ᠦᠷᠦᠮᠴᠢ ᠳᠤ
ᠨᠡᠶᠢᠲᠡᠯᠡᠭᠰᠡᠨ ᠴᠠᠭ᠄
2020/12/22
ᠵᠡᠭᠦᠠᠭᠠᠷ ᠳ᠋ᠠᠮᠴᠤᠶᠢᠷᠠᠭᠪᠠ ᠭᠠᠶᠢᠬᠠᠮᠰᠢᠭ ᠡᠭᠦᠯᠡ ᠪᠠᠷ ᠬᠤᠯᠪᠣᠯᠲᠣᠭᠰᠠᠨ ᠠᠭᠤᠯᠠ ᠬᠠᠶᠢᠷᠬᠠᠳ ᠢ ᠵᠢᠭᠤᠷᠠᠭᠤᠯ ᠭᠢᠭᠰᠡᠨ ᠴᠦ ᠪᠠᠭᠠᠲᠠᠮᠠᠷ ᠦᠨᠲᠦᠰᠦ ᠪᠠᠷ ᠵᠠᠯᠭᠠᠯᠲᠤᠭᠰᠠᠨ ᠤᠢ ᠰᠢᠭᠤᠢ ᠶᠢ ᠪᠢᠷ ᠪᠣᠯᠭᠠᠭᠰᠠᠨ ᠴᠦ ᠴᠦᠭᠡᠳᠮᠡᠷ ᠰᠢᠮ᠎ᠡ ᠪᠠᠷ ᠨᠠᠶᠢᠯᠡᠯᠲᠦᠭᠰᠡᠨ ᠣᠰᠣ ᠮᠦᠷᠡᠨ ᠢ ᠪᠡᠭᠡ ᠨᠠᠶᠢᠷᠠᠭᠤᠯᠤᠭᠰᠠᠨ ᠴᠦ ᠬᠤᠮᠰᠠᠲᠠᠮᠠᠷ ᠰᠢᠷᠭᠡᠭ ᠢᠶᠠᠷ ᠪᠦᠷᠢᠯᠲᠦᠭᠰᠡᠨ ᠭᠠᠵᠠᠷ ᠲᠡᠯᠡᠭᠡᠢ ᠶᠢ ᠬᠠᠭᠤᠲᠠᠰᠤ ᠲᠡᠯᠭᠡᠭᠰᠡᠨ ᠴᠦ ᠵᠢᠵᠢᠭᠲᠡᠮᠡᠷ ᠠᠯᠲᠠᠨ ᠲᠡᠯᠡᠭᠡᠢ ᠶᠢ ᠵᠢᠵᠢᠭᠷᠡᠭᠦᠯᠦᠭᠰᠡᠨ ᠡᠵᠡᠨ ᠴᠢᠩᠭᠢᠰ ᠤᠨ ᠠᠯᠲᠠᠷ ᠰᠤᠤ ᠪᠠᠯᠠᠷᠠᠰᠢ ᠦᠭᠡᠢ ᠠᠽᠢ ᠡᠸᠦ᠋ᠷᠦᠫᠠ ᠶᠢ ᠰᠤᠨᠲᠠᠯᠠᠭᠰᠠᠨ ᠡᠷᠡᠯᠭᠡᠭ ᠮᠣᠩᠭᠤᠯ ᠤᠨ ᠲᠡᠦᠭᠡ ᠱᠠᠰᠲᠢᠷ ᠪᠠᠭᠲᠠᠰᠢ ᠦᠭᠡᠢ ᠪᠣᠶᠠᠨ ᠵᠠᠶᠠᠭ᠎ᠠ ᠲᠡᠯᠭᠡᠷᠡᠭᠰᠡᠨ ᠡᠷᠲᠡᠨᠢᠲᠤ ᠨᠣᠲᠤᠭ ᠤᠨ ᠦᠩᠭᠡᠡ ᠦᠵᠡᠮᠵᠢ ᠪᠠᠷᠤᠭᠯᠠᠰᠢ ᠦᠬᠡᠢ ᠪᠤᠭᠤᠷᠤᠯ ᠬᠤᠷᠸ᠎ᠠ ᠶᠢ ᠠᠷᠭᠠᠲᠠᠭᠰᠠᠨ ᠪᠢᠯᠢᠭᠲᠦ ᠠᠷᠠᠳ ᠤᠨ ᠰᠣᠶᠣᠯ ᠠᠷᠠᠨᠰᠢᠨ ᠪᠠᠷᠠᠰᠢ ᠦᠭᠡᠢ ᠭᠠᠨᠲᠢᠭ ᠤᠨ ᠭᠠᠨᠲᠢᠭ ᠮᠦᠩᠭᠡ ᠶᠢᠨ ᠬᠦᠰᠢᠶ᠎ᠡ ᠡᠨᠡ ᠮᠦᠨ ᠲᠠᠶᠠᠭᠠᠷ ᠰᠦᠭᠦᠳᠲᠦᠭᠡᠢ ᠭᠠᠶᠢᠬᠠᠮᠰᠢᠭ ᠤᠨ ᠭᠠᠶᠢᠬᠠᠮᠰᠢᠭ ᠰᠤᠲᠤᠷ ᠤᠨ ᠲᠠᠯᠠᠢ ᠡᠨᠡ ᠮᠦᠨ ᠲᠠᠶᠠᠩ ᠰᠦᠰᠦᠭᠯᠡᠲᠦᠭᠡᠢ ᠣᠬᠢ ᠶᠢᠨ ᠣᠬᠢ ᠲᠠᠩᠰᠤᠭ ᠤᠨ ᠮᠠᠩᠯᠠᠢ ᠡᠨᠡ ᠮᠦᠨ ᠪᠦᠭᠦᠲᠡ ᠬᠠᠮᠠᠭᠠᠯᠠᠲᠤᠭᠠᠢ ᠣᠨᠴᠠ ᠶᠢᠨ ᠣᠨᠴᠠ ᠣᠶᠣᠨ ᠤ ᠲᠡᠭᠡᠲᠤ ᠡᠨᠡ ᠮᠦᠨ ᠬᠠᠮᠤᠭ ᠬᠠᠶᠢᠷᠠᠯᠠᠲᠤᠭᠠᠢ ᠬᠦᠮᠦᠨ ᠮᠦᠰᠦ ᠵᠢᠭᠠᠷ ᠰᠠᠶᠢᠲᠠᠢ ᠪᠡᠭᠡᠨ ᠳᠤ ᠬᠠᠷᠠᠯᠠᠰᠢ ᠦᠭᠡᠢ ᠰᠢᠲᠤᠷᠭᠤ ᠴᠠᠭᠠᠨ ᠰᠡᠳᠭᠢᠯ ᠵᠠᠯᠢ ᠶᠡᠭᠡᠲᠡᠢ ᠮᠡᠭᠡᠨ ᠳᠤ ᠤᠨᠠᠰᠢ ᠦᠭᠡᠢ ᠠᠭᠤᠵᠢᠮ ᠰᠡᠴᠡᠨ ᠤᠬᠠᠭᠠᠨ ᠢᠷ ᠭᠠᠩᠲᠠᠢ ᠮᠡᠰᠡᠨ ᠳᠤ ᠴᠣᠴᠠᠰᠢ ᠦᠭᠡᠢ ᠬᠠᠲᠠᠨ ᠪᠠᠭᠠᠲᠣᠷ ᠵᠣᠷᠢᠭ ᠶᠧᠯᠸᠢ ᠪᠠᠴᠢᠲᠠᠢ ᠦᠭᠡᠨ ᠳᠤ ᠠᠪᠲᠠᠰᠢ ᠦᠭᠡᠢ ᠡᠷᠲᠡᠮ ᠮᠡᠷᠭᠡᠨ ᠪᠣᠲᠣᠯᠭ᠎ᠠ ᠴᠢᠭᠡᠴᠢ ᠰᠢᠲᠤᠷᠭᠤ ᠴᠠᠭᠠᠨ ᠰᠡᠳᠭᠢᠯ ᠬᠦᠮᠦᠨ ᠤ ᠨᠠᠨᠲᠢᠨ ᠴᠢᠨᠠᠷ ᠴᠢᠮᠪᠠᠢ ᠠᠭᠤᠵᠢᠮ ᠰᠡᠴᠡᠨ ᠤᠬᠠᠭᠠᠨ ᠠᠮᠢᠲᠣᠷᠠᠯ ᠤᠨ ᠭᠡᠭᠡᠨ ᠣᠶᠣᠨ ᠴᠢᠬᠢᠷᠠᠭ ᠬᠠᠲᠠᠨ ᠪᠠᠭᠠᠲᠤᠷ ᠵᠣᠷᠢᠭ ᠪᠦᠭᠦᠨ ᠢ ᠢᠯᠠᠬᠤ ᠶᠢᠨ ᠬᠦᠴᠦᠨ ᠴᠢᠲᠠᠯ ᠡᠷᠲᠡᠮ ᠮᠡᠷᠭᠡᠨ ᠪᠣᠲᠣᠯᠭ᠎ᠠ ᠪᠦᠲᠦᠭᠡᠬᠦ ᠤᠶᠢᠯᠡᠰ ᠤᠨ ᠲᠦᠯᠬᠢᠭᠦᠷ ᠠᠮᠢᠲᠤ ᠶᠠᠪᠤᠬᠤ ᠶᠢᠨ ᠦᠷᠲᠡᠭ ᠬᠦᠮᠦᠨ ᠤ ᠨᠠᠨᠲᠢᠨ ᠴᠢᠨᠠᠷ ᠲᠤ ᠪᠤᠢ ᠠᠵᠤ ᠲᠦᠷᠦᠬᠦ ᠶᠢᠨ ᠨᠢᠭᠤᠴᠠ ᠠᠮᠢᠲᠤᠷᠠᠯ ᠤᠨ ᠭᠡᠭᠡᠨ ᠣᠶᠣᠨ ᠳᠤ ᠪᠤᠢ ᠠᠬᠢᠯ ᠲᠠᠪᠰᠢᠯ ᠤᠨ ᠡᠷᠴᠢ ᠪᠦᠬᠦᠨ ᠢ ᠢᠯᠠᠬᠤ ᠶᠢᠨ ᠬᠦᠴᠦᠨ ᠳᠤ ᠪᠤᠢ ᠠᠮᠵᠢᠯᠲᠠ ᠠᠯᠲᠠᠷ ᠤᠨ ᠲᠡᠭᠡᠲᠤ ᠪᠦᠲᠦᠭᠡᠬᠦ ᠤᠶᠢᠯᠡᠰ ᠤᠨ ᠲᠦᠯᠭᠢᠬᠦᠷ ᠲᠤ ᠪᠤᠢ ᠰᠠᠷᠠᠨ ᠤ ᠮᠦᠩᠭᠦᠨ ᠭᠡᠷᠡᠯ ᠰᠠᠷᠠᠨ ᠤ ᠮᠦᠩᠭᠦᠨ ᠭᠡᠷᠡᠯ ᠴᠢᠩᠨᠠᠵᠤ ᠬᠤᠨᠲᠤ ᠨᠠᠭᠤᠷ ᠢᠷᠮᠡᠯᠵᠡᠨ᠎ᠠ ᠰᠠᠶ᠎ᠠ ᠵᠢᠸ᠎ᠠ ᠣᠲᠣᠳ ᠰᠢᠭᠦᠵᠤ ᠬᠤᠯᠤᠰᠤᠨ ᠰᠣᠷᠮᠤᠤᠰᠤ ᠲᠣᠬᠢᠯᠵᠡᠨ᠎ᠠ ᠰᠠᠨᠠᠭᠠᠨ ᠤ ᠬᠠᠩᠭᠠᠯ ᠬᠦᠯᠦᠭ ᠲᠡᠭᠦᠯᠢᠵᠤ ᠴᠡᠴᠡᠭ ᠤᠨ ᠰᠠᠯᠬᠢᠨ ᠬᠦᠭᠡᠮᠡᠶᠢᠯᠡᠨ᠎ᠡ ᠰᠠᠷᠭᠠᠢ ᠶᠢᠨ ᠶᠠᠭᠠᠨ ᠢᠨᠢᠶᠡᠲᠤ ᠦᠷᠭᠦᠭᠡᠵᠤ ᠴᠡᠪᠡᠷ ᠠᠮᠢᠰᠬᠤᠯ ᠰᠦᠯᠡᠯᠲᠦᠨ᠎ᠡᠪᠡᠯᠡᠳᠬᠡᠭᠰᠡᠨ ᠨᠢ᠄ ᠡᠷᠳᠡᠨᠢᠬᠦᠦᠨᠠᠶᠢᠷᠠᠭᠤᠯᠤᠭᠰᠠᠨ ᠨᠢ᠄ ᠨᠠᠮᠤᠷᠬᠢᠨᠠᠭᠰᠠᠨ ᠨᠢ᠄ ᠤᠷᠢᠬᠠᠨ
 
ᠢᠷᠡᠯᠲᠡ᠄ ᠲᠤᠰ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号