ᠣᠶᠢᠷᠠᠳ ᠮᠣᠩᠭᠤᠯ ᠤᠨ ᠴᠢᠰᠦ ᠶᠢ ᠰᠢᠢᠳᠪᠦᠷᠢᠯᠡᠬᠦ ᠠᠷᠭ᠎ᠠ
ᠨᠡᠶᠢᠲᠡᠯᠡᠭᠰᠡᠨ ᠴᠠᠭ᠄
2020/12/23
      ᠰᠢᠭᠢᠷ᠎ᠡ ᠮᠠᠯ ᠢ ᠠᠯᠠᠬᠤ ᠳᠤ ᠰᠢᠭᠤᠳ ᠭᠠᠳᠠᠷ ᠲᠠᠯ᠎ᠠ ᠠᠴᠠ ᠨᠢ ᠲᠣᠳᠣᠭᠰᠢ ᠬᠡᠷᠴᠢᠳᠡᠭ ᠪᠢᠰᠢ᠂ ᠬᠠᠷᠢᠨ ᠬᠦᠷᠡᠭᠡ ᠶᠢᠨ ᠲᠣᠰᠬᠢ ᠪᠠᠭ᠋ᠠᠯᠠᠭᠤᠷ ᠢᠶᠠᠷ ᠨᠢ ᠬᠢᠳᠤᠭ᠎ᠠ ᠪᠠᠨ ᠰᠢᠭᠠᠵᠣ ᠣᠷᠣᠭᠤᠯᠣᠭᠠᠳ ᠬᠦᠵᠦᠭᠦᠨ ᠲᠠᠯ᠎ᠠ ᠨᠢ ᠪᠠᠭ᠎ᠠ ᠬᠡᠷᠴᠢᠵᠣ ᠴᠢᠰᠦ ᠶᠢ ᠨᠢ ᠪᠠᠭ᠎ᠠ ᠵᠡᠷᠭᠡ ᠶᠢᠨ ᠲᠠᠪᠣᠰᠣᠲᠠᠢ ᠣᠰᠣ ᠬᠢᠭᠰᠡᠨ ᠭᠠᠳᠣᠷ᠎ᠠ ᠳᠤ ᠲᠣᠰᠴᠦ ᠠᠪᠳᠠᠭ᠃
ᠢᠢᠭᠡᠭᠡᠳ ᠴᠢᠰᠦ ᠨᠢ ᠪᠠᠷᠠᠭᠳᠠᠭᠠᠳ ᠢᠷᠡᠬᠦ ᠶᠢᠨ ᠠᠯᠳᠠᠨ ᠳᠤ ᠬᠦᠵᠦᠭᠦᠦ ᠶᠢ ᠨᠢ ᠪᠦᠷᠢᠨ ᠬᠡᠷᠴᠢᠵᠣ ᠨᠣᠭᠤᠷᠰᠦ ︵ᠨᠣᠭᠤᠰᠦ︶ ᠶᠢ ᠨᠢ ᠲᠠᠰᠦᠯᠵᠣ ᠠᠮᠢ ᠶᠢ ᠨᠢ ᠭᠠᠷᠭᠠᠳᠠᠭ᠃ ᠲᠠᠭᠦᠨ ᠤ ᠲᠠᠷᠠᠭ᠎ᠠ ᠨᠢ ᠪᠠᠰᠠ ᠮᠠᠯ ᠤᠨ ᠲᠣᠳᠣᠷ ᠢ ᠭᠠᠷᠭᠠᠬᠤ ᠦᠶ᠎ᠡ ᠳᠤ ᠭᠤᠣᠯ ᠤᠨ ᠴᠢᠰᠦ ᠭᠡᠵᠣ ᠪᠠᠶᠢᠳᠠᠭ ᠲᠣᠯᠡ ᠲᠡᠭᠦᠨ ᠢ ᠮᠦᠨ ᠬᠤᠶᠠᠷ ᠭᠠᠷ ᠢᠶᠠᠷ ᠢᠶᠠᠨ ᠬᠤᠪᠬᠤᠷᠠᠨ ᠠᠪᠴᠣ ᠭᠠᠳᠣᠷ᠎ᠠ ᠲᠠᠢ ᠴᠢᠰᠦᠨ ᠲᠡᠭᠡᠷ᠎ᠡ ᠪᠠᠨ ᠬᠢᠳᠡᠭ ᠪᠠ ᠦᠯᠡᠳᠡᠭᠰᠡᠨ ᠪᠠᠭ᠎ᠠ ᠰᠠᠭ᠎ᠠ ᠭᠤᠣᠯ ᠤᠨ ᠴᠢᠰᠦ ᠶᠢ ᠴᠠᠭᠠᠨ ᠮᠢᠬ᠎ᠠ ᠶᠢ ᠨᠢ ᠭᠠᠷᠭᠠᠬᠤ ᠦᠶ᠎ᠡ ᠳᠤ ᠲᠡᠭᠦᠨ ᠢᠶᠠᠷ ᠨᠠᠭᠠᠷᠣ ᠴᠠᠭᠠᠷᠣ ᠭᠦᠶᠦᠯᠭᠡᠨ ᠠᠷᠴᠢᠵᠣ ᠠᠪᠳᠠᠭ ᠪᠠᠶᠢᠯ᠎ᠠ᠃ ᠡᠶᠢᠭᠡᠭᠡᠳ ᠲᠡᠷᠡ ᠬᠦ ᠭᠠᠳᠣᠷ᠎ᠠ ᠲᠠᠢ ᠴᠢᠰᠦ ᠳᠡᠮᠡᠢ ᠤᠳᠠᠬᠤ ᠦᠭᠡᠢ ᠬᠦᠰᠢᠵᠣ ᠣᠳᠳᠠᠭ ᠲᠣᠯᠡ ᠲᠠᠭᠠᠷᠠᠭᠤᠯᠬᠤ ᠠᠴᠠ ᠪᠠᠨ ᠡᠮᠣᠨ᠎ᠡ ᠰᠠᠶᠢᠳᠦᠷ ᠪᠠᠵᠠᠭᠠᠵᠣ ᠱᠠᠪᠠᠶᠢᠷᠠᠭᠰᠠᠨ ᠬᠡᠰᠡᠭ ᠢ ᠨᠢ ᠰᠢᠭᠦᠵᠣ ᠬᠠᠶᠠᠭᠠᠳ ᠦᠯᠡᠳᠡᠭᠰᠡᠨ ᠴᠢᠰᠦᠨ ᠲᠡᠭᠡᠷ᠎ᠡ ᠨᠢ ᠲᠠᠪᠣᠰᠣ᠂ ᠬᠠᠭᠰᠠᠭᠤ ᠭᠤᠯᠢᠷ᠂ ᠵᠠᠮᠠᠭᠠᠭᠠᠯ᠂ ᠵᠡᠷᠳᠡᠭ᠂ ᠲᠣᠳᠣᠷ ᠦᠭᠡᠬᠦ ᠪᠣᠶᠣ ᠰᠠᠮᠠᠵᠠ᠂ ᠪᠦᠬᠡᠷ᠎ᠡ ᠶᠢᠨ ᠦᠭᠡᠬᠦ ᠮᠡᠳᠦ ᠠᠴᠠ ᠵᠣᠬᠢᠬᠤ ᠬᠡᠮᠵᠢᠶ᠎ᠠ ᠪᠠᠷ ᠨᠠᠷᠢᠯᠡᠨ ᠴᠠᠪᠴᠢᠵᠣ ᠲᠠᠭᠠᠷᠠᠭᠤᠯᠣᠨ ᠬᠤᠯᠢᠭᠠᠳ ᠬᠤᠳᠬᠤᠵᠣ ᠦᠵᠡᠭᠡᠳ᠂ ᠭᠡᠮᠡᠷ ᠦᠳᠭᠡᠨ ᠰᠢᠭ ᠪᠣᠯᠪᠠᠯ ᠪᠠᠭ᠎ᠠ ᠬᠡᠮᠵᠢᠶᠠᠨ ᠤ ᠣᠰᠣ ᠨᠡᠮᠡᠵᠣ ᠰᠢᠩᠭᠡᠯᠡᠭᠡᠳ ᠣᠬᠢᠶᠠᠵᠣ ᠴᠡᠪᠡᠷᠯᠡᠭᠰᠡᠨ ᠬᠤᠳᠣᠭᠤᠲᠣ ᠪᠣᠯᠣᠨ ᠭᠤᠯᠣᠭᠠᠢ ᠳᠤ ᠬᠢᠵᠣ ᠠᠮᠠᠰᠠᠷ ᠢ ᠨᠢ ᠮᠣᠳᠣᠨ ᠱᠣᠷᠣ  ᠪᠠᠷ ᠬᠦᠪᠦᠷᠢᠳᠦᠨ ᠲᠡᠭᠡᠷ᠎ᠡ ᠠᠴᠠ ᠨᠢ ᠰᠠᠮᠠᠵᠠ ᠲᠣᠬᠤᠵᠣ ᠬᠠᠳᠬᠤᠭᠠᠳ ᠳᠣᠣᠭᠤᠷ ᠨᠢ ᠨᠠᠷᠢᠨ ᠣᠳᠠᠰᠣ ᠪᠠᠷ ᠪᠣᠶᠣ ᠲᠠᠭᠠᠵᠣ ᠭᠠᠷᠣᠭᠰᠠᠨ ᠨᠠᠷᠢᠨ ᠭᠡᠳᠡᠰᠦ ᠪᠠᠷ ᠨᠢ ᠡᠷᠭᠢᠭᠦᠯᠦᠨ ᠪᠠᠳᠣᠯᠠᠵᠣ ᠪᠣᠭᠤᠳᠠᠭ᠃ ᠡᠭᠦᠨ ᠢ ︽ᠴᠢᠰᠦ ᠴᠢᠳᠬᠤᠬᠤ︾ ᠭᠡᠵᠣ ᠬᠡᠯᠡᠳᠡᠭ ᠪᠠ ᠲᠡᠭᠡᠳ ︵ᠳᠡᠩᠳᠡᠭᠦᠦ︶ ᠲᠦᠭᠦᠷᠭᠡᠵᠣ ᠬᠢᠳᠡᠭ ᠦᠭᠡᠢ ᠶᠣᠮ᠃ ᠭᠡᠮᠡᠷ ᠲᠡᠭᠡᠳ ᠲᠦᠭᠦᠷᠭᠡᠵᠣ ᠣᠷᠬᠢᠬᠤ ᠶᠣᠮ ᠪᠣᠯᠪᠠᠯ ᠪᠣᠯᠭᠤᠬᠤ ᠦᠶ᠎ᠡ ᠳᠤ ᠭᠦᠬᠡᠵᠣ ᠬᠠᠭᠠᠷᠠᠬᠤ ᠲᠣᠯᠠ ᠲᠠᠭᠠᠷᠠᠭᠤ ᠰᠢᠭ᠋ ᠴᠢᠳᠬᠤᠳᠠᠭ ᠪᠠᠶᠢᠯ᠎ᠠ᠃
    ᠴᠢᠳᠬᠤᠭᠰᠠᠨ ᠴᠢᠰᠦ ᠪᠠᠨ ᠲᠣᠳᠣᠷ ᠲᠠᠢ ᠬᠠᠮᠲᠣ ᠴᠢᠨᠠᠳᠠᠭ ᠪᠠ ᠱᠦᠯᠦᠨ ᠪᠣᠴᠠᠯᠣᠭᠠᠳ ᠡᠬᠢᠯᠡᠬᠦ ᠶᠢ ᠬᠦᠭᠡᠰᠦ ᠶᠢ ᠨᠢ ᠠᠪᠴᠦ᠂ ᠴᠢᠳᠬᠤᠭᠰᠠᠨ ᠴᠢᠰᠦᠨ ᠤ ᠪᠠᠨ ᠪᠠᠶᠢᠳᠠᠯ ᠢ ᠬᠠᠯᠠᠶᠢᠵᠣ ᠪᠠᠶᠢᠭᠠᠳ ᠲᠡᠰᠬᠡᠶᠢᠬᠡᠳ ᠢᠷᠡᠬᠦ  ᠳᠤᠨᠢ ᠪᠣᠶᠣ ᠭᠠᠳᠠᠷ ᠲᠠᠯ᠎ᠠ ᠨᠢ ᠪᠣᠷᠣᠯᠠᠭᠠᠳ ᠢᠷᠡᠬᠦ ᠳᠤ ᠨᠠᠷᠢᠨ ᠱᠣᠷᠣ ᠪᠠᠷ ᠬᠠᠳᠬᠤᠵᠣ ᠲᠣᠳᠣᠷᠠᠬᠢ ᠬᠡᠢ ᠶᠢ ᠨᠢ ᠪᠠᠭ᠎ᠠ ᠪᠠᠭ᠎ᠠ ᠪᠠᠷ ᠭᠠᠷᠭᠠᠳᠠᠭ᠃ ᠡᠶᠢᠭᠡᠭᠡᠳ ᠪᠣᠯᠣᠭᠰᠠᠨ ᠤ ᠲᠠᠷᠠᠭ᠎ᠠ ᠲᠣᠳᠣᠷ ᠮᠢᠬ᠎ᠠ ᠪᠠᠨ ᠴᠠᠪᠴᠢᠬᠤ ᠦᠶ᠎ᠡ ᠳᠤ ᠪᠣᠶᠣ ᠢᠳᠡᠬᠦ ᠦᠶ᠎ᠡ ᠳᠡᠭᠡᠨ ᠬᠤᠳᠣᠭᠤᠲᠣ ᠪᠣᠯᠣᠨ ᠭᠤᠯᠣᠭᠠᠢ ᠶᠢᠨ ᠰᠡᠮᠡᠵᠠ ᠲᠠᠯᠪᠢᠵᠣ ᠪᠣᠭᠤᠭᠰᠠᠨ ᠲᠡᠷᠡ ᠬᠡᠰᠡᠭ ᠢ  ᠨᠢ ᠬᠡᠷᠴᠢᠵᠣ ᠠᠪᠣᠭᠠᠳ ᠭᠠᠯ ᠳᠤ ᠡᠷᠭᠦᠵᠣ ᠣᠷᠬᠢᠳᠠᠭ ᠪᠠ ᠬᠤᠳᠣᠭᠤᠳᠣ ᠶᠢᠨ ᠨᠣᠭᠤᠯᠣᠭᠤᠷ ᠪᠣᠶᠣ ᠲᠡᠮᠡᠭᠡ ᠬᠦᠳᠦᠯᠳᠡᠭ ᠬᠡᠮᠡᠬᠦ ᠶᠢ ᠨᠢ ᠬᠡᠷᠴᠢᠵᠣ ᠠᠪᠣᠭᠠᠳ ᠭᠡᠷ ᠤᠨ ᠡᠵᠡᠨ ᠡᠮᠡᠭᠲᠡᠢ ᠳᠤ ᠦᠭᠳᠡᠭ᠃ ᠦᠯᠡᠳᠡᠭᠰᠡᠨ ᠨᠣᠭᠤᠯᠣᠷ  ᠢ ᠨᠢ ᠨᠢᠮᠭᠡᠨ ᠢᠶᠠᠷ ᠬᠡᠰᠡᠭᠯᠡᠵᠣ ᠠᠶᠢᠯ ᠳᠤ ᠠᠶᠠᠭᠠᠯᠠᠵᠣ ᠬᠦᠷᠭᠡᠬᠦ ᠲᠣᠳᠣᠷ ᠲᠡᠭᠡᠷ᠎ᠡ ᠪᠠᠨ ᠨᠢᠭᠡ ᠨᠢᠭᠡ ᠬᠡᠷᠴᠢᠮ ᠢᠶᠠᠷ ᠪᠣᠰᠣᠳ ᠮᠢᠬ᠎ᠠ ᠲᠠᠢ ᠬᠠᠮᠲᠣ ᠲᠠᠯᠪᠢᠳᠠᠭ᠃ᠪᠡᠯᠡᠳᠬᠡᠭᠰᠡᠨ ᠨᠢ᠄ ᠡᠷᠳᠡᠨᠢᠬᠦᠦᠨᠠᠶᠢᠷᠠᠭᠤᠯᠤᠭᠰᠠᠨ ᠨᠢ᠄ ᠨᠠᠮᠤᠷᠬᠢᠨᠠᠭᠰᠠᠨ ᠨᠢ᠄ ᠤᠷᠢᠬᠠᠨ
 
ᠢᠷᠡᠯᠲᠡ᠄ ᠲᠤᠰ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号