᠢ᠂ ᠥᠭᠡᠷ᠎ᠡ ᠪᠠᠷ ᠬᠡᠯᠡᠪᠡᠯ ᠰᠦᠨᠡᠰᠦ ᠦᠭᠡᠢ ᠪᠡᠶ᠎ᠡ ᠣᠷᠣᠰᠢᠭᠰᠠᠭᠠᠷ ᠪᠠᠶᠢᠭᠰᠠᠨ ᠠᠵᠠᠢ᠃ ᠬᠥᠮᠥᠨ ᠪᠤᠰᠤ ᠴᠢᠳᠬᠦᠷ᠂ ᠪᠤᠭ ᠤᠨ ᠰᠢᠨᠵᠢ ᠴᠢᠨᠠᠷ ᠲᠠᠢ ᠪᠣᠯᠵᠤ᠂ ︽ᠠᠷᠠᠢ ᠶᠠᠳᠠᠭᠰᠠᠨ ᠨᠢᠭᠡ ᠪᠠᠨ ᠠᠩᠭᠠᠯ ᠤᠷᠤᠭᠤ ᠲᠦᠯᠬᠢᠳᠡᠭ︾ ᠁ ᠬᠠᠷᠠᠩᠭᠤᠢ ᠶᠢᠨ ᠳᠤᠮᠳᠠ ᠨᠢᠭᠦᠯ ᠬᠤᠷᠢᠶᠠᠵᠤ ᠪᠤᠰᠤᠳ ᠣᠯᠠᠨ ᠢ ᠲᠠᠮᠤᠯᠠᠵᠤ ᠪᠠᠶᠢᠭᠰᠠᠨ ᠬᠡᠷᠡᠭᠲᠡᠨ ᠨᠦᠭᠦᠳ ᠪᠠᠶᠢᠵᠠᠢ᠃ ᠲᠡᠶᠢᠮᠦᠷᠬᠦᠦ ︽ᠵᠢᠷᠭᠠᠯ︾ ᠲᠠᠢ ᠪᠡᠶ᠎ᠡ ᠶᠢᠨ ᠵᠣᠪᠠᠯᠠᠩ ᠨᠢ ᠤᠳᠬ᠎ᠠ ᠦᠭᠡᠢ᠂ ᠵᠢᠷᠭᠠᠯ ᠨᠢ ᠬᠡᠢ ᠬᠤᠭᠤᠰᠤᠨ᠂ ᠦᠢᠯᠡ ᠠᠵᠢᠯᠯᠠᠭ᠎ᠠ ᠨᠢ ᠨᠤᠷᠰᠢᠵᠤ ᠳᠠᠪᠲᠠᠭᠰᠠᠨ᠂ ᠣᠶᠢᠯᠠᠭᠠᠭᠳᠠᠰᠢ ᠦᠭᠡᠢ ᠬᠠᠴᠢᠨ ᠶᠢᠷᠲᠢᠨᠴᠦ ᠳᠤ ᠰᠦᠨᠡᠰᠦ ᠦᠭᠡᠢ ᠪᠢ ᠣᠷᠣᠰᠢᠵᠤ᠂ ᠨᠤᠷᠠᠬᠤ ᠭᠡᠵᠤ ᠪᠠᠶᠢᠭ᠎ᠠ ᠪᠠᠶᠢᠰᠢᠩ ᠳᠣᠲᠣᠷ᠎ᠠ ᠤᠳᠠᠬᠤ ᠦᠭᠡᠢ ᠪᠦᠭᠦᠳᠡ ᠰᠦᠢᠷᠡᠬᠦ ᠭᠡᠵᠤ ᠪᠠᠶᠢᠭᠰᠠᠨ ᠴᠦ ᠲᠡᠭᠦᠨ ᠢᠶᠠᠨ ᠰᠡᠷᠡᠵᠦ ᠮᠡᠳᠡᠬᠦ ᠦᠭᠡᠢ ᠪᠠᠷ ᠣᠮᠤᠭ ᠪᠠᠷᠳᠠᠮ ᠮᠠᠭᠤ ᠮᠠᠭᠤᠬᠠᠢ ᠪᠠᠷ ᠬᠠᠵᠠᠭᠤ ᠨᠢᠭᠡ  ᠪᠠᠨ ᠳᠠᠷᠤᠮᠲᠠᠯᠠᠵᠤ᠂ ᠵᠢᠩᠬᠢᠨᠢ ︽ᠬᠥᠮᠥᠨ ᠴᠢᠨᠠᠷ︾ ᠢᠶᠠᠨ ᠠᠯᠳᠠᠵᠤ᠂ ᠨᠠᠶᠢᠷᠠᠭᠴᠢ ᠶᠢᠨ ᠥᠭᠦᠯᠡᠭᠰᠡᠨ ︽ᠨᠠᠮ᠎ᠠ︾ ᠭᠡᠳᠡᠭ ᠤᠨ ᠤᠴᠢᠷ ᠤᠳᠬ᠎ᠠ ᠶᠢ ᠣᠯᠬᠤ ᠦᠭᠡᠢ ᠮᠤᠩᠭᠠᠨᠢᠵᠤ᠂ ᠥᠪᠡᠷ ᠤᠨ ᠵᠢᠷᠦᠬᠡ ᠤᠷᠤᠭᠤ ᠪᠠᠨ ᠵᠢᠳᠠ ᠦᠵᠦᠭᠦᠷᠯᠡᠨ᠂ ᠮᠠᠭᠤᠬᠠᠢ ᠨᠢᠳᠦ ᠪᠠᠷ ᠬᠠᠷᠠᠵᠤ ᠪᠠᠶᠢᠭᠰᠠᠨ ᠠᠵᠠᠢ᠃ ᠲᠡᠳᠡᠭᠡᠷ ᠬᠥᠮᠥᠰ ︵ᠮᠥᠨ ᠪᠢᠳᠠ ᠪᠠᠭᠲᠠᠨ᠎ᠠ︶ ᠲᠡᠨᠡᠭ ᠤᠨ ᠲᠤᠶᠢᠯ ᠳᠤ ᠬᠦᠷᠦᠭᠰᠡᠨ ᠪᠣᠯᠬᠤᠷ᠂ ᠵᠥᠪ ᠢ ᠶᠡᠷᠦ  ᠠᠴᠠ ᠰᠣᠯᠣᠭᠠᠢ ᠨᠢᠳᠦ ᠪᠠᠷ ᠬᠠᠷᠠᠵᠤ᠂ ᠨᠢᠭᠦᠯ ᠵᠣᠪᠠᠯᠠᠩ ᠢ ᠦᠢᠯᠡᠳᠴᠦ ᠶᠠᠪᠤᠭᠰᠠᠨ ᠠᠴᠠ ᠨᠠᠶᠢᠷᠠᠭᠴᠢ ᠶᠢᠨ ︽ᠪᠢ ︾ ᠶᠢ ᠣᠯᠬᠤ ᠦᠭᠡᠢ ᠶᠠᠪᠤᠭᠠᠳ ᠪᠠᠶᠢᠵᠠᠢ᠃ ᠪᠠᠰᠠ ᠥᠪᠡᠷ ᠤᠨ ︽ᠵᠢᠩᠬᠢᠨᠢ  ᠪᠢ︾ ᠶᠢ ᠠᠯᠳᠠᠭᠰᠠᠨ ᠢᠶᠠᠷ᠂ ᠬᠤᠪᠢ ᠪᠢ ᠶᠢᠨ ᠳᠤᠷᠠᠰᠢᠯ᠂ ᠲᠡᠨᠡᠭᠯᠡᠯ ᠢᠶᠠᠷ ᠪᠤᠷᠤᠭᠤ ᠵᠦᠭ ᠲᠤ ᠰᠣᠬᠤᠷ ᠢᠶᠠᠷ ︽ᠬᠠᠶᠢᠭᠠᠳ︾ ᠶᠠᠪᠤᠭᠰᠠᠨ ᠠᠵᠠᠢ ᠃ ︽ᠬᠠᠶᠢᠵᠤ ᠶᠠᠪᠤᠨ᠎ᠠ︾ ᠭᠡᠵᠤ ᠳ᠋ᠠ᠂ ᠶᠠᠭᠤ ᠬᠠᠶᠢᠬᠤ ᠪᠠᠨ ᠦᠯᠦ ᠮᠡᠳᠡᠨ᠂ ᠲᠡᠨᠡᠭᠷᠡᠵᠦ ᠲᠡᠨᠦᠭᠰᠡᠨ ᠬᠡᠷᠡᠭ ᠶᠤᠮ᠃ ᠡᠴᠦᠰ ᠲᠤ ᠨᠠᠶᠢᠷᠠᠭᠴᠢ ᠶᠢᠨ ᠵᠢᠭᠠᠭᠰᠠᠨ ᠢᠶᠠᠷ᠂ ᠰᠠᠶ᠋ᠢ ᠥᠪᠡᠷ ᠤᠨ ᠪᠢ ︵ᠵᠢᠩᠬᠢᠨᠢ ᠪᠢ︶ ᠶᠢ ᠣᠯᠵᠤ᠂ ᠨᠠᠶᠢᠷᠠᠭᠴᠢ ᠶᠢᠨ ︽ᠪᠢ︾ ᠲᠠᠢ ᠨᠢᠭᠡᠳᠴᠦ ᠴᠢᠳᠠᠭᠰᠠᠨ᠂ ᠡᠰᠡᠬᠦᠯ᠎ᠡ ᠡᠶᠢᠮᠦ ᠪᠣᠯᠣᠯᠴᠠᠭ᠎ᠠ ᠶᠢ ᠨᠠᠶᠢᠷᠠᠭᠴᠢ ᠰᠢᠯᠦᠭᠯᠡᠨ ᠭᠠᠷᠭᠠᠵᠠᠢ᠃ ᠲᠠ ᠪᠦᠬᠦᠨ ︵ᠮᠥᠨ ᠪᠢᠳᠠ ᠪᠠᠭᠲᠠᠨ᠎ᠠ︶ ᠨᠠᠶᠢᠷᠠᠭᠴᠢ ᠠᠴᠠ ᠵᠠᠶᠢᠳᠠᠭᠰᠠᠨ ᠮᠡᠲᠦ ᠪᠠᠶᠢᠭ᠎ᠠ ᠨᠢ ᠵᠢᠩᠬᠢᠨᠢ ᠤᠳᠬ᠎ᠠ  ᠳᠠᠭᠠᠨ ᠥᠪᠡᠷ ᠠᠴᠠ ᠪᠠᠨ ᠵᠠᠶᠢᠳᠠᠭᠰᠠᠨ ᠬᠡᠷᠡᠭ ᠪᠠᠶᠢᠵᠠᠢ᠃ ᠳᠡᠮᠡᠶᠢᠷᠡᠯ᠂ ᠲᠡᠨᠡᠭᠷᠡᠯ᠂ ᠬᠠᠷᠠᠩᠭᠤᠢ ᠶᠢᠨ ᠳᠤᠮᠳᠠ᠂ ᠥᠪᠡᠷ ᠤᠨ ᠵᠢᠷᠦᠬᠡ ᠤᠷᠤᠭᠤ ᠵᠢᠳᠠ ᠦᠵᠦᠭᠦᠷᠯᠡᠵᠦ ᠶᠠᠪᠤᠭ᠎ᠠ ᠪᠠᠨ ᠬᠡᠨ ᠴᠦ ᠰᠡᠷᠡᠵᠦ ᠮᠡᠳᠡᠭᠡ ᠦᠭᠡᠢ ᠲᠤᠯᠠ ᠡᠬᠢᠯᠡᠭᠡᠳ ᠨᠠᠶᠢᠷᠠᠭᠴᠢ ᠶᠢᠨ ︽ᠪᠢ︾ ᠶᠢ ᠥᠭᠡᠷ᠎ᠡ ᠪᠠᠷ ᠲᠥᠰᠥᠭᠡᠯᠡᠵᠦ᠂ ᠮᠥᠨ ᠰᠢᠯᠦᠭ ᠤᠨ ᠤᠳᠬ᠎ᠠ ᠰᠠᠨᠠᠭ᠎ᠠ ᠶᠢ ᠬᠤᠯᠠ᠂ ᠵᠠᠢ ᠲᠠᠢ᠂ ᠥᠪᠡᠷ ᠲᠤ ᠬᠠᠮᠢᠶ᠎ᠠ ᠦᠭᠡᠢ ᠮᠡᠲᠦ ᠣᠶᠢᠯᠠᠭᠠᠭᠰᠠᠨ ᠨᠢ ᠠᠳᠡᠭᠦᠷᠡᠯ ᠪᠠᠶᠢᠭᠰᠠᠨ ᠢ ᠤᠬᠠᠵᠤ ᠮᠡᠳᠡᠯ᠎ᠡ᠃ ᠲᠡᠶᠢᠮᠦ ᠤᠴᠢᠷ ᠨᠠᠶᠢᠷᠠᠭᠴᠢ ᠶᠢᠨ ︽ᠲᠡᠨᠳᠡ ᠠᠴᠠ ᠨᠠᠮ᠎ᠠ ᠶᠢ ᠪᠢᠲᠡᠭᠡᠢ ᠬᠠᠶᠢᠭᠠᠷᠠᠢ︾ ᠭᠡᠳᠡᠭ ᠨᠡᠷ᠎ᠡ ᠲᠠᠢ ᠂ ᠮᠥᠨ ︽ᠲᠡᠨᠳᠡ ᠠᠴᠠ ᠨᠠᠮ᠎ᠠ ᠶᠢ ᠬᠠᠶᠢᠭᠠᠷᠠᠢ︾ ᠭᠡᠬᠦ ᠲᠡᠭᠦᠰᠬᠡᠯ ᠲᠠᠢ ᠰᠢᠯᠦᠭ ᠲᠤ ᠬᠤᠶᠠᠷ ᠤᠳᠠᠭ᠎ᠠ ︽ᠲᠡᠨᠳᠡ ︾ ᠭᠡᠳᠡᠭ ᠦᠭᠡ ᠪᠠᠶᠢᠭ᠎ᠠ ᠠᠴᠠ ᠪᠠᠰᠠ ᠨᠢᠭᠡᠨ ᠰᠠᠨᠠᠭ᠎ᠠ ᠭᠠᠷᠴᠤ ᠪᠠᠶᠢᠭ᠎ᠠ ᠨᠢ ᠶᠠᠭᠤ ᠭᠡᠪᠡᠯ ᠤᠬᠠᠭᠠᠷᠠᠯ ᠶᠤᠮ᠃ ᠡᠴᠦᠰ ᠲᠤ ᠰᠡᠬᠡᠭᠡᠷᠡᠯ ᠤᠬᠠᠭᠠᠷᠠᠯ ᠯᠡ ᠰᠠᠶ᠋ᠢ ᠥᠪᠡᠷ ᠢᠶᠠᠨ ᠥᠪᠡᠷ ᠢ ᠪᠠᠨ ᠲᠠᠨᠢᠵᠤ ᠪᠣᠯᠬᠤ ᠶᠡᠭᠡ ᠤᠬᠠᠭᠠᠨ ᠢ ᠪᠢᠳᠠ ᠳᠤ ᠬᠡᠯᠡᠵᠦ ᠥᠭᠭᠦᠭᠰᠡᠨ ᠶᠤᠮ᠃ ᠨᠠᠶᠢᠷᠠᠭᠴᠢ ᠪᠤᠶᠠᠨᠪᠠᠲᠤ ᠶᠢᠨ ︽ᠲᠡᠨᠳᠡ ᠠᠴᠠ ᠨᠠᠮ᠎ᠠ ᠶᠢ ᠪᠢᠲᠡᠭᠡᠢ ᠬᠠᠶᠢᠭᠠᠷᠠᠢ︾ ᠭᠡᠳᠡᠭ ᠰᠢᠯᠦᠭ ᠲᠠᠢ ᠬᠤᠯᠪᠣᠭᠳᠠᠭᠤᠯᠤᠨ ᠨᠠᠶᠢᠷᠠᠭᠴᠢ ᠶᠢᠨ ︽ᠪᠢ︾ ︵ᠪᠢᠳᠠᠨ ᠣᠯᠠᠨ ᠤ ︽ᠵᠢᠩᠬᠢᠨᠢ ᠪᠢ︾︶ ᠶᠢ ᠢᠯᠡᠷᠬᠡᠶᠢᠯᠡᠭᠰᠡᠨ ᠪᠤᠰᠤᠳ ᠰᠢᠯᠦᠭ ᠢ ᠬᠠᠷᠢᠴᠠᠭᠤᠯᠤᠨ ᠦᠵᠡᠵᠦ ᠪᠣᠯᠬᠤ ᠶᠤᠮ᠃ ᠨᠠᠶᠢᠷᠠᠭᠴᠢ ᠪᠤᠶᠠᠨᠪᠠᠲᠤ ᠶᠢᠨ ᠰᠢᠯᠦᠭ ᠤᠨ ᠭᠤᠣᠯ ᠡᠷᠢᠯᠬᠢᠯᠡᠯ ᠪᠣᠯ ︽ᠪᠢ︾ ᠪᠣᠯᠬᠤ ᠪᠥᠭᠡᠳ ︽ᠪᠢ ᠪᠣᠯ ᠣᠷᠣᠰᠢᠬᠤᠢ︾ ᠭᠡᠬᠦ ᠰᠠᠨᠠᠭ᠎ᠠ ᠶᠤᠮ᠃ ᠡᠳᠦᠭᠡ ᠶᠢᠨ ᠬᠥᠮᠥᠨ᠂ ᠢᠯᠠᠩᠭᠤᠶ᠎ᠠ ᠮᠣᠩᠭᠤᠯ ᠬᠥᠮᠥᠨ ᠳᠤ ︽ᠪᠢ︾ ᠭᠡᠭᠡᠭᠳᠡᠭᠰᠡᠨ ᠤᠴᠢᠷ᠂ ᠥᠪᠡᠷ ᠢᠶᠠᠨ ᠥᠪᠡᠷ ᠢ ᠲᠠᠨᠢᠬᠤ ᠦᠭᠡᠢ᠂ ᠥᠷᠥᠭᠡᠯ ᠤᠨ ᠨᠢᠳᠦ ᠪᠠᠷ ᠶᠠᠭᠤᠮ᠎ᠠ ᠶᠢ ᠲᠠᠨᠢᠵᠤ᠂ ᠲᠠᠶᠢᠯᠪᠤᠷᠢᠯᠠᠵᠤ ᠪᠠᠶᠢᠬᠤ ᠨᠢ ᠨᠢᠳᠦ ᠲᠠᠢ ᠪᠠᠶᠢᠭᠠᠳ ᠰᠣᠬᠤᠷ᠂ ᠰᠦᠨᠡᠰᠦ ᠲᠠᠢ ᠪᠠᠶᠢᠭᠠᠳ ᠭᠡᠷᠡᠯ ᠦᠭᠡᠢ ︽ᠰᠠᠭᠠᠷᠠᠯ ᠬᠤᠲᠠ︾ ᠶᠢᠨ ᠬᠢ ᠮᠡᠲᠦ ᠪᠣᠯᠵᠠᠢ᠃ ᠲᠡᠭᠡᠪᠡᠯ ︽ᠪᠢ︾ ᠬᠠᠮᠢᠭ᠎ᠠ ᠪᠠᠶᠢᠨ᠎ᠠ ᠪᠤᠢ︖ ᠰᠥᠨᠥᠭᠰᠡᠨ ᠲᠠᠯ᠎ᠠ ᠰᠥᠨᠥᠭᠰᠡᠨ ᠮᠥᠷᠥᠭᠡᠳᠦᠯ ᠰᠥᠬᠦᠷᠡᠭᠰᠡᠨ ᠭᠡᠮᠰᠢᠯ ᠰᠦᠢᠷᠡᠭᠰᠡᠨ ᠢᠷᠡᠭᠡᠳᠦᠢ ᠨᠠᠮᠠᠶᠢ ᠡᠷᠢᠪᠡᠯ ᠠᠳᠡ ᠠᠴᠠ ᠨᠢ ᠡᠷᠢ ᠥᠭᠡᠷ᠎ᠡ ᠬᠠᠮᠢᠭ᠎ᠠ ᠠᠴᠠ ᠴᠦ ᠪᠢᠲᠡᠭᠡᠢ ᠡᠷᠢ︕ ᠪᠢ ᠣᠷᠣᠰᠢᠵᠤ ᠪᠠᠶᠢᠬᠤ ᠡᠰᠡᠬᠦ ᠪᠠᠨ ᠦᠯᠦ ᠮᠡᠳᠡᠨ᠎ᠡ ︵︽ᠰᠥᠨᠥᠭᠰᠡᠨ ᠲᠠᠯ᠎ᠠ︾︶ ᠪᠢ ᠵᠥᠪᠬᠡᠨ ᠨᠢᠭᠡ ᠯᠡ ᠬᠥᠮᠥᠨ ᠤ ᠲᠥᠯᠥᠭᠡ ᠰᠢᠯᠦᠭ ᠪᠢᠴᠢᠨᠡᠮ ᠲᠡᠷᠡ ᠨᠢ ᠪᠢ ᠥᠪᠡᠷ ᠢᠶᠠᠨ ᠶᠤᠮ᠃ ᠮᠢᠨᠤ ᠰᠢᠯᠦᠭ ᠢ ᠬᠡᠨ ᠴᠦ ᠤᠩᠰᠢᠬᠤ ᠦᠭᠡᠢ᠂ ᠬᠡᠨ ᠴᠦ ᠲᠣᠭᠤᠬᠤ ᠦᠭᠡᠢ ᠪᠠᠶᠢᠵᠤ ᠪᠣᠯᠣᠨ᠎ᠠ ᠪᠡᠯᠪᠡᠰᠦᠨ ᠰᠠᠷᠠ ᠬᠡᠨ ᠳᠤ ᠴᠦ ᠭᠤᠮᠣᠳᠠᠳᠠᠭ ᠦᠭᠡᠢ ᠰᠢᠭ ᠪᠢ ᠪᠠᠰᠠ ᠬᠡᠨ ᠳᠤ ᠴᠦ ᠭᠤᠮᠣᠳᠠᠬᠤ ᠦᠭᠡᠢ ᠡ ᠵᠥᠪᠬᠡᠨ ᠪᠢ ᠥᠪᠡᠷ ᠢᠶᠠᠨ ᠥᠪᠡᠷ ᠢ ᠪᠠᠨ ᠲᠠᠭᠠᠰᠢᠶᠠᠵᠤ᠂ ᠥᠪᠡᠷ ᠲᠡᠭᠡᠨ ᠲᠠᠶᠢᠳᠬᠤᠷᠠᠨ᠎ᠠ ᠶᠠᠭᠠᠬᠢᠭᠠᠳ ᠪᠣᠯᠬᠤ ᠦᠭᠡᠢ ᠭᠡᠵᠢ⁉ᠥᠪᠡᠷ ᠢ ᠪᠠᠨ ︽ᠳᠥᠩᠭᠡᠵᠦ︾᠂ ᠥᠪᠡᠷ ᠢ ᠢᠶᠠᠨ ᠤᠩᠰᠢᠬᠤ ᠭᠡᠵᠤᠰᠢᠯᠦᠭ ᠤᠨ ᠭᠦᠨ ᠤᠷᠤᠭᠤ ᠪᠢ ᠮᠥᠷᠥᠭᠡᠳᠦᠯ ᠮᠡᠲᠦ ᠵᠢᠳᠬᠦᠨᠡᠮᠡᠭᠦᠨ ᠠᠴᠠ ᠥᠭᠡᠷ᠎ᠡ ᠪᠠᠰᠠ ᠠᠵᠠ ᠠᠪᠢᠶᠠᠰ ᠬᠤᠶᠠᠷ ᠢᠳᠠᠷᠠᠭ᠎ᠠ ᠲᠥᠷᠥᠯ ᠳᠡᠭᠡᠨ ᠴᠦ ᠪᠢ ᠮᠡᠳᠡᠬᠦ ᠦᠭᠡᠢ ᠡ ︵︽ᠪᠢ ᠨᠢᠭᠡ ᠯᠡ ᠬᠥᠮᠥᠨ ᠤ ᠲᠥᠯᠥᠭᠡ ᠰᠢᠯᠦᠭ ᠪᠢᠴᠢᠨᠡᠮ︾ᠥᠪᠡᠷ ᠠᠴᠠ ᠪᠠᠨ ᠪᠢ ᠥᠪᠡᠷ ᠢ ᠪᠠᠨ ᠡᠷᠢᠵᠦ ᠴᠥᠬᠦᠯ᠎ᠡ᠃ ᠣᠯᠤᠭ᠎ᠠ ᠦᠭᠡᠢ ᠶᠤᠮᠪᠢ ᠬᠠᠮᠢᠭ᠎ᠠ ᠪᠠᠶᠢᠨ᠎ᠠ⁉ᠥᠷᠥᠭᠡᠯ ᠤᠨ ᠳᠣᠲᠣᠭᠠᠳᠤ ᠣᠷᠴᠢᠯᠠᠩ ᠠᠴᠠ ᠥᠪᠡᠷ ᠢ ᠪᠠᠨ ᠪᠠᠰᠠ ᠯᠡ ᠣᠯᠤᠭ᠎ᠠ ᠦᠭᠡᠢ ᠶᠤᠮᠪᠢ ᠬᠠᠮᠢᠭ᠎ᠠ ᠪᠠᠶᠢᠨ᠎ᠠ⁉ᠥᠪᠡᠷ ᠢ ᠪᠠᠨ ᠡᠷᠢᠬᠦ ᠲᠤᠲᠤᠮ ᠥᠪᠡᠷ ᠠᠴᠠ ᠪᠠᠨ ᠤᠯᠠᠮ ᠯᠡ ᠬᠤᠯᠠᠳᠠᠭᠰᠠᠭᠠᠷ ᠪᠠᠶᠢᠬᠤ ᠮᠡᠲᠦᠪᠢ ᠥᠪᠡᠷ ᠢᠶᠠᠨ ᠥᠭᠡᠷ᠎ᠡ ᠬᠥᠮᠥᠨ ᠮᠡᠲᠦ ︵︽ᠪᠢ ᠥᠪᠡᠷ ᠢᠶᠠᠨ ᠥᠭᠡᠷ᠎ᠡ ᠬᠥᠮᠥᠨ ᠮᠡᠲᠦ︾︶ ᠡᠳᠡᠭᠡᠷ ᠵᠢᠱᠢᠶᠡᠨ ᠳᠤ ᠨᠢᠭᠡ᠂ ︽ᠪᠢ︾ ᠬᠠᠮᠢᠭ᠎ᠠ ᠪᠠᠶᠢᠭ᠎ᠠ᠂ ᠶᠠᠮᠠᠷ ᠰᠢᠦ ᠰᠢᠨᠵᠢ ᠲᠠᠢ᠂ ᠣᠨᠴᠠᠯᠢᠭ ᠲᠠᠢ ᠪᠠᠶᠢᠬᠤ  ᠶᠢ︔ ᠬᠤᠶᠠᠷ᠂ ᠪᠢ ᠶᠠᠭᠠᠬᠢᠬᠤ ᠶᠣᠰᠣᠲᠠᠢ ᠶᠢ︔ ᠭᠤᠷᠪᠠ᠂ ᠥᠭᠡᠷᠡᠴᠢᠯᠡᠵᠦ ᠣᠨᠳᠣᠣᠰᠢᠭᠰᠠᠨ ᠪᠢ ᠠᠴᠠ ᠵᠠᠶᠢᠯᠠᠬᠤ  ᠶᠢ ᠵᠢᠭᠠᠵᠤ ᠳᠣᠬᠢᠨ᠂ ᠬᠡᠯᠡᠵᠦ ᠰᠠᠨᠠᠭᠤᠯᠤᠭᠰᠠᠨ ᠪᠠᠶᠢᠨ᠎ᠠ᠃  ︽ᠪᠢ︾ ᠶᠢ ᠢᠩᠭᠢᠵᠦ ᠲᠠᠨᠢᠭᠤᠯᠬᠤ ᠶᠢᠨ ᠤᠴᠢᠷ  ᠨᠢ ᠰᠠᠶ᠋ᠢ ᠬᠥᠮᠥᠨ ᠤ ᠣᠷᠣᠰᠢᠬᠤᠢ ᠶᠢᠨ ᠭᠦᠨ ᠤᠳᠬ᠎ᠠ ᠶᠢ ᠬᠠᠷᠠᠭᠤᠯᠵᠤ ᠴᠢᠳᠠᠵᠠᠢ᠃ ᠶᠢᠷᠲᠢᠨᠴᠦ ᠶᠢᠨ ᠶᠠᠮᠠᠷ ᠬᠡᠷᠡᠭ ᠶᠠᠭᠤᠮ᠎ᠠ ᠨᠢ ᠥᠪᠡᠷ ᠤᠨ ︽ᠪᠢ︾ ︵ᠰᠢᠨᠵᠢ ᠴᠢᠨᠠᠷ︶ ᠦᠭᠡᠢ ᠪᠠᠷ ᠣᠷᠣᠰᠢᠬᠤ ᠠᠷᠭ᠎ᠠ ᠦᠭᠡᠢ ᠶᠤᠮ᠃ ᠨᠠᠶᠢᠷᠠᠭᠴᠢ ᠪᠤᠶᠠᠨᠪᠠᠲᠤ ᠰᠢᠯᠦᠭ ᠵᠣᠬᠢᠶᠠᠯ ᠳᠤ ᠪᠠᠨ ︽ᠪᠢ︾ ᠭᠡᠭᠴᠢ ᠶᠠᠭᠤ ᠪᠤᠢ᠂ ᠪᠢᠳᠠᠨ ᠤ ︽ᠪᠢ︾ ᠪᠢᠳᠠᠨ  ᠳᠤ ᠲᠠᠨᠢᠭᠳᠠᠬᠤ ᠦᠭᠡᠢ ︽ᠬᠤᠯᠠᠳᠠᠵᠤ︾ ᠪᠠᠶᠢᠭ᠎ᠠ ᠶᠢ ᠬᠠᠷᠠᠭᠤᠯᠬᠤ ᠪᠠᠷ ᠪᠠᠷᠠᠬᠤ ᠦᠭᠡᠢ᠂ ᠥᠪᠡᠷ ᠤᠨ ᠪᠡᠶ᠎ᠡ ᠪᠠᠷ ︽ᠪᠢ︾ ᠶᠢ ᠢᠯᠡᠷᠬᠡᠶᠢᠯᠡᠭᠰᠡᠨ ᠨᠢ ᠨᠡᠩ ᠭᠦᠨ ᠠᠴᠢ ᠬᠤᠯᠪᠣᠭᠳᠠᠯ ᠲᠠᠢ ᠶᠤᠮ᠃ ᠲᠡᠷᠡ ᠰᠢᠯᠦᠭᠯᠡᠭᠰᠡᠨ ᠨᠢ᠄ᠬᠠᠪᠤᠷ ᠢᠷᠠᠵᠤ᠂ ᠨᠠᠮᠤᠷ ᠪᠤᠴᠠᠬᠤ ᠰᠢᠪᠠᠭᠤᠳ ᠤᠨ ᠲᠠᠪᠢᠯᠠᠩ ᠠᠴᠠ ᠪᠢ ᠠᠶᠤᠳᠠᠭᠬᠠᠪᠤᠷ ᠨᠠᠬᠢᠶᠠᠯᠠᠵᠤ᠂ ᠨᠠᠮᠤᠷ ᠬᠠᠭᠲᠠᠷᠠᠳᠠᠭ ᠡᠪᠡᠰᠦᠨ ᠤ ᠰᠢᠯᠲᠠᠭᠠᠨ ᠠᠴᠠ ᠪᠢ ᠵᠣᠪᠠᠳᠠᠭ ︵︽ᠴᠠᠭ ᠬᠤᠭᠤᠴᠠᠭ᠎ᠠ᠂ ᠨᠠᠰᠤ ᠵᠢᠯ︾︶ ᠬᠥᠮᠥᠨ ᠤ ᠡᠮᠦᠨᠡᠬᠢ ᠵᠠᠮ ᠬᠠᠷᠠᠩᠭᠤᠢ ᠰᠢᠦ︕ ᠭᠡᠵᠤ ᠡᠮᠧ ᠮᠢᠨᠢ ᠵᠠᠬᠢᠳᠠᠭ ᠪᠠᠶᠢᠭᠰᠠᠨᠪᠢ ᠲᠡᠷᠡ ᠬᠠᠷᠠᠩᠭᠤᠢ ᠪᠠᠷ ᠨᠢ ᠰᠢᠯᠦᠭ ᠪᠢᠴᠢᠭᠰᠡᠨᠬᠦᠴᠦᠷᠬᠡᠭ ᠦᠨᠡᠨ ᠳᠡᠭᠡᠨ ᠬᠡᠪᠡᠷᠡᠭ ᠪᠠᠶᠢᠳᠠᠭ ᠶᠤᠮ︕ ᠭᠡᠵᠤ ᠲᠡᠦᠬᠡ ᠨᠠᠳᠠ ᠳᠤ ᠰᠢᠪᠡᠨᠡᠭᠰᠡᠨᠪᠢ ᠲᠡᠷᠡ ᠦᠨᠡᠨ ᠢᠶᠠᠷ ᠨᠢ ᠰᠢᠯᠦᠭ ᠪᠢᠴᠢᠭᠰᠡᠨᠬᠡᠯᠡᠭᠡ ᠦᠭᠡᠢ ᠦᠭᠡ ᠯᠡ ᠬᠠᠮᠤᠭ ᠤᠨ ᠦᠨᠡᠲᠡᠢ︕ ᠭᠡᠵᠤ ᠬᠡᠨ ᠨᠢᠭᠡ ᠨᠢ ᠨᠠᠳᠠ ᠳᠤ ᠬᠡᠯᠡᠭᠰᠡᠨᠪᠢ ᠲᠡᠷᠡ ᠦᠭᠡ ᠪᠠᠷ ᠨᠢ ᠰᠢᠯᠦᠭ ᠪᠢᠴᠢᠭᠰᠡᠨ ᠭᠡᠭᠡᠨᠴᠢᠷ ᠶᠠᠭᠤᠮᠠᠨ ᠤ ᠨᠠᠰᠤ ᠪᠣᠭᠤᠨᠢᠬᠠᠨ ᠪᠢᠯᠡ︕ ᠭᠡᠵᠤ ᠶᠢᠷᠲᠢᠨᠴᠦ ᠶᠢᠨ ᠬᠠᠤᠯᠢ ᠨᠠᠳᠠ ᠳᠤ ᠰᠠᠨᠠᠭᠤᠯᠤᠭᠰᠠᠨᠪᠢ ᠲᠡᠷᠡ ︽ᠮᠥᠨ ᠴᠢᠨᠠᠷ︾ ᠢᠶᠠᠷ ᠨᠢ ᠰᠢᠯᠦᠭ ᠪᠢᠴᠢᠭᠰᠡᠨ ︵︽ᠰᠢᠯᠦᠭ ᠪᠢᠴᠢᠬᠦ ᠶᠢᠨ ᠰᠢᠯᠲᠠᠭᠠᠨ︾︶ᠡᠨᠡ ᠬᠤᠷᠸ᠎ᠠ ᠳᠤ ᠠᠩᠬ᠎ᠠ ᠢᠷᠡᠬᠦ ᠳᠡᠭᠡᠨ ᠪᠢᠣᠬᠢᠯᠠᠵᠤ ᠢᠷᠡᠭᠰᠡᠨᠳᠤᠷ᠎ᠠ ᠦᠭᠡᠢ ᠳᠡᠭᠡᠨ ᠪᠢᠰᠢ ᠡᠡᠵᠢ ᠶᠢᠨ ᠠᠯᠲᠠᠨ ᠬᠡᠪᠡᠯᠢ ᠠᠴᠠ ᠥᠭᠡᠷ᠎ᠡ ᠰᠣᠩᠭᠤᠳᠠᠭ ᠬᠡᠪᠲᠡᠷᠢ ᠦᠭᠡᠢ ᠪᠠᠶᠢᠭᠰᠠᠨᠡᠨᠡ ᠣᠷᠴᠢᠯᠠᠩ ᠳᠤ ᠲᠥᠷᠥᠬᠦ ᠳᠡᠭᠡᠨ ᠪᠢᠴᠢᠷᠠᠮᠠᠨ ᠨᠢᠴᠦᠭᠦᠨ ᠲᠥᠷᠥᠭᠰᠡᠨᠬᠤᠭᠤᠰᠤᠨ ᠳᠠᠭᠠᠨ ᠪᠢᠰᠢ ᠡᠬᠤᠷᠸ᠎ᠠ ᠠᠴᠠ ᠪᠤᠴᠠᠬᠤ ᠳᠠᠭᠠᠨ ᠪᠢ ᠶᠠᠭᠤ ᠴᠦ ᠠᠪᠴᠤ ᠶᠠᠪᠤᠬᠤ ᠦᠭᠡᠢ ᠪᠠᠨ ᠮᠡᠳᠡᠵᠦ ᠪᠠᠶᠢᠭᠰᠠᠨᠡᠨᠡ ᠶᠢᠷᠲᠢᠨᠴᠦ ᠳᠤ ᠢᠨᠢᠶᠡᠬᠦ ᠠᠴᠠ ᠪᠠᠨ ᠤᠷᠢᠳ ᠪᠢᠣᠬᠢᠯᠠᠵᠤ ᠰᠤᠷᠤᠭᠰᠠᠨᠵᠣᠪᠠᠯᠠᠩ ᠲᠠᠢ ᠳᠠᠭᠠᠨ ᠪᠢᠰᠢ ᠡᠬᠤᠳᠠᠯ ᠢᠨᠢᠶᠡᠳᠦᠨ ᠠᠴᠠ ᠵᠢᠩᠬᠢᠨᠢ ᠨᠢᠯᠪᠤᠰᠤ ᠦᠨᠡᠲᠡᠢ ᠪᠠᠶᠢᠭᠰᠠᠨ ᠁ᠡᠨᠡ ᠬᠤᠷᠸ᠎ᠠ ᠳᠤ ᠪᠢ︽ᠡᠵᠢ ᠡ︾ ᠭᠡᠰᠡᠨ ᠦᠭᠡ ᠪᠠᠷ ᠬᠡᠯᠡ ᠳᠤ ᠣᠷᠣᠭᠰᠠᠨᠦᠭᠡ ᠣᠯᠳᠠᠬᠤ ᠦᠭᠡᠢ ᠳᠡᠭᠡᠨ ᠪᠢᠰᠢ ᠡᠡᠭᠦᠨ ᠠᠴᠠ ᠢᠯᠡᠭᠦᠦ ᠠᠭᠤᠤ ᠦᠭᠡ ᠬᠠᠮᠢᠭ᠎ᠠ ᠴᠦ ᠪᠠᠶᠢᠬᠤ ᠦᠭᠡᠢ ᠪᠠᠶᠢᠭᠰᠠᠨ ︵︽ᠪᠠᠯᠴᠢᠷᠬᠠᠨ ᠨᠠᠰᠤᠨ ᠠᠴᠠ  ᠪᠠᠨ ᠬᠤᠷᠸ᠎ᠠ ᠶᠢ ᠤᠬᠠᠭᠠᠷᠠᠭᠰᠠᠨ ᠮᠢᠨᠢ ᠤᠴᠢᠷᠲᠠᠢ︾︶ᠶᠢᠷᠲᠢᠨᠴᠦ ᠳᠤ ᠬᠥᠮᠥᠨ ᠪᠣᠯᠬᠤ ᠵᠠᠶᠠᠭ᠎ᠠ ᠶᠢ ᠣᠯᠬᠤ ᠨᠢ ᠬᠤᠪᠣᠷ ᠳᠣᠬᠢᠶᠠᠯ ᠪᠣᠯᠬᠤ ᠶᠢᠨ ᠵᠡᠷᠭᠡᠴᠡᠭᠡ ᠬᠥᠮᠥᠨ ᠤ ᠰᠠᠶᠢᠬᠠᠨ ᠴᠢᠨᠠᠷ ᠢ ᠣᠯᠬᠤ ᠨᠢ ᠨᠡᠩ ᠴᠦ ᠤᠳᠬ᠎ᠠ ᠠᠭᠤᠯᠭ᠎ᠠ ᠲᠠᠢ ᠪᠣᠯᠬᠤ ᠶᠢ ︽ᠬᠠᠪᠤᠷ ᠢᠷᠠᠵᠤ᠂ ᠨᠠᠮᠤᠷ ᠪᠤᠴᠠᠬᠤ ᠰᠢᠪᠠᠭᠤᠳ ᠤᠨ ᠲᠠᠪᠢᠯᠠᠩ︾᠂ ︽ᠬᠠᠪᠤᠷ ᠨᠠᠬᠢᠶᠠᠯᠠᠵᠤ᠂ ᠨᠠᠮᠤᠷ ᠬᠠᠭᠲᠠᠷᠠᠳᠠᠭ ᠡᠪᠡᠰᠦᠨ ᠤ ᠰᠢᠯᠲᠠᠭᠠᠨ︾ ᠵᠡᠷᠭᠡ ᠠᠴᠠ ᠡᠮᠵᠡᠭᠯᠡᠵᠦ ᠵᠣᠪᠠᠵᠤ ᠪᠠᠶᠢᠭ᠎ᠠ ᠨᠢ ᠬᠥᠮᠥᠨ ᠤ ᠡᠷᠬᠢᠮ ᠴᠢᠨᠠᠷ ᠢ ᠬᠠᠷᠠᠭᠤᠯᠵᠤ᠂ ᠴᠢᠨᠠᠭᠰᠢᠳᠠ᠂ ᠬᠥᠮᠥᠨ  ᠤ ᠠᠮᠢᠳᠤᠷᠠᠨ ᠣᠷᠣᠰᠢᠬᠤ ᠢᠲᠡᠭᠡᠯ᠂ ᠰᠠᠶᠢᠬᠠᠨ ᠢ ᠪᠤᠢ ᠪᠣᠯᠭᠠᠬᠤ ᠶᠢᠨ ᠲᠤᠯᠠᠳᠠ ᠰᠢᠯᠢᠳᠡᠭ ᠢ ᠬᠤᠪᠳᠣᠭᠯᠠᠨ ᠡᠵᠡᠮᠰᠢᠬᠦ ᠪᠢᠰᠢ᠂ ᠬᠠᠷᠢᠨ ᠬᠠᠷᠠᠩᠭᠤᠢ ᠶᠢ ᠨᠢ ᠭᠡᠭᠡᠷᠡᠭᠦᠯᠵᠦ᠂ ᠬᠤᠳᠠᠯ ᠬᠠᠭᠤᠷᠮᠠᠭ ᠢ ᠤᠰᠠᠳᠬᠠᠵᠤ ᠦᠨᠡᠨ ᠪᠣᠯᠭᠠᠬᠤ᠂ ᠠᠰᠢᠭᠲᠠᠢ ᠦᠨᠡᠲᠡᠢ ᠶᠢ ᠢᠯᠡᠷᠬᠡᠶᠢᠯᠡᠬᠦ᠂ ᠡᠭᠦᠷᠢᠳᠡ ᠣᠷᠣᠰᠢᠬᠤ ᠮᠥᠨ ᠴᠢᠨᠠᠷ ᠢ ᠲᠤᠰᠬᠠᠬᠤ ᠵᠡᠷᠭᠡ ᠪᠠᠷ ︽ᠪᠢ︾ ᠶᠢᠨ ᠥᠪᠡᠷᠮᠢᠴᠡ᠂ ᠪᠦᠲᠦᠭᠡᠯᠴᠢ᠂ ᠦᠨ᠎ᠡ ᠥᠷᠳᠡᠭ ᠢ ᠲᠤᠰᠬᠠᠭᠰᠠᠨ ᠶᠤᠮ᠃ ᠨᠡᠩ ᠢᠯᠠᠩᠭᠤᠶ᠎ᠠ ︽ᠬᠤᠷᠸ᠎ᠠ ᠳᠤ ᠲᠥᠷᠥᠭᠰᠡᠨ ᠪᠢ︾ ᠶᠢᠨ ᠠᠵᠠ ᠪᠤᠶᠠᠨ ᠲᠠᠢ᠂ ᠤᠬᠠᠭᠠᠯᠢᠭ᠂ ᠴᠡᠪᠡᠷ ᠠᠷᠢᠭᠤᠨ᠂ ᠡᠷᠬᠢᠮ ᠳᠡᠭᠡᠳᠦ ᠶᠢ ︽ᠪᠠᠯᠴᠢᠷᠬᠠᠨ ᠨᠠᠰᠤᠨ ᠠᠴᠠ ᠪᠠᠨ ᠬᠤᠷᠸ᠎ᠠ ᠶᠢ ᠤᠬᠠᠭᠠᠷᠠᠭᠰᠠᠨ ᠮᠢᠨᠢ ᠤᠴᠢᠷᠲᠠᠢ︾ ᠰᠢᠯᠦᠭ ᠤᠨ ᠬᠡᠳᠦᠬᠡᠨ ᠮᠥᠷ ᠪᠠᠳᠠᠭ ᠲᠤ ᠳᠣᠷᠪᠢᠯᠢᠭ ᠢᠯᠡᠷᠬᠡᠶᠢᠯᠡᠭᠰᠡᠨ ᠨᠢ ᠭᠠᠶᠢᠬᠠᠯᠲᠠᠢ᠃︽ᠥᠩᠭᠡ ᠶᠢᠨ ᠴᠡᠴᠡᠭᠡᠰ ᠮᠢᠨᠤ ᠨᠢᠳᠦ ᠬᠤᠵᠢᠷᠯᠠᠬᠤ ᠭᠡᠵᠤ ᠳᠡᠯᠭᠡᠷᠡᠭᠡ ᠦᠭᠡᠢ ᠶᠢᠦᠵᠡᠰᠬᠦᠯᠡᠩᠲᠦ ᠪᠦᠰᠡᠭᠦᠢ ᠮᠢᠨᠤ ᠭᠡᠷᠭᠡᠢ ᠪᠣᠯᠬᠤ ᠭᠡᠵᠤ ᠲᠥᠷᠥᠭᠡ ᠦᠭᠡᠢ ᠶᠢᠣᠷᠴᠢᠯᠠᠩ ᠤᠨ ᠣᠳᠣᠳ ᠨᠠᠮᠠᠶᠢ ᠪᠠᠶᠠᠷᠯᠠᠭᠤᠯᠬᠤ ᠭᠡᠵᠤ ᠭᠡᠷᠡᠯᠲᠦᠭᠡ ᠦᠭᠡᠢ ᠶᠢᠣᠩᠭᠤᠳ ᠬᠥᠯᠥᠭ ᠤᠳ ᠨᠠᠳᠠ ᠪᠠᠷ ᠤᠨᠤᠭᠤᠯᠬᠤ ᠭᠡᠵᠤ ᠦᠦᠷᠰᠡᠭᠡ ᠦᠭᠡᠢ ᠶᠢ ᠁ ᠯᠡᠪᠢ ᠲᠣᠪ ᠲᠣᠳᠣᠷᠬᠠᠢ ᠮᠡᠳᠡᠨ᠎ᠡᠪᠢ ᠬᠡᠨ ᠪᠠᠶᠢᠭᠰᠠᠨ ᠶᠤᠮ ᠪᠤᠢ︖ᠵᠥᠪᠬᠡᠨ ᠮᠢᠨᠤ ᠯᠡ ᠲᠥᠯᠥᠭᠡ ᠠᠰᠠᠵᠤ ᠤᠨᠲᠠᠷᠠᠭᠰᠠᠨᠮᠢᠨᠤ ᠠᠮᠢᠰᠬᠤᠯ᠂ ᠮᠢᠨᠤ ᠰᠦᠨᠡᠰᠦ᠂ ᠮᠢᠨᠤ ᠰᠡᠭᠦᠳᠡᠷ᠂ ᠮᠢᠨᠤ ᠦᠵᠡᠯ ᠰᠠᠨᠠᠭ᠎ᠠ ᠯᠡ ᠁ ᠮᠡᠳᠡᠨ᠎ᠡ ︵︽ᠥᠪᠡᠷ ᠢ  ᠪᠠᠨ ᠲᠠᠨᠢᠬᠤ ᠶᠢᠨ ᠭᠠᠶᠢᠬᠠᠮᠰᠢᠭ ᠪᠤᠶᠤ ᠦᠯᠦ ᠣᠷᠣᠰᠢᠭᠴᠢ ᠪᠢ︾︶ ᠭᠡᠰᠡᠨ ᠮᠥᠷ ᠪᠠᠳᠠᠭ ᠠᠴᠠ ᠨᠠᠶᠢᠷᠠᠭᠴᠢ ᠶᠢᠨ ᠭᠠᠶᠢᠬᠠᠮᠰᠢᠭᠲᠠᠢ ︽ᠪᠢ︾ ᠶᠢ ᠣᠯᠵᠤ ᠮᠡᠳᠡᠭᠰᠡᠨ ᠤ ᠳᠠᠭᠠᠤ᠂ ᠤᠩᠰᠢᠭᠴᠢ ᠪᠦᠬᠦᠨ ︽ᠪᠢ ᠬᠡᠨ ᠪᠠᠶᠢᠭᠰᠠᠨ ᠶᠤᠮ ᠪᠤᠢ︖︾ ᠭᠡᠵᠤ ᠥᠪᠡᠷ ᠠᠴᠠ ᠪᠠᠨ ᠠᠰᠠᠭᠤᠵᠤ ᠪᠣᠯᠬᠤ ᠶᠤᠮ᠃ ᠲᠡᠭᠡᠪᠡᠯ ᠪᠢᠳ᠋ᠨ ᠥᠪᠡᠷ ᠤᠨ ᠢᠶᠠᠨ ︽ᠪᠢ︾  ᠶᠢ ᠣᠯᠵᠤ ᠠᠪᠬᠤ ᠪᠣᠯᠣᠮᠵᠢ ᠲᠠᠢ ᠪᠣᠯᠪᠠ᠃ ᠭᠡᠲᠡᠯ᠎ᠡ ᠪᠢᠳᠠᠨ ᠳᠤ ᠪᠠᠰᠠ ᠨᠢᠭᠡᠨ ᠵᠢᠭᠦᠷ ᠳᠤᠲᠠᠯ᠎ᠠ᠃ ᠲᠡᠷᠡ ᠨᠢ ᠶᠠᠭᠤ ᠪᠤᠢ ᠭᠡᠪᠡᠯ ︽ᠮᠢᠨᠤ ᠠᠮᠢᠰᠬᠤᠯ᠂ ᠮᠢᠨᠤ ᠰᠦᠨᠡᠰᠦ᠂ ᠮᠢᠨᠤ ᠰᠡᠭᠦᠳᠡᠷ᠂ ᠮᠢᠨᠤ ᠦᠵᠡᠯ ᠰᠠᠨᠠᠭ᠎ᠠ ᠯᠡ ᠁  ︾ ᠶᠤᠮ᠃ ᠪᠢᠳᠠᠨ ᠳᠤ ᠪᠠᠶᠢᠭ᠎ᠠ᠂ ᠮᠥᠨ ︽ᠮᠢᠨᠤ︾ ᠭᠡᠵᠤ ᠪᠠᠶᠢᠭ᠎ᠠ ︽ᠠᠮᠢᠰᠬᠤᠯ᠂ ᠰᠦᠨᠡᠰᠦ᠂  ᠰᠡᠭᠦᠳᠡᠷ᠂ ᠦᠵᠡᠯ ᠰᠠᠨᠠᠭ᠎ᠠ ᠯᠡ ᠁  ︾ ᠨᠢ ︽ᠮᠢᠨᠤ ᠪᠢᠰᠢ︾ ᠪᠠᠶᠢᠭ᠎ᠠ ᠠᠴᠠ ᠪᠢᠳᠠ ︽ᠪᠢ︾ ᠶᠢ ᠪᠠᠨ ᠣᠯᠵᠤ ᠴᠢᠳᠠᠬᠤ ᠲᠥᠭᠡᠷᠢᠭᠳᠡᠯ ᠮᠠᠨᠠᠨ ᠳᠤ ᠣᠷᠣᠭᠰᠠᠨ ᠢ ᠨᠠᠶᠢᠷᠠᠭᠴᠢ ᠢᠯᠡᠷᠬᠡᠶᠢᠯᠡᠨ ᠭᠠᠷᠭᠠᠵᠠᠢ᠃ ᠵᠢᠱᠢᠶ᠎ᠡ ᠨᠢ ᠪᠢᠳᠠ ᠴᠥᠮ ︽ᠠᠰᠢᠭ ᠬᠠᠷᠠᠬᠤ ᠨᠢᠳᠦᠨ ᠪᠦᠷᠬᠦᠪᠴᠢ ᠲᠠᠢ︾ ︵ᠪᠧᠷᠭᠡᠰᠤᠨ ᠤ ᠦᠭᠡ︶ ᠤᠴᠢᠷ᠂ ︽ᠥᠩᠭᠡ ᠶᠢᠨ ᠴᠡᠴᠡᠭᠡᠰ︾᠂ ︽ᠦᠵᠡᠰᠬᠦᠯᠡᠩᠲᠦ ᠪᠦᠰᠡᠭᠦᠢ︾᠂ ︽ᠣᠷᠴᠢᠯᠠᠩ ᠤᠨ ᠣᠳᠣᠳ︾᠂ ︽ᠣᠩᠭᠤᠳ ᠬᠥᠯᠥᠭ︾ ᠤᠳ ᠢ ᠥᠪᠡᠷ  ᠲᠤ ᠪᠠᠨ ᠵᠣᠷᠢᠭᠤᠯᠤᠭᠳᠠᠭᠰᠠᠨ ᠮᠡᠲᠦ ᠪᠣᠳᠣᠵᠤ᠂ ᠬᠤᠪᠳᠣᠭᠯᠠᠵᠤ ᠰᠢᠨᠤᠬᠠᠶᠢᠷᠠᠵᠤ᠂ ᠥᠪᠡᠷ ᠢ ᠮᠡᠬᠡᠯᠡᠨ᠂ ᠥᠪᠡᠷ  ᠢᠶᠠᠨ ᠰᠥᠨᠥᠬᠦ ᠳᠤ ᠬᠦᠷᠴᠦ ᠪᠠᠶᠢᠭ᠎ᠠ ᠪᠢᠰᠢ ᠦᠦ⁉ ᠨᠠᠶᠢᠷᠠᠭᠴᠢ ᠠᠴᠠ ᠴᠢᠨᠠᠭᠰᠢ ᠰᠢᠯᠦᠭᠯᠡᠭᠰᠡᠨ ᠨᠢ ᠪᠢ ᠪᠣᠯ ᠨᠠᠷᠠᠨ ᠵᠦᠭ ᠤᠷᠤᠰᠤᠭᠠᠳ ᠤᠷᠤᠰᠤᠭᠠᠳ ᠬᠦᠷᠴᠦ ᠴᠢᠳᠠᠭ᠎ᠠ ᠦᠭᠡᠢ ᠵᠠᠮ ᠵᠠᠭᠤᠷ᠎ᠠ ᠪᠠᠨ ᠠᠭᠤᠷᠰᠢᠭᠰᠠᠨ ᠪᠣᠷᠣᠭᠠᠨ ᠤ ᠳᠤᠷᠠᠯᠠᠯ ᠶᠤᠮ ᠪᠢ ᠪᠣᠯ ᠦᠬᠦᠭᠰᠡᠨ ᠬᠥᠮᠥᠨ ᠤᠷᠤᠭᠤ ᠭᠦᠶᠦᠭᠡᠳ ᠭᠦᠶᠦᠭᠡᠳ ᠬᠦᠷᠴᠦ ᠴᠢᠳᠠᠭ᠎ᠠ ᠦᠭᠡᠢ ᠮᠥᠬᠦᠭᠰᠡᠨ ᠦᠭᠡᠨ ᠤ ᠰᠡᠭᠦᠯᠴᠢ ᠶᠢᠨ ᠭᠠᠭᠴᠠ ᠵᠠᠯᠪᠠᠷᠢᠯ ᠶᠤᠮ ᠪᠢ ᠪᠣᠯ ᠳᠠᠶᠢᠰᠤᠨ ᠤ ᠪᠠᠨ ᠵᠢᠷᠦᠬᠡ ᠤᠷᠤᠭᠤ ᠨᠢᠰᠦᠭᠡᠳ ᠨᠢᠰᠦᠭᠡᠳ ᠬᠦᠷᠴᠦ ᠴᠢᠳᠠᠭ᠎ᠠ ᠦᠭᠡᠢ ᠵᠦᠭ ᠢᠶᠠᠨ ᠪᠤᠷᠤᠭᠤᠯᠠᠵᠤ ᠵᠢᠪᠡᠷᠡᠭᠰᠡᠨ ᠬᠦᠷᠡᠯ ᠰᠤᠮᠤᠨ ᠤ ᠬᠠᠷᠠᠮᠰᠠᠯ ᠶᠤᠮ ᠪᠢ ᠪᠣᠯ ᠡᠳᠦᠭᠡ ᠠᠴᠠ ᠡᠳᠦᠭᠡ ᠤᠷᠤᠭᠤ ᠵᠢᠳᠬᠦᠭᠡᠳ ᠵᠢᠳᠬᠦᠭᠡᠳ ᠬᠦᠷᠴᠦ ᠴᠢᠳᠠᠭ᠎ᠠ ᠦᠭᠡᠢ ᠴᠥᠬᠦᠷᠡᠭᠰᠡᠨ ᠶᠡᠭᠡ ᠨᠡᠭᠦᠳᠡᠯ ᠤᠨ ᠡᠬᠢᠨ ᠤ ᠮᠥᠷᠥᠭᠡᠳᠦᠯ ᠶᠤᠮ ︵︽ᠪᠠᠯᠴᠢᠷᠬᠠᠨ ᠨᠠᠰᠤᠨ ᠠᠴᠠ ᠪᠠᠨ ᠬᠤᠷᠸ᠎ᠠ ᠶᠢ ᠤᠬᠠᠭᠠᠷᠠᠭᠰᠠᠨ ᠮᠢᠨᠢ ᠤᠴᠢᠷᠲᠠᠢ︾︶ ᠭᠡᠵᠡᠢ᠃ᠨᠠᠶᠢᠷᠠᠭᠴᠢ ᠪᠤᠶᠠᠨᠪᠠᠲᠤ ᠶᠢᠨ ᠰᠢᠯᠦᠭ ᠵᠣᠬᠢᠶᠠᠯ ᠳᠠᠬᠢ ᠡᠨᠡ ᠬᠡᠳᠦᠨ ᠮᠥᠷ ᠪᠢᠳᠠᠨ ᠤ ᠵᠢᠷᠦᠬᠡ ᠶᠢ ᠨᠡᠪᠲᠡᠯᠵᠦ᠂ ᠡᠮᠭᠡᠨᠢᠯ ᠬᠠᠷᠠᠮᠰᠠᠯ ᠢ ᠲᠥᠷᠥᠭᠦᠯᠵᠦ ᠪᠠᠶᠢᠨ᠎ᠠ᠃ ᠪᠢᠳᠠᠨ ᠪᠦᠬᠦᠨ ᠰᠠᠶᠢᠨ ᠤ ᠲᠥᠯᠥᠭᠡ ᠲᠡᠮᠡᠴᠡᠵᠦ ᠪᠠᠶᠢᠭ᠎ᠠ ᠴᠦ ᠦᠨᠡᠨ ᠰᠡᠳᠬᠢᠯᠲᠡᠨ ᠨᠢ ︽ᠪᠣᠷᠣᠭᠠᠨ ᠤ ᠳᠤᠷᠠᠯᠠᠯ ︵ᠳᠤᠰᠤᠯ︶︾ ᠠᠳᠠᠯᠢ ᠠᠭᠤᠰᠤᠨ ᠬᠠᠳᠠᠵᠤ ᠪᠠᠶᠢᠭ᠎ᠠ ᠲᠤᠯᠠ ︽ᠳᠤᠰᠤᠯ ᠢᠶᠠᠷ ᠬᠤᠷᠠᠮᠳᠤᠭᠤᠯᠳᠠᠭ ᠳᠠᠯᠠᠢ︾ ᠬᠤᠷᠣᠭᠳᠠᠵᠤ ᠪᠠᠶᠢᠨ᠎ᠠ ᠭᠡᠰᠡᠨ ᠦᠭᠡ᠃ ︽ᠦᠬᠦᠭᠰᠡᠨ ᠬᠥᠮᠥᠨ︾ ︵ᠥᠩᠭᠡᠷᠡᠭᠰᠡᠨ ᠲᠡᠦᠬᠡ᠂ ᠥᠪ ᠰᠣᠶᠣᠯ ᠭᠡᠰᠡᠨ ᠦᠭᠡ︶ ᠤᠷᠤᠭᠤ ︽ᠭᠦᠶᠦᠭᠡᠳ ᠭᠦᠶᠦᠭᠡᠳ︾ ᠥᠪ ᠢᠶᠠᠨ ᠵᠠᠯᠭᠠᠮᠵᠢᠯᠠᠵᠤ ᠴᠢᠳᠠᠭ᠎ᠠ ᠦᠭᠡᠢ ᠬᠠᠷᠠᠮᠰᠠᠯ᠂ ᠳᠠᠶᠢᠰᠤᠨ ᠢ ᠤᠰᠠᠳᠬᠠᠭ᠎ᠠ ᠦᠭᠡᠢ ᠡᠷᠭᠢᠭᠡᠳ ᠵᠢᠪᠡ ᠨᠢ ᠵᠢᠪᠡᠷᠡᠵᠦ ᠪᠤᠯᠠᠭᠳᠠᠭᠰᠠᠨ ᠣᠪᠣᠭᠠᠷᠠᠯ᠂ ᠨᠡᠩ ᠢᠯᠠᠩᠭᠤᠶ᠎ᠠ ︽ᠡᠳᠦᠭᠡ ᠠᠴᠠ ᠡᠳᠦᠭᠡ ᠤᠷᠤᠭᠤ ᠵᠢᠳᠬᠦᠭᠡᠳ ᠵᠢᠳᠬᠦᠭᠡᠳ ᠬᠦᠷᠴᠦ ᠴᠢᠳᠠᠭ᠎ᠠ ᠦᠭᠡᠢ ᠴᠥᠬᠦᠷᠡᠭᠰᠡᠨ ᠶᠡᠭᠡ ᠨᠡᠭᠦᠳᠡᠯ ᠤᠨ ᠡᠬᠢᠨ ᠤ ᠮᠥᠷᠥᠭᠡᠳᠦᠯ︾ ᠪᠣᠯᠵᠤ ᠦᠯᠡᠳᠡᠵᠦ ᠪᠠᠶᠢᠭ᠎ᠠ  ᠨᠢ ︽ᠪᠢ︾ ᠪᠠᠨ ᠠᠯᠳᠠᠭᠰᠠᠨ ᠤ ᠤᠷᠰᠢᠭ ᠶᠤᠮ᠃ ︽ᠪᠢ ᠪᠣᠯ ᠣᠷᠣᠰᠢᠬᠤᠢ︾᠂ ︽ᠣᠷᠣᠰᠢᠬᠤᠢ ᠪᠣᠯ ᠮᠥᠨ ᠴᠢᠨᠠᠷ︾᠂ ᠣᠷᠣᠰᠢᠬᠤᠢ ᠪᠠᠨ ᠠᠯᠳᠠᠪᠠᠯ ᠮᠥᠨ ᠴᠢᠨᠠᠷ ᠦᠭᠡᠢ ᠪᠣᠯᠬᠤ᠂ ᠮᠥᠨ ᠪᠢ ᠪᠠᠨ ᠠᠯᠳᠠᠵᠤ ᠪᠠᠶᠢᠭ᠎ᠠ ᠬᠡᠷᠡᠭ ᠶᠤᠮ᠃ ᠪᠢ ᠪᠠᠨ ᠠᠯᠳᠠᠪᠠᠯ ︽ᠥᠪᠡᠷ ᠢᠶᠠᠨ ᠥᠪᠡᠷ ᠢ ᠪᠠᠨ ᠲᠠᠨᠢᠬᠤ ᠦᠭᠡᠢ︾᠂ ︽ᠥᠪᠡᠷ ᠢᠶᠠᠨ ᠥᠪᠡᠷ ᠠᠴᠠ  ᠪᠠᠨ ᠤᠯᠠᠮ ᠬᠤᠯᠠᠳᠠᠵᠤ ᠪᠠᠶᠢᠭ᠎ᠠ︾ ᠬᠡᠷᠡᠭ ᠶᠤᠮ᠃ ᠡᠶᠢᠮᠦ ᠠᠴᠠ ᠪᠤᠶᠠᠨᠪᠠᠲᠤ ᠨᠠᠶᠢᠷᠠᠭᠴᠢ ᠶᠢᠨ ᠨᠠᠶᠢᠷᠠᠭ ᠲᠤ ᠬᠡᠨ ᠬᠥᠮᠥᠨ ᠤ ︽ᠬᠡᠯᠡᠭᠡ ᠦᠭᠡᠢ ᠦᠭᠡ︾ ᠶᠢᠨ ︽ᠬᠠᠮᠤᠭ ᠤᠨ ᠦᠨᠡᠲᠡᠢ︾ ᠵᠦᠢᠯ ᠣᠷᠣᠰᠢᠨᠠᠮ᠃ ᠥᠪᠡᠷ ᠢ ᠪᠠᠨ ᠣᠯᠵᠤ ᠲᠠᠨᠢᠵᠤ᠂ ︽ᠥᠪᠡᠷ ᠲᠤ ᠪᠠᠨ ᠵᠣᠷᠢᠭᠤᠯᠵᠤ ᠰᠢᠯᠦᠭ ᠪᠢᠴᠢᠳᠡᠭ︾ ᠤᠬᠠᠭᠠᠷᠠᠯ ᠣᠷᠣᠰᠢᠨᠠᠮ᠃ ᠨᠡᠩ ᠢᠯᠠᠩᠭᠤᠶ᠎ᠠ ᠪᠢᠳᠠᠨ ᠤ ᠮᠥᠬᠦᠯ ᠰᠡᠬᠡᠯ᠂ ᠥᠪᠡᠷ ᠤᠨ ᠪᠢ ᠪᠤᠶᠤ ᠥᠭᠡᠷ᠎ᠡ ᠪᠣᠯᠣᠭᠰᠠᠨ ᠪᠢ ᠴᠥᠮ ᠢᠶᠠᠷ ᠣᠷᠣᠰᠢᠨᠠᠮ ᠃ ᠭᠠᠭᠴᠠ ᠬᠦ ᠰᠡᠬᠡᠬᠦ᠂ ᠣᠷᠣᠰᠢᠬᠤᠢ ᠪᠠᠨ ᠣᠯᠬᠤ᠂ ᠠᠮᠢᠳᠤᠷᠠᠬᠤ ᠬᠦᠰᠡᠯᠡᠩ ᠤᠨ ᠭᠡᠷᠡᠯ ᠭᠢᠯᠪᠠᠭ᠎ᠠ ᠶᠢ ᠨᠢᠳᠦ ᠪᠠᠶᠢᠭᠠᠳ ︽ ᠰᠣᠬᠤᠷ︾ ᠪᠢᠰᠢ ᠪᠣᠯ᠂ ᠵᠢᠷᠦᠬᠡ ᠨᠢ ︽ᠭᠤᠣᠯ︾ ᠲᠠᠢ ᠪᠣᠯ ᠨᠠᠶᠢᠷᠠᠭᠴᠢ ᠶᠢᠨ ᠰᠢᠯᠦᠭ ᠵᠣᠬᠢᠶᠠᠯ  ᠠᠴᠠ ᠣᠯᠵᠤ ᠴᠢᠳᠠᠨ᠎ᠠ ᠭᠡᠳᠡᠭ ᠲᠤ ᠢᠲᠡᠭᠡᠵᠦ ᠪᠠᠶᠢᠨ᠎ᠠ᠃ ᠳᠡᠭᠡᠷ᠎ᠡ ᠥᠭᠦᠯᠡᠭᠰᠡᠨ ᠢ ᠲᠣᠪᠴᠢ ᠪᠠᠷ ᠳ᠋ᠦᠩᠨᠡᠨ ᠬᠡᠯᠡᠪᠡᠯ᠂ ᠨᠠᠶᠢᠷᠠᠭᠴᠢ ᠪᠤᠶᠠᠨᠪᠠᠲᠤ ᠶᠢᠨ ︽ᠲᠡᠨᠳᠡ ᠠᠴᠠ ᠨᠠᠮ᠎ᠠ  ᠶᠢ ᠪᠢᠲᠡᠭᠡᠢ ᠬᠠᠶᠢᠭᠠᠷᠠᠢ︾ ᠭᠡᠬᠦ ᠰᠢᠯᠦᠭ ᠨᠢ ᠪᠢᠳᠠᠨ ᠳᠤ ᠶᠠᠭᠤ ᠥᠭᠪᠡ ᠭᠡᠪᠡᠯ᠂ ᠨᠢᠭᠡᠳᠦᠭᠡᠷ ᠲᠤ ᠰᠠᠨᠠᠭᠠᠨ ᠳᠤ ᠦᠭᠡᠢ᠂ ᠪᠣᠳᠣᠯ ᠳᠤ ᠦᠭᠡᠢ ᠶᠠᠮᠠᠷ ᠨᠢᠭᠡᠨ ᠶᠠᠭᠤᠮ᠎ᠠ ᠶᠢ ᠬᠠᠶᠢᠬᠤ ᠪᠣᠯᠭᠠᠭᠰᠠᠨ ᠶᠤᠮ᠃ ᠬᠤᠶᠠᠳᠤᠭᠠᠷ ᠲᠤ᠂ ᠬᠠᠶᠢᠵᠤ ᠶᠠᠪᠤᠭᠰᠠᠨ ᠤ ᠡᠴᠦᠰ ᠲᠤ ᠣᠯᠪᠠ᠃ ᠭᠤᠷᠪᠠᠳᠤᠭᠠᠷ ᠲᠤ᠂ ᠣᠯᠣᠭᠰᠠᠨ ᠤ ᠡᠴᠦᠰ ᠲᠤ ᠲᠠᠬᠢᠨ ᠬᠠᠶᠢᠬᠤ᠂ ᠡᠷᠡᠮᠡᠯᠵᠡᠯᠡᠬᠦ ᠪᠣᠯᠭᠠᠪᠠ᠃ ᠥᠪᠡᠷ ᠤᠨ ︽ᠪᠢ︾ ᠶᠢ ᠣᠯᠣᠭᠰᠠᠨ ᠢᠶᠠᠷ ᠬᠥᠮᠥᠰ ᠰᠠᠶ᠋ᠢ ᠶᠢᠷᠲᠢᠨᠴᠦ ᠶᠢ ᠰᠢᠨ᠎ᠡ ᠨᠢᠳᠦ  ᠪᠠᠷ ᠬᠠᠷᠠᠬᠤ ᠪᠣᠯᠵᠤ᠂ ᠰᠢᠨ᠎ᠡ ᠵᠢᠷᠦᠬᠡ ᠪᠠᠷ ᠮᠡᠳᠡᠷᠡᠬᠦ ᠪᠣᠯᠣᠭᠰᠠᠨ ᠶᠤᠮ᠃ ᠶᠢᠷᠲᠢᠨᠴᠦ ᠪᠠᠰᠠ ᠰᠢᠨ᠎ᠡ ᠪᠠᠷ ᠬᠠᠷᠠᠭᠳᠠᠵᠤ᠂ ᠰᠢᠨ᠎ᠡ ᠪᠠᠷ ᠰᠡᠷᠡᠭᠳᠡᠬᠦ ᠪᠣᠯᠣᠭᠰᠠᠨ ᠪᠢᠯᠡ᠃ ᠡᠭᠦᠨ ᠤ ᠳᠠᠭᠠᠤ ᠨᠠᠶᠢᠷᠠᠭᠴᠢ ᠶᠢᠨ ᠪᠤᠰᠤᠳ ᠰᠢᠯᠦᠭ  ᠲᠠᠢ ᠬᠠᠷᠢᠴᠠᠭᠤᠯᠤᠨ ᠦᠵᠡᠬᠦ ᠳᠤ ᠨᠠᠶᠢᠷᠠᠭᠴᠢ ᠶᠢᠨ ︽ᠪᠢ︾ ᠶᠢᠨ ᠤᠬᠠᠮᠰᠠᠷ᠂ ᠲᠠᠨᠢᠯᠲᠠ ᠦᠵᠡᠯ᠂ ᠣᠷᠣᠰᠢᠬᠤᠢ  ᠶᠢᠨ ᠭᠦᠨ ᠬᠠᠷᠠᠭᠠᠰᠤ᠂ ᠮᠠᠨᠳᠤᠯ ᠬᠥᠭᠵᠢᠯ ᠤᠨ ᠲᠡᠮᠡᠦᠯᠦᠯ ᠵᠡᠷᠭᠡ ᠨᠢ ᠲᠡᠭᠦᠨ ᠤ ᠪᠦᠬᠦ ᠰᠢᠯᠦᠭ ᠲᠤ ᠭᠦᠨ ᠦᠨᠳᠦᠰᠦ ᠲᠠᠢ᠂ ᠪᠠᠰᠠ ᠥᠪᠡᠷᠮᠢᠴᠡ ᠣᠯᠠᠨ ᠶᠠᠩᠵᠤ ᠶᠢᠨ ᠭᠤᠸ᠎ᠠ ᠰᠠᠶᠢᠬᠠᠨ ᠤ ᠬᠡᠯᠪᠡᠷᠢ ᠪᠠᠷ ᠢᠯᠡᠷᠡᠵᠦ ᠪᠠᠶᠢᠭ᠎ᠠ  ᠶᠢ ᠣᠯᠵᠤ ᠮᠡᠳᠡᠵᠦ ᠪᠣᠯᠬᠤ ᠪᠢᠯᠡ᠃ ᠲᠡᠭᠡᠭᠡᠳ ᠨᠠᠶᠢᠷᠠᠭᠴᠢ ᠶᠢᠨ ᠰᠢᠯᠦᠭ ᠵᠣᠬᠢᠶᠠᠯ ᠨᠢ ᠰᠢᠨ᠎ᠡ ᠴᠠᠭ ᠦᠶ᠎ᠡ ᠶᠢᠨ ᠰᠢᠨᠡᠴᠢᠯᠡᠯ ᠥᠭᠡᠷᠡᠴᠢᠯᠡᠯ ᠤᠨ ᠵᠢᠱᠢᠶ᠎ᠡ᠂ ᠤᠷᠠᠨ ᠰᠠᠶᠢᠬᠠᠨ ᠤ ᠲᠤᠷᠰᠢᠯᠭ᠎ᠠ ᠪᠣᠯᠵᠤ᠂ ᠨᠢᠭᠡ ᠲᠠᠯ᠎ᠠ ᠪᠠᠷ ᠨᠠᠶᠢᠷᠠᠭᠴᠢ  ᠶᠢᠨ ᠶᠢᠷᠲᠢᠨᠴᠦ ᠶᠢ ᠬᠠᠷᠠᠬᠤ ᠦᠵᠡᠯ᠂ ᠠᠬᠤᠢ ᠶᠢᠨ ᠭᠦᠨᠵᠡᠭᠡᠢ ᠲᠠᠨᠢᠯᠲᠠ ᠬᠢᠭᠡᠳ ᠤᠷᠠᠯᠢᠭ ᠤᠨ ᠶᠢᠷᠲᠢᠨᠴᠦ ᠶᠢᠨ ᠤᠪᠠᠳᠢᠰ ᠬᠦᠴᠦᠨ ︵ᠤᠷᠠᠯᠠᠬᠤ ᠮᠡᠷᠭᠡᠵᠢᠯ ᠤᠨ ᠢᠳᠡ ᠰᠢᠳᠢ︶ ᠶᠢ ᠡᠵᠡᠮᠰᠢᠭᠰᠡᠨ᠂ ᠤᠢ ᠦᠭᠡᠢ ᠬᠥᠳᠡᠯᠮᠦᠷᠢ ᠶᠢᠨ ᠦᠷ᠎ᠡ ᠪᠦᠲᠦᠭᠡᠯ ᠪᠠᠶᠢᠭ᠎ᠠ ᠶᠢ ᠬᠠᠷᠠᠭᠤᠯᠵᠤ᠂ ᠨᠥᠭᠦᠭᠡ ᠲᠠᠯ᠎ᠠ ᠪᠠᠷ ᠥᠨᠥ ᠴᠠᠭ ᠤᠨ ᠮᠣᠩᠭᠤᠯ ᠬᠥᠮᠥᠨ ᠤ ᠣᠶᠣᠨ ᠰᠡᠳᠬᠢᠯᠭᠡᠨ ᠤ ᠶᠢᠷᠲᠢᠨᠴᠦ ᠶᠢᠨ ᠥᠪᠡᠷᠮᠢᠴᠡ ᠮᠡᠳᠡᠷᠡᠮᠵᠢ᠂ ᠳᠡᠭᠡᠳᠦ ᠪᠣᠯᠪᠠᠰᠤᠷᠠᠯ᠂ ᠮᠥᠨ ᠮᠣᠩᠭᠤᠯ ᠢᠷᠠᠭᠤ ᠨᠠᠶᠢᠷᠠᠭ ᠤᠨ ᠬᠥᠭᠵᠢᠯ ᠤᠨ ᠨᠢᠭᠡᠨ ᠥᠪᠡᠷᠮᠢᠴᠡ ᠶᠢᠷᠲᠢᠨᠴᠦ ᠶᠢ ᠰᠢᠨ᠎ᠡ ᠪᠠᠷ ᠨᠡᠭᠡᠭᠡᠵᠦ ᠴᠢᠳᠠᠭᠰᠠᠨ᠂  ᠤᠷᠠᠯᠢᠭ ᠤᠨ ᠰᠣᠨᠢᠷᠬᠠᠭᠴᠢ ᠣᠯᠠᠨ ᠢ ᠲᠥᠷᠥᠭᠦᠯᠵᠦ ᠴᠢᠳᠠᠬᠤ᠂ ᠢᠷᠠᠭᠤ ᠨᠠᠶᠢᠷᠠᠭ ᠤᠨ ᠦᠢᠯᠡᠰ ᠢ ᠬᠥᠭᠵᠢᠨ ᠮᠠᠨᠳᠤᠬᠤ ᠶᠢᠨ ᠶᠡᠭᠡ ᠢᠷᠡᠭᠡᠳᠦᠢ ᠶᠢ  ᠢᠯᠡᠷᠬᠡᠶᠢᠯᠡᠵᠦ ᠴᠢᠳᠠᠭᠰᠠᠨ ᠶᠤᠮ ᠭᠡᠵᠤ ᠳ᠋ᠦᠩᠨᠡᠨ ᠲᠣᠳᠣᠷᠬᠠᠶᠢᠯᠠᠬᠤ ᠳᠤ ᠤᠷᠮ᠎ᠠ ᠲᠠᠢ ᠪᠠᠶᠢᠨ᠎ᠠ᠃
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号